ᠬᠤᠶᠠᠳ᠋ᠤᠭᠠᠷ ᠬᠡᠰᠡᠭ ᠪᠦᠬᠡ ᠵᠢᠨ ᠱᠠᠰᠢᠨ ᠤ ᠠᠵᠢᠯᠯᠠᠭ᠎ᠠ | | ᠪᠦᠬᠡ ᠵᠢᠨ ᠱᠠᠰᠢᠨ ᠤ ᠳᠠᠭᠠᠳᠬᠠᠯ ᠦᠨ ᠨᠤᠮ᠂ ᠮᠠᠭᠳ᠋ᠠᠭᠠᠯ | ᠳᠠᠭᠤᠤ ᠮᠠᠭᠳ᠋ᠠᠭᠠᠯ ᠦᠬᠡ᠂ ᠠᠶᠠᠯᠭᠤ ᠳᠠᠭᠤᠤ ᠵᠢᠨ ᠦᠬᠡ ᠪᠠ | ᠳᠠᠬᠢᠯᠭ᠎ᠠ ᠵᠢᠨ ᠶᠤᠰᠤᠯᠠᠯ ᠵᠡᠷᠬᠡ ᠵᠢ ᠪᠦᠬᠡ ᠵᠢᠨ ᠱᠠᠰᠢᠨᠳ᠋ᠠᠨ | ᠠᠮᠠ ᠪᠡᠷ ᠤᠯᠠᠮᠵᠢᠯᠠᠨ ᠰᠠᠳᠬᠢᠯ ᠳ᠋ᠤ ᠪᠡᠨ ᠳᠤᠭᠳ᠋ᠠᠭᠠᠳ᠋ᠠᠭ᠃ | ᠡᠨᠡ ᠨᠢ ᠤᠷᠳ᠋ᠤᠨ ᠬᠠᠷᠰᠢ ᠡᠴᠠ ᠳᠠᠬᠡᠬᠦᠷ ᠪᠠᠶᠢᠵᠤ᠂ | ᠰᠤᠩᠭᠤᠳ᠋ᠠᠭ ᠵᠦᠢᠯᠡᠰ ᠤᠯᠠᠨ ᠠᠷᠪᠢᠨ ᠪᠠᠶᠢᠳ᠋ᠠᠭ ᠯᠠᠮᠠ ᠵᠢᠨ | ᠱᠠᠰᠢᠨ︵ᠰᠢᠷ᠎ᠠ ᠵᠢᠨ ᠱᠠᠰᠢᠨ ︶ᠯᠤᠭ᠎ᠠ ᠶᠡᠬᠡ ᠳᠦᠯᠦᠪ | ᠠᠳ᠋ᠠᠯᠢᠪᠳ᠋ᠤᠷ ᠪᠠᠶᠢᠳ᠋ᠠᠭ᠃ | ᠰᠢᠷ᠎ᠠ ᠵᠢᠨ ᠱᠠᠰᠢᠨ ᠳᠠᠢ ᠳᠠᠮᠠᠴᠠᠯᠳ᠋ᠤᠬᠦ ᠳᠤᠮᠳ᠋ᠠ ᠪᠦᠬᠡ ᠵᠢᠨ | ᠱᠠᠰᠢᠨ ᠨᠢ︽ᠴᠠᠭᠠᠨ ᠵᠦᠭ ᠦᠨ ᠪᠦᠬᠡ︾ᠪᠠ︽ᠬᠠᠷ᠎ᠠ ᠵᠦᠭ ᠦᠨ | ᠪᠦᠬᠡ︾ᠬᠡᠵᠤ ᠬᠤᠶᠠᠷ ᠱᠠᠰᠢᠨ ᠤ ᠪᠦᠯᠦᠭᠯᠠᠯ ᠪᠤᠯᠤᠨ | ᠬᠤᠪᠢᠶᠠᠭᠳ᠋ᠠᠪᠠ᠃ ᠡᠮᠤᠨᠠᠬᠢ ᠨᠢ ᠰᠢᠷ᠎ᠠ ᠵᠢᠨ ᠱᠠᠰᠢᠨ ᠤ | ᠬᠦᠴᠤᠨ ᠳ᠋ᠤ ᠪᠠᠭᠤᠨ ᠦᠭᠴᠤ᠂ ᠪᠤᠷᠬᠠᠨ ᠱᠠᠰᠢᠨ ᠢ ᠡᠰᠠᠷᠬᠦᠴᠠᠬᠦ | ᠳᠠᠮᠠᠴᠠᠯ ᠢᠶᠠᠨ ᠤᠷᠬᠢᠪᠠ᠃ ᠰᠢᠳ᠋ᠤᠬᠡᠨ ᠨᠢ ᠪᠠᠭᠤᠬᠤ ᠦᠶᠠᠰ ᠭᠠᠷ | ᠵᠢᠡᠷ ᠬᠡᠩᠬᠡᠷᠬᠡ ᠳᠠᠯᠠᠳ᠋ᠤᠨ᠂ ᠠᠮᠠᠨ ᠳ᠋ᠤ ᠪᠡᠨ ᠨᠤᠮ ᠤᠩᠰᠢᠵᠤ᠂ | ᠪᠤᠷᠬᠠᠨ ᠰᠢᠷᠡᠬᠡᠨ ᠤ ᠡᠮᠤᠨᠠᠬᠦᠷ ᠪᠠᠷᠠᠭᠤᠨᠰᠢᠯᠠᠨ ᠤᠯᠠᠨ | ᠪᠤᠷᠬᠠᠨ ᠳ᠋ᠤ ᠵᠠᠯᠪᠠᠷᠢᠨ ᠳᠠᠭᠠᠳᠬᠠᠳ᠋ᠠᠭ᠃ ᠬᠠᠷᠢᠨ︽ᠬᠠᠷ᠎ᠠ | ᠵᠦᠭ ᠦᠨ ᠪᠦᠬᠡ︾ᠨᠢ ᠪᠦᠬᠡ ᠵᠢᠨ ᠱᠠᠰᠢᠨ ᠤ ᠵᠢᠷᠤᠮ ᠭᠤᠷᠢᠮ ᠵᠢᠡᠨ | ᠬᠠᠶᠠᠭᠰᠠᠨ ᠦᠬᠡᠢ᠂ ᠪᠤᠷᠬᠠᠨ ᠱᠠᠰᠢᠨ ᠢ ᠡᠰᠠᠷᠬᠦᠴᠠᠬᠦ | ᠳᠠᠮᠠᠴᠠᠯ ᠢᠶᠠᠨ ᠦᠷᠬᠦᠯᠵᠢᠯᠡᠨ ᠪᠠᠷᠢᠮᠳ᠋ᠠᠯᠠᠪᠠ᠃ | ᠤᠯᠠᠭᠠᠨᠬᠠᠳ᠋ᠠ ᠤᠷᠤᠨ ᠳ᠋ᠤ᠂ ᠴᠢᠩ ᠤᠯᠤᠰ ᠦᠨ ᠦᠶ᠎ᠠ ᠡᠴᠠ ᠢᠷᠬᠡᠨ | ᠤᠯᠤᠰ ᠦᠨ ᠡᠬᠢ ᠵᠢᠴᠢ ᠴᠢᠯᠤᠬᠡᠯᠡᠭᠳ᠋ᠠᠬᠦ ᠵᠢᠨ ᠡᠮᠤᠨ᠎ᠠ | ᠪᠤᠯᠳ᠋ᠠᠯ᠎ᠠ᠂ ᠮᠤᠩᠭᠤᠯ ᠦᠨᠳ᠋ᠤᠰᠤᠳ᠋ᠠᠨ ᠤ ᠮᠠᠯᠴᠢᠳ ᠪᠤᠷᠬᠠᠨ | ᠱᠠᠰᠢᠨ ᠢ ᠰᠢᠳ᠋ᠤᠬᠦ ᠡᠴᠠ ᠭᠠᠳ᠋ᠠᠨ᠎ᠠ ᠬᠡᠰᠡᠭ ᠪᠦᠯᠦᠭ ᠨᠢ ᠪᠠᠰᠠ | ᠪᠦᠬᠡ ᠵᠢᠨ ᠱᠠᠰᠢᠨ ᠢ ᠰᠢᠳ᠋ᠤᠵᠤ ᠪᠠᠶᠢᠭᠰᠠᠨ ᠡᠴᠡ︽ᠪᠦᠬᠡ︾ᠵᠢᠨ | ᠱᠠᠰᠢᠨ ᠨᠢ ᠠᠷᠠᠳ ᠦᠨ ᠳᠤᠮᠳ᠋ᠠ ᠮᠦᠨ ᠳᠠᠯᠬᠡᠷᠡᠵᠤ ᠪᠠᠶᠢᠪᠠ᠃ | ᠳᠠᠷᠬᠠᠵᠤ ᠪᠠᠶᠢᠭᠰᠠᠨ ᠭᠠᠵᠠᠷ ᠨᠢ ᠭᠤᠤᠯᠳ᠋ᠠᠭᠤ ᠠᠤᠬᠠᠨ᠂ | ᠬᠠᠷᠠᠴᠢᠨ᠂ ᠪᠠᠭᠠᠷᠢᠨ᠂ ᠬᠡᠰᠢᠭᠳ᠋ᠠᠨ᠂ ᠠᠷᠤ ᠬᠤᠷᠴᠢᠨ ᠵᠡᠷᠬᠡ | ᠭᠠᠵᠠᠷ ᠦᠳ ᠪᠤᠯᠤᠨ᠎ᠠ᠃ ᠬᠡᠪᠡᠴᠤ ᠳᠤᠬᠠᠢ ᠵᠢᠨ ᠦᠶ᠎ᠠ | ᠵᠢᠨ︽ᠪᠦᠬᠡ︾ᠵᠢᠨ ᠱᠠᠰᠢᠨ ᠤ ᠤᠯᠠᠩᠬᠢ ᠨᠢ︽ᠴᠠᠭᠠᠨ ᠵᠦᠭ ᠦᠨ | ᠪᠦᠬᠡ︾ᠪᠤᠯᠤᠨ᠎ᠠ᠃ ᠠᠤᠬᠠᠨ ᠬᠤᠰᠢᠭᠤᠨ ᠤ ᠪᠦᠬᠡ ᠵᠢᠨ ᠱᠠᠰᠢᠨ ᠤ | ᠮᠠᠭᠳ᠋ᠠᠭᠠᠯ ᠦᠬᠡ ᠡᠴᠠ ᠡᠬᠦᠨ ᠢ ᠦᠵᠠᠨ ᠭᠠᠷᠴᠤ ᠪᠤᠯᠤᠨ᠎ᠠ᠃ | ︽ᠤᠩᠭᠤᠳ︾ᠨᠢ ᠪᠠᠶ᠎ᠠ ᠳ᠋ᠤ ᠰᠢᠩᠬᠡᠬᠦᠷᠡᠭᠰᠠᠨ ᠤ ᠳᠠᠷᠠᠭ᠎ᠠ᠂ | ︽ᠪᠦᠬᠡ︾ᠳᠠᠭᠤᠯᠠᠷᠤᠨ ᠄ | 《 ᠳᠠᠬᠡᠷ᠎ᠠ ᠶᠡᠷᠡ ᠶᠢᠰᠤᠨ ᠳᠡᠭᠷᠢ ᠵᠢᠨ ᠰᠠᠬᠢᠭᠤᠯᠰᠤᠨ | ᠪᠠᠶᠢᠨ᠎ᠠ᠂ | ᠳᠤᠤᠷ᠎ᠠ ᠳᠠᠯᠠᠨ ᠳᠤᠯᠤᠭᠠᠨ ᠳᠠᠪᠬᠤᠷ ᠭᠠᠵᠠᠷ ᠦᠨ | ᠰᠠᠬᠢᠭᠤᠯᠰᠤᠨ ᠪᠠᠶᠢᠨ᠎ᠠ | ︵ᠰᠢᠷᠠᠮᠤ︶ ᠪᠠᠭᠠᠳ᠋ᠤᠷ ︵ᠤᠩᠭᠤᠳ︶ | ᠮᠦᠩᠬᠡ ᠳᠡᠭᠷᠢ ᠳ᠋ᠤ ᠬᠢᠴᠢᠶᠠᠩᠬᠦᠶᠢᠯᠠᠨ ᠰᠦᠵᠢᠭᠯᠠᠵᠤ | ᠪᠠᠶᠢᠨ᠎ᠠ᠃ | ᠢᠳ᠋ᠤᠭᠠᠨ ᠡᠬᠡ ᠦᠷᠦᠰᠢᠶᠠᠮᠤ︾᠃ | ᠢᠷᠤᠬᠡᠯ ᠦᠨ ᠦᠬᠡᠰ ᠠᠨᠤ ᠄ | ᠬᠤᠳ᠋ᠤᠬᠳ᠋ᠤ ᠪᠤᠷᠬᠠᠨ ᠪᠠᠭᠰᠢ ᠵᠢᠨ ᠰᠤᠷᠭᠠᠯ ᠵᠢᠡᠷ | ᠬᠤᠷᠮᠤᠰᠳ᠋ᠠ ᠳᠡᠭᠷᠢ ᠵᠢᠨ ᠰᠠᠬᠢᠭᠤᠯᠰᠤᠨ ᠳ᠋ᠤ ᠳᠠᠭᠠᠳᠬᠠᠵᠤ | ᠪᠠᠶᠢᠨ᠎ᠠ | ᠽᠠᠨᠳ᠋ᠠᠨ ᠮᠤᠳ᠋ᠤᠨ ᠰᠢᠷᠡᠬᠡ ᠪᠡᠨ ᠦᠷᠤᠯᠠ | ᠶᠢᠰᠤᠨ ᠰᠠᠶᠢᠬᠠᠨ ᠬᠦᠵᠢ ᠪᠡᠨ ᠡᠬᠦᠰᠬᠡᠯᠠ᠃ | ᠪᠢᠳ᠋ᠠ ᠨᠠᠷ ᠴᠢᠩ ᠦᠨᠠᠨᠴᠢ ᠪᠡᠷ ᠳᠠᠭᠠᠳᠬᠠᠵᠤ ᠪᠠᠶᠢᠨ᠎ᠠ᠂ | ᠬᠡᠬᠡᠨ ᠮᠠᠷᠬᠡᠨ︽ᠤᠩᠭᠤᠳ︾ᠵᠢᠭᠠᠨ ᠰᠤᠶᠤᠷᠬᠠᠮᠤ᠃ | | ᠮᠠᠬᠠᠭᠠᠯᠠ ᠳᠤᠭᠰᠢᠳ | ᠠᠷᠪᠠᠨ ᠳᠦᠮᠠᠨ︽ᠤᠩᠭᠤᠳ︾ᠲᠦ ᠪᠡᠨ ᠤᠯᠠᠮᠵᠢᠯᠠᠮᠤ᠃ | ᠨᠠᠢᠮᠠᠨ ᠵᠦᠭ ᠦᠨ ᠢᠷᠬᠡᠳ ᠲᠦ ᠵᠠᠮ ᠵᠢᠭᠠᠵᠤ᠂ | ᠭᠠᠰᠠᠯᠠᠩ ᠵᠤᠪᠠᠯᠠᠩᠳ᠋ᠤ ᠠᠬ᠎ᠠ ᠳᠠᠬᠦᠦ ᠨᠠᠷ ᠢ ᠠᠪᠤᠷᠠᠮᠤ᠃ | ᠠᠯᠠᠭ ᠳᠠᠪᠠᠯᠳ᠋ᠤ ︵ᠪᠠᠬᠢ ︶︽ᠤᠩᠭᠤᠳ︾ᠰᠢᠳ᠋ᠢ ᠤᠷᠤᠰᠢᠬᠤ ᠵᠢ | ᠭᠤᠶᠤᠴᠢᠯᠠᠵᠤ ᠪᠠᠶᠢᠨ᠎ᠠ᠂ | ᠪᠤᠶᠠᠨ ᠬᠢᠵᠤ ᠡᠪᠡᠳᠴᠢᠨ ᠵᠠᠰᠠᠨ ᠭᠠᠢ ᠵᠤᠪᠠᠯᠠᠩ ᠢ | ᠠᠷᠢᠯᠭᠠᠮᠤ᠃ | ᠮᠢᠯᠠᠷᠠᠢᠪᠠ ᠪᠤᠭᠳ᠋ᠠ ᠬᠡᠷᠡᠯ ᠢᠪᠠᠬᠡᠵᠤ | ᠦᠷ᠎ᠠ ᠬᠤᠶᠢᠴᠢᠰ ᠢ ᠮᠢᠨᠢ ᠪᠤᠳ᠋ᠤᠵᠤ ᠭᠤᠷᠪᠠᠨ ᠰᠠᠨᠸᠠᠷ ᠢ | ᠰᠠᠬᠢᠭᠤᠯᠮᠤ᠃ | ᠳᠠᠪᠤᠨ ᠬᠤᠰᠢᠭᠤ ᠮᠠᠯ ᠮᠢᠨᠢ ᠤᠳ᠋ᠤᠨ ᠮᠠᠳ᠋ᠤ ᠤᠯᠠᠰᠢᠷᠠᠬᠤ ᠵᠢ | ᠳᠠᠭᠠᠳᠬᠠᠵᠤ᠂ | ᠳᠠᠪᠤᠨ ᠳᠠᠷᠢᠶ᠎ᠠ ᠮᠢᠨᠢ ᠵᠢᠯ ᠵᠢᠯ ᠡᠯᠪᠡᠭ ᠪᠤᠯᠬᠤ ᠵᠢ | ᠰᠤᠶᠤᠷᠬᠠᠮᠤ᠃ | ᠠᠷᠪᠠᠨ ᠳᠦᠮᠠᠨ︽ᠤᠩᠭᠤᠳ︾ᠪᠤᠶᠠᠨ ᠬᠤᠳ᠋ᠤᠭ ᠤᠯᠠᠨ ᠰᠤᠶᠤᠷᠬᠠᠵᠤ᠂ | ᠦᠯᠵᠡᠢ ᠬᠤᠳ᠋ᠤᠭ ᠬᠦᠮᠤᠨ ᠤ ᠶᠢᠷᠳ᠋ᠢᠨᠴᠤ ᠵᠢ ᠢᠪᠠᠬᠡᠬᠦ | ᠪᠤᠯᠳ᠋ᠤᠭᠠᠢ᠃ | ᠬᠤᠷᠤᠢ ︕ ᠬᠤᠷᠤᠢ ︕ ᠬᠤᠷᠤᠢ ︕ | ᠪᠦᠬᠡ ᠵᠢᠨ ᠱᠠᠰᠢᠨ ᠤ ᠡᠳ᠋ᠡᠬᠡᠷ ᠢᠷᠤᠬᠡᠯ ᠦᠨ ᠦᠬᠡᠰ ᠲᠦ | ᠪᠤᠷᠬᠠᠨ ᠱᠠᠰᠢᠨ ᠤ ᠦᠵᠠᠯ ᠰᠠᠨᠠᠭ᠎ᠠ ᠨᠠᠪᠴᠢᠵᠤ ᠪᠠᠶᠢᠭ᠎ᠠ ᠨᠢ | ᠢᠯᠠᠷᠬᠡᠢ ᠪᠠᠶᠢᠬᠤ ᠡᠴᠡ ᠡᠨᠡ ᠪᠤᠯ ᠪᠦᠬᠡ ᠵᠢᠨ ᠱᠠᠰᠢᠨ ᠤ | ᠤᠷᠤᠰᠢᠨ ᠳᠤᠭᠳ᠋ᠠᠨᠢᠬᠤ ᠵᠢᠨ ᠬᠡᠷᠡᠭᠴᠡᠬᠡ ᠬᠡᠵᠤ ᠦᠵᠠᠵᠤ | ᠪᠤᠯᠤᠨ᠎ᠠ᠃ | ᠪᠦᠬᠡ ᠵᠢᠨ ᠱᠠᠰᠢᠨ ᠤ ᠢᠳ᠋ᠤᠭᠠᠨ ᠤ ᠳᠠᠩᠭᠠᠷᠢᠭ ᠦᠨ ᠵᠡᠪᠰᠡᠭ᠂ | ᠨᠤᠮᠴᠢ ᠳᠠᠪᠠᠯ᠂ ᠳᠠᠭᠤᠯᠠᠵᠤ ᠪᠦᠵᠢᠭᠯᠠᠬᠦ ᠬᠡᠯᠪᠡᠷᠢ ᠨᠢ | ᠠᠳ᠋ᠠᠯᠢ ᠪᠠᠶᠢᠳ᠋ᠠᠭ ᠵᠢᠡᠷ ᠪᠠᠷᠠᠬᠤ ᠦᠬᠡᠢ ᠪᠠᠰᠠ ᠦᠪᠡᠷ ᠦᠪᠡᠷ | ᠦᠨ ᠵᠢᠠᠨ ᠤᠨᠴᠠᠯᠢᠭ ᠳᠠᠢ ᠪᠠᠶᠢᠳ᠋ᠠᠭ ᠵᠢᠡᠷ ᠨᠢ ᠬᠡᠳ᠋ᠤᠨ | ᠤᠷᠤᠰᠬᠠᠯ ᠪᠦᠯᠦᠭ ᠬᠤᠪᠢᠶᠠᠳ᠋ᠠᠭ ᠄ ᠭᠤᠤᠯᠳ᠋ᠠᠭᠤ ᠪᠦᠬᠡ ᠪᠠ | ᠢᠳ᠋ᠤᠭᠠᠨ᠂ ᠯᠠᠶᠢᠴᠢᠩ᠂ ᠴᠠᠭᠠᠨ ᠡᠯᠢᠶ᠎ᠠ ᠬᠡᠵᠦ ᠪᠤᠢ᠃ | ᠪᠦᠬᠡ ᠪᠠ ᠢᠳ᠋ᠤᠭᠠᠨ ︽ᠪᠦᠬᠡ︾ᠪᠠ︽ᠢᠳ᠋ᠤᠭᠠᠨ︾ᠴᠦᠮ︽ᠶᠢᠰᠤᠨ | ᠳᠠᠪᠠᠭ᠎ᠠ 》᠂︽ᠭᠤᠷᠪᠠᠨ ᠳᠠᠪᠠᠭ᠎ᠠ︾ᠵᠢ ᠳᠠᠪᠠᠭᠰᠠᠨ ᠤ | ᠰᠠᠬᠦᠯᠠᠷ ᠰᠠᠶᠢ ᠵᠢᠩᠬᠢᠨᠢ ᠨᠠᠷᠠᠶᠢᠳ᠋ᠤᠯ ᠵᠢᠠᠨ ᠤᠯᠳ᠋ᠠᠭ᠃ | ᠳᠡᠳ᠋ᠡᠬᠡᠷ ᠦᠨ ᠱᠠᠰᠢᠨ ᠰᠤᠷᠳ᠋ᠠᠬᠤᠨ ᠤ ᠤᠩᠭᠤᠳ᠂ ᠬᠡᠷᠡᠭᠯᠠᠵᠤ | ᠪᠠᠶᠢᠭ᠎ᠠ ᠳᠠᠩᠭᠠᠷᠢᠭ ᠦᠨ ᠵᠠᠪᠰᠡᠭ᠂ ᠨᠤᠮᠯᠠᠭᠰᠠᠨ ᠳᠠᠪᠠᠯ | ᠵᠢᠴᠢ ᠳᠠᠯᠠᠪᠠᠢ ᠳ᠋ᠤ ᠤᠷᠤᠬᠤ᠂ ᠠᠯᠬᠤᠬᠤ᠂ ᠮᠦᠷᠤᠯᠠᠨ ᠵᠢᠬᠰᠠᠬᠤ᠂ | ᠳᠠᠬᠢᠯᠭ᠎ᠠ ᠵᠢᠨ ᠶᠤᠰᠤᠯᠠᠯ ᠵᠡᠷᠬᠡ ᠨᠢ ᠠᠳ᠋ᠠᠯᠢᠬᠠᠨ | ᠪᠠᠶᠢᠳ᠋ᠠᠭ᠃᠂ ᠳᠠᠭᠤᠯᠠᠨ ᠤᠶᠠᠩᠭᠠᠯᠠᠳ᠋ᠠᠭ ᠰᠢᠯᠦᠭ ᠳᠠᠭᠤᠤ ᠵᠢᠨ | ᠬᠡᠯᠪᠡᠷᠢ ᠳᠠᠬᠡᠷ᠎ᠠ ᠨᠢ ᠡᠷᠳ᠋ᠠᠨ ᠤ ᠠᠷᠠᠳ ᠦᠨ ᠳᠤᠮᠳ᠋ᠠᠬᠢ | ᠠᠮᠠᠨ ᠵᠤᠬᠢᠶᠠᠯ ᠦᠨ ᠦᠯᠡᠳ᠋ᠡᠭᠳ᠋ᠠᠯ ᠢᠯᠡᠷᠬᠡᠢ ᠬᠠᠷᠠᠭᠳ᠋ᠠᠵᠦ | ᠪᠠᠶᠢᠳ᠋ᠠᠭ᠃ ᠠᠶᠠᠰ ᠨᠢ ᠤᠳ᠋ᠤ ᠵᠢᠨ ᠠᠷᠠᠳ ᠦᠨ ᠳᠤᠮᠳ᠋ᠠᠬᠢ ᠠᠶᠠᠰ | ᠳᠠᠢ ᠠᠳ᠋ᠠᠯᠢ ᠦᠬᠡᠢ᠂ ᠬᠦᠨ ᠵᠤᠵᠠᠭᠠᠨ ᠱᠠᠰᠢᠨ ᠰᠤᠷᠳ᠋ᠠᠬᠤᠨ ᠤ | ᠦᠩᠬᠡ ᠪᠤᠳ᠋ᠤᠭ ᠳᠠᠢ ᠪᠠᠶᠢᠳ᠋ᠠᠭ᠃ ᠪᠦᠬᠡ ᠪᠠ ᠢᠳ᠋ᠤᠭᠠᠨ ᠳᠠᠪᠠᠯ | ᠬᠤᠪᠴᠠᠰᠤ ᠪᠠᠷ ᠵᠢᠠᠨ ᠢᠯᠭᠠᠭᠳ᠋ᠠᠳ᠋ᠠᠭ᠃ ᠪᠦᠬᠡ ᠨᠢ | ᠳᠤᠭᠤᠯᠠᠭ᠎ᠠ ᠵᠡᠬᠦᠳ᠋ᠡᠭ ᠪᠦᠬᠡᠳ ᠪᠠᠰᠠ ᠳᠠᠪᠤᠨ ᠦᠩᠬᠡ ᠵᠢᠨ | ᠳᠠᠯᠪᠠᠭ᠎ᠠ ᠬᠠᠳᠬᠤᠳ᠋ᠠᠭ᠂ ᠪᠡᠶ᠎ᠠ ᠳ᠋ᠤ ᠪᠡᠨ ᠰᠤᠳ᠋ᠠᠯ ᠪᠦᠬᠦᠢ | ᠬᠤᠧᠠᠷ ᠳᠠᠢ ᠬᠤᠪᠴᠠᠰᠤ ᠡᠮᠤᠰᠴᠤ᠂ ᠵᠢᠷᠭᠤᠭᠠᠨ ᠫᠢᠶᠤᠤᠳ᠋ᠠᠢ ᠳᠠᠢ | ᠬᠤᠧᠠᠷ ᠳᠠᠢ ᠪᠠᠩᠵᠠᠯ ᠪᠦᠰᠠᠯᠠᠵᠤ᠂ ᠶᠢᠰᠤᠨ ᠬᠦᠷᠡᠯ ᠳᠤᠯᠢ | ᠵᠠᠬᠦᠳ᠋ᠡᠭ᠃ ᠬᠦᠯ ᠳ᠋ᠤ ᠪᠡᠨ ᠨᠢᠮᠬᠡᠨ ᠤᠯᠠ ᠳᠠᠢ ᠱᠠᠬᠠᠢ | ᠡᠮᠤᠰᠴᠤ᠂ ᠬᠠᠳᠬᠤᠮᠠᠯ ᠬᠤᠧᠠᠷ ᠳᠠᠢ ᠭᠤᠶᠠᠪᠴᠢ ᠵᠡᠬᠦᠳ᠋ᠡᠭ᠃ | ᠢᠳ᠋ᠤᠭᠠᠨ ᠳᠤᠭᠤᠯᠠᠭ᠎ᠠ ᠵᠠᠬᠦᠳ᠋ᠡᠭ ᠦᠬᠡᠢ᠂ ᠬᠡᠵᠢᠬᠡ ᠪᠡᠨ | ᠭᠤᠷᠪᠡ ᠰᠠᠯᠠᠭᠠᠯᠠᠨ ᠬᠦᠷᠤᠵᠤ᠂ ᠮᠦᠷᠤᠨ ᠳᠠᠬᠡᠷ᠎ᠠ ᠪᠡᠨ ᠰᠤᠯᠠ | ᠳᠠᠯᠪᠢᠳ᠋ᠠᠭ᠃ ᠱᠠᠰᠢᠨ ᠤ ᠦᠢᠯᠠ ᠬᠢᠬᠦ ᠦᠶᠠᠰ ᠰᠠᠬᠢᠭᠤᠯᠰᠤᠨ ᠨᠢ | ᠪᠠᠶ᠎ᠠ ᠳ᠋ᠥ ᠨᠢ ᠰᠢᠩᠬᠡᠬᠦᠷᠦᠭᠰᠠᠨ ᠤ ᠰᠠᠬᠦᠯᠠᠷ ᠳᠠᠬᠢᠨ | ᠳᠠᠪᠳ᠋ᠠᠨ ᠳᠤᠯᠤᠭᠠᠢ ᠪᠡᠨ ᠰᠠᠵᠢᠯᠠᠵᠤ᠂ ᠭᠤᠷᠪᠠ ᠬᠦᠷᠦᠭᠰᠠᠨ ᠦᠰᠤ | ᠪᠡᠨ ᠳᠤᠷᠤᠭᠰᠢ ᠳᠠᠯᠪᠢᠨ ᠦᠨᠳ᠋ᠤᠷ ᠳᠠᠭᠤᠨ ᠵᠢᠡᠷ ᠳᠠᠭᠤᠯᠠᠨ | ᠤᠶᠠᠩᠭᠠᠯᠠᠵᠤ᠂ ᠨᠢᠬᠡ ᠳᠠᠯ᠎ᠠ ᠪᠡᠷ ᠪᠦᠵᠢᠭᠯᠠᠵᠤ ᠨᠢᠬᠡ ᠳᠠᠯ᠎ᠠ | ᠪᠡᠷ ᠬᠡᠩᠬᠡᠷᠬᠡ ᠳᠡᠯᠡᠳᠬᠦ ᠪᠤᠶᠤ ᠰᠠᠯᠠᠮ᠎ᠠ ᠳᠤᠭᠯᠠᠳ᠋ᠠᠭ᠃ | ᠪᠦᠬᠡ ᠪᠠ ᠢᠳ᠋ᠤᠭᠠᠨ ᠪᠦᠷ ᠬᠠᠪᠰᠤᠷᠤᠭᠴᠢ ᠬᠡᠷᠡᠭᠯᠠᠳ᠋ᠡᠭ᠂ | ᠵᠠᠷᠢᠮ ᠨᠢ ᠳᠠᠳ᠋ᠠᠨᠤᠰ ᠦᠨ ᠱᠠᠪᠢ ᠨᠢ ᠪᠠᠶᠢᠵᠤ᠂ ᠵᠠᠷᠢᠮ ᠨᠢ | ᠦᠷᠬᠦᠯᠵᠢ ᠬᠦᠳ᠋ᠠᠯᠬᠡᠬᠡᠨ ᠳ᠋ᠤ ᠤᠷᠤᠯᠴᠠᠳ᠋ᠠᠭ᠂ ᠬᠡᠩᠬᠡᠷᠬᠡ | ᠳᠠᠯᠡᠳᠴᠤ ᠴᠢᠳ᠋ᠠᠳ᠋ᠠᠭ᠂ ᠳᠠᠭᠤᠯᠠᠵᠤ ᠪᠦᠵᠢᠭᠯᠠᠵᠤ | ᠴᠢᠳ᠋ᠠᠳ᠋ᠠᠭ ᠬᠦᠮᠤᠰ ᠪᠤᠯᠤᠨ᠎ᠠ᠃ ᠠᠷᠤ ᠬᠤᠷᠴᠢᠨ ᠬᠤᠰᠢᠭᠤᠨ ᠤ | ᠰᠠᠶᠢᠬᠠᠨᠳ᠋ᠠᠯᠠ ᠤᠷᠴᠢᠮ ᠵᠢᠡᠷ ᠪᠦᠬᠡ ᠶᠢᠨ ᠠᠵᠢᠯᠯᠠᠭ᠎ᠠ ᠨᠢ | ᠴᠢᠯᠤᠬᠡᠯᠡᠭᠳ᠋ᠡᠭᠰᠠᠨ ᠤ ᠳᠠᠷᠠᠭ᠎ᠠ ᠴᠦ ᠪᠠᠰᠠ ᠬᠠᠶᠠ ᠵᠠᠷᠢᠮ | ᠳ᠋ᠤ ᠪᠡᠨ ᠶᠠᠪᠤᠭᠳ᠋ᠠᠵᠦ ᠪᠠᠶᠢᠵᠠᠢ᠃ ᠪᠠᠭᠠᠷᠢᠨ ᠵᠠᠬᠦᠨ | ᠬᠤᠰᠢᠭᠤᠨ ᠤ ᠴᠠᠭᠠᠨᠬᠠᠳ᠋ᠠ ᠳ᠋ᠤ ᠨᠢᠬᠡᠨ ᠠᠯᠳ᠋ᠠᠷᠳ᠋ᠠᠢ | ᠢᠳ᠋ᠤᠭᠠᠨ ᠪᠠᠶᠢᠵᠠᠢ᠂ ᠴᠢᠯᠤᠭᠡᠯᠡᠭᠳ᠋ᠠᠬᠦ ᠡᠴᠠ ᠡᠮᠤᠨ᠎ᠠ ᠳᠤᠩ | ᠶᠡᠬᠡ ᠨᠠᠷᠠ ᠳᠦᠷᠦ ᠳᠠᠢ᠂ ᠡᠷᠬᠢᠨ ᠳᠤᠭᠤᠷᠢᠨ ᠬᠡᠳ᠋ᠤᠨ ᠠᠷᠪᠠᠨ | ᠭᠠᠵᠠᠷ ᠦᠨ︵ᠪᠠᠭᠠᠷᠢᠨ ᠵᠠᠬᠦᠨ ᠪᠠᠷᠠᠭᠤᠨ ᠬᠤᠶᠠᠷ ᠬᠤᠰᠢᠭᠤ | ︶ᠮᠠᠰᠢ ᠤᠯᠠᠨ ᠮᠤᠩᠭᠤᠯᠴᠤᠳ ᠦᠷᠬᠦᠯᠵᠢ ᠳᠠᠬᠦᠨ ᠢ ᠵᠠᠯᠠᠵᠤ | ᠱᠠᠰᠢᠨ ᠤ ᠦᠢᠯᠠ ᠬᠢᠯᠬᠡᠳ᠋ᠡᠭ ᠪᠠᠶᠢᠵᠠᠢ᠃ ᠵᠠᠷᠢᠮ ᠪᠦᠬᠡ ᠨᠢ | ᠦᠪᠡᠷ ᠦᠨ ᠷᠢᠳ᠋ᠢ ᠰᠢᠳ᠋ᠢ ᠪᠡᠨ ᠭᠠᠶᠢᠬᠠᠭᠤᠯᠬᠤ ᠵᠢᠨ ᠳᠦᠯᠦᠬᠡ᠂ | ᠱᠠᠰᠢᠨ ᠤ ᠦᠢᠯᠠ ᠬᠢᠬᠦ ᠦᠶᠠᠰ ᠲᠦ ᠪᠡᠨ ᠪᠠᠰᠠ ᠵᠠᠳ᠋ᠤᠤ ᠪᠡᠷ | ᠬᠡᠳ᠋ᠠᠰᠤ ᠪᠡᠨ ᠤᠭᠳ᠋ᠤᠯᠬᠤ ᠪᠤᠶᠤ ᠠᠮᠠ ᠪᠡᠷ ᠵᠢᠠᠨ ᠭᠠᠯ | ᠦᠯᠢᠶᠡᠳ᠋ᠡᠭ ᠪᠠᠶᠢᠪᠠ᠃ | ᠯᠠᠶᠢᠴᠢᠩ ︽ᠯᠠᠶᠢᠴᠢᠩ 》ᠬᠡᠳ᠋ᠡᠭ ᠦᠬᠡ ᠵᠢᠨ ᠢᠷᠠᠯᠳ᠋ᠠ ᠨᠢ | ᠳᠤᠳ᠋ᠤ ᠦᠬᠡᠢ᠃ ᠪᠠᠭᠠᠷᠢᠨ ᠪᠠᠷᠠᠭᠤᠨ ᠬᠤᠰᠢᠭᠤ ᠤᠷᠴᠢᠮ ᠦᠨ ᠬᠢᠨ | ᠪᠦᠬᠡ ᠯᠠᠶᠢᠴᠢᠩ ᠬᠡᠵᠤ ᠳᠠᠭᠤᠳ᠋ᠠᠳ᠋ᠠᠭ᠃ ᠯᠠᠶᠢᠴᠢᠩ ᠳ᠋ᠤ | ᠵᠦᠪᠬᠡᠨ ᠡᠷᠡᠭᠳ᠋ᠠᠢ ᠪᠠᠶᠢᠳ᠋ᠠᠭ᠂ ᠡᠮᠡᠭᠳ᠋ᠠᠢ ᠯᠠᠶᠢᠴᠢᠩ ᠬᠡᠵᠤ | ᠪᠠᠶᠢᠳ᠋ᠠᠭ ᠦᠬᠡᠢ᠃ ᠯᠠᠶᠢᠴᠢᠩ ᠪᠠᠰᠠ ᠨᠤᠮᠴᠢ ᠳᠠᠪᠠᠯ ᠡᠮᠤᠰᠴᠤ᠂ | ᠳᠤᠭᠤᠯᠠᠭ᠎ᠠ ᠵᠠᠬᠦᠵᠤ᠂ ᠳᠠᠬᠡᠷ᠎ᠠ ᠪᠡᠨ ᠳᠠᠪᠤᠨ ᠦᠩᠬᠡ ᠵᠢᠨ | ᠭᠤᠷᠪᠠᠯᠵᠢᠨ ᠦᠨᠴᠦᠭ ᠳᠠᠢ ᠵᠢᠵᠢᠭ ᠳᠠᠯᠪᠠᠭ᠎ᠠ ᠬᠠᠳᠬᠤᠵᠤ᠂ | ᠪᠠᠩᠵᠠᠯ ᠤᠷᠢᠶᠠᠨ ᠤᠶᠠᠳ᠋ᠠᠭ᠃ ᠤᠷᠳ᠋ᠤ ᠪᠤᠭᠤᠨᠢ ᠡᠷᠳ᠋ᠠᠨᠢ ᠵᠢᠨ | ᠰᠠᠯᠡᠮ᠎ᠠ ᠳᠤᠰ ᠪᠦᠷᠢ ᠨᠢᠬᠡ ᠪᠠᠶᠢᠵᠤ᠂ ᠤᠷᠳ᠋ᠤ ᠰᠠᠯᠡᠮ᠎ᠠ ᠵᠢ | ᠪᠦᠵᠢᠭ ᠦᠨ ᠵᠠᠰᠠᠯ ᠳ᠋ᠤ ᠬᠡᠷᠡᠭᠯᠠᠵᠤ ᠤᠬᠤᠷ ᠰᠠᠯᠡᠮ᠎ᠠ ᠵᠢ | ᠵᠢᠳ᠋ᠠᠯᠠᠬᠤ ᠳ᠋ᠤ ᠬᠡᠷᠡᠭᠯᠡᠳ᠋ᠡᠭ᠃ ᠬᠤᠯᠤᠰᠤᠨ ᠨᠤᠮᠤ ᠨᠢᠬᠡ᠂ | ᠵᠠᠰ ᠦᠵᠤᠬᠦᠷ ᠳᠠᠢ ᠰᠤᠮᠤ ᠭᠤᠷᠪᠠ ᠪᠠᠶᠢᠵᠤ᠂ ᠡᠪᠡᠳᠴᠢᠨ ᠳᠠᠢ | ᠬᠦᠮᠤᠨ ᠢ ᠬᠠᠷᠪᠤᠬᠤ ᠳ᠋ᠤ ᠬᠡᠷᠡᠭᠯᠠᠵᠤ᠂ ᠠᠳ᠋ᠠ ᠴᠢᠳᠬᠦᠷ ᠢ | ᠦᠯᠳ᠋ᠠᠨ ᠬᠦᠬᠡᠬᠡᠵᠤ ᠪᠠᠶᠢᠬᠤ ᠵᠢ ᠢᠯᠠᠳᠬᠡᠳ᠋ᠡᠭ᠃ ᠬᠤᠶᠠᠷ | ᠳᠠᠯᠠᠳ᠋ᠤ ᠰᠠᠬᠢᠭᠤᠯᠰᠤᠨ ᠬᠡᠩᠬᠡᠷᠬᠡ ᠳᠠᠢ᠂ ᠨᠢᠬᠡ ᠳᠠᠯᠠᠳ᠋ᠤ | ᠴᠠᠩ ᠳᠠᠢ᠃ ᠳᠤᠮᠤ ᠬᠡᠩᠬᠡᠷᠬᠡ ᠵᠢᠨ ᠬᠤᠶᠠᠷ ᠳᠠᠯ᠎ᠠ ᠨᠢ | ᠪᠦᠷᠢᠶᠠᠰᠤ ᠳᠠᠢ᠂ ᠪᠠᠭ᠎ᠠ ᠬᠡᠩᠬᠡᠷᠬᠡ ᠵᠢᠨ ᠨᠢᠬᠡ ᠳᠠᠯ᠎ᠠ ᠨᠢ | ᠪᠦᠷᠢᠶᠠᠰᠤ ᠳᠠᠢ᠃ ᠳᠤᠭᠰᠢᠭᠤᠷ ᠢ ᠳᠡᠩᠰᠠᠨ ᠰᠠᠪᠠᠭ᠎ᠠ ᠪᠡᠷ | ᠬᠢᠵᠤ᠂ ᠳᠤᠬᠢᠭᠤᠷ ᠳᠤᠯᠤᠭᠠᠨ ᠤᠳ᠋ᠤᠨ ᠤ ᠬᠡᠯᠪᠡᠷᠢ ᠳᠠᠢ᠂ | ᠳᠠᠬᠡᠷ᠎ᠠ ᠨᠢ ᠭᠠᠤᠯᠢᠨ ᠵᠤᠭᠤᠰ ᠬᠡᠯᠬᠢᠨ ᠳᠠᠭᠠᠷᠠᠭᠤᠯᠳ᠋ᠠᠭ ᠡᠴᠡ | ᠬᠠᠩᠬᠢᠨᠠᠨ ᠴᠠᠩᠬᠢᠨᠠᠨ ᠳᠤᠤᠭᠠᠷᠳ᠋ᠠᠭ᠃ ᠯᠠᠶᠢᠴᠢᠩ ᠬᠦᠮᠤᠨ ᠳ᠋ᠤ | ᠡᠪᠡᠳᠴᠢᠨ ᠦᠵᠠᠵᠤ ᠦᠭᠬᠦ ᠳ᠋ᠤ ᠪᠡᠨ ᠶᠠᠷᠤᠳ᠋ᠡᠬᠡᠨ ᠳᠤᠯᠤᠭᠠᠨ | ᠰᠦᠨᠢ ᠬᠡᠷᠡᠭᠰᠠᠵᠤ᠂ ᠰᠢᠳ᠋ᠤᠬᠡᠨ ᠵᠠᠯᠠᠬᠤ᠂ ᠡᠪᠡᠳᠴᠢᠨ ᠤ | ᠰᠢᠯᠳ᠋ᠠᠭᠠᠨ ᠢ ᠡᠷᠢᠬᠦ᠂ ᠰᠦᠨᠡᠰᠤ ᠳᠠᠭᠤᠳ᠋ᠠᠬᠤ᠂ ᠠᠳ᠋ᠠ | ᠴᠢᠳᠬᠦᠷ ᠢ ᠦᠯᠳ᠋ᠠᠬᠦ ᠳᠦᠷᠪᠡᠨ ᠪᠦᠯᠦᠭ ᠬᠤᠪᠢᠶᠠᠨ | ᠶᠠᠪᠤᠭᠳ᠋ᠠᠳ᠋ᠠᠭ᠂ ᠡᠬᠦᠨ ᠳ᠋ᠥ ᠬᠠᠮᠤᠭ ᠴᠢᠬᠤᠯᠠ ᠨᠢ ᠰᠦᠨᠡᠰᠤ | ᠳᠠᠭᠤᠳ᠋ᠠᠵᠤ ᠴᠢᠳᠬᠦᠷ ᠦᠯᠳ᠋ᠠᠬᠦ ᠬᠡᠰᠡᠭ ᠪᠤᠯᠤᠨ᠎ᠠ᠃ ᠯᠠᠶᠢᠴᠢᠩ | ᠪᠠᠭ᠎ᠠ ᠬᠡᠩᠬᠡᠷᠬᠡ ᠪᠡᠨ ᠳᠠᠯᠡᠳᠴᠤ᠂ ᠬᠡᠰᠡᠭ ᠲᠦ ᠪᠡᠨ ᠳᠦᠷᠬᠡᠨ᠂ | ᠬᠡᠰᠡᠭ ᠲᠦ ᠪᠡᠨ ᠠᠭᠠᠵᠢᠮ ᠵᠢᠡᠷ ᠬᠡᠷ ᠦᠨ ᠳᠤᠳ᠋ᠤᠷᠠ | ᠭᠠᠳ᠋ᠠᠨ᠎ᠠ ᠦᠰᠦᠷᠬᠢᠯᠠᠨ ᠳᠠᠭᠤᠯᠠᠨ ᠪᠡᠷᠬᠢᠷᠠᠳ᠋ᠠᠭ᠃ ᠭᠠᠷ ᠲᠦ | ᠪᠡᠨ ᠤᠷᠳ᠋ᠤ ᠤᠬᠤᠷ ᠵᠢᠳ᠋ᠠ ᠪᠠᠷᠢᠵᠤ᠂ ᠡᠪᠡᠳᠴᠢᠳ᠋ᠠᠨ ᠢ | ᠳᠤᠭᠤᠷᠢᠨ ᠪᠦᠵᠢᠭᠯᠠᠨ ᠳᠠᠪᠬᠡᠷᠴᠤ᠂ ᠴᠠᠪᠴᠢᠨ ᠵᠢᠳ᠋ᠠᠯᠠᠬᠤ | ᠳᠦᠷᠢ ᠦᠵᠡᠬᠦᠯᠵᠦ᠂ ᠵᠠᠯᠭᠠᠭᠠᠳ ᠤᠬᠤᠷ ᠵᠢᠳ᠋ᠠ ᠪᠡᠷ | ᠡᠪᠡᠳᠴᠢᠳ᠋ᠠᠨ ᠢ ᠵᠢᠳ᠋ᠠᠯᠠᠵᠤ᠂ ᠨᠤᠮᠤ ᠰᠤᠮᠤ ᠪᠡᠷ | ᠡᠪᠡᠳᠴᠢᠳ᠋ᠠᠨ ᠢ ᠬᠠᠷᠪᠤᠨ᠂ ᠠᠷᠠᠭ᠎ᠠ ᠰᠢᠳ᠋ᠤ ᠪᠡᠨ | ᠳᠠᠴᠢᠬᠢᠨᠠᠭᠤᠯᠤᠨ᠂ ᠦᠨᠳ᠋ᠤᠷ ᠳᠠᠭᠤᠨ ᠵᠢᠡᠷ ᠬᠠᠰᠬᠢᠷᠳ᠋ᠠᠭ᠃ | ᠯᠠᠶᠢᠴᠢᠩ ᠦᠨ ᠰᠢᠳ᠋ᠤᠬᠡᠨ ᠨᠢ ᠪᠠᠶ᠎ᠠ ᠡᠴᠠ ᠨᠢ ᠰᠠᠯᠵᠤ᠂ | ᠶᠤᠰᠤᠯᠠᠯ ᠨᠢ ᠡᠨᠳ᠋ᠠ ᠬᠦᠷᠤᠬᠡᠳ ᠳᠠᠬᠦᠰᠳ᠋ᠡᠭ᠃ ᠬᠦᠵᠢ | ᠠᠰᠠᠭᠠᠵᠤ᠂ ᠴᠠᠩ ᠳᠡᠯᠡᠳᠬᠦ ᠪᠤᠯ ᠯᠠᠶᠢᠴᠢᠩ ᠦᠨ ᠤᠨᠴᠠᠯᠢᠭ | ᠪᠤᠯᠤᠨ᠎ᠠ᠃ | ᠴᠠᠭᠠᠨ ᠡᠯᠢᠶ᠎ᠠ ︽ᠴᠠᠭᠠᠨ ᠡᠯᠢᠶ᠎ᠠ︾ᠵᠦᠪᠬᠡᠨ ᠡᠮᠡᠭᠳ᠋ᠠᠢ | ᠬᠦᠮᠤᠨ ᠳ᠋ᠤ ᠤᠷᠤᠰᠢᠬᠤ ᠡᠴᠠ ᠪᠢᠰᠢ ᠡᠷᠡᠭᠳ᠋ᠠᠢ ᠬᠦᠮᠤᠨ ᠳ᠋ᠤ | ᠤᠷᠤᠰᠢᠳ᠋ᠠᠭ ᠦᠬᠡᠢ᠃ ᠴᠠᠭᠠᠨ ᠡᠯᠢᠶ᠎ᠠ ᠬᠡᠰᠠᠨ ᠨᠢ ᠮᠤᠩᠭᠤᠯ | ᠦᠬᠡ᠂ ᠳᠠᠷᠤᠢ ᠴᠠᠭᠠᠨ ᠦᠩᠬᠡ ᠳᠠᠢ ᠪᠦᠷᠬᠦᠳ᠂ ᠦᠨᠠᠨ ᠳ᠋ᠤ ᠪᠡᠨ | ᠴᠠᠭᠠᠨ ᠱᠤᠩᠬᠤᠷ ᠢ ᠵᠢᠭᠠᠵᠤ ᠪᠠᠶᠢᠨ᠎ᠠ᠂ ᠳᠠᠷᠤᠢ ᠳᠠᠳ᠋ᠠᠨᠤᠰ | ᠦᠨ ᠪᠢᠰᠢᠷᠠᠨ ᠰᠢᠳ᠋ᠤᠳ᠋ᠡᠭ ᠰᠠᠬᠢᠭᠤᠯᠰᠤᠨ ᠨᠢ ᠴᠠᠭᠠᠨ ᠱᠤᠩᠬᠤᠷ | ᠦᠨ ᠪᠠᠯᠠᠷ ᠡᠷᠳ᠋ᠠᠨ ᠤ ᠪᠦᠵᠢᠭ᠃ ᠴᠠᠭᠠᠨ ᠦᠩᠬᠡ ᠳᠠᠢ ᠱᠤᠩᠬᠤᠷ | ᠪᠤᠯ ᠴᠢᠩᠬᠢᠰ ᠬᠠᠭᠠᠨ ᠤ ᠮᠠᠨᠳ᠋ᠤᠯᠡᠭᠰᠠᠨ ᠬᠢᠶᠠᠨ ᠤᠪᠤᠭ | ᠦᠨ︽ᠰᠦᠯᠳ᠋ᠠ 》᠂ ᠲᠤᠲ᠋ᠧᠮ ᠰᠢᠳ᠋ᠤᠯᠬᠡ ᠵᠢᠨ ᠳᠤᠳ᠋ᠤᠷᠠᠬᠢ | ᠳᠠᠶᠢᠨ ᠤ ᠰᠠᠬᠢᠭᠤᠯᠰᠤᠨ ᠨᠢ ᠪᠤᠯᠤᠨ᠎ᠠ᠃ ᠮᠤᠩᠭᠤᠯ ᠬᠦᠮᠤᠨ | ᠴᠠᠭᠠᠨ ᠱᠤᠩᠬᠤᠷ ᠢ ᠳᠠᠭᠤᠷᠢᠶᠠᠭᠰᠠᠨ ᠤᠭ ᠳᠦᠷᠰᠤᠳ᠋ᠤ ᠪᠦᠵᠢᠭ | ᠨᠢ ᠪᠦᠬᠡ ᠵᠢᠨ ᠱᠠᠰᠢᠨ ᠤ ᠳᠠᠭᠤᠤ ᠪᠦᠵᠢᠭ ᠦᠨ ᠳᠤᠮᠳ᠋ᠠ | ᠬᠦᠭᠵᠢᠵᠤ ᠢᠷᠡᠭᠰᠠᠨ ᠶᠤᠮ᠃ ᠳᠠᠳ᠋ᠠᠨᠤᠰ ᠪᠠᠶ᠎ᠠ ᠳ᠋ᠤ ᠪᠡᠨ | ᠴᠠᠭᠠᠨ ᠤᠷᠳ᠋ᠤ ᠬᠦᠷᠮ᠎ᠠ ᠡᠮᠤᠰᠴᠤ᠂ ᠬᠤᠶᠠᠷ ᠭᠠᠷ ᠲᠦ ᠪᠡᠨ ᠴᠠᠭᠠᠨ | ᠳᠤᠷᠭᠠᠨ ᠠᠯᠴᠢᠭᠤᠷ ᠠᠳᠬᠤᠵᠤ᠂ ᠬᠡᠵᠢᠬᠡ ᠪᠡᠨ ᠳᠠᠯᠤ ᠮᠦᠷᠤ ᠪᠡᠨ | ᠳᠠᠪᠠᠭᠤᠯᠤᠨ ᠰᠤᠯᠠ ᠳᠠᠯᠪᠢᠵᠤ᠂ ᠰᠢᠳ᠋ᠤᠬᠡᠨ ᠨᠢ ᠪᠠᠶ᠎ᠠ ᠳ᠋ᠤ ᠨᠢ | ᠰᠢᠩᠬᠡᠬᠦᠷᠠᠬᠦ ᠡᠴᠠ ᠡᠮᠤᠨ᠎ᠠ ᠳᠡᠪᠬᠡᠷᠤᠨ ᠪᠦᠵᠢᠭᠯᠠᠵᠤ᠂ | ᠳᠦᠷᠬᠡᠨ ᠡᠴᠠ ᠠᠭᠠᠵᠢᠮ ᠪᠤᠯᠵᠤ᠂ ᠰᠤᠨᠢᠭᠤᠨ ᠨᠢᠭᠤᠴᠠᠬᠠᠨ ᠵᠢᠡᠷ | ᠴᠠᠭᠠᠨ ᠱᠤᠩᠬᠤᠷ ᠦᠨ ᠡᠯ᠎ᠠ ᠵᠦᠢᠯ ᠦᠨ ᠪᠠᠶ᠎ᠠ ᠵᠢᠨ ᠳᠦᠷᠰᠤ ᠵᠢ | ᠳᠠᠭᠤᠷᠢᠶᠠᠨ ᠭᠠᠷᠭᠠᠵᠤ᠂ ᠨᠢᠬᠡ ᠳᠠᠯ᠎ᠠ ᠪᠡᠷ ᠳᠠᠭᠤᠯᠠᠵᠤ ᠨᠢᠬᠡ | ᠳᠠᠯ᠎ᠠ ᠪᠡᠷ ᠪᠦᠵᠢᠭᠯᠠᠳ᠋ᠡᠭ᠃ ᠴᠠᠭᠠᠨ ᠡᠯᠢᠶ᠎ᠠ ᠤᠯᠠᠩᠬᠢ ᠳ᠋ᠤ | ᠪᠡᠨ ᠰᠤᠯᠢᠶ᠎ᠠ ᠡᠪᠡᠳᠴᠢᠨ ᠪᠠ ᠬᠡᠢ ᠡᠪᠡᠳᠴᠢᠨ ᠤᠯᠤᠭᠰᠠᠳ ᠲᠦ | ᠳᠠᠭᠤᠤ ᠳᠠᠭᠤᠯᠠᠨ ᠦᠭᠴᠤ᠂ ᠡᠪᠡᠳᠴᠢᠨ ᠢ ᠨᠢ ᠵᠠᠰᠠᠳ᠋ᠠᠭ᠃ | ᠴᠠᠭᠠᠨ ᠡᠯᠢᠶ᠎ᠠ ᠵᠢᠨ ᠱᠠᠰᠢᠨ ᠤ ᠦᠢᠯᠠ ᠬᠢᠬᠦ ᠨᠢ ᠳᠤᠩ | ᠦᠵᠠᠮᠵᠢᠳ᠋ᠠᠢ ᠪᠠᠶᠢᠳ᠋ᠠᠭ ᠪᠤᠯᠬᠤᠷ ᠦᠵᠡᠭᠴᠢᠳ ᠪᠠᠰᠠ ᠡᠩᠨᠡᠬᠡᠨ | ᠳ᠋ᠤ ᠨᠢ ᠤᠷᠤᠵᠤ ᠳᠠᠭᠤᠯᠠᠨ ᠪᠦᠵᠢᠭᠯᠡᠳ᠋ᠡᠭ᠃ ᠴᠠᠭᠠᠨ ᠡᠯᠢᠶ᠎ᠠ | ᠴᠢᠩ ᠤᠯᠤᠰ ᠦᠨ ᠰᠠᠬᠦᠯᠴᠢ ᠦᠶ᠎ᠠ ᠳ᠋ᠤ ᠭᠤᠤᠯᠳ᠋ᠠᠭᠤ ᠤᠤᠯ ᠦᠨ | ᠵᠤᠰᠤᠳ᠋ᠤ ᠵᠢᠨ ᠴᠢᠭᠤᠯᠭᠠᠨ ᠤ ᠬᠠᠷᠠᠴᠢᠨ ᠤᠷᠴᠢᠮ ᠵᠢᠡᠷ | ᠨᠠᠯᠢᠶᠠᠳ ᠤᠯᠠᠨ ᠠᠵᠢᠯᠯᠠᠭ᠎ᠠ ᠬᠢᠵᠤ ᠪᠠᠶᠢᠵᠠᠢ᠂ ᠡᠬᠦᠨ ᠳ᠋ᠥ | ᠴᠢᠯᠤᠬᠡᠯᠡᠭᠳ᠋ᠠᠬᠦ ᠵᠢᠨ ᠡᠮᠤᠨ᠎ᠠ ᠬᠤᠶᠢᠨ᠎ᠠ ᠬᠤᠷᠴᠢᠨ ᠤᠷᠴᠢᠮ | ᠵᠢᠡᠷ ᠮᠦᠨ ᠬᠦᠳ᠋ᠠᠯᠬᠡᠬᠡᠨ ᠬᠢᠵᠤ ᠪᠠᠶᠢᠭᠰᠠᠨ ᠴᠠᠭᠠᠨ ᠡᠯᠢᠶ᠎ᠠ | ᠵᠢ ᠪᠠᠭᠳ᠋ᠠᠭᠠᠨᠠ᠃ ᠳᠡᠳ᠋ᠡᠨᠤᠰ ᠦᠨ ᠤᠯᠠᠩᠬᠢ ᠨᠢ ᠬᠠᠷᠠᠴᠢᠨ | ᠤ ᠬᠦᠮᠤᠰ ᠪᠤᠯᠤᠨ᠎ᠠ᠃ | ᠴᠢᠯᠤᠬᠡᠯᠡᠭᠳ᠋ᠡᠭᠰᠠᠨ ᠤ ᠰᠠᠬᠦᠯᠠᠷ᠂ | ᠤᠨᠴᠠᠭᠠᠶᠢᠯᠠᠨ︽ᠰᠤᠶᠤᠯ ᠦᠨ ᠶᠡᠬᠡ ᠬᠤᠪᠢᠰᠬᠠᠯ 》 ᠤᠨ | ᠳᠠᠷᠠᠭ᠎ᠠ ᠪᠦᠬᠡ ᠵᠢᠨ ᠱᠠᠰᠢᠨ ᠤᠷᠤ ᠮᠦᠷ ᠦᠬᠡᠢ ᠠᠷᠢᠯᠵᠠᠢ᠃ | ᠬᠡᠪᠡᠴᠤ ᠤᠷᠳ᠋ᠤ ᠤᠳ᠋ᠠᠭᠠᠨ ᠤᠨ ᠵᠢᠯ ᠦᠨ ᠶᠠᠪᠤᠴᠠ ᠳ᠋ᠥ ᠪᠦᠬᠡ | ᠵᠢᠨ ᠱᠠᠰᠢᠨ ᠤ ᠢᠳ᠋ᠠᠬᠡᠯ ᠪᠢᠰᠢᠷᠠᠯ᠂ ᠦᠷᠳ᠋ᠡᠭ ᠦᠨ ᠦᠵᠠᠯᠳ᠋ᠠ | ᠪᠠ ᠶᠢᠷᠳ᠋ᠢᠨᠴᠤ ᠵᠢᠨ ᠦᠵᠠᠯᠳ᠋ᠠ ᠨᠢ ᠨᠢᠬᠡᠨᠳ᠋ᠠ ᠮᠤᠩᠭᠤᠯ | ᠦᠨᠳ᠋ᠤᠰᠤᠳ᠋ᠠᠨ ᠤ ᠬᠦᠨ ᠳᠠᠪᠬᠤᠷᠭ᠎ᠠ ᠵᠢᠨ ᠰᠤᠶᠤᠯ ᠦᠨ | ᠪᠦᠳ᠋ᠤᠴᠠ ᠪᠤᠯᠤᠨ ᠤᠯᠠᠷᠢᠨ ᠬᠤᠪᠢᠰᠴᠤ᠂ ᠦᠨᠳ᠋ᠤᠰᠤᠳ᠋ᠠᠨ ᠤ | ᠬᠠᠮᠳ᠋ᠤ ᠵᠢᠨ ᠦᠵᠠᠯ ᠤᠬᠠᠮᠰᠠᠷ ᠪᠤᠯᠵᠦ ᠬᠤᠪᠢᠷᠠᠭᠰᠠᠨ | ᠪᠠᠶᠢᠨ᠎ᠠ᠃ ᠦᠨᠳ᠋ᠤᠰᠤᠳ᠋ᠠᠨ ᠤ ᠵᠠᠩ ᠳᠠᠳᠬᠠᠯ ᠦᠨ ᠳᠠᠯ᠎ᠠ | ᠪᠡᠷ᠂ ᠮᠤᠩᠭᠤᠯ ᠦᠨᠳ᠋ᠤᠰᠤᠳ᠋ᠠᠨ ᠴᠠᠭᠠᠨ ᠦᠩᠬᠡ᠂ ᠶᠢᠰᠤ ᠵᠢᠨ | ᠳᠤᠭ᠎ᠠ ᠵᠢ ᠰᠢᠳ᠋ᠤᠳ᠋ᠡᠭ︵ᠴᠠᠭᠠᠨ ᠨᠢ ᠠᠷᠢᠭᠤᠨ ᠴᠡᠪᠡᠷ᠂ ᠶᠢᠰᠤ | ᠨᠢ ᠦᠯᠵᠠᠢ ᠪᠡᠯᠬᠡ ᠳᠠᠢ ᠬᠡᠵᠤ ᠦᠵᠡᠳ᠋ᠡᠭ ︶ᠨᠢ ᠳᠠᠷᠤᠢ ᠪᠦᠬᠡ ᠵᠢᠨ | ᠱᠠᠰᠢᠨ ᠤ ᠵᠠᠩ ᠰᠤᠷᠳ᠋ᠠᠬᠤᠨ ᠢ ᠬᠦᠯᠢᠶᠡᠭᠰᠠᠨ ᠤ ᠢᠯᠡᠷᠡᠯ | ᠶᠤᠮ᠃ ᠶᠠᠰᠤᠨ ᠳᠦᠯᠬᠡ᠂ ᠮᠤᠷᠢᠨ ᠰᠠᠬᠦᠯ ᠦᠨ ᠳᠦᠯᠬᠡ᠂ ᠢᠮᠠᠭᠠᠨ | ᠬᠤᠷᠭᠤᠤᠯ ᠦᠨ ᠳᠦᠯᠬᠡ ᠵᠡᠷᠬᠡ ᠨᠢ | ᠬᠡᠳ᠋ᠤᠶᠢᠪᠡᠷ︽ᠤᠷᠤᠭᠰᠢᠯᠠᠬᠤ ᠤᠬᠤᠷᠢᠬᠤ ᠠᠯᠠᠬᠤ | ᠴᠠᠪᠴᠢᠬᠤ︾ᠵᠡᠷᠬᠡ ᠶᠡᠬᠡ ᠬᠡᠷᠡᠭ ᠤᠴᠢᠷ ᠢ ᠤᠨᠤᠴᠢᠳ᠋ᠠᠢ | ᠳᠦᠯᠬᠡᠳ᠋ᠡᠵᠦ ᠴᠢᠳ᠋ᠠᠬᠤ ᠦᠬᠡᠢ ᠪᠤᠯᠪᠠᠴᠤ᠂ ᠰᠠᠶᠢᠨ ᠮᠠᠭᠤ | ᠵᠢᠷᠭᠠᠯ ᠵᠤᠪᠠᠯᠠᠩ ᠢ ᠠᠰᠠᠭᠤᠨ ᠳᠦᠯᠬᠡᠳ᠋ᠠᠬᠦᠯᠵᠤ ᠪᠠᠶᠢᠭ᠎ᠠ | ᠳᠦᠯᠬᠡ ᠦᠵᠡᠯᠬᠡ ᠵᠢᠨ ᠠᠵᠢᠯᠯᠠᠭ᠎ᠠ ᠤᠳ᠋ᠤ ᠪᠤᠯᠳ᠋ᠠᠯ᠎ᠠ | ᠤᠮᠠᠷᠠᠳ᠋ᠤ ᠵᠢᠨ ᠮᠠᠯᠴᠢᠳ ᠦᠨ ᠳᠤᠮᠳ᠋ᠠ ᠳᠠᠯᠬᠡᠷᠡᠭᠰᠡᠬᠡᠷ | ᠪᠤᠢ᠃ ᠱᠠᠰᠢᠨ ᠰᠤᠷᠳ᠋ᠠᠬᠤᠨ ᠤ ᠳᠠᠯ᠎ᠠ ᠪᠡᠷ︽ᠮᠤᠩᠭᠤᠯ ᠳ᠋ᠤ | ᠬᠦᠭᠵᠢᠭᠰᠠᠨ ᠪᠤᠷᠬᠠᠨ ᠤ ᠱᠠᠰᠢᠨ ᠨᠢ ᠬᠤᠪᠢᠷᠠᠭᠠᠳ ᠦᠪᠡᠷᠮᠢᠴᠠ | ᠬᠡᠪ ᠨᠠᠮᠪᠠ ᠪᠦᠬᠦᠢ ᠪᠤᠷᠬᠠᠨ ᠤ ᠱᠠᠰᠢᠨ ᠪᠠ ᠪᠦᠬᠡ ᠵᠢᠨ ᠱᠠᠰᠢᠨ | ᠬᠠᠷᠢᠯᠴᠠᠨ ᠠᠭᠤᠰᠤᠯᠴᠠᠭᠰᠠᠨ ᠵᠦᠢᠯ ᠪᠤᠯᠤᠨ ᠤᠷᠤᠰᠢᠵᠤ ᠪᠤᠢ 》᠂ | ᠡᠨᠳ᠋ᠡᠬᠢ ᠭᠠᠯ ᠳᠠᠬᠢᠬᠤ᠂ ᠤᠪᠤᠭ᠎ᠠ ᠳᠠᠬᠢᠬᠤ᠂ ᠠᠭᠤᠯᠠ ᠤᠰᠤ | ᠳᠠᠬᠢᠬᠤ᠂ ᠰᠠᠬᠢᠭᠤᠯᠰᠤᠨ ᠮᠤᠳ᠋ᠤ ᠳᠠᠬᠢᠬᠤ ᠵᠡᠷᠬᠡ ᠳᠠᠬᠢᠯᠭ᠎ᠠ | ᠵᠢᠨ ᠠᠵᠢᠯᠯᠠᠭ᠎ᠠ ᠨᠢ ᠪᠦᠷ ᠪᠤᠷᠬᠠᠨ ᠤ ᠱᠠᠰᠢᠨ ᠳ᠋ᠤ | ᠵᠠᠯᠭᠠᠮᠵᠢᠯᠠᠭᠳ᠋ᠠᠵᠤ ᠢᠷᠡᠭᠰᠡᠨ ᠡᠴᠡ ᠪᠦᠬᠡ ᠵᠢᠨ ᠱᠠᠰᠢᠨ ᠤ | ᠤᠯᠠ ᠮᠦᠷ ᠢᠯᠡ ᠳᠤᠳ᠋ᠤ ᠬᠠᠷᠠᠭᠳ᠋ᠠᠵᠦ ᠪᠠᠶᠢᠳ᠋ᠠᠭ᠃ ᠵᠦᠪᠬᠡᠨ | ᠳᠠᠬᠢᠯᠭ᠎ᠠ ᠵᠢᠨ ᠢᠷᠤᠬᠡᠯ ᠦᠨ ᠦᠬᠡ ᠳ᠋ᠥ ᠪᠡᠨ ᠯᠠᠮᠠ ᠵᠢᠨ | ᠤᠩᠰᠢᠬᠤ ᠨᠤᠮ ᠪᠠ ᠪᠤᠷᠬᠠᠨ ᠤ ᠮᠠᠭᠳ᠋ᠠᠭᠠᠯ ᠦᠬᠡ ᠦᠬᠦᠯᠠᠪᠤᠷᠢ | ᠵᠢ ᠨᠠᠮᠠᠨ ᠤᠷᠤᠭᠤᠯᠤᠭᠰᠠᠨ ᠳᠠᠳ᠋ᠤᠢ ᠶᠤᠮ᠃ | | | |