ᠪᠦᠬᠡ ᠵᠢᠨ ᠱᠠᠰᠢᠨ   
  
2022/12/9
 ᠨᠢᠬᠡᠳ᠋ᠤᠬᠡᠷ ᠬᠡᠰᠡᠭ  ᠪᠦᠬᠡ ᠵᠢᠨ ᠱᠠᠰᠢᠨ  ᠤ ᠤᠯᠠᠮᠵᠢᠯᠠᠭᠳᠠᠭᠰᠠᠨ         ᠪᠦᠬᠡ ᠵᠢᠨ ᠱᠠᠰᠢᠨ ᠪᠤᠯ ᠡᠷᠳ᠋ᠠᠨ  ᠤ ᠤᠮᠠᠷᠠᠳ᠋ᠤ ᠵᠢᠨ ᠦᠨᠳ᠋ᠤᠰᠤᠳ᠋ᠠᠨ  ᠤ ᠰᠢᠳ᠋ᠤᠵᠤ ᠪᠠᠶᠢᠭᠰᠠᠨ ᠪᠠᠯᠠᠷ ᠡᠷᠳ᠋ᠠᠨ  ᠤ ᠱᠠᠰᠢᠨ ᠰᠤᠷᠳ᠋ᠠᠬᠤᠨ ᠪᠤᠯᠤᠨ᠎ᠠ᠃︽ᠪᠦᠬᠡ︾ᠪᠤᠯ ᠳᠦᠩᠬᠦᠰ ᠬᠡᠯᠡᠨ  ᠤ ᠠᠪᠢᠶᠠᠴᠢᠯᠠᠭᠰᠠᠨ ᠤᠷᠴᠢᠭᠤᠯᠭ᠎ᠠ ᠪᠣᠯᠣᠨ᠎ᠠ᠃ ᠪᠦᠬᠡ ᠵᠢᠨ ᠱᠠᠰᠢᠨ ᠪᠤᠯ ᠤᠯᠠᠨ ᠰᠢᠳ᠋ᠤᠬᠡᠨᠳ᠋ᠤ ᠱᠠᠰᠢᠨ᠂ ᠳᠦᠮᠠᠨ ᠪᠤᠳ᠋ᠠᠰ ᠴᠦᠮ ᠰᠦᠨᠠᠰᠤ ᠳᠠᠢ ᠬᠡᠵᠤ ᠦᠵᠡᠳ᠋ᠡᠭ᠃ ᠳᠠᠷᠠ ᠶᠢᠷᠳ᠋ᠢᠨᠴᠤ ᠵᠢ ᠭᠤᠷᠪᠡᠨ ᠳᠠᠪᠬᠤᠷᠭ᠎ᠠ ᠬᠤᠪᠢᠶᠠᠳ᠋ᠠᠭ ᠄︽ᠳᠡᠭᠷᠢ︾ᠵᠢ ᠳᠠᠬᠡᠳ᠋ᠤ ᠶᠢᠷᠳ᠋ᠢᠨᠴᠤ ᠬᠡᠵᠤ ᠤᠯᠠᠨ ᠰᠠᠬᠢᠭᠤᠯᠰᠤᠨ ᠰᠠᠭᠤᠳ᠋ᠠᠭ᠂ ᠭᠠᠵᠠᠷ ‍ᠢ ᠳᠤᠮᠳ᠋ᠠ ᠶᠢᠷᠳ᠋ᠢᠨᠴᠤ ᠬᠡᠵᠤ ᠬᠦᠮᠤᠨ ᠳᠦᠷᠦᠯᠬᠢᠳ᠋ᠠᠨ ᠰᠠᠭᠤᠳ᠋ᠠᠭ᠃︽ᠳᠠᠮᠤ ᠵᠢᠨ ᠤᠷᠤᠨ ︾‍ ᠢ ᠳᠤᠤᠷᠠᠳ᠋ᠤ ᠶᠢᠷᠳ᠋ᠢᠨᠴᠤ ᠬᠡᠵᠤ ᠴᠢᠳᠬᠦᠷ ᠰᠢᠮᠨᠤᠰ ᠰᠠᠭᠤᠳ᠋ᠠᠭ ᠬᠡᠵᠤ ᠦᠵᠡᠳ᠋ᠡᠭ᠃  ᠪᠥᠭᠡ︽ᠠᠳ᠋ᠠ ᠴᠢᠳᠬᠦᠷ ‍ᠢ ᠦᠯᠳ᠋ᠠᠵᠤ᠂ ᠡᠪᠡᠳᠴᠢᠨ ᠳᠠᠬᠤᠯ ᠵᠠᠰᠠᠬᠤ︾ᠦᠶ᠎ᠠ ᠳ᠋ᠤ ᠠᠮᠠᠨ ᠳ᠋ᠤ ᠪᠡᠨ ᠳᠠᠷᠨᠢ ᠤᠩᠰᠢᠵᠤ᠂ ᠳᠠᠪᠬᠡᠴᠠᠨ ᠪᠦᠵᠢᠭᠯᠠᠵᠤ᠂ ᠴᠢᠳᠬᠦᠷ ᠰᠠᠬᠢᠭᠤᠯᠰᠤᠨ ᠪᠡᠶ᠎ᠠ ᠳ᠋ᠤ ᠨᠢ ᠤᠷᠤᠰᠢᠭᠰᠠᠨ ᠵᠢᠡᠷ ᠤᠪᠯᠠᠵᠤ᠂ ᠰᠢᠳ᠋ᠦᠭᠴᠢᠳ ‍ᠢ ᠮᠠᠬᠡᠯᠠᠳ᠋ᠡᠭ᠃  ᠤᠯᠠᠭᠠᠨᠬᠠᠳ᠋ᠠ ᠤᠷᠤᠨ ᠳ᠋ᠤ ᠡᠷᠳ᠋ᠠᠨ  ᠤ ᠪᠦᠬᠡ ᠵᠢᠨ ᠱᠠᠰᠢᠨ ᠨᠢ ᠠᠯᠳ᠋ᠠᠢ ᠢᠵᠠᠭᠤᠷ ᠬᠡᠯᠠᠨ  ᠤ ᠬᠤᠶᠠᠷ ᠦᠨᠳ᠋ᠤᠰᠤᠳ᠋ᠠᠨ  ᠤ ᠳᠠᠤᠬᠡᠨ ᠳᠠᠬᠡᠷ᠎ᠠ ᠳᠤᠰᠬᠠᠭᠳ᠋ᠠᠵᠤ ᠪᠠᠶᠢᠵᠠᠢ᠂ ᠳᠠᠷᠤᠢ ᠬᠢᠳ᠋ᠠᠨ ᠦᠨᠳ᠋ᠤᠰᠤᠳ᠋ᠠᠨ ᠪᠠ ᠮᠤᠩᠭᠤᠯ ᠦᠨᠳ᠋ᠤᠰᠤᠳ᠋ᠠᠨ ᠪᠤᠯᠤᠨ᠎ᠠ᠃ ᠯᠢᠶᠤᠤ ᠤᠯᠤᠰ  ᠦᠨ ᠦᠶ᠎ᠠ ᠳ᠋ᠤ ᠬᠢᠳ᠋ᠠᠨ ᠦᠨᠳ᠋ᠤᠰᠤᠳ᠋ᠠᠨ ᠪᠦᠬᠡ ᠵᠢᠨ ᠱᠠᠰᠢᠨ ‍ᠢ ᠰᠢᠳ᠋ᠤᠵᠤ ᠪᠠᠶᠢᠵᠠᠢ᠃ ᠯᠢᠶᠤᠤ ᠵᠢᠨ ᠳᠦᠷᠦ ᠵᠢᠨ ᠡᠯ᠎ᠠ ᠦᠶ᠎ᠠ ᠵᠢᠨ ᠬᠠᠭᠠᠳ ᠬᠦᠨᠳ᠋ᠤ ᠶᠡᠬᠡ ᠶᠤᠰᠤᠯᠠᠯ ᠶᠠᠪᠤᠭᠤᠯᠬᠤ ᠳ᠋ᠥ ᠪᠡᠨ ᠴᠦᠮ ᠵᠠᠯᠠᠵᠦ ᠡᠷᠬᠢᠯᠠᠬᠦᠯᠳ᠋ᠡᠭ᠂ ᠴᠡᠷᠢᠭ ᠬᠦᠳ᠋ᠠᠯᠵᠤ ᠳᠠᠶᠢᠨ ᠳ᠋ᠤ ᠮᠤᠷᠳ᠋ᠠᠬᠤ ᠡᠴᠠ ᠪᠡᠨ ᠡᠮᠤᠨ᠎ᠠ ᠪᠠᠰᠠ ᠢᠳ᠋ᠤᠭᠠᠨ ᠵᠠᠯᠠᠵᠤ ᠢᠯᠠᠯᠳ᠋ᠠ ᠪᠡᠨ ᠳᠦᠯᠬᠡᠳ᠋ᠠᠬᠦᠯᠵᠤ᠂︽ᠠᠬᠢ ᠡᠪᠡᠰᠤ ᠪᠠ ᠮᠤᠷᠢᠨ ᠬᠣᠮᠣᠯ ᠬᠡᠷᠡᠭᠯᠠᠵᠤ᠂  ᠬᠣᠨᠢᠨ  ᠤ ᠳᠠᠯᠤ ᠵᠢᠨ ᠶᠠᠰᠤ ᠵᠢ ᠲᠦᠬᠡᠨᠠᠵᠤ᠂ ᠳᠦᠬᠡᠨᠡᠬᠡᠳ ᠴᠤᠭᠤᠷᠠᠪᠠᠯ ᠴᠡᠷᠢᠭ ᠮᠤᠷᠳ᠋ᠠᠵᠤ᠂ ᠴᠤᠭᠤᠷᠠᠬᠤ ᠦᠬᠡᠢ ᠪᠤᠯ ᠴᠡᠷᠢᠭ ᠮᠤᠷᠳ᠋ᠠᠳ᠋ᠠᠭ ᠦᠬᠡᠢ︾ᠪᠠᠶᠢᠵᠠᠢ᠃        ᠮᠤᠩᠭᠤᠯ ᠦᠨᠳ᠋ᠤᠰᠤᠳ᠋ᠠᠨ ︽ᠪᠦᠬᠡ︾ᠵᠢᠨ ᠱᠠᠰᠢᠨ ‍ᠢ ᠰᠢᠳ᠋ᠤᠳ᠋ᠡᠭ᠃ ᠮᠤᠩᠭᠤᠯ ᠦᠨᠳ᠋ᠤᠰᠤᠳ᠋ᠠᠨ ᠤᠩᠭᠤᠳ ᠰᠢᠳ᠋ᠤᠬᠡᠨ ᠳᠠᠢ  ᠭᠡᠵᠦ᠂ ᠨᠠᠷᠠ᠂ ᠰᠠᠷᠠ᠂ ᠤᠰᠤ᠂ ᠭᠠᠯ᠂ ᠠᠭᠤᠯᠠ ᠨᠢᠷᠤᠭᠤ᠂ ᠭᠤᠤᠯ ᠮᠦᠷᠠᠨ ‍ᠢ ᠴᠦᠮ ᠰᠦᠭ ᠰᠦᠨᠡᠰᠤ ᠳᠠᠢ ᠬᠡᠵᠤ ᠦᠵᠡᠳ᠋ᠡᠭ᠂ ᠰᠦᠭ ᠰᠦᠨᠡᠰᠤ ᠵᠢᠨ ᠰᠢᠳ᠋ᠤᠯᠬᠡ ᠵᠢ︽ᠤᠩᠭᠤᠳ 》(ᠶᠡᠷᠦ ᠳᠦ ᠪᠡᠨ ᠢᠰᠡᠬᠡᠢ ᠪᠡᠷ ᠬᠢᠳ᠋ᠡᠭ ) ᠬᠡᠮᠡᠨ ᠨᠠᠷᠠᠯᠡᠳ᠋ᠡᠭ᠃ ᠨᠠᠷᠠᠨ  ᠤ ᠤᠩᠭᠤᠳ᠂ ᠰᠠᠷᠠᠨ  ᠤ ᠤᠩᠭᠤᠳ᠂ ᠠᠮᠢᠳ᠋ᠠᠨ  ᠤ ᠤᠩᠭᠤᠳ᠂ ᠤᠷᠭᠤᠮᠠᠯ  ᠦᠨ ᠤᠩᠭᠤᠳ᠂ ᠠᠶᠢᠮᠠᠭ  ᠦᠨ ᠤᠩᠭᠤᠳ᠂ ᠡᠪᠤᠬᠡ ᠳᠠᠬᠡᠳ᠋ᠤᠰ  ᠦᠨ ᠤᠩᠭᠤᠳ ᠵᠡᠷᠬᠡ ᠪᠠᠶᠢᠵᠤ᠂ ᠢᠰᠠᠬᠡᠢ ᠬᠡᠷ  ᠦᠨ ᠵᠢᠠᠨ ᠭᠤᠤᠯ ᠳᠤᠮᠳ᠋ᠠ ᠰᠢᠳ᠋ᠤᠨ ᠳᠠᠬᠢᠵᠤ᠂ ᠬᠠᠮᠠᠭᠠᠯᠠᠭᠴᠢ ᠰᠠᠬᠢᠭᠤᠯᠰᠤᠨ ᠵᠢᠡᠷ ᠦᠵᠠᠵᠤ᠂ ᠢᠪᠠᠬᠡᠨ ᠦᠷᠦᠰᠢᠶᠠᠬᠦ ᠵᠢ ᠳᠠᠭᠠᠳᠬᠠᠳ᠋ᠠᠭ᠃ ᠪᠦᠬᠡ ᠵᠢᠨ ᠱᠠᠰᠢᠨ  ᠤ ᠬᠠᠮᠤᠭ ᠳᠠᠬᠡᠳ᠋ᠤ ᠰᠠᠬᠢᠭᠤᠯᠰᠤᠨ ‍ᠢ︽ᠮᠦᠩᠬᠡ ᠳᠡᠭᠷᠢ 》ᠬᠡᠵᠤ ᠨᠠᠷᠠᠯᠡᠳ᠋ᠡᠭ᠂ ᠳᠠᠷᠤᠢ ᠦᠨᠢᠳ᠋ᠠ ᠮᠦᠩᠬᠡᠷᠡᠬᠦ ᠳᠡᠭᠷᠢ ᠬᠡᠰᠡᠨ ᠤᠳᠬ᠎ᠠ ᠳᠠᠢ᠃ ᠦᠨᠢᠳ᠋ᠠ ᠮᠦᠩᠬᠡᠷᠡᠬᠦ ᠳᠡᠭᠷᠢ ᠪᠤᠯ ᠨᠢᠬᠡᠨ ᠠᠯᠢᠪᠠ ᠦᠵᠡᠭᠳ᠋ᠠᠬᠦ ᠪᠠ ᠦᠯᠤ ᠦᠵᠡᠭᠳ᠋ᠠᠬᠦ ᠬᠡᠷᠡᠭ ᠶᠠᠪᠤᠳ᠋ᠠᠯ ‍ᠢ ᠡᠬᠦᠳ᠋ᠤᠨ ᠪᠦᠳ᠋ᠤᠬᠡᠭᠴᠢ᠂ ᠠᠯᠢᠪᠠ ᠵᠢ ᠳᠤᠬᠢᠷᠠᠭᠤᠯᠵᠤ ᠰᠶᠢᠳᠪᠤᠷᠢᠯᠠᠵᠤ ᠪᠠᠶᠢᠳ᠋ᠠᠭ᠃ ᠳᠡᠭᠷᠢ ᠪᠠ ᠬᠦᠮᠤᠨ  ᠤ ᠬᠤᠭᠤᠷᠤᠨᠳ᠋ᠤ ᠦᠬᠡ ᠨᠠᠪᠳ᠋ᠠᠷᠠᠬᠦᠯᠦᠭᠴᠢ ᠵᠢ ᠢᠳ᠋ᠤᠭᠠᠨ ᠬᠡᠵᠤ᠂ ᠡᠷᠡᠭᠳ᠋ᠠᠢ︽ᠢᠳ᠋ᠤᠭᠠᠨ 》‍ᠢ ᠨᠢ︽ᠪᠦᠬᠡ 》ᠬᠡᠵᠤ᠂ ᠡᠮᠡᠭᠳ᠋ᠠᠢ ᠶᠢ ᠨᠢ︽ᠢᠳ᠋ᠤᠭᠠᠨ 》ᠬᠡᠵᠤ ᠨᠠᠷᠠᠯᠠᠳ᠋ᠡᠭ᠃ ᠢᠳ᠋ᠤᠭᠠᠨ ᠨᠢ ᠵᠢᠷᠤᠬᠠᠶᠢᠴᠢ᠂ ᠳᠦᠯᠬᠡᠴᠢ᠂ ᠡᠮᠴᠢ ᠵᠡᠷᠬᠡ ᠵᠢ ᠨᠢᠬᠡ ᠪᠠᠶ᠎ᠠ ᠳ᠋ᠤ ᠪᠡᠨ ᠳᠦᠪᠯᠠᠷᠠᠬᠦᠯᠦᠭᠰᠠᠨ ᠪᠠᠶᠢᠳ᠋ᠠᠭ᠃ ᠪᠦᠬᠡ ᠵᠢᠨ ᠱᠠᠰᠢᠨ  ᠤ ᠱᠠᠰᠢᠨ ᠰᠤᠷᠳ᠋ᠠᠬᠤᠨ  ᠤ ᠶᠤᠰᠤᠯᠠᠯ ‍ᠢ ᠬᠠᠮᠤᠭ ᠠᠩᠬᠠᠨ ᠳ᠋ᠤ ᠪᠡᠨ︽ᠢᠳ᠋ᠤᠭᠠᠨ︾ᠡᠷᠬᠢᠯᠠᠵᠤ᠂ ᠰᠢᠳ᠋ᠤᠯᠬᠡ ᠵᠢᠨ ᠰᠠᠬᠢᠭᠤᠯᠰᠤᠨ ᠨᠢ ᠭᠤᠤᠯᠳ᠋ᠠᠭᠤ ᠡᠮᠡᠭᠳ᠋ᠠᠢ ᠪᠠᠶᠢᠳ᠋ᠠᠭ᠃ ᠡᠷᠳ᠋ᠠᠨ  ᠤ ᠤᠪᠤᠭ ᠳᠦᠷᠦᠯ  ᠦᠨ ᠨᠠᠶᠢᠬᠡᠮ ᠡᠴᠠ ᠡᠴᠢᠬᠡᠴᠢᠯᠠᠯ  ᠦᠨ ᠨᠠᠶᠢᠬᠡᠮ ᠳ᠋ᠤ ᠰᠢᠯᠵᠢᠬᠦ ᠵᠢ ᠳᠠᠭᠠᠯᠳ᠋ᠤᠨ᠂ ᠭᠤᠤᠯ ᠪᠦᠬᠡ ᠨᠢ ᠡᠷᠡᠭᠳ᠋ᠠᠢ ᠪᠤᠯᠤᠨ ᠬᠤᠪᠢᠷᠠᠪᠠ᠂ ᠬᠡᠪᠡᠴᠤ︽ᠢᠳ᠋ᠤᠭᠠᠨ︾ᠪᠠᠰᠠ ᠪᠠᠶᠢᠵᠠᠢ᠃ ᠴᠢᠩᠬᠢᠰ ᠬᠠᠭᠠᠨ ᠮᠤᠩᠭᠤᠯ  ᠦᠨ ᠡᠯ᠎ᠠ ᠠᠶᠢᠮᠠᠭ  ᠢ ᠨᠢᠬᠡᠳᠬᠡᠬᠦ ᠶᠠᠪᠤᠴᠠ ᠳ᠋ᠤ ᠪᠡᠨ︽ᠬᠤᠪᠢ ᠵᠠᠶᠠᠭ᠎ᠠ ᠵᠢᠨ ᠦᠵᠠᠯᠳ᠋ᠠ︾ᠪᠡᠷ ᠦᠵᠠᠯ ᠰᠠᠨᠠᠭᠠᠨ  ᠤ ᠵᠡᠪᠰᠡᠭ ᠪᠤᠯᠭᠠᠵᠠᠢ᠃ ᠪᠦᠬᠡ ᠵᠢᠨ ᠱᠠᠰᠢᠨ ᠪᠠᠰᠠ︽ᠬᠤᠪᠢ ᠵᠠᠶᠠᠭ᠎ᠠ ᠵᠢᠨ ᠦᠵᠠᠯᠳ᠋ᠠ︾ᠵᠢ ᠠᠰᠢᠭᠯᠠᠨ ᠴᠢᠩᠬᠢᠰ ᠬᠠᠭᠠᠨ  ᠤ ᠮᠤᠩᠭᠤᠯ  ᠦᠨ ᠡᠯ᠎ᠠ ᠠᠶᠢᠮᠠᠭ ‍ᠢ ᠨᠢᠬᠡᠳᠬᠡᠬᠦ ᠳ᠋ᠤ ᠶᠠᠷᠢᠶ᠎ᠠ ᠬᠡᠯᠠᠯᠴᠡᠬᠡ ᠵᠤᠬᠢᠶᠠᠵᠤ ᠦᠭᠪᠠ᠃ ᠴᠢᠩᠬᠢᠰ ᠬᠠᠭᠠᠨ ᠬᠠᠭᠠᠨ ᠰᠠᠭᠤᠷᠢᠨ ᠳ᠋ᠤ ᠰᠠᠭᠤᠭᠰᠠᠨ ᠡᠴᠠ ᠰᠠᠬᠦᠯᠠᠷ᠂ ᠳᠡᠭᠷᠢ ᠵᠢᠨ ᠰᠠᠨᠠᠭ᠎ᠠ ᠵᠢ ᠬᠦᠯᠢᠶᠠᠨ ᠠᠪᠤᠭᠴᠢ︽ᠳᠡᠭᠷᠢ ᠵᠢᠨ ᠬᠦᠪᠠᠬᠦᠨ︾ᠪᠤᠯᠪᠠ᠃ ᠴᠢᠩᠬᠢᠰ ᠬᠠᠭᠠᠨ  ᠤ ᠨᠢᠬᠡ ᠦᠬᠡ ᠨᠢᠬᠡ ᠬᠦᠳ᠋ᠠᠯᠤᠯ ᠪᠦᠷᠢ ᠨᠢ ᠪᠦᠷ︽ᠮᠦᠩᠬᠡ ᠳᠡᠭᠷᠢ︾ᠵᠢᠨ ᠰᠠᠨᠠᠭ᠎ᠠ᠂ ᠡᠶᠢᠨ ᠬᠦ ᠪᠦᠬᠡ ᠵᠢᠨ ᠱᠠᠰᠢᠨ ᠪᠠ︽ᠬᠠᠭᠠᠨ 》 ᠦ ᠡᠷᠬᠡ ᠨᠢᠭᠳ᠋ᠠ ᠤᠶᠠᠯᠳ᠋ᠤᠨ ᠨᠢᠬᠡᠳᠪᠠ᠃ ᠮᠤᠩᠭᠤᠯ ᠬᠠᠭᠠᠨᠳ᠋ᠤ ᠤᠯᠤᠰ ᠪᠠᠶᠢᠭᠤᠯᠤᠭᠳ᠋ᠠᠬᠤ ᠦᠶᠠᠰ᠂ ᠴᠢᠩᠬᠢᠰ ᠬᠠᠭᠠᠨ︽ᠪᠡᠬᠢ︾ᠪᠡᠷ ᠪᠦᠬᠡ ᠵᠢᠨ ᠱᠠᠰᠢᠨ  ᠤ ᠬᠡᠷᠡᠭ ᠶᠠᠪᠤᠳ᠋ᠠᠯ ‍ᠢ ᠬᠠᠮᠢᠶᠠᠷᠤᠭᠤᠯᠵᠤ᠂ ᠴᠠᠭᠠᠨ ᠬᠤᠪᠴᠠᠰᠤ ᠡᠮᠤᠰᠬᠡᠨ᠂ ᠰᠠᠷᠠᠯ ᠮᠤᠷᠢ ᠤᠨᠤᠭᠤᠯᠵᠤ᠂ ᠬᠤᠷᠠᠯ ᠴᠤᠭᠯᠠᠭᠠᠨ ᠪᠤᠯᠬᠤ ᠦᠶᠠᠰ ᠪᠠᠶᠢᠷᠢ ᠰᠠᠭᠤᠷᠢ ᠨᠢ ᠤᠯᠠᠨ ᠡᠴᠠ ᠦᠨᠳ᠋ᠤᠷ ᠪᠠᠶᠢᠬᠤ ᠵᠢ ᠵᠦᠪᠰᠢᠶᠠᠷᠠᠵᠤ᠂ ᠶᠡᠬᠡ ᠪᠡᠷ ᠬᠦᠨᠳ᠋ᠤᠳᠬᠡᠵᠤ ᠪᠠᠶᠢᠵᠠᠢ᠃ ᠶᠤᠧᠠᠨ ᠤᠯᠤᠰ  ᠦᠨ ᠬᠠᠭᠠᠨ  ᠤ ᠤᠭᠰᠠᠭ᠎ᠠ ᠵᠢᠨ ᠭᠤᠤᠯ ᠳᠠᠬᠢᠯᠭ᠎ᠠ ᠵᠢᠨ ᠶᠤᠰᠤᠯᠠᠯ ᠵᠡᠷᠬᠡ ᠵᠢ ᠴᠦᠮ ᠪᠦᠬᠡ ᠡᠷᠬᠢᠯᠠᠳ᠋ᠡᠭ᠃ ᠦᠷᠬᠡᠨ ᠤᠯᠠᠨ ᠮᠤᠩᠭᠤᠯ ᠮᠠᠯᠴᠢᠳ ᠪᠦᠬᠡ ᠵᠢᠨ ᠱᠠᠰᠢᠨ ‍ᠢ ᠦᠬᠦᠨ ᠢᠳ᠋ᠠᠬᠡᠳ᠋ᠡᠭ᠃        ᠵᠦᠩ ᠳᠦᠩ  ᠦᠨ ᠳᠠᠷᠢᠬᠦᠨ ᠤᠨ︵1260 ᠤᠨ ︶ᠳ᠋ᠤ ᠬᠤᠪᠢᠯᠠᠢ ᠬᠠᠭᠠᠨ ᠰᠠᠭᠤᠵᠤ᠂ ᠳᠦᠪᠡᠳ ᠡᠴᠠ ᠪᠤᠷᠬᠠᠨ ᠱᠠᠰᠢᠨ ‍ᠢ ᠤᠯᠠᠮᠵᠢᠯᠠᠬᠤ ᠵᠢ ᠬᠦᠨᠳ᠋ᠤᠳᠬᠡᠵᠤ︵ᠪᠠᠰᠠ ᠯᠠᠮᠠ ᠵᠢᠨ ᠱᠠᠰᠢᠨ ᠬᠡᠵᠤ ᠨᠠᠷᠠᠯᠠᠳ᠋ᠡᠭ ︶᠂ ᠰᠠᠨᠵᠠ ᠵᠢᠨ ᠪᠦᠯᠦᠭ︵ᠤᠯᠠᠭᠠᠨ  ᠤ ᠱᠠᠰᠢᠨ ︶ᠵᠢᠡᠷ ᠳᠦᠷᠦ ᠵᠢᠨ ᠱᠠᠰᠢᠨ ᠪᠤᠯᠭᠠᠪᠠ᠃ ᠪᠦᠬᠡ ᠵᠢᠨ ᠱᠠᠰᠢᠨ ᠨᠢ ᠡᠷᠬᠡ ᠰᠦᠷᠳ᠋ᠠᠨ  ᠤ ᠬᠦᠷᠢᠶᠠᠨ ᠡᠴᠠ ᠬᠠᠷᠠᠴᠤ ᠠᠷᠠᠳ  ᠦᠨ ᠳᠤᠮᠳ᠋ᠠ ᠰᠢᠯᠵᠢᠪᠠ᠃ ᠶᠤᠧᠠᠨ ᠤᠯᠤᠰ ᠪᠦᠬᠦ ᠳᠤᠮᠳ᠋ᠠᠳ᠋ᠤ ᠤᠯᠤᠰ ‍ᠢ ᠨᠤᠶᠠᠷᠬᠠᠬᠤ ᠡᠷᠬᠡ ᠪᠡᠨ ᠠᠯᠳ᠋ᠠᠭᠰᠠᠨ ᠡᠴᠠ ᠰᠠᠬᠦᠯᠠᠷ᠂ ᠨᠢᠬᠡ ᠦᠶ᠎ᠠ ᠬᠦᠭᠵᠢᠨ ᠮᠠᠨᠳ᠋ᠤᠭᠰᠠᠨ︽ᠤᠯᠠᠭᠠᠨ  ᠤ ᠱᠠᠰᠢᠨ ︾ ᠤ ᠰᠦᠷ ᠬᠦᠴᠤᠨ ᠴᠤ ᠳᠠᠭᠠᠯᠳ᠋ᠤᠨ ᠪᠠᠭᠤᠷᠠᠵᠤ᠂ ᠪᠠᠷᠤᠭ ᠤᠷᠤ ᠳᠠᠰᠤ ᠠᠷᠢᠯᠪᠠ᠃ ᠮᠢᠩ  ᠦᠨ ᠬᠤᠩ ᠦ᠋ ᠵᠢᠨ ᠬᠤᠶᠠᠳ᠋ᠤᠭᠠᠷ ᠤᠨ︵1369 ᠤᠨ ︶ᠳ᠋ᠤ ᠶᠤᠧᠠᠨ ᠤᠯᠤᠰ ᠤᠮᠠᠷᠠᠰᠢ ᠨᠡᠬᠦᠳ᠋ᠡᠯᠯᠡᠭᠰᠠᠨ  ᠤ ᠰᠠᠬᠦᠯᠠᠷ᠂ ᠪᠦᠬᠡ ᠵᠢᠨ ᠱᠠᠰᠢᠨ  ᠤ ᠨᠤᠶᠠᠷᠬᠠᠯ  ᠦᠨ ᠪᠠᠶᠢᠷᠢ ᠰᠠᠭᠤᠷᠢ ᠵᠢ ᠳᠠᠬᠢᠨ ᠰᠠᠷᠬᠦᠬᠡᠪᠡ᠃ ᠤᠮᠠᠷᠠᠳ᠋ᠤ ᠶᠤᠧᠠᠨ ᠤᠯᠤᠰ  ᠦᠨ ᠦᠶᠠᠰ︵ᠭᠤᠤᠯ ᠠᠵᠢᠯᠯᠠᠭᠠᠨ  ᠤ ᠬᠦᠷᠢᠶ᠎ᠠ ᠬᠡᠪᠴᠢᠶ᠎ᠠ ᠨᠢ ᠤᠯᠠᠭᠠᠨᠬᠠᠳ᠋ᠠ ᠤᠷᠤᠨ ‍ᠢ ᠪᠠᠭᠳ᠋ᠠᠭᠠᠨ᠎ᠠ ︶ ᠳᠠᠬᠢᠨᠳ᠋ᠠ ᠰᠠᠷᠬᠦᠨ ᠮᠠᠨᠳ᠋ᠤᠭᠰᠠᠨ ᠪᠦᠬᠡ ᠵᠢᠨ ᠱᠠᠰᠢᠨ  ᠤ ᠠᠵᠢᠯᠯᠠᠭᠠᠨ  ᠤ ᠬᠦᠴᠤᠨ  ᠤ ᠬᠦᠷᠢᠶ᠎ᠠ ᠪᠠ ᠨᠦᠯᠦᠬᠡ ᠨᠢ ᠳᠤᠩ ᠬᠦᠴᠦᠷᠬᠡᠭ ᠪᠠᠶᠢᠵᠤ᠂ ᠮᠤᠩᠭᠤᠯᠴᠤᠳ ᠦᠷᠬᠡᠨ ᠵᠢᠡᠷ ᠰᠢᠳ᠋ᠤᠵᠤ ᠪᠠᠶᠢᠭᠰᠠᠨ ᠵᠢᠡᠷ ᠪᠠᠷᠠᠬᠤ ᠦᠬᠡᠢ᠂ ᠮᠤᠩᠭᠤᠯ  ᠦᠨ ᠨᠠᠶᠢᠬᠡᠮ  ᠦᠨ ᠤᠯᠤᠰ ᠳᠦᠷᠦ᠂ ᠴᠡᠷᠢᠭ  ᠦᠨ ᠶᠠᠪᠤᠳ᠋ᠠᠯ᠂ ᠰᠤᠶᠤᠯ ᠵᠡᠷᠬᠡ ᠡᠯ᠎ᠠ ᠬᠦᠷᠢᠶ᠎ᠠ ᠬᠡᠪᠴᠢᠶᠠᠨ ᠳ᠋ᠤ ᠨᠠᠪᠴᠢᠨ ᠤᠷᠤᠭᠰᠠᠨ ᠪᠠᠶᠢᠨ᠎ᠠ᠃ ᠴᠠᠭᠠᠰᠢᠯᠠᠭᠠᠳ 16 ᠳ᠋ᠤᠭᠠᠷ ᠵᠠᠭᠤᠨ  ᠤ ᠰᠠᠭᠦᠯᠴᠢ ᠬᠦᠷᠬᠦ ᠳ᠋ᠤ ᠪᠦᠬᠡᠴᠤᠳ ᠬᠤᠷᠠᠯ ᠬᠤᠷᠠᠯᠳ᠋ᠤᠵᠤ ᠳᠤᠮᠤ ᠠᠰᠠᠭᠤᠳ᠋ᠠᠯ ‍ᠢ ᠶᠠᠷᠢᠯᠴᠠᠨ ᠵᠦᠪᠳ᠋ᠠᠯᠴᠠᠵᠤ ᠪᠠᠶᠢᠵᠠᠢ᠃        ᠳᠦᠪᠠᠳ  ᠦᠨ ᠪᠤᠷᠬᠠᠨ ᠱᠠᠰᠢᠨ ᠬᠤᠶᠠᠳ᠋ᠠᠬᠢ ᠤᠳ᠋ᠠᠭ᠎ᠠ ᠮᠤᠩᠭᠤᠯ ᠳ᠋ᠤ  ᠤᠯᠠᠮᠵᠢᠯᠠᠭᠳᠠᠨ ᠤᠷᠤᠵᠤ ᠢᠷᠡᠭᠰᠠᠨ ᠨᠢ ᠪᠦᠬᠡ ᠵᠢᠨ ᠱᠠᠰᠢᠨ ᠳ᠋ᠤ ᠬᠦᠨᠤᠬᠡᠯᠳ᠋ᠠ ᠵᠢᠨ ᠴᠢᠨᠠᠷ ᠳᠠᠢ ᠴᠤᠬᠢᠯᠳ᠋ᠠ ᠪᠤᠯᠵᠠᠢ᠃ ᠮᠢᠩ ᠤᠯᠤᠰ  ᠦᠨ ᠸᠠᠨ ᠯᠢ ᠵᠢᠨ ᠵᠢᠷᠭᠤᠳ᠋ᠤᠭᠠᠷ ᠤᠨ︵1568 ᠤᠨ ︶ ᠤ 5 ᠰᠠᠷ᠎ᠠ ᠵᠢᠨ 15 ᠤ ᠡᠳ᠋ᠤᠷ᠂ ᠠᠯᠳ᠋ᠠᠨ ᠬᠠᠭᠠᠨ ᠪᠠ ᠭᠤᠷᠪᠠᠳ᠋ᠤᠭᠠᠷ ᠦᠶ᠎ᠠ ᠵᠢᠨ ᠳᠠᠯᠠᠢ ᠴᠠᠪᠴᠢᠶᠠᠯ ᠰᠦᠮ᠎ᠠ ᠳ᠋ᠤ ᠠᠭᠤᠯᠵᠠᠭᠰᠠᠨ  ᠤ ᠳᠠᠷᠠᠭ᠎ᠠ᠂ ᠮᠢᠩ ᠤᠯᠤᠰ ᠰᠢᠷ᠎ᠠ ᠵᠢᠨ ᠱᠠᠰᠢᠨ ‍ᠢ ᠰᠢᠳ᠋ᠤᠵᠤ᠂ ᠪᠦᠬᠡ ᠵᠢᠨ ᠱᠠᠰᠢᠨ ‍ᠢ ᠬᠦᠴᠤᠨ ᠦᠬᠡᠢ ᠪᠤᠯᠭᠠᠬᠤ ᠵᠠᠷᠯᠢᠭ ᠪᠠᠭᠤᠯᠭᠠᠵᠤ᠂︽ᠤᠩᠭᠤᠳ︾  ᠢ  ᠰᠢᠳ᠋ᠠᠭᠠᠵᠤ᠂ ᠰᠢᠷ᠎ᠠ ᠵᠢᠨ ᠱᠠᠰᠢᠨ  ᠤ ᠰᠦᠮ᠎ᠠ ᠬᠡᠶᠢᠳ ‍ᠢ ᠨᠠᠶᠢᠳ᠋ᠠᠮ ᠪᠠᠶᠢᠭᠤᠯᠤᠨ᠂ ᠮᠤᠩᠭᠤᠯ  ᠦᠨ ᠳᠠᠯ᠎ᠠ ᠨᠤᠳ᠋ᠤᠭ ᠲᠦ ᠪᠠᠷᠠᠭᠤᠨ ᠡᠴᠠ ᠵᠠᠬᠦᠨᠰᠢ ᠦᠳᠳ᠋ᠤᠷ ᠳᠦᠷᠬᠡᠨ ᠵᠢᠡᠷ ᠦᠷᠬᠡᠵᠢᠪᠠ᠃ ᠤᠵᠠᠭᠤᠷ  ᠦᠨ ᠪᠦᠬᠡ ᠵᠢᠨ ᠱᠠᠰᠢᠨ ᠰᠢᠨ᠎ᠠ ᠪᠡᠷ ᠮᠠᠨᠳ᠋ᠤᠭᠰᠠᠨ ᠰᠢᠷ᠎ᠠ ᠵᠢᠨ ᠱᠠᠰᠢᠨ ᠳᠠᠢ ᠬᠡᠳ᠋ᠤ ᠦᠶᠠᠯᠠᠨ ᠳᠠᠮᠠᠴᠠᠯᠳ᠋ᠦᠭᠰᠠᠨ  ᠤ ᠰᠠᠬᠦᠯᠠᠷ᠂ ᠬᠠᠮᠤᠭ ᠡᠴᠤᠰ ᠲᠦ ᠪᠡᠨ ᠢᠯᠠᠭᠳ᠋ᠠᠵᠤ ᠤᠮᠠᠷᠠᠰᠢᠯᠠᠭᠠᠳ ᠠᠷᠠᠳ  ᠦᠨ ᠳᠤᠮᠳ᠋ᠠ ᠤᠷᠤᠪᠠ᠃ ᠬᠡᠪᠡᠴᠤ ᠴᠢᠩ ᠤᠯᠤᠰ  ᠦᠨ ᠰᠠᠬᠦᠯᠴᠢ ᠡᠴᠠ ᠴᠢᠯᠤᠬᠡᠯᠡᠭᠳ᠋ᠠᠬᠦ ᠵᠢᠨ ᠡᠮᠤᠨ᠎ᠠ ᠪᠤᠯᠳ᠋ᠠᠯ᠎ᠠ ᠵᠢᠷᠢᠮ᠂ ᠵᠤᠰᠤᠳ᠋ᠤ᠂ ᠵᠤᠤ ᠤᠳ᠋ᠠ ᠭᠤᠷᠪᠠᠨ ᠠᠶᠢᠮᠠᠭ  ᠦᠨ ᠮᠤᠩᠭᠤᠯ ᠦᠨᠳ᠋ᠤᠰᠤᠳ᠋ᠠᠨ  ᠤ ᠮᠠᠯᠴᠢᠳ  ᠦᠨ ᠳᠤᠮᠳ᠋ᠠ ᠪᠦᠬᠡ ᠵᠢᠨ ᠱᠠᠰᠢᠨ ᠮᠦᠨ ᠦᠷᠬᠡᠨ ᠵᠢᠡᠷ ᠤᠯᠠᠮᠵᠢᠯᠠᠭᠳ᠋ᠠᠨ ᠳᠠᠷᠬᠠᠭᠰᠠᠭᠠᠷ ᠪᠠᠶᠢᠵᠠᠢ᠃
      