ᠵᠧᠦ ᠹᠠᠨᠭ᠌
ᠨᠡᠶᠢᠲᠡᠯᠡᠭᠰᠡᠨ ᠴᠠᠭ᠄
2022/12/8
      ᠵᠧᠦ ᠹᠠᠨᠭ᠌᠂ ᠡᠷᠡᠭᠲᠡᠢ᠂ ᠬᠢᠲᠡᠳ ᠦᠨᠳᠦᠰᠦᠲᠡᠨ᠂ 1921 ᠣᠨ ᠳᠤ ᠤᠯᠠᠭᠠᠨᠬᠠᠳᠠ ᠬᠤᠲᠠ ᠶᠢᠨ ᠬᠤᠨᠭ᠌ ᠱᠠᠨ ᠲᠤᠭᠤᠷᠢᠭ ᠤᠨ ᠬᠤᠨᠭ᠌ ᠮᠢᠶᠤᠤ ᠽᠢ ᠪᠠᠯᠭᠠᠰᠤ ᠶᠢᠨ ᠱᠢ ᠱᠦᠢ ᠳ᠋ᠢ ᠳᠤ ᠲᠦᠷᠦᠵᠠᠢ᠃ ᠭᠠᠵᠠᠷ ᠰᠢᠷᠦᠢ ᠶᠢᠨ ᠦᠭᠡᠷᠡᠴᠢᠯᠡᠯᠲᠡ ᠶᠢᠨ ᠦᠶ᠎ᠡ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠪᠡ᠃ ᠲᠤᠰᠬᠤᠨ ᠤ ᠳᠠᠷᠤᠭ᠎ᠠ᠂ ᠱᠦᠵᠢ᠂ ᠰᠢᠶᠠᠩ ᠤᠨ ᠳᠠᠷᠤᠭ᠎ᠠ᠂ ᠨᠠᠮ ᠤᠨ ᠬᠤᠷᠢᠶ᠎ᠠ ᠶᠢᠨ ᠳᠡᠳ᠋ ᠱᠦᠵᠢ ᠶᠢᠨ ᠲᠤᠰᠢᠶᠠᠯ ᠢ ᠡᠬᠦᠷᠭᠡᠯᠡᠵᠦ ᠥᠩᠭᠡᠷᠡᠪᠡ᠃ ᠬᠤᠨᠭ᠌ ᠮᠢᠶᠤᠤ ᠽᠢ ᠴᠢᠯᠦᠭᠡᠯᠡᠭᠳᠡᠬᠦ ᠠᠴᠠ ᠡᠮᠦᠨ᠎ᠡ ᠮᠠᠩᠬᠠᠨ ᠭᠠᠵᠠᠷ ᠪᠠᠶᠢᠵᠤ᠂ ᠨᠢᠭᠡ ᠵᠢᠯ ᠤᠨ 80 ᠬᠤᠨᠤᠭ ᠨᠢ ᠡᠯᠡᠰᠦ ᠮᠠᠩᠬ᠎ᠠ ᠬᠡᠶᠢᠰᠴᠦ᠂ ᠨᠡᠩ ᠴᠦ ᠬᠠᠪᠣᠷ ᠤᠨ ᠤᠯᠠᠷᠢᠯ ᠪᠣᠯᠪᠠᠯ ᠬᠠᠷ᠎ᠠ ᠰᠠᠯᠬᠢ ᠳᠡᠭᠳᠡᠵᠦ ᠡᠯᠡᠰᠦ ᠮᠠᠩᠬ᠎ᠠ ᠨᠡᠭᠦᠨ᠂ ᠭᠡᠷ ᠪᠠᠶᠢᠰᠢᠩ ᠢ ᠳᠠᠷᠤᠵᠤ᠂ ᠲᠠᠷᠢᠶᠠᠨ ᠭᠠᠵᠠᠷ ᠠᠴᠠ ᠠᠮᠤ ᠪᠣᠳᠠᠭ᠎ᠠ ᠬᠤᠷᠢᠶᠠᠳᠠᠭ ᠦᠭᠡᠢ ᠪᠠᠶᠢᠵᠠᠢ᠃ 1948 ᠣᠨ ᠤ ᠨᠢᠭᠡ ᠤᠳᠠᠭᠠᠨ ᠤ ᠦᠶᠡᠷ ᠲᠤ 2500 ᠮᠦ ᠲᠠᠷᠢᠶᠠᠨ ᠭᠠᠵᠠᠷ ᠦᠶᠡᠷ ᠲᠤ ᠠᠪᠲᠠᠭᠳᠠᠪᠠ᠃ ᠵᠧᠦ ᠹᠠᠨᠭ᠌ ᠲᠤᠰᠬᠤᠨ ᠤ ᠺᠠᠳ᠋ᠷ ᠪᠣᠯᠣᠭᠰᠠᠨ ᠤ ᠪᠠᠨ ᠳᠠᠷᠠᠭ᠎ᠠ᠂ ᠣᠯᠠᠨ ᠲᠦᠮᠡᠨ ᠢ ᠳᠠᠶᠢᠴᠢᠯᠠᠨ ᠮᠣᠳᠤ ᠲᠠᠷᠢᠵᠤ ᠰᠣᠪᠠᠭ ᠲᠠᠲᠠᠨ᠂ ᠥᠪᠡᠷ ᠤᠨ 15 ᠮᠦ ᠲᠠᠷᠢᠶᠠᠨ ᠭᠠᠵᠠᠷ ᠢᠶᠠᠨ ᠤᠯᠢᠶᠠᠰᠤᠨ ᠮᠣᠳᠣ ᠂ ᠬᠤᠩᠭᠤᠷᠴᠠᠭᠲᠤ ᠮᠣᠳᠤᠨ ᠤ ᠦᠷ᠎ᠡ ᠮᠣᠳᠣᠨ ᠭᠠᠵᠠᠷ ᠪᠣᠯᠭᠠᠪᠠ᠃ ᠲᠡᠷᠡ ᠬᠡᠭᠡᠷ᠎ᠡ ᠭᠠᠳᠠᠨ᠎ᠠ ᠬᠤᠨᠣᠵᠤ ᠬᠡᠪᠲᠡᠨ ᠬᠡᠳᠦᠨ ᠵᠢᠯ ᠴᠢᠷᠮᠠᠶᠢᠨ ᠠᠵᠢᠯᠯᠠᠭᠠᠳ ᠶᠡᠷᠦᠩᠬᠡᠢ ᠣᠷᠲᠦ ᠪᠠᠷ ᠢᠶᠠᠨ 32 ᠭᠠᠵᠠᠷ᠂ ᠭᠤᠣᠯ ᠰᠤᠪᠠᠭ᠂ ᠰᠠᠯᠪᠤᠷᠢ ᠰᠤᠪᠠᠭ᠂ ᠵᠢᠵᠢᠭ ᠤᠰᠤᠨ ᠰᠣᠪᠠᠭ 186 ᠮᠠᠯᠲᠠᠵᠤ᠂ ᠤᠰᠤ ᠲᠠᠲᠠᠬᠤ ᠬᠤᠭᠤᠯᠠᠢ᠂ ᠭᠠᠲᠤᠯᠤᠭᠤᠷ ᠤᠯᠤᠮ᠂ ᠦᠶᠡᠷ ᠤᠨ ᠬᠠᠭᠠᠯᠲᠠ ᠵᠡᠷᠭᠡ 130 ᠭᠠᠷᠤᠢ ᠪᠠᠷᠢᠯᠭ᠎ᠠ ᠬᠢᠵᠦ᠂ ᠬᠤᠨᠭ᠌ ᠮᠢᠶᠤᠤ ᠽᠢ ᠶᠢᠨ ᠤᠰᠤᠨ ᠰᠣᠪᠠᠭ ᠢ ᠲᠣᠣᠷᠵᠢᠭᠤᠯᠤᠭᠰᠠᠨ ᠪᠠᠶᠢᠨ᠎ᠠ᠃ ᠤᠰᠤᠯᠠᠯᠲᠠ ᠶᠢᠨ ᠲᠠᠷᠢᠶ᠎ᠠ 2.8 ᠲᠦᠮᠡᠨ ᠮᠦ ᠵᠠᠰᠠᠵᠦ᠂ ᠡᠨᠡ ᠨᠢ ᠪᠦᠬᠦ ᠲᠠᠷᠢᠶᠠᠨ ᠭᠠᠵᠠᠷ ᠤᠨ 80% ᠠᠴᠠ ᠳᠡᠭᠡᠭᠰᠢ ᠶᠢ ᠡᠵᠡᠯᠡᠵᠦ᠂ ᠪᠦᠬᠦᠨ ᠢᠶᠠᠷ ᠢᠶᠠᠨ ᠲᠣᠭᠳᠠᠭᠤᠨ ᠦᠨᠳᠦᠷ ᠤᠨᠠᠯᠲᠠᠲᠦ ᠲᠠᠷᠢᠶᠠᠨ ᠭᠠᠵᠠᠷ ᠪᠣᠯᠪᠠ᠃ 1950 ᠣᠨ ᠠᠴᠠ 1964 ᠣᠨ ᠪᠣᠯᠳᠠᠯ᠎ᠠ ᠪᠦᠬᠦ ᠰᠢᠶᠠᠩ ᠨᠢ 1.29 ᠲᠦᠮᠡᠨ ᠮᠦ ᠮᠣᠳᠤ ᠲᠠᠷᠢᠵᠤ᠂ ᠢᠩᠭᠡ ᠶᠢᠨ ᠭᠤᠣᠯ ᠤᠨ 30 ᠭᠠᠵᠠᠷ ᠤᠨ ᠭᠤᠤᠯ ᠤᠨ ᠡᠷᠬᠢ ᠶᠢᠨ ᠬᠠᠮᠠᠭᠠᠯᠠᠯᠲᠠ ᠶᠢᠨ ᠣᠢ ᠶᠢ ᠪᠤᠢ ᠪᠣᠯᠭᠠᠪᠠ᠃ ᠤᠰᠤᠨ ᠰᠤᠪᠠᠭ᠂ ᠵᠠᠮ᠂ ᠲᠠᠷᠢᠶᠠᠨ ᠭᠠᠵᠠᠷ ᠤᠨ ᠬᠠᠮᠠᠭᠠᠯᠠᠯᠲᠠ ᠶᠢᠨ ᠤᠢ ᠶᠢᠨ ᠪᠦᠰᠡ ᠨᠢᠭᠡᠨᠲᠠ 47 ᠵᠣᠷᠪᠣᠰ᠂ 292 ᠭᠠᠵᠠᠷ ᠤᠷᠲᠤ᠂ 82 ᠲᠣᠣᠷ ᠰᠦᠯᠵᠢᠶ᠎ᠡ ᠪᠣᠯᠵᠤ ᠪᠦᠷᠢᠳᠦᠨ᠂ 3 ᠲᠦᠮᠡᠨ ᠮᠦ ᠲᠠᠷᠢᠶᠠᠨ ᠭᠠᠵᠠᠷ ᠢ ᠬᠠᠮᠠᠭᠠᠯᠠᠬᠰᠠᠨ ᠪᠠᠶᠢᠨ᠎ᠠ᠃ 1955 ᠣᠨ ᠳᠤ ᠲᠡᠷᠡ ᠿᠧᠾᠧ ᠮᠣᠵᠢ ᠶᠢᠨ ᠤᠶᠢᠵᠢᠭᠤᠯᠤᠭᠰᠠᠨ ᠵᠢᠱᠢᠶᠡᠴᠢ ᠪᠠᠷ ᠰᠤᠩᠭᠤᠭᠳᠠᠵᠤ᠂ ᠣᠯᠠᠨ ᠤᠳᠠᠭ᠎ᠠ ᠨᠠᠮ ᠵᠠᠰᠠᠭ ᠤᠨ ᠬᠦᠬᠢᠬᠦᠯᠦᠯ ᠰᠠᠶᠢᠰᠢᠶᠠᠯ ᠢ ᠣᠯᠵᠠᠢ᠃ 1976 ᠣᠨ ᠳᠤ ᠡᠪᠡᠳᠴᠢᠨ ᠢᠶᠠᠷ ᠨᠠᠰᠤ ᠪᠠᠷᠠᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ