ᠰᠤᠷ ᠬᠠᠷᠪᠤᠬᠤ
  
2022/12/9
      ᠴᠢᠡᠭ ‍ᠤᠨ ᠦᠶ᠎ᠡ ᠡᠴᠠ ᠡᠬᠢᠯᠡᠵᠤ ᠂ ᠤᠯᠠᠭᠠᠨᠬᠠᠳᠠ ᠬᠤᠳᠠ ᠶᠢᠨ ᠮᠠᠯᠵᠢᠬᠤ ᠤᠷᠤᠨ ᠤ  ᠨᠠᠭᠠᠳᠤᠮ ‍ᠤᠨ ᠬᠤᠷᠠᠯ  ᠪᠤᠶᠤ ᠤᠪᠤᠭᠠᠨ ᠳᠠᠬᠢᠯᠭ᠎ᠠ ᠳᠡᠭᠡᠷ᠎ᠡ ᠴᠦᠮ  ᠰᠤᠷ ᠬᠠᠷᠪᠤᠬᠤ ᠤᠷᠤᠯᠳᠤᠭᠠᠨ ‍ᠢ ᠦᠷᠨᠢᠬᠦᠯᠵᠤ ᠪᠠᠶᠢᠭᠰᠠᠨ ᠪᠥᠭᠡᠳ ᠡᠬᠦᠨ ᠳ᠋ᠥ ᠪᠠᠭᠠᠷᠢᠨ ᠪᠠᠷᠠᠭᠤᠨ  ᠬᠣᠰᠢᠭᠤᠨ ᠳᠤ ᠬᠠᠮᠤᠭ ᠨᠡᠶᠢᠳᠡᠯᠢᠭ ᠪᠠᠢᠭᠰᠠᠨ ᠶᠤᠮ᠃ ᠳᠠᠪᠢᠭᠠᠳ ᠤᠨ ᠤ ᠦᠶ᠎ᠡ ᠳ᠋ᠥ ᠪᠠᠭᠠᠷᠢᠨ ᠪᠠᠷᠠᠭᠤᠨ ᠬᠤᠰᠢᠭᠤ ᠨᠢ  ᠰᠤᠷ ᠬᠠᠷᠪᠤᠬᠤ ᠪᠣᠯᠪᠠᠰᠤᠷᠠᠯ ‍ᠢ ᠤᠯᠠᠨ ᠤᠳᠠᠭ᠎ᠠ ᠡᠷᠬᠢᠯᠡᠵᠤ ᠰᠢᠨ᠎ᠡ ᠭᠠᠷ ‍ᠢ ᠬᠦᠮᠦᠵᠢᠬᠦᠯᠬᠦ ᠵᠢ ᠠᠡᠭᠬᠠᠷᠴᠤ ᠪᠦᠬᠦ ᠤᠯᠤᠰ ‍ᠤᠨ  ᠰᠤᠷ ᠬᠠᠷᠪᠤᠬᠤ ᠳᠡᠮᠳᠡᠭᠯᠡᠯ ‍ᠢ ᠤᠯᠠᠨᠳᠠ ᠰᠢᠨᠡᠳᠬᠡᠨ ᠤᠯᠤᠰ ‍ᠤᠨ ᠠᠡᠭᠬᠢ ᠵᠢ ᠲᠦᠯᠦᠬᠡᠯᠡᠵᠤ ᠮᠤᠡᠭᠭᠤᠯ ᠂ ᠫᠤᠯᠠᠨᠳ᠋ ᠵᠡᠷᠬᠡ ᠤᠯᠤᠰ ᠢᠶᠠᠷ ᠠᠶᠢᠯᠴᠢᠯᠠᠵᠤ ᠦᠡᠭᠭᠡᠷᠡᠪᠡ ᠃ 1952 ᠤᠨ ᠳ᠋ᠥ ᠳᠤᠰ ᠬᠤᠰᠢᠭᠤᠨ ᠤ ᠲᠠᠮᠢᠷᠴᠢᠨ ᠪᠦᠬᠡᠸ᠋ᠴᠢᠷ ᠂ ᠨᠣᠮᠣᠨᠷᠠᠰᠢ ᠵᠡᠷᠬᠡ 8 ᠬᠦᠮᠦᠨ ᠦᠪᠤᠷ ᠮᠤᠡᠭᠭᠤᠯ ‍ᠢ ᠲᠦᠯᠦᠬᠡᠯᠡᠨ ᠪᠦᠬᠦ ᠤᠯᠤᠰ ‍ᠤᠨ ᠰᠤᠷ ᠬᠠᠷᠪᠤᠬᠤ ᠤᠷᠤᠯᠳᠤᠭᠠᠨ ᠳ᠋ᠥ ᠤᠷᠤᠯᠴᠠᠵᠤ ᠂  ᠨᠢᠭᠡᠴᠢ  ᠶᠢᠨ ᠲᠡᠷᠢᠬᠦᠨ ᠢᠶᠠᠷ ᠴᠤᠯᠭᠤᠷᠠᠵᠤ ᠂ ᠪᠥᠬᠡᠸ᠋ᠴᠢᠷ ᠬᠤᠪᠢ ᠬᠦᠮᠦᠨ ᠤ ᠤᠷᠤᠯᠳᠤᠭᠠᠨ ᠤ ᠮᠠᠡᠭᠯᠠᠢ ᠪᠤᠯᠪᠠ ᠃ 1956 ᠤᠨ ᠂1957 ᠤᠨ ᠤ ᠪᠦᠬᠦ ᠤᠯᠤᠰ ‍ᠤᠨ  ᠰᠤᠷ ᠬᠠᠷᠪᠤᠬᠤ ᠤᠷᠤᠯᠳᠤᠭᠠᠨ ᠳ᠋ᠥ ᠪᠥᠬᠡᠸ᠋ᠴᠢᠷ ᠂ ᠨᠤᠮᠤᠨᠷᠠᠰᠢ ᠨᠢᠬᠡᠳᠦᠬᠡᠷ ᠲᠤ ᠤᠷᠤᠪᠠ ᠃ 1958 ᠤᠨ ᠤ ᠪᠡᠬᠡᠵᠢᠡᠭ ᠳ᠋ᠥ ᠶᠠᠪᠤᠭᠳᠠᠭᠰᠠᠨ 15 ᠨᠢᠬᠡᠴᠢ  ᠶᠢᠨ   ᠰᠤᠷ ᠬᠠᠷᠪᠤᠬᠤ ᠮᠠᠡᠭᠯᠠᠢ ᠰᠢᠯᠭᠠᠷᠠᠭᠤᠯᠬᠤ ᠤᠷᠤᠯᠳᠤᠭᠠᠨ ᠳ᠋ᠥ ᠨᠣᠮᠣᠨᠷᠠᠰᠢ ᠨᠢᠬᠡᠳᠦᠬᠡᠷ ᠲᠤ ᠤᠷᠤᠵᠤ ᠂ ᠸᠴᠢᠷ ᠬᠤᠶᠠᠳᠤᠭᠠᠷ ᠲᠤ ᠤᠷᠤᠵᠠᠢ ᠃ 1960 ᠤᠨ ᠳ᠋ᠥ ᠪᠠᠭᠠᠷᠢᠨ ᠪᠠᠷᠠᠭᠤᠨ ᠬᠤᠰᠢᠭᠤ ᠨᠢ ︽ᠪᠡᠶ᠎ᠡ  ᠶᠢᠨ  ᠳᠠᠮᠢᠷ ‍ᠤᠨ ᠲᠡᠷᠢᠬᠦᠨ ᠤ  ᠨᠢᠭᠡᠴᠢ ︾ ᠪᠠᠷ ᠦᠨᠡᠯᠡᠭᠳᠡᠵᠤ ᠂ ᠪᠦᠬᠦ ᠤᠯᠤᠰ ‍ᠤᠨ ᠰᠤᠶᠤᠯ ᠰᠤᠷᠭᠠᠨ ᠬᠦᠮᠦᠵᠢᠯ ‍ᠤᠨ ᠪᠠᠭᠠᠳᠤᠷᠴᠤᠳ ‍ᠤᠨ ᠴᠤᠭᠯᠠᠭᠠᠨ ᠳ᠋ᠥ ᠤᠷᠤᠯᠴᠠᠵᠤ ᠶᠡᠬᠡ ᠬᠤᠷᠠᠯ ᠡᠴᠠ ᠪᠠᠭᠠᠷᠢᠨ ᠪᠠᠷᠠᠭᠤᠨ ᠬᠤᠰᠢᠭᠤᠨ ᠳ᠋ᠥ ︽ᠨᠤᠮᠤ ᠰᠤᠮᠤ  ᠶᠢᠨ  ᠨᠤᠳᠤᠭ ︾  ‍ᠤᠨ ᠴᠤᠯᠠ ᠵᠢ ᠤᠯᠭᠤᠭᠰᠠᠨ ᠶᠤᠮ ᠃ 1978 ᠤᠨ ᠳ᠋ᠥ ᠳ᠋ᠠᠪᠠᠨ ᠤ ᠨᠢᠬᠡᠳᠦᠬᠡᠷ ᠳᠤᠮᠳᠠᠳᠤ ᠰᠤᠷᠭᠠᠭᠤᠯᠢ ᠨᠢ ᠠᠵᠢᠯ ‍ᠤᠨ ᠴᠢᠯᠦᠬᠡᠨ ᠤ  ᠰᠤᠷ ᠬᠠᠷᠪᠤᠬᠤ  ᠰᠤᠷᠭᠠᠭᠤᠯᠢᠯᠠᠯ ᠡᠷᠬᠢᠯᠡᠵᠤ ᠂ ᠬᠤᠭᠤᠴᠠᠭ᠎ᠠ ᠪᠦᠷᠢ ᠡᠷᠡᠭᠳᠡᠢ ᠡᠮᠡᠭᠳᠡᠢ ᠲᠠᠮᠢᠷᠴᠢᠨ 20  ᠭᠠᠷᠤᠢ  ᠬᠥᠮᠥᠨ ᠡᠯᠰᠡᠵᠤ᠂ 1985 ᠤᠨ ᠪᠤᠯᠳᠠᠯ᠎ᠠ ᠨᠡᠶᠢᠳᠡ 200  ᠭᠠᠷᠤᠢ  ᠬᠦᠮᠦᠨ ‍ᠢ ᠪᠤᠯᠪᠠᠰᠤᠷᠠᠭᠤᠯᠤᠭᠰᠠᠨ ᠪᠠᠶᠢᠪᠠ ᠃ 1988 ᠤᠨ ᠤ 7 ᠰᠠᠷ᠎ᠠ ᠳ᠋ᠥ ᠤᠷᠤᠨ ᠤ ᠬᠤᠶᠠᠳᠤᠭᠠᠷ ᠬᠤᠭᠤᠴᠠᠭᠠᠨ ᠤ ᠵᠠᠯᠠᠭᠤᠴᠤᠳ ᠪᠠᠭᠠᠴᠤᠳ ‍ᠤᠨ ᠳᠠᠮᠢᠷ ‍ᠤᠨ ᠴᠤᠭᠯᠠᠭᠠᠨ ᠤ  ᠰᠤᠷ ᠬᠠᠷᠪᠤᠬᠤ ᠤᠷᠤᠯᠳᠤᠭᠠᠨ ᠳ᠋ᠥ ᠤᠯᠠᠭᠠᠨᠬᠠᠳᠠ ᠬᠤᠳᠠ  ᠶᠢᠨ  ᠡᠷᠡᠭᠳᠡᠢ  ᠶᠢᠨ  ᠠᠡᠭᠬᠢ ᠨᠢ 6037 ᠴᠠᠭᠠᠷᠢᠭ ‍ᠤᠨ ᠬᠢᠷᠢ ᠪᠦᠳᠦᠮᠵᠢ ᠪᠠᠷ  ᠨᠢᠭᠡᠴᠢ  ᠶᠢᠨ ᠬᠤᠶᠠᠳᠤᠭᠠᠷ ᠲᠤ ᠤᠷᠤᠵᠠᠢ ᠃ ᠲᠠᠮᠢᠷᠴᠢᠨ ᠤᠳᠤᠡᠭᠭᠤᠸ᠎ᠠ ᠡᠮᠡᠭᠳᠡᠢ  ᠶᠢᠨ  ᠬᠤᠪᠢ ᠬᠦᠮᠦᠨ ᠤ ᠬᠤᠤᠰ ᠬᠦᠷᠳᠤᠳᠤ ᠪᠦᠷᠢᠨ ᠴᠢᠳᠠᠪᠤᠷᠢ  ᠶᠢᠨ  70 ᠮᠸᠲ᠋ᠷ ᠂ 50 ᠮᠸᠲ᠋ᠷ ᠂ 30 ᠮᠸᠲ᠋ᠷ ‍ᠤᠨ ᠤᠷᠤᠯᠳᠤᠭᠠᠨ ᠳ᠋ᠥ ᠳᠠᠷᠠᠭᠠᠯᠠᠨ  ᠳᠥᠷᠪᠡ ᠤᠳᠠᠭ᠎ᠠ ᠭᠤᠷᠪᠠᠳᠤᠭᠠᠷ ᠲᠤ ᠳᠤᠳᠤᠷᠠᠵᠤ ᠲᠠᠮᠢᠷᠴᠢᠨ ᠡᠷᠳᠡᠨᠢᠪᠤᠯᠠᠭ ᠡᠷᠡᠭᠳᠡᠢ  ᠶᠢᠨ  ᠬᠤᠪᠢ ᠬᠦᠮᠦᠨ ᠤ ᠬᠤᠤᠰ ᠬᠦᠷᠳᠤᠳᠤ ᠳᠠᠡᠭ ᠲᠦᠷᠦᠯ ‍ᠤᠨ 70 ᠮᠸᠲ᠋ᠷ ‍ᠤᠨ ᠤᠷᠤᠯᠳᠤᠭᠠᠨ ᠳ᠋ᠥ ᠭᠤᠷᠪᠠᠳᠤᠭᠠᠷ ᠲᠤ ᠤᠷᠤᠵᠠᠢ ᠃
          