ᠪᠤᠷᠬᠠᠨ ᠱᠠᠰᠢᠨ    
  
2022/12/9
 ᠨᠢᠬᠡᠳ᠋ᠤᠬᠡᠷ ᠬᠡᠰᠡᠭ  ᠤᠯᠠᠮᠵᠢᠯᠠᠭᠳ᠋ᠠᠨ ᠳᠡᠯᠭᠡᠷᠡᠭᠰᠡᠨ ᠤᠯᠠᠷᠢᠯ ᠬᠤᠪᠢᠷᠠᠯ        ᠮᠤᠩᠭᠤᠯ ᠦᠨᠳ᠋ᠤᠰᠤᠳ᠋ᠠᠨ  ᠳᠦᠪᠡᠳ  ᠦᠨ ᠪᠤᠷᠬᠠᠨ ᠱᠠᠰᠢᠨ ᠳᠠᠢ ᠬᠠᠷᠢᠴᠠᠭ᠎ᠠ ᠬᠤᠯᠪᠤᠭ᠎ᠠ ᠡᠬᠦᠰᠦᠭᠰᠠᠨ ᠨᠢ ᠶᠤᠧᠠᠨ ᠤᠯᠤᠰ  ᠦᠨ ᠦᠶ᠎ᠠ ᠡᠴᠠ ᠡᠬᠢᠯᠠᠵᠠᠢ᠃ ᠬᠡᠪᠡᠴᠤ ᠳᠤᠬᠠᠢ ᠵᠢᠨ ᠦᠶ᠎ᠠ ᠳ᠋ᠤ ᠵᠦᠪᠬᠡᠨ ᠮᠤᠩᠭᠤᠯ  ᠦᠨ ᠨᠤᠶᠠᠷᠬᠠᠭᠴᠢᠳ ᠫᠠᠭᠪᠠ ᠯᠠᠮᠠ ᠵᠢ ᠠᠰᠢᠭᠯᠠᠨ ᠳᠦᠫᠠᠨ ︵ᠳᠦᠪᠡᠳ ︶‍ᠢ ᠢᠯᠪᠢᠨ ᠳᠠᠭᠠᠭᠤᠯᠬᠤ ᠵᠢᠨ ᠳᠦᠯᠦᠬᠡ ᠪᠠᠶᠢᠬᠰᠠᠨ ᠳᠤᠯᠠ ᠠᠷᠠᠳ  ᠦᠨ ᠳᠤᠮᠳ᠋ᠠ ᠦᠷᠬᠡᠨ ᠵᠢᠡᠷ ᠳᠠᠯᠬᠡᠷᠡᠭᠰᠠᠨ ᠦᠬᠡᠢ᠃ ᠳᠤᠬᠠᠢ ᠵᠢᠨ ᠦᠶ᠎ᠠ ᠵᠢᠨ ᠯᠠᠮᠠ ᠵᠢᠨ ᠱᠠᠰᠢᠨ ᠨᠢ ᠨᠢᠩᠮᠠ ᠶᠢᠨ ᠪᠦᠯᠦᠭ  ᠲᠤ ᠬᠠᠷᠢᠶᠠᠯᠠᠭᠳ᠋ᠠᠳ᠋ᠠᠭ᠂ ᠳᠠᠷᠤᠢ ᠤᠯᠠᠭᠠᠨ  ᠤ ᠱᠠᠰᠢᠨ ᠪᠤᠯᠤᠨ᠎ᠠ᠃ ᠠᠤᠬᠠᠨ  ᠤ ᠴᠠᠭᠠᠨ ᠭᠤᠤᠯ  ᠦᠨ ᠰᠦᠮ᠎ᠠ ᠪᠤᠯ ᠳᠠᠷᠤᠢ ᠶᠤᠧᠠᠨ ᠤᠯᠤᠰ  ᠦᠨ ᠦᠶ᠎ᠠ ᠵᠢᠨ ᠯᠠᠮᠠ ᠵᠢᠨ ᠰᠦᠮ᠎ᠠ ᠵᠢᠨ ᠦᠯᠡᠳ᠋ᠡᠭᠳ᠋ᠠᠯ ᠶᠤᠮ᠃ 15 ᠳ᠋ᠤᠭᠠᠷ ᠵᠠᠭᠤᠨ  ᠤ ᠡᠬᠢᠨ ᠳ᠋ᠤ᠂ ᠳᠦᠪᠡᠳ  ᠦᠨ ᠯᠠᠮᠠ ᠽᠦᠩᠺᠡᠸ᠎ᠠ ᠱᠠᠰᠢᠨ ᠰᠤᠷᠳ᠋ᠠᠬᠤᠨ  ᠤ ᠦᠬᠡᠷᠡᠴᠢᠯᠠᠯᠳ᠋ᠠ ᠬᠢᠭᠰᠡᠨ ᠰᠠᠭᠤᠷᠢᠨ ᠳᠠᠬᠡᠷ᠎ᠠ᠂  ᠭᠡᠯᠦ᠋ᠭᠪᠡ  ᠵᠢᠨ ᠪᠦᠯᠦᠭ ‍ᠢ ᠡᠬᠦᠳ᠋ᠤᠨ ᠪᠠᠶᠢᠭᠤᠯᠪᠠ᠂ ᠳᠠᠷᠤᠢ ᠰᠢᠷ᠎ᠠ ᠵᠢᠨ ᠱᠠᠰᠢᠨ ᠪᠤᠯᠤᠨ᠎ᠠ᠃ 16 ᠳ᠋ᠤᠭᠠᠷ ᠵᠠᠭᠤᠨ  ᠤ ᠰᠠᠬᠦᠯᠴᠢ ᠵᠢᠨ ᠬᠠᠭᠠᠰ ᠵᠢᠯ ᠳ᠋ᠤ᠂ ᠰᠢᠷ᠎ᠠ ᠵᠢᠨ ᠱᠠᠰᠢᠨ ᠳᠦᠪᠡᠳ᠂ ᠬᠦᠬᠡᠨᠠᠭᠤᠷ ᠡᠴᠠ ᠦᠪᠤᠷ ᠮᠤᠩᠭᠤᠯ  ᠦᠨ ᠪᠠᠷᠠᠭᠤᠨ ᠬᠡᠰᠡᠭ ᠭᠠᠵᠠᠷ ᠤᠷᠤᠨ ᠳ᠋ᠤ ᠤᠯᠠᠮᠵᠢᠯᠠᠭᠳ᠋ᠠᠨ ᠤᠷᠤᠵᠤ ᠢᠷᠠᠵᠠᠢ᠃ ᠮᠢᠩ ᠤᠯᠤᠰ  ᠦᠨ ᠸᠠᠨ ᠯᠢ ᠵᠢᠨ ᠳᠦᠷᠪᠡᠳ᠋ᠤᠬᠡᠷ ᠤᠨ︵1576 ᠤᠨ ︶ᠳ᠋ᠤ᠂ ᠠᠯᠳ᠋ᠠᠨ ᠬᠠᠭᠠᠨ ᠬᠦᠮᠤᠨ ᠳᠤᠮᠢᠯᠠᠨ ᠳᠦᠪᠡᠳ ᠲᠦ ᠤᠴᠢᠭᠤᠯᠵᠤ᠂ ᠰᠤᠳᠨᠠᠮᠵᠠᠮᠰᠤ︵ᠭᠤᠷᠪᠠᠳ᠋ᠤᠭᠠᠷ ᠳᠦᠷᠢ ᠵᠢᠨ ᠳᠠᠯᠠᠢ ᠯᠠᠮ᠎ᠠ ︶ᠵᠢ ᠵᠠᠯᠠᠵᠤ᠂ ᠳᠠᠷᠠᠭ᠎ᠠ ᠵᠢᠯ ᠨᠢ ᠬᠦᠬᠡᠨᠠᠭᠤᠷ  ᠦᠨ ᠴᠠᠪᠴᠢᠶᠠᠯ ᠳ᠋ᠤ  ᠶᠠᠩ ᠬᠤᠸᠠ ᠬᠡᠢᠳ ᠢ   ᠪᠠᠢᠭᠤᠯᠪᠠ ᠃ ᠡᠬᠦᠨ ᠡᠴᠠ ᠡᠬᠢᠯᠡᠨ ᠵᠠᠷᠢᠮ ᠮᠤᠩᠭᠤᠯ ᠸᠠᠩ ᠨᠤᠶᠠᠳ  ᠦᠨ ᠡᠪᠤᠬᠡ ᠳᠠᠬᠡᠳ᠋ᠤᠰ ᠨᠢ ᠡᠨᠳ᠋ᠠ ᠡᠴᠠ  ᠰᠠᠨᠸᠠᠷ  ᠠᠪᠬᠤ ᠪᠤᠯᠵᠠᠢ᠃ ᠠᠯᠳ᠋ᠠᠨ ᠬᠠᠭᠠᠨ ᠨᠢᠬᠡ ᠳᠠᠯ᠎ᠠ ᠪᠡᠷ ᠪᠦᠬᠡ ᠵᠢᠨ ᠱᠠᠰᠢᠨ ‍ᠢ ᠴᠠᠭᠠᠵᠠᠯᠠᠬᠤ ᠵᠢ ᠳᠤᠩᠬᠠᠭᠯᠠᠵᠤ᠂ ᠨᠦᠬᠦᠬᠡ ᠳᠠᠯ᠎ᠠ ᠪᠡᠷ ᠰᠤᠳᠨᠠᠮᠵᠠᠮᠰᠤ ᠵᠢ︽ᠠᠯᠢᠪᠠ ᠵᠢ ᠮᠠᠳ᠋ᠡᠳ᠋ᠡᠭ ᠸᠴᠢᠷ ᠪᠤᠭᠳ᠋ᠠ᠂ ᠳᠠᠯᠠᠢ᠂ ᠳᠠᠯᠠᠢ ᠯᠠᠮ᠎ᠠ︾ᠬᠡᠮᠠᠨ ᠬᠦᠨᠳ᠋ᠤᠳᠬᠡᠵᠤ᠂︵ᠳᠠᠯᠠᠢ ᠯᠠᠮᠠ ᠵᠢᠨ ᠨᠠᠷᠠᠶᠢᠳ᠋ᠤᠯ ᠢᠩᠬᠢᠵᠤ ᠢᠷᠡᠭᠰᠠᠨ ᠪᠠᠶᠢᠨ᠎ᠠ ︶᠂ ᠸᠴᠢᠷᠪᠠᠨᠢ ᠪᠤᠯ ᠶᠢᠷᠳ᠋ᠢᠨᠴᠤ ᠵᠢ ᠠᠪᠤᠷᠠᠭᠴᠢ ᠤᠪᠠᠳ᠋ᠢᠰ ᠳᠠᠢ ᠪᠤᠭᠳ᠋ᠠ ᠬᠤᠧᠠᠷᠠᠭ ᠬᠡᠮᠠᠨ ᠦᠵᠡᠳ᠋ᠡᠭ᠃ ᠰᠤᠳᠨᠠᠮᠵᠠᠮᠰᠤ ᠳᠠᠭᠠᠯᠠᠯ ᠪᠤᠯᠬᠤ ᠦᠶ᠎ᠠ ᠳ᠋ᠤ ᠪᠡᠨ ᠬᠡᠷᠢᠶᠠᠰᠤ ᠦᠯᠡᠳ᠋ᠠᠬᠡᠵᠤ᠂ ᠬᠦᠮᠤᠨ  ᠤ ᠶᠢᠷᠳ᠋ᠢᠨᠴᠤ ᠳ᠋ᠤ ᠬᠤᠪᠢᠯᠭᠠᠨ ᠪᠤᠯᠤᠨ ᠪᠠᠭᠤᠵᠤ᠂ ᠠᠯᠳ᠋ᠠᠨ ᠬᠠᠭᠠᠨ  ᠤ ᠤᠭᠰᠠᠭ᠎ᠠ ᠳ᠋ᠤ ᠳᠦᠷᠦᠯ ᠤᠯᠤᠨ᠎ᠠ ᠬᠡᠵᠤ ᠬᠡᠯᠡᠵᠠᠢ᠃ ᠡᠶᠢᠨ ᠬᠦ ᠠᠯᠳ᠋ᠠᠨ ᠬᠠᠭᠠᠨ  ᠤ ᠵᠢᠴᠢ ᠳᠦᠷᠪᠡᠳ᠋ᠤᠬᠡᠷ ᠲᠦᠷᠢ ᠵᠢᠨ ᠳᠠᠯᠠᠢ ᠯᠠᠮ᠎ᠠ ᠪᠤᠯᠵᠠᠢ᠂ ᠨᠠᠷ᠎ᠠ ᠨᠢ  ᠶᠣᠨᠳ᠋ᠠᠨᠵᠠᠮᠰᠤ ᠬᠡᠳ᠋ᠡᠭ᠃ ᠡᠬᠦᠨ ᠡᠴᠠ ᠮᠤᠩᠭᠤᠯ  ᠦᠨ ᠳᠦᠷᠦ ᠵᠢᠨ ᠡᠷᠬᠡ ᠨᠢ ᠯᠠᠮᠠ ᠵᠢᠨ ᠱᠠᠰᠢᠨ ᠳᠠᠢ ᠬᠠᠷᠢᠯᠴᠠᠨ ᠨᠦᠬᠦᠪᠤᠷᠢᠯᠠᠵᠤ᠂ ᠨᠠᠶᠢᠬᠡᠮ  ᠦᠨ ᠬᠠᠮᠤᠭ ᠳᠠᠬᠡᠳ᠋ᠤ ᠨᠤᠶᠠᠷᠬᠠᠯ  ᠦᠨ ᠪᠠᠶᠢᠷᠢ ᠰᠠᠭᠤᠷᠢ ᠳ᠋ᠤ ᠤᠷᠤᠰᠢᠪᠠ᠃ ᠬᠡᠪᠡᠴᠤ ᠮᠢᠩ ᠤᠯᠤᠰ  ᠦᠨ ᠦᠶ᠎ᠠ ᠳ᠋ᠤ ᠮᠤᠩᠭᠤᠯ ᠠᠶᠢᠮᠠᠭ ᠲᠦ ᠪᠡᠬᠢᠵᠢᠨ ᠨᠢᠬᠡᠳ᠋ᠦᠭᠰᠡᠨ ᠪᠠᠶᠢᠳ᠋ᠠᠯ ᠪᠦᠷᠢᠯᠳ᠋ᠦᠭᠰᠠᠨ ᠦᠬᠡᠢ᠂ ᠡᠶᠢᠮᠤ ᠡᠴᠠ ᠳᠤᠬᠠᠢ ᠵᠢᠨ ᠦᠶ᠎ᠠ ᠳ᠋ᠤ ᠯᠠᠮᠠ ᠵᠢᠨ ᠱᠠᠰᠢᠨ ᠵᠦᠪᠬᠡᠨ ᠦᠪᠤᠷ ᠮᠤᠩᠭᠤᠯ  ᠦᠨ ᠪᠠᠷᠠᠭᠤᠨ ᠬᠡᠰᠡᠭ ᠭᠠᠵᠠᠷ ᠲᠦ ᠬᠢᠵᠠᠭᠠᠷᠯᠠᠭᠳ᠋ᠠᠵᠤ᠂ ᠵᠤᠰᠤᠳ᠋ᠤ ᠵᠢᠨ ᠴᠢᠭᠤᠯᠭᠠᠨ ᠪᠠ ᠵᠤᠤ ᠤᠳ᠋ᠠ ᠴᠢᠭᠤᠯᠭᠠᠨ ᠳ᠋ᠠᠬᠢ ᠨᠦᠯᠦᠬᠡ ᠳᠠᠶᠢᠮᠤ ᠶᠡᠬᠡ ᠪᠢᠰᠢ ᠪᠠᠶᠢᠪᠠ᠃ ᠮᠢᠩ ᠤᠯᠤᠰ  ᠦᠨ ᠼᠦᠩ ᠵᠧᠨ  ᠤ ᠳᠤᠯᠤᠳ᠋ᠤᠭᠠᠷ ᠤᠨ︵1634 ᠤᠨ ︶ᠳ᠋ᠤ ᠯᠢᠭᠳ᠋ᠡᠨ ᠬᠠᠭᠠᠨ  ᠤ ᠳᠦᠷᠦ ᠮᠦᠬᠦᠵᠤ᠂ ᠭᠤᠪᠢ ᠵᠢᠨ ᠡᠮᠤᠨᠠᠬᠢ ᠤᠯᠠᠨ ᠮᠤᠩᠭᠤᠯ ᠠᠶᠢᠮᠠᠭ ᠬᠤᠶᠢᠳ᠋ᠤ ᠠᠯᠳ᠋ᠠᠨ ᠤᠯᠤᠰ ᠲᠦ ᠬᠠᠷᠢᠶᠠᠯᠠᠭᠳ᠋ᠠᠪᠠ᠃ ᠴᠠᠭ ᠳᠦᠷᠦ ᠵᠢᠨ ᠬᠤᠪᠢᠷᠠᠯᠳ᠋ᠠ ᠵᠢ ᠳᠠᠭᠠᠯᠳ᠋ᠤᠨ ᠯᠠᠮᠠ ᠵᠢᠨ ᠱᠠᠰᠢᠨ ᠤᠰᠠᠳ᠋ᠤᠨ ᠮᠦᠬᠦᠭᠰᠠᠨ ᠦᠬᠡᠢ ᠮᠦᠷᠳ᠋ᠡᠬᠡᠨ ᠬᠠᠷᠢᠨ ᠴᠢᠩ ᠤᠯᠤᠰ  ᠦᠨ ᠸᠠᠩᠳ᠋ᠤ ᠳᠦᠷᠦ ᠵᠢᠨ ᠵᠠᠰᠠᠭ  ᠦᠨ ᠤᠷᠳ᠋ᠤᠨ  ᠤ ᠳᠡᠬᠡᠳ᠋ᠤ ᠬᠡᠮᠵᠢᠶᠡᠨ  ᠤ ᠡᠷᠬᠢᠮᠯᠠᠯ ᠬᠦᠨᠳ᠋ᠤᠳᠬᠡᠯ  ᠦᠨ ᠳᠤᠤᠷ᠎ᠠ ᠨᠡᠩ ᠳᠦᠷᠬᠡᠨ ᠵᠢᠡᠷ ᠳᠠᠯᠬᠡᠷᠡᠨ ᠬᠦᠭᠵᠢᠵᠦ ᠮᠠᠨᠳ᠋ᠤᠭᠰᠠᠨ ᠪᠠᠶᠢᠨ᠎ᠠ᠃        ᠴᠢᠩ ᠤᠯᠤᠰ  ᠦᠨ ᠸᠠᠩᠳ᠋ᠤ ᠳᠦᠷᠦ ᠮᠤᠩᠭᠤᠯ  ᠦᠨ ᠡᠯ᠎ᠠ ᠠᠶᠢᠮᠠᠭ ‍ᠢ ᠡᠷᠬᠡᠰᠢᠶᠠᠯ ᠳ᠋ᠤ ᠪᠡᠨ ᠤᠷᠤᠭᠤᠯᠤᠭᠰᠠᠨ  ᠤ ᠳᠠᠷᠠᠭ᠎ᠠ᠂ ︽ᠱᠠᠭᠵᠠᠮᠤᠨᠢ ᠵᠢ ᠳᠡᠬᠡᠳ᠋ᠤᠯᠡᠬᠦ ᠶᠤᠰᠤᠨ ᠵᠢᠡᠷ ᠵᠠᠶᠠᠭ᠎ᠠ ᠵᠢ ᠨᠢ ᠵᠠᠬᠢᠷᠬᠤ︾ᠳᠦᠷᠦ ᠵᠢᠨ ᠪᠤᠳ᠋ᠤᠯᠭ᠎ᠠ ᠵᠢ ᠬᠡᠷᠡᠭᠵᠢᠬᠦᠯᠵᠤ᠂ ᠰᠦᠮ᠎ᠠ ᠬᠡᠶᠢᠳ ‍ᠢ ᠦᠷᠬᠡᠳᠬᠡᠨ ᠪᠠᠶᠢᠭᠤᠯᠬᠤ ᠪᠠ ᠳ᠋ᠠ ᠯᠠᠮ᠎ᠠ ᠵᠢᠨ ᠤᠨᠴᠠ ᠡᠷᠬᠡ ᠵᠢ ᠶᠡᠬᠡᠰᠬᠡᠪᠡ᠃ ᠴᠢᠩ ᠤᠯᠤᠰ  ᠦᠨ ᠦᠶ᠎ᠠ ᠳ᠋ᠤ ᠤᠯᠠᠭᠠᠨᠬᠠᠳ᠋ᠠ ᠤᠷᠤᠨ ᠳ᠋ᠤ ᠠᠩᠬ᠎ᠠ ᠪᠠᠶᠢᠭᠤᠯᠤᠭᠰᠠᠨ ᠯᠠᠮᠠ ᠵᠢᠨ ᠰᠦᠮ᠎ᠠ ᠪᠤᠯ ᠡᠶᠡᠪᠡᠷ ᠵᠠᠰᠠᠭᠴᠢ ᠵᠢᠨ ᠠᠷᠪᠠᠨ ᠭᠤᠷᠪᠠᠳ᠋ᠤᠭᠠᠷ ᠤᠨ︵1656 ᠤᠨ ︶ᠳ᠋ᠤ ᠪᠠᠭᠠᠷᠢᠨ ᠵᠠᠬᠦᠨ ᠬᠤᠰᠢᠭᠤᠨ ᠳ᠋ᠤ ᠪᠠᠶᠢᠭᠤᠯᠤᠭᠰᠠᠨ ᠶᠠᠮᠤᠨ ᠰᠦᠮ᠎ᠠ ᠪᠤᠯᠤᠨ᠎ᠠ᠃ ᠳᠠᠬᠦᠨ ᠡᠴᠠ ᠳᠠᠷᠠᠭᠠᠯᠠᠪᠠᠯ ᠡᠩᠬᠡ ᠠᠮᠤᠭᠤᠯᠠᠩ  ᠦᠨ ᠬᠤᠶᠠᠷ᠂  ᠭᠤᠷᠪᠠᠳᠤᠭᠠᠷ ᠤᠨ︵1663᠂ 1664 ᠤᠨ ︶ᠳ᠋ᠤ ᠠᠷᠤ ᠬᠤᠷᠴᠢᠨ ᠬᠤᠰᠢᠭᠤᠨ ᠳ᠋ᠤ ᠪᠠᠶᠢᠭᠤᠯᠤᠭᠰᠠᠨ ᠦᠯᠵᠠᠶᠢᠳ᠋ᠤ ᠨᠤᠮ ᠳᠠᠬᠦᠰᠦᠭᠰᠠᠨ ᠰᠦᠮ᠎ᠠ᠂ ᠴᠢᠪᠠᠭ᠎ᠠ ᠵᠢᠨ ᠰᠦᠮ᠎ᠠ︵ᠬᠤᠯᠠᠳ᠋ᠠᠬᠢᠨ ‍ᠢ ᠳᠤᠬᠢᠨᠠᠭᠤᠯᠤᠭᠴᠢ ᠰᠦᠮ᠎ᠠ ︶ᠪᠠ ᠬᠡᠰᠢᠭᠳ᠋ᠠᠨ ᠬᠤᠰᠢᠭᠤᠨ  ᠤ ᠪᠠᠶᠠᠰᠬᠤᠯᠠᠩᠳ᠋ᠤ ᠠᠮᠤᠭᠤᠯᠠᠩᠳ᠋ᠤ ᠰᠦᠮ᠎ᠠ᠂ ᠡᠩᠬᠡ ᠠᠮᠤᠭᠤᠯᠠᠩ  ᠦᠨ ᠵᠢᠷᠭᠤᠳ᠋ᠤᠭᠠᠷ ᠤᠨ︵1667 ᠤᠨ ︶ᠳ᠋ᠤ ᠪᠠᠭᠠᠷᠢᠨ ᠪᠠᠷᠠᠭᠤᠨ ᠬᠤᠰᠢᠭᠤᠨ ᠳ᠋ᠤ ᠪᠠᠶᠢᠭᠤᠯᠤᠭᠰᠠᠨ ᠳᠠᠬᠦᠰ ᠪᠦᠷᠢᠳᠬᠡᠯᠳ᠋ᠤ ᠰᠦᠮ᠎ᠠ᠂ ᠵᠢᠴᠢ ᠳᠡᠬᠦᠨ ᠡᠴᠠ ᠬᠤᠶᠢᠰᠢ ᠠᠯᠢ ᠤᠯᠠᠨ ᠰᠦᠮ᠎ᠠ ᠬᠡᠶᠢᠳ ᠪᠠᠶᠢᠭᠤᠯᠤᠭᠳ᠋ᠠᠵᠦ᠂ ᠡᠩᠬᠡ ᠠᠮᠤᠭᠤᠯᠠᠩ ᠪᠡ ᠳᠡᠭᠷᠢ ᠳᠡᠳᠬᠦᠭᠴᠢ ᠵᠢᠨ ᠦᠶ᠎ᠠ ᠵᠢᠨ ᠤᠯᠠᠭᠠᠨᠬᠠᠳ᠋ᠠ ᠤᠷᠤᠨ ᠳ᠋ᠤ ᠰᠦᠮ᠎ᠠ ᠬᠡᠶᠢᠳ ᠪᠠᠶᠢᠭᠤᠯᠤᠭᠰᠠᠨ ᠬᠠᠮᠤᠭ  ᠦᠨ ᠦᠷᠨᠢᠬᠦᠨ ᠴᠠᠭ ᠬᠤᠭᠤᠴᠠᠭ᠎ᠠ ᠪᠤᠯᠵᠠᠢ᠃ ᠴᠢᠩ ᠤᠯᠤᠰ  ᠦᠨ  ᠰᠡᠭᠦᠯᠴᠢ  ᠪᠤᠯᠬᠤ ᠳ᠋ᠥ᠂ ᠪᠦᠬᠦ ᠬᠤᠳ᠋ᠠ ᠵᠢᠨ ᠶᠡᠬᠡ ᠪᠠᠭ᠎ᠠ ᠰᠦᠮ᠎ᠠ ᠬᠡᠶᠢᠳ 196 ᠰᠠᠭᠤᠷᠢ ᠳ᠋ᠥ ᠬᠦᠷᠪᠡ᠃ ᠬᠡᠪᠴᠢᠶ᠎ᠠ ᠪᠡᠷ ᠨᠡᠯᠢᠶᠡᠳ ᠶᠡᠬᠡ ᠨᠢ ᠠᠷᠤ ᠬᠤᠷᠴᠢᠨ ᠬᠤᠰᠢᠭᠤᠨ  ᠤ  ᠬᠠᠨᠰᠦ᠋ᠮ᠎ᠡ ︵ᠬᠡᠰᠢᠭ ‍ᠢ ᠰᠢᠳ᠋ᠦᠭᠴᠢ ᠰᠦᠮ᠎ᠠ ︶᠂ ᠪᠠᠭᠠᠷᠢᠨ ᠪᠠᠷᠠᠭᠤᠨ ᠬᠤᠰᠢᠭᠤᠨ  ᠤ ᠪᠤᠶᠠᠨ ᠴᠤᠭᠯᠠᠭᠤᠯᠤᠬᠴᠢ ᠰᠦᠮ᠎ᠠ ᠪᠠ ᠳᠡᠬᠦᠰ ᠪᠦᠷᠢᠳᠬᠡᠯᠳ᠋ᠦ ᠰᠦᠮ᠎ᠠ᠂ ᠪᠠᠭᠠᠷᠢᠨ ᠵᠡᠬᠦᠨ ᠬᠤᠰᠢᠭᠤᠨ  ᠤ ᠪᠤᠶᠠᠨ ᠢᠪᠠᠬᠡᠯᠳ᠋ᠤ ᠰᠦᠮ᠎ᠠ ᠪᠠ ᠽᠦᠩᠺᠡᠸ᠎ᠠ ᠵᠢᠨ ᠰᠦᠮ᠎ᠠ᠂ ᠤᠩᠨᠢᠭᠤᠳ ᠬᠤᠰᠢᠭᠤᠨ  ᠤ ᠱᠠᠵᠢᠨ ᠦᠨᠳ᠋ᠤᠰᠤᠨ ᠰᠦᠮ᠎ᠠ᠂ ᠬᠠᠷᠠᠴᠢᠨ ᠬᠤᠰᠢᠭᠤᠨ  ᠤ ᠹᠦ᠋ ᠬᠦᠢ ᠰᠧ ᠰᠦᠮ᠎ᠠ ᠪᠠ ᠢᠯᠡᠳᠳ᠋ᠡ ᠪᠠᠶᠠᠰᠬᠤᠯᠠᠩᠳ᠋ᠦ ᠰᠦᠮ᠎ᠠ᠂ ᠨᠢᠩᠴᠧᠩ ᠰᠢᠶᠠᠨ  ᠤ ᠱᠠᠵᠢᠨ ᠦᠨᠳ᠋ᠤᠰᠤᠨ ᠰᠦᠮ᠎ᠠ᠂ ᠠᠤᠬᠠᠨ ᠬᠤᠰᠢᠭᠤᠨ  ᠤ ᠠᠤᠭ᠎ᠠ ᠦᠷᠦᠰᠢᠶᠡᠩᠬᠦᠶᠢᠳ᠋ᠤ ᠰᠦᠮ᠎ᠠ ᠪᠠ ᠳᠦᠬᠡᠮᠡᠯ ᠡᠯᠪᠡᠷᠢᠯᠳ᠋ᠦ ᠰᠠᠮᠠᠨᠳ᠋ᠠᠪᠠᠳ᠋ᠠᠷ᠎ᠠ ᠰᠦᠮ᠎ᠠ ᠵᠡᠷᠬᠡ ᠪᠤᠢ᠃ ᠤᠯᠠᠭᠠᠨᠬᠠᠳ᠋ᠠ ᠳ᠋ᠥ ᠰᠦᠮ᠎ᠠ ᠬᠠᠮᠤᠭ ᠠᠷᠪᠢᠨ ᠪᠠᠶᠢᠭᠤᠯᠤᠭᠰᠠᠨ ᠨᠢ ᠠᠤᠬᠠᠨ ᠬᠤᠰᠢᠭᠤ᠂ ᠴᠢᠩ ᠤᠯᠤᠰ  ᠦᠨ ᠳᠤᠮᠳ᠋ᠠᠴᠢ ᠦᠶ᠎ᠠ ᠳ᠋ᠥ 72 ᠰᠦᠮ᠎ᠠ ᠪᠠᠶᠢᠵᠠᠢ᠃ ᠬᠠᠷᠠᠴᠢᠨ ᠬᠤᠰᠢᠭᠤ᠂ ᠨᠢᠩᠴᠧᠩ ᠰᠢᠶᠠᠨ ᠪᠦᠷ 50 ᠰᠠᠭᠤᠷᠢ ᠡᠴᠡ ᠳᠡᠬᠡᠭᠰᠢ ᠪᠠᠶᠢᠵᠠᠢ᠃ ᠠᠷᠤ ᠬᠤᠷᠴᠢᠨ ᠬᠤᠰᠢᠭᠤ ᠡᠩᠬᠡ ᠠᠮᠤᠭᠤᠯᠠᠩ ᠡᠴᠡ ᠪᠦᠷᠢᠨ ᠵᠠᠰᠠᠭᠴᠢ ᠬᠦᠷᠳ᠋ᠡᠯᠡᠬᠢ ᠤᠨ  ᠦᠳ ᠲᠦ 23 ᠰᠠᠭᠤᠷᠢ ᠰᠦᠮ᠎ᠠ ᠪᠠᠶᠢᠭᠤᠯᠵᠦ᠂ ᠪᠦᠷ ᠳᠦᠪᠡᠳ ᠬᠡᠯᠪᠡᠷᠢ ᠵᠢᠨ ᠪᠠᠷᠢᠯᠭ᠎ᠠ᠂ 500 ᠤᠷᠴᠢᠮ ᠯᠠᠮᠠ ᠳᠠᠢ ᠳᠤᠮᠤ ᠰᠦᠮ᠎ᠠ 11 ᠪᠠᠶᠢᠵᠦ᠂ ᠡᠬᠦᠨ ᠳ᠋ᠥ ᠬᠠᠮᠤᠭ ᠠᠷᠪᠢᠨ ᠯᠠᠮᠠ ᠳᠠᠢ ᠨᠢ ᠰᠠᠶᠢᠨ ‍ᠢ ᠡᠷᠳ᠋ᠡᠨᠢ ᠪᠤᠯᠭᠠᠭᠴᠢ ᠰᠦᠮ᠎ᠠ︵ᠪᠠᠯᠴᠢᠷᠤᠳ ᠰᠦᠮ᠎ᠠ ︶800 ᠯᠠᠮᠠ ᠳᠠᠢ ᠪᠠᠶᠢᠪᠠ᠃ ᠳᠤᠰ ᠬᠤᠰᠢᠭᠤᠨ  ᠤ ᠵᠢᠷᠭᠤᠳ᠋ᠤᠭᠠᠷ ᠦᠶ᠎ᠠ ᠵᠢᠨ ᠵᠠᠰᠠᠭ ᠳᠠᠭᠳ᠋ᠠᠨ᠂ ᠯᠠᠮᠠ ᠵᠢᠨ ᠱᠠᠰᠢᠨ ‍ᠢ ᠪᠠᠳ᠋ᠤ ᠢᠳ᠋ᠡᠬᠡᠭᠰᠡᠨ ᠡᠴᠡ ᠳᠤᠰ ᠬᠤᠰᠢᠭᠤᠨ ᠳ᠋ᠥ ᠪᠡᠨ ᠶᠡᠬᠡ ᠪᠠᠭ᠎ᠠ 8 ᠰᠦᠮ᠎ᠠ ᠪᠠᠶᠢᠭᠤᠯᠤᠭᠰᠠᠨ ᠵᠢᠡᠷ ᠪᠠᠷᠠᠬᠤ ᠦᠬᠡᠢ᠂ ᠳᠦᠪᠡᠳ  ᠦᠨ ᠳᠠᠩᠭᠤᠳ ᠲᠦ 1 200 ᠯᠠᠩ ᠮᠦᠩᠬᠦ ᠬᠠᠨᠳ᠋ᠢᠪᠯᠡᠵᠦ᠂ ᠯᠠᠪᠷᠤᠩ ᠰᠦᠮ᠎ᠠ ᠵᠢᠨ ᠰᠤᠭᠠᠴᠢᠨ ᠳᠤᠭᠠᠩ ‍ᠢ ᠬᠠᠮᠵᠢᠯᠴᠠᠨ ᠪᠠᠶᠢᠭᠤᠯᠵᠠᠢ᠃ ᠰᠦᠮ᠎ᠠ ᠬᠡᠶᠢᠳ  ᠦᠨ ᠤᠯᠠᠰᠢᠷᠠᠬᠤ ᠵᠢ ᠳᠠᠭᠠᠯᠳ᠋ᠤᠨ ᠯᠠᠮᠠ ᠵᠢᠨ ᠳᠤᠭ᠎ᠠ ᠴᠦ ᠳᠠᠭᠠᠯᠳ᠋ᠤᠨ ᠳᠦᠷᠬᠡᠨ ᠵᠢᠡᠷ ᠨᠡᠮᠡᠭᠳ᠋ᠡᠪᠡ᠃ ᠪᠠᠳ᠋ᠠᠷᠠᠭᠤᠯᠳ᠋ᠤ ᠳᠦᠷᠦ ᠵᠢᠨ ᠭᠤᠴᠢᠨ ᠤᠨ︵1904 ᠤᠨ ︶ ᠤ ᠪᠦᠷᠢᠳᠬᠡᠯ ᠵᠢᠡᠷ᠂ ᠪᠠᠭᠠᠷᠢᠨ ᠪᠠᠷᠠᠭᠤᠨ ᠬᠤᠰᠢᠭᠤᠨ ᠳ᠋ᠥ 4 053 ᠯᠠᠮᠠ ᠳᠠᠢ᠂ ᠪᠦᠬᠦ ᠬᠦᠮᠦᠨ ᠠᠮᠠ ᠵᠢᠨ 27% ᠵᠢ ᠡᠵᠡᠯᠡᠵᠦ᠂ ᠮᠤᠩᠭᠤᠯ ᠡᠷᠡᠭᠳ᠋ᠡᠶᠢᠴᠤᠳ  ᠦᠨ ᠬᠠᠭᠠᠰ ᠨᠢ ᠯᠠᠮᠠ ᠪᠤᠯᠤᠭᠰᠠᠨ ᠪᠠᠶᠢᠨ᠎ᠠ᠃ ᠪᠦᠷᠢᠨ ᠵᠠᠰᠠᠭᠴᠢ ᠵᠢᠨ ᠳᠠᠪᠤᠨ ᠤᠨ︵1866 ᠤᠨ ︶ᠳ᠋ᠥ ᠠᠷᠤ ᠬᠤᠷᠴᠢᠨ ᠬᠤᠰᠢᠭᠤᠨ  ᠤ ᠳᠠᠩᠰᠠᠨ ᠳ᠋ᠥ ᠳᠡᠮᠳ᠋ᠡᠭᠯᠡᠬᠡᠰᠦᠳ᠋ᠡᠢ ᠯᠠᠮᠠ 5 230 ᠬᠦᠮᠦᠨ ᠪᠠᠶᠢᠪᠠ᠂ ᠬᠠᠷᠢᠨ ᠪᠠᠳ᠋ᠠᠷᠠᠭᠤᠯᠳ᠋ᠤ ᠳᠦᠷᠦ ᠵᠢᠨ ᠭᠤᠴᠢᠨ ᠭᠤᠷᠪᠠᠨ ᠤᠨ︵1907 ᠤᠨ ︶ᠳ᠋ᠥ ᠪᠦᠬᠦ ᠬᠤᠰᠢᠭᠤᠨ  ᠤ ᠬᠦᠮᠦᠨ ᠠᠮᠠ ᠰᠠᠶ᠋ᠢ  3 ᠳᠦᠮᠨ ᠭᠠᠷᠤᠢ ᠯᠡ ᠪᠠᠶᠢᠪᠠ᠂ ᠡᠶᠢᠮᠦ ᠡᠴᠡ ᠨᠠᠰᠤᠨ ᠳ᠋ᠥ ᠬᠦᠷᠦᠭᠰᠡᠨ ᠬᠤᠶᠠᠷ ᠡᠷᠡᠭᠳ᠋ᠡᠢ ᠵᠢᠨ ᠨᠢᠬᠡ ᠨᠢ ᠯᠠᠮᠠ ᠪᠤᠯᠤᠭᠰᠠᠨ ᠪᠠᠶᠢᠨ᠎ᠠ᠃        ᠴᠢᠩ ᠤᠯᠤᠰ  ᠦᠨ ᠵᠠᠰᠠᠭ  ᠦᠨ ᠭᠠᠵᠠᠷ ᠡᠴᠡ ᠳᠡᠬᠡᠳ᠋ᠤ ᠳᠠᠪᠬᠤᠷᠭᠠᠳ᠋ᠠᠨ  ᠤ ᠯᠠᠮᠠ ᠨᠠᠷ ᠲᠦ ᠡᠯ᠎ᠠ ᠵᠦᠢᠯ  ᠦᠨ ᠡᠷᠬᠢᠮ ᠬᠦᠨᠳ᠋ᠤᠳ᠋ᠤ ᠨᠡᠷ᠎ᠠ ᠳᠠᠭᠤᠳ᠋ᠠᠯᠭ᠎ᠠ᠂ ᠵᠡᠷᠬᠡ ᠬᠡᠷᠬᠡᠮ ᠪᠠ ᠤᠨᠴᠠ ᠡᠷᠬᠡ ᠤᠯᠭᠤᠭᠰᠠᠨ ᠨᠢ︽ᠱᠠᠭᠵᠠᠮᠤᠨᠢ ᠵᠢ ᠳᠡᠬᠡᠳ᠋ᠤᠯᠡᠬᠦ ᠶᠤᠰᠤᠨ ᠵᠢᠡᠷ ᠵᠠᠶᠠᠭ᠎ᠠ ᠵᠢ ᠨᠢ ᠵᠠᠬᠢᠷᠬᠤ︾ᠳᠦᠷᠦ ᠵᠢᠨ ᠪᠤᠳ᠋ᠤᠯᠭ᠎ᠠ ᠵᠢᠨ ᠬᠢᠨᠢ ᠪᠠᠰᠠ ᠨᠢᠬᠡᠨ ᠢᠯᠡᠷᠡᠯ ᠶᠤᠮ᠃ ᠵᠢᠱᠢᠶᠡᠯᠡᠪᠡᠯ ᠳᠡᠳ᠋ᠡᠨ ᠳ᠋ᠥ ᠵᠢᠯ ᠪᠤᠯᠭᠠᠨ ᠬᠠᠭᠠᠨ ᠳ᠋ᠥ ᠪᠠᠷᠠᠯᠬᠠᠬᠤ᠂ ᠮᠤᠩᠭᠤᠯ  ᠦᠨ ᠸᠠᠩ ᠬᠦᠩ ᠳᠠᠢ ᠠᠳ᠋ᠠᠯᠢ ᠬᠠᠷᠠᠭᠠᠯᠵᠠᠯ ᠬᠦᠷᠳ᠋ᠡᠬᠡᠬᠦ᠂ ᠳᠡᠬᠡᠳ᠋ᠤ ᠳᠠᠪᠬᠤᠷᠭᠠᠳ᠋ᠠᠨ  ᠤ ᠯᠠᠮᠠ ᠰᠦᠮ᠎ᠠ ᠬᠡᠶᠢᠳ  ᠦᠨ ᠬᠠᠷᠢᠶ᠎ᠠ ᠭᠠᠵᠠᠷ ᠲᠦ ᠪᠡᠨ ᠵᠠᠰᠠᠭ  ᠵᠠᠬᠢᠷᠭᠠᠨ ᠪᠠ ᠬᠠᠤᠯᠢ ᠴᠠᠭᠠᠵᠠ ᠵᠢᠨ ᠡᠷᠬᠡ ᠳᠠᠢ ᠪᠠᠶᠢᠬᠤ᠂ ᠬᠠᠷᠠᠴᠤᠤᠯ  ᠦᠨ ᠤᠯᠤᠰ ᠳᠦᠷᠦ ᠵᠢᠨ ᠬᠡᠷᠡᠭ ᠶᠠᠪᠤᠳ᠋ᠠᠯ ᠳ᠋ᠥ ᠤᠷᠤᠯᠴᠠᠵᠦ ᠪᠤᠯᠬᠤ ᠵᠢᠴᠢ ᠡᠯ᠎ᠠ ᠵᠦᠢᠯ  ᠦᠨ ᠤᠨᠴᠠ ᠬᠠᠷᠠᠭᠠᠯᠵᠠᠯᠠᠯ ᠬᠦᠷᠳ᠋ᠡᠬᠡᠬᠦ ᠮᠡᠳ᠋ᠤ ᠵᠢᠨ ᠠᠷᠭ᠎ᠠ ᠤᠬᠠᠭᠠᠨ ᠠᠪᠤᠭᠰᠠᠨ ᠶᠤᠮ᠃ ᠨᠦᠬᠦᠬᠡ ᠳᠠᠯ᠎ᠠ ᠪᠡᠷ᠂ ᠡᠯ᠎ᠠ ᠰᠦᠮ᠎ᠠ ᠬᠡᠶᠢᠳ ᠨᠢ ᠮᠠᠰᠢ ᠶᠡᠬᠡ ᠰᠦᠮ᠎ᠠ ᠵᠢᠨ ᠬᠦᠷᠦᠩᠬᠡ ᠡᠵᠡᠮᠳ᠋ᠠᠵᠤ᠂ ᠯᠠᠮᠠ ᠨᠠᠷ ᠠᠵᠦ ᠠᠬᠤᠢ ᠵᠢᠨ ᠳᠠᠯ᠎ᠠ ᠪᠡᠷ ᠪᠠᠳ᠋ᠤᠯᠠᠭ᠎ᠠ ᠳᠠᠢ ᠪᠠᠶᠢᠳ᠋ᠠᠭ᠃ ᠰᠦᠮ᠎ᠠ ᠬᠡᠶᠢᠳ  ᠦᠨ ᠠᠵᠦ ᠠᠬᠤᠢ ᠵᠢᠨ ᠢᠷᠡᠯᠳ᠋ᠡ ᠨᠢ ᠮᠠᠰᠢ ᠤᠯᠠᠨ ᠵᠦᠢᠯ  ᠦᠨ ᠪᠠᠶᠢᠳ᠋ᠠᠭ᠂ ᠴᠢᠩ ᠤᠯᠤᠰ  ᠦᠨ ᠦᠶ᠎ᠠ ᠵᠢᠨ ᠡᠯ᠎ᠠ ᠶᠡᠬᠡ ᠯᠠᠮᠠ ᠵᠢᠨ ᠰᠦᠮ᠎ᠠ ᠳ᠋ᠥ ᠪᠦᠷ ᠵᠠᠰᠠᠭ  ᠦᠨ ᠭᠠᠵᠠᠷ ᠡᠴᠡ ᠵᠤᠭᠤᠰ᠂ ᠠᠮᠤ ᠪᠤᠳ᠋ᠠᠭ᠎ᠠ᠂ ᠰᠦᠮ᠎ᠠ ᠵᠢᠨ ᠬᠦᠷᠦᠩᠬᠡ︵ᠭᠠᠵᠠᠷ ᠰᠢᠷᠤᠢ᠂ ᠰᠦᠮ᠎ᠠ ᠵᠢᠨ ᠵᠠᠷᠤᠴᠠ᠂ ᠮᠠᠯ ᠳᠡᠵᠢᠬᠡᠪᠤᠷᠢ ︶ᠦᠭᠳ᠋ᠡᠭ᠂ ᠰᠦᠮ᠎ᠠ ᠳ᠋ᠡᠬᠢ ᠳᠦᠳ᠋ᠠᠢ ᠳᠠᠢ ᠯᠠᠮᠠ︵ᠳᠠᠷᠤᠢ ᠬᠠᠭᠠᠨ  ᠤ ᠳᠠᠩᠰᠠᠨ ᠳ᠋ᠤ ᠪᠠᠶᠢᠳ᠋ᠠᠭ ᠯᠠᠮᠠ ︶ᠰᠠᠷ᠎ᠠ ᠪᠦᠷᠢ ᠵᠤᠭᠤᠰ ᠪᠠ ᠠᠮᠤ ᠪᠤᠳ᠋ᠠᠭ᠎ᠠ ᠤᠯᠳ᠋ᠠᠭ᠃ ᠭᠠᠵᠠᠷ ᠰᠢᠷᠤᠢ ᠪᠠ ᠬᠠᠷᠢᠶᠠᠳ᠋ᠤ ᠠᠷᠠᠳ ᠳᠠᠢ ᠯᠠᠮᠠ ᠵᠢᠨ ᠰᠦᠮ᠎ᠠ ᠨᠢ ᠭᠠᠵᠠᠷ ᠰᠢᠷᠤᠢ ᠪᠡᠨ ᠠᠰᠢᠭᠯᠠᠨ ᠠᠷᠠᠳ ᠳᠦᠮᠡᠨ ‍ᠢ ᠮᠦᠯᠵᠢᠳ᠋ᠡᠭ ᠮᠦᠷᠳ᠋ᠡᠬᠡᠨ ᠠᠷᠠᠳ ᠳᠦᠮᠡᠨ ᠡᠴᠡ ᠭᠠᠶᠢᠯᠢ ᠳᠠᠳ᠋ᠠᠪᠤᠷᠢᠯᠠᠨ ᠳᠦᠷᠢᠶᠡᠰᠤ ᠬᠤᠷᠢᠶᠠᠳ᠋ᠠᠭ᠃ ᠤᠯᠠᠨ ᠮᠠᠯ ᠳᠠᠢ ᠨᠢ ᠬᠦᠯᠦᠰᠤᠨ ᠮᠠᠯᠴᠢᠨ ᠵᠠᠷᠤᠳ᠋ᠠᠭ᠃ ᠠᠯᠳ᠋ᠠ ᠮᠦᠩᠬᠦ ᠪᠠᠯᠠᠨ ᠵᠤᠭᠤᠰ ᠳᠠᠢ ᠨᠢ ᠦᠨᠳ᠋ᠤᠷ ᠬᠦᠦ ᠳᠠᠢ ᠵᠢᠬᠡᠯᠡᠯᠬᠡ ᠳᠠᠯᠪᠢᠵᠤ ᠬᠦᠦ ᠮᠦᠩᠬᠦ ᠢᠳ᠋ᠠᠳ᠋ᠡᠭ᠃ ᠪᠠᠳ᠋ᠢᠷᠯᠠᠬᠤ ᠪᠠ ᠳᠤᠰᠤᠯ ᠭᠤᠶᠤᠬᠤ᠂ ᠦᠭᠯᠢᠬᠡ ᠵᠢᠨ ᠡᠵᠡᠨ  ᠤ ᠦᠭᠯᠢᠬᠡ᠂ ᠮᠦᠷᠬᠦᠯᠳ᠋ᠡᠨ  ᠤ ᠪᠠᠷᠢᠴᠠ᠂ ᠨᠤᠮ ᠤᠩᠰᠢᠭᠠᠳ ᠤᠯᠤᠭᠰᠠᠨ ᠬᠠᠷᠠᠮᠵᠢ ᠮᠦᠩᠬᠦ ᠵᠡᠷᠬᠡ ᠨᠢ ᠨᠢᠬᠡᠨᠳ᠋ᠡ ᠯᠤᠳ᠋ᠤ ᠶᠡᠬᠡ ᠰᠦᠮ᠎ᠠ ᠬᠡᠶᠢᠳ  ᠦᠨ ᠠᠵᠦ ᠠᠬᠤᠢ ᠵᠢ ᠪᠦᠷᠢᠯᠳ᠋ᠦᠬᠦᠯᠦᠭᠰᠡᠨ ᠡᠴᠡ ᠶᠠᠳ᠋ᠠᠭᠤ ᠵᠦᠳ᠋ᠡᠬᠦᠦ ᠮᠤᠩᠭᠤᠯ ᠬᠦᠮᠤᠨ ᠯᠠᠮᠠ ᠪᠤᠯᠬᠤ ᠨᠢ ᠬᠠᠮᠤᠭ ᠨᠠᠭᠠᠳ᠋ᠤ ᠵᠠᠬ᠎ᠠ ᠳ᠋ᠤ ᠪᠡᠨ ᠢᠳ᠋ᠡᠵᠦ ᠤᠤᠭᠤᠬᠤ ᠳ᠋ᠥ ᠪᠡᠨ ᠵᠦᠪ ᠪᠤᠯᠬᠤ ᠪᠦᠬᠡᠳ ᠴᠡᠷᠢᠭ  ᠦᠨ ᠠᠯᠪᠠ᠂ ᠠᠯᠪᠠ ᠬᠠᠭᠠᠬᠤ ᠪᠠ ᠭᠠᠶᠢᠯᠢ ᠳᠤᠰᠢᠶᠠᠬᠤ ᠡᠴᠡ ᠬᠡᠯᠳ᠋ᠤᠷᠢᠳ᠋ᠡᠭ᠃ ᠡᠶᠢᠮᠦ ᠡᠴᠡ ᠰᠠᠶᠢᠨ ᠳᠤᠷ᠎ᠠ ᠡᠴᠡ ᠪᠡᠨ ᠯᠠᠮᠠ ᠪᠤᠯᠤᠭᠰᠠᠳ ᠮᠠᠰᠢ ᠤᠯᠠᠨ᠃ ᠵᠠᠷᠢᠮ ᠭᠠᠵᠠᠷ ᠤᠷᠤᠨ ᠳ᠋ᠥ ᠨᠢᠬᠡ ᠡᠷᠤᠬᠡ ᠵᠢᠨ ᠠᠬ᠎ᠠ ᠳᠡᠬᠦᠦ ᠬᠡᠳ᠋ᠦ ᠪᠠᠶᠢᠭᠰᠠᠨ ᠴᠦ ᠬᠠᠮᠢᠶ᠎ᠠ ᠦᠬᠡᠢ᠂ ᠨᠢᠬᠡ ᠨᠢ ᠪᠠᠷᠢ ᠠᠪᠴᠤ ᠦᠨᠳ᠋ᠤᠰᠤ ᠤᠭᠰᠠᠭ᠎ᠠ ᠪᠡᠨ ᠵᠠᠯᠭᠠᠮᠵᠢᠯᠠᠭᠤᠯᠬᠤ ᠡᠴᠡ ᠪᠤᠰᠤᠳ ᠨᠢ ᠪᠦᠷ ᠰᠦᠮ᠎ᠠ ᠳ᠋ᠥ ᠤᠴᠢᠵᠤ ᠯᠠᠮᠠ ᠪᠤᠯᠤᠭᠰᠠᠨ ᠪᠠᠶᠢᠳ᠋ᠠᠭ᠃          ᠴᠢᠩ ᠤᠯᠤᠰ  ᠦᠨ ᠰᠡᠬᠦᠯᠴᠢ  ᠢᠷᠭᠡᠨ ᠤᠯᠤᠰ  ᠦᠨ ᠡᠬᠢ ᠪᠡᠷ᠂ ᠳᠤᠳ᠋ᠤᠭᠠᠳ᠋ᠤ ᠵᠢᠨ ᠰᠠᠮᠠᠭᠤᠷᠠᠯ ᠭᠠᠳ᠋ᠠᠭᠠᠳ᠋ᠤ ᠵᠢᠨ ᠳᠦᠢᠪᠡᠬᠡᠯᠬᠡ ᠡᠴᠡ ᠪᠤᠯᠵᠦ᠂ ᠴᠢᠩ ᠦᠨ ᠵᠠᠰᠠᠭ ᠨᠢᠬᠡᠨᠳ᠋ᠡ ᠡᠳ᠋ᠡᠬᠡᠷ ᠤᠯᠠᠨ ᠯᠠᠮᠠ ᠵᠢ ᠳᠡᠵᠢᠬᠡᠬᠦ ᠴᠢᠳ᠋ᠠᠯ ᠦᠬᠡᠢ ᠪᠤᠯᠵᠦ᠂ ᠤᠤᠯ  ᠦᠨ ᠡᠷᠬᠢᠮᠨᠡᠨ ᠬᠦᠨᠳ᠋ᠤᠯᠡᠵᠦ ᠡᠯᠪᠡᠭ ᠳᠡᠯᠪᠡᠭ ᠠᠮᠢᠳ᠋ᠤᠷᠠᠭᠤᠯᠳ᠋ᠠᠭ ᠳᠦᠷᠦ ᠵᠢᠨ ᠪᠤᠳ᠋ᠤᠯᠭ᠎ᠠ ᠪᠡᠨ ᠬᠤᠪᠢᠷᠠᠭᠤᠯᠵᠦ᠂ ᠬᠦᠢᠳ᠋ᠡᠮᠰᠦᠭ ᠬᠠᠨᠳ᠋ᠤᠨ ᠬᠤᠯᠠᠳ᠋ᠠᠨ ᠵᠠᠶᠢᠳ᠋ᠠᠬᠤ ᠪᠤᠯᠤᠭᠰᠠᠨ ᠡᠴᠡ ᠯᠠᠮᠠ ᠵᠢᠨ ᠱᠠᠰᠢᠨ  ᠤ  ᠪᠠᠢᠷᠢ  ᠰᠠᠭᠤᠷᠢ ᠨᠢ ᠴᠦ ᠡᠳ᠋ᠤᠷ ᠡᠴᠡ ᠡᠳ᠋ᠤᠷ ᠳᠤᠷᠤᠭᠰᠢᠯᠠᠪᠠ᠃ ᠴᠢᠩ ᠤᠯᠤᠰ  ᠦᠨ ᠳᠤᠮᠳ᠋ᠠᠴᠢ ᠦᠶ᠎ᠠ ᠪᠡᠷ ᠠᠤᠬᠠᠨ ᠬᠤᠰᠢᠭᠤᠨ ᠳ᠋ᠥ ᠯᠠᠮᠠ ᠵᠢᠨ ᠰᠦᠮ᠎ᠠ 72᠂ ᠳᠦᠮᠡ ᠰᠢᠬᠠᠮ ᠯᠠᠮᠠ ᠳᠠᠢ ᠪᠠᠶᠢᠪᠠ᠂ ᠬᠡᠪᠡᠴᠤ ᠴᠢᠩ ᠤᠯᠤᠰ  ᠦᠨ ᠰᠡᠬᠦᠯᠴᠢ ᠬᠡᠪᠳ᠋ᠦ ᠶᠤᠰᠤᠳ᠋ᠤ ᠵᠢᠨ ᠭᠤᠷᠪᠠᠳᠤᠭᠠᠷ ᠤᠨ︵1911 ᠤᠨ ︶ᠪᠤᠯᠬᠤ ᠳ᠋ᠥ ᠵᠦᠪᠬᠡᠨ 29 ᠰᠦᠮ᠎ᠠ᠂ 1 457 ᠯᠠᠮᠠ ᠦᠯᠡᠳ᠋ᠠᠵᠠᠢ᠃ 1919 ᠤᠨ︵ᠢᠷᠬᠡᠨ ᠤᠯᠤᠰ  ᠦᠨ 8 ᠤᠨ ︶ᠳ᠋ᠥ ᠪᠠᠭᠠᠷᠢᠨ ᠪᠠᠷᠠᠭᠤᠨ ᠬᠤᠰᠢᠭᠤᠨ  ᠤ ᠯᠠᠮᠠ ᠵᠢᠨ ᠳᠤᠭ᠎ᠠ ᠴᠢᠩ ᠤᠯᠤᠰ  ᠦᠨ ᠰᠡᠬᠦᠯᠴᠢ ᠵᠢᠨ 4 000 ᠭᠠᠷᠤᠢ ᠡᠴᠡ ᠪᠡᠨ 1 570 ᠪᠤᠯᠵᠦ ᠬᠠᠰᠤᠭᠳ᠋ᠠᠵᠠᠢ᠃        ᠬᠠᠭᠤᠷᠮᠠᠭ ᠮᠠᠨᠵᠦ ᠵᠢᠨ ᠦᠶᠡᠰ᠂ ᠿᠧᠾᠧ  ᠮᠤᠵᠢ ᠪᠤᠯᠤᠨ ᠬᠢᠩᠭᠠᠨ ᠪᠠᠷᠠᠭᠤᠨ ᠮᠤᠵᠢ ᠳ᠋ᠥ ᠯᠠᠮᠠ ᠵᠢᠨ ᠱᠠᠰᠢᠨ  ᠤ ᠬᠠᠮᠢᠶᠠᠷᠤᠯᠳ᠋ᠠ ᠵᠢᠨ ᠪᠠᠶᠢᠭᠤᠯᠤᠮᠵᠢ ᠪᠠᠶᠢᠭᠤᠯᠵᠦ᠂ ᠡᠯ᠎ᠠ ᠬᠤᠰᠢᠭᠤᠨ ᠳ᠋ᠥ ᠪᠦᠷ ᠬᠤᠪᠢᠶᠠᠷᠢ ᠪᠠᠶᠢᠭᠤᠯᠤᠮᠵᠢ ᠪᠠᠶᠢᠭᠤᠯᠤᠭᠰᠠᠨ ᠮᠦᠷᠳ᠋ᠡᠬᠡᠨ ᠶᠠᠫᠤᠨ  ᠤ ᠯᠠᠮᠠ ᠠᠷᠤ ᠬᠤᠷᠴᠢᠨ ᠬᠤᠰᠢᠭᠤᠨ  ᠤ ᠭᠧᠮᠫᠢ ᠵᠢᠨ ᠰᠦᠮ᠎ᠠ᠂ ᠪᠠᠭᠠᠷᠢᠨ ᠵᠡᠬᠦᠨ ᠬᠤᠰᠢᠭᠤᠨ  ᠤ ᠠᠭᠤᠢ ᠵᠢᠨ ᠰᠦᠮ᠎ᠠ᠂ ᠪᠠᠭᠠᠷᠢᠨ ᠪᠠᠷᠠᠭᠤᠨ ᠬᠤᠰᠢᠭᠤᠨ  ᠤ ᠪᠤᠶᠠᠨ ᠴᠤᠭᠯᠠᠭᠤᠯᠤᠭᠴᠢ ᠰᠦᠮ᠎ᠠ ᠵᠡᠷᠬᠡ ᠰᠦᠮ᠎ᠠ ᠬᠡᠶᠢᠳ ᠲᠦ ᠢᠷᠡᠵᠦ ᠳᠠᠩᠨᠠᠭᠤᠯ  ᠦᠨ ᠠᠵᠢᠯᠯᠠᠭ᠎ᠠ ᠬᠢᠵᠦ ᠪᠠᠶᠢᠵᠠᠢ᠃ ᠶᠠᠫᠤᠨ  ᠤ ᠡᠵᠡᠷᠬᠡᠭ ᠳᠦᠷᠢᠮᠡᠬᠡᠶᠢᠳ᠋ᠡᠨ ᠯᠠᠮᠠ ᠵᠢᠨ ᠱᠠᠰᠢᠨ ‍ᠢ ᠠᠰᠢᠭᠯᠠᠵᠦ ᠯᠠᠮᠠ ᠨᠠᠷ ᠲᠦ ᠪᠤᠭᠤᠯᠴᠢᠯᠠᠬᠤ ᠬᠦᠮᠦᠵᠢᠯ ᠬᠢᠵᠦ᠂ ᠯᠠᠮᠠ ᠨᠠᠷ  ᠦᠨ ᠳᠦᠪᠡᠳ᠂ ᠬᠦᠬᠡᠨᠠᠭᠤᠷ᠂ ᠭᠠᠨᠰᠦ ᠳ᠋ᠥ ᠤᠴᠢᠵᠦ ᠰᠤᠷᠤᠯᠴᠠᠬᠤ ᠵᠢ ᠬᠢᠵᠠᠭᠠᠷᠯᠠᠵᠦ᠂ ᠳᠡᠬᠡᠳ᠋ᠤ ᠳᠡᠪᠬᠤᠷᠭᠠᠳ᠋ᠠᠨ  ᠤ ᠯᠠᠮᠠ ᠨᠠᠷ ‍ᠢ ᠦᠳ᠋ᠦᠬᠡᠨ ᠶᠠᠫᠤᠨ ᠳ᠋ᠥ ᠤᠴᠢᠵᠤ ᠰᠤᠷᠪᠤᠯᠵᠢᠯᠠᠭᠤᠯᠵᠦ ᠪᠠᠶᠢᠪᠠ᠃ ᠵᠢᠱᠢᠶᠠᠯᠠᠪᠠᠯ᠂ ᠠᠷᠤ ᠬᠤᠷᠴᠢᠨ ᠬᠤᠰᠢᠭᠤᠨ  ᠤ ᠨᠠᠢᠮᠠᠳ᠋ᠤᠭᠠᠷ ᠳᠦᠷᠢ ᠵᠢᠨ ᠴᠠᠭᠠᠨ ᠳᠠᠷᠬᠠᠨ ᠵᠡᠷᠬᠡ ᠬᠤᠳ᠋ᠤᠭᠳ᠋ᠤ ᠡᠨᠡ ᠬᠤᠭᠤᠴᠠᠭᠠᠨ ᠳ᠋ᠤ ᠶᠠᠫᠤᠨ ᠳ᠋ᠥ ᠠᠶᠢᠯᠴᠢᠯᠠᠨ ᠰᠤᠷᠪᠤᠯᠵᠢᠯᠠᠵᠠᠢ᠃ ᠬᠠᠭᠤᠷᠮᠠᠭ ᠮᠠᠨᠵᠦ ᠵᠢᠨ ᠬᠤᠭᠤᠴᠠᠭᠠᠨ ᠳ᠋ᠥ ᠯᠠᠮᠠ ᠵᠢᠨ ᠱᠠᠰᠢᠨ ᠪᠠᠰᠠ ᠦᠬᠡᠳ᠋ᠡᠯᠡᠨ ᠳᠠᠬᠡᠭᠰᠢᠯᠠᠬᠦ ᠬᠠᠨᠳ᠋ᠤᠰᠢ ᠳᠠᠢ ᠪᠤᠯᠪᠠ᠂ ᠵᠢᠱᠢᠶᠡᠯᠡᠪᠡᠯ ᠬᠡᠰᠢᠭᠳ᠋ᠡᠨ ᠬᠤᠰᠢᠭᠤ 1929 ᠤᠨ ᠳ᠋ᠥ 445 ᠯᠠᠮᠠ ᠳᠠᠢ ᠪᠠᠶᠢᠬᠰᠠᠨ ᠡᠴᠠ ᠪᠡᠨ 1938 ᠤᠨ ᠪᠤᠯᠬᠤ ᠳ᠋ᠥ 540 ᠯᠠᠮᠠ ᠳᠠᠢ ᠪᠤᠯᠵᠠᠢ᠃ 1945 ᠤᠨ ᠳ᠋ᠥ ᠴᠢᠯᠦᠬᠡᠯᠡᠭᠳ᠋ᠡᠭᠰᠡᠨ  ᠤ ᠳᠠᠷᠠᠭ᠎ᠠ ᠤᠯᠠᠩᠬᠢ ᠯᠠᠮᠠ ᠨᠢ ᠬᠠᠷᠠᠴᠤ ᠠᠷᠠᠳ ᠪᠤᠯᠵᠦ᠂ ᠯᠠᠮᠠ ᠵᠢᠨ ᠳᠤᠭ᠎ᠠ ᠳᠦᠷᠬᠡᠨ ᠵᠢᠡᠷ ᠬᠠᠰᠤᠭᠳ᠋ᠠᠵᠦ᠂ 1990 ᠤᠨ ᠪᠤᠯᠬᠤ ᠳ᠋ᠥ ᠪᠦᠬᠦ ᠬᠤᠳ᠋ᠠ ᠳ᠋ᠥ 416 ᠯᠠᠮᠠ ᠦᠯᠡᠳ᠋ᠡᠭᠰᠡᠨ ᠪᠠᠶᠢᠨ᠎ᠠ᠃  
          