ᠪᠤᠷᠬᠠᠨ  ᠱᠠᠰᠢᠨ    
  
2022/12/9
 ᠬᠤᠶᠠᠳ᠋ᠤᠭᠠᠷ ᠬᠡᠰᠡᠭ   ᠪᠤᠷᠬᠠᠨ  ᠱᠠᠰᠢᠨ  ᠤ ᠠᠵᠢᠯᠯᠠᠭ᠎ᠠ         ᠨᠢᠬᠡ᠂ ᠯᠠᠮᠠ ᠵᠢᠨ ᠳᠤᠰᠢᠶᠠᠯ ᠪᠠ ᠰᠦᠮ᠎ᠠ ᠵᠢᠨ ᠵᠤᠬᠢᠶᠠᠨ ᠪᠠᠶᠢᠭᠤᠯᠤᠯᠳ᠋ᠠ  ᠯᠠᠮᠠ ᠵᠢᠨ ᠳᠤᠰᠢᠶᠠᠯ  ᠦᠨ ᠨᠠᠷ᠎ᠠ ᠵᠢ ᠴᠤᠯᠠ ᠡᠷᠬᠦᠮᠵᠢᠯᠠᠬᠦ᠂ ᠳᠤᠰᠢᠶᠠᠯ᠂ ᠮᠠᠷᠬᠡᠵᠢᠯ  ᠦᠨ ᠴᠤᠯᠠ ᠬᠡᠵᠤ ᠭᠤᠷᠪᠠᠨ ᠳᠦᠷᠦᠯ ᠬᠤᠪᠢᠶᠠᠳ᠋ᠠᠭ᠃ ᠴᠤᠯᠠ ᠡᠷᠬᠦᠮᠵᠢᠯᠠᠬᠦ ᠵᠢ ᠴᠢᠩ ᠤᠯᠤᠰ  ᠦᠨ ᠳᠦᠷᠦ ᠵᠢᠨ ᠬᠠᠭᠠᠨ᠂ ᠳᠠᠯᠠᠢ ᠯᠠᠮ᠎ᠠ ᠪᠠ ᠪᠠᠨᠴᠢᠠᠡᠷᠳ᠋ᠠᠨᠢ ᠬᠤᠳ᠋ᠤᠭᠳ᠋ᠤ ᠨᠠᠷ ᠬᠤᠪᠢᠯᠠᠢ ᠬᠠᠭᠠᠨ ᠳ᠋ᠥ ᠦᠵᠡᠬᠦᠯᠦᠭᠰᠡᠨ ᠬᠤᠪᠢ ᠨᠠᠮᠠᠬᠦᠷᠢ ᠵᠢᠴᠢ ᠱᠠᠰᠢᠨ  ᠤ ᠡᠳ᠋ᠡᠬᠡᠳ  ᠦᠨ ᠬᠢᠨ  ᠤ ᠪᠠᠶᠢᠷᠢ ᠰᠠᠭᠤᠷᠢ ᠵᠢ ᠦᠨᠳ᠋ᠤᠰᠤᠯᠠᠨ ᠳᠤᠭᠳ᠋ᠠᠭᠠᠳ᠋ᠠᠭ᠃ ᠳᠤᠰᠢᠶᠠᠯ ‍ᠢ ᠬᠠᠭᠠᠨ ᠪᠤᠶᠤ ᠡᠯ᠎ᠠ ᠱᠠᠳ᠋ᠤᠨ  ᠤ ᠵᠠᠰᠠᠭ  ᠦᠨ ᠤᠷᠳ᠋ᠤᠨ ᠰᠦᠮ᠎ᠠ ᠬᠡᠶᠢᠳ  ᠦᠨ ᠵᠠᠰᠠᠭ ᠵᠠᠬᠢᠷᠭᠠᠨ  ᠤ ᠬᠠᠮᠢᠶᠠᠷᠤᠯᠳ᠋ᠠ ᠵᠢᠨ ᠬᠡᠷᠡᠭᠴᠡᠬᠡ ᠵᠢᠴᠢ ᠯᠠᠮᠠ ᠵᠢᠨ ᠤᠯᠤᠰ ᠳᠦᠷᠦ ᠵᠢᠨ ᠠᠵᠢᠯᠯᠠᠭ᠎ᠠ ᠵᠢᠨ ᠴᠢᠳ᠋ᠠᠪᠤᠷᠢ ᠵᠢ ᠦᠨᠳ᠋ᠤᠰᠤᠯᠠᠨ ᠳᠤᠭᠳ᠋ᠠᠭᠠᠳ᠋ᠠᠭ᠃ ᠮᠠᠷᠬᠡᠵᠢᠯ  ᠦᠨ ᠴᠤᠯᠠ ᠵᠢ ᠭᠤᠤᠯᠳ᠋ᠠᠭᠤ ᠯᠠᠮᠠ ᠵᠢᠨ ᠳᠤᠰ ᠬᠦᠮᠤᠨ  ᠤ ᠨᠤᠮ ᠬᠠᠶᠠᠯᠴᠠᠬᠤ ᠪᠦᠳ᠋ᠤᠮᠵᠢ ᠵᠢᠨ ᠬᠢᠨᠢ ᠦᠨᠳ᠋ᠤᠷ ᠳᠤᠤᠷ᠎ᠠ ᠵᠢ ᠦᠨᠳ᠋ᠤᠰᠤᠯᠡᠨ ᠳᠤᠭᠳ᠋ᠠᠭᠠᠳ᠋ᠠᠭ᠃        ᠯᠠᠮᠠ ᠵᠢᠨ ᠳᠤᠰᠢᠶᠠᠯ᠂ ᠡᠷᠳ᠋ᠠᠮ  ᠦᠨ ᠴᠤᠯᠠ ᠵᠢᠨ ᠨᠡᠷᠡᠶᠢᠳ᠋ᠤᠯ ᠤᠯᠠᠨ ᠪᠠᠶᠢᠳ᠋ᠠᠭ᠃ ᠳᠠᠬᠡᠳ᠋ᠤ ᠳᠠᠪᠬᠤᠷᠭ᠎ᠠ ᠵᠢᠨ ᠯᠠᠮᠠ ᠳ᠋ᠤ ᠬᠤᠳ᠋ᠤᠭᠳ᠋ᠤ᠂ ᠨᠤᠮ  ᠦᠨ ᠬᠠᠨ᠂ ᠳᠠᠷᠬᠠᠨ᠂ ᠪᠠᠨᠳ᠋ᠢᠳ᠋ᠠ᠂ ᠵᠠᠰᠠᠭ ᠳ᠋ᠠ ᠯᠠᠮᠠ᠂ ᠳᠠᠪᠤᠨᠠᠭ᠂ ᠱᠠᠪᠷᠠᠩ᠂ ᠳᠠᠳ᠋ ᠵᠠᠰᠠᠭ ᠳ᠋ᠠ ᠯᠠᠮᠠ᠂ ᠵᠠᠰᠠᠭ ᠯᠠᠮᠠ᠂ ᠳ᠋ᠠ ᠯᠠᠮᠠ᠂ ᠵᠤᠳᠪᠠ ᠯᠠᠮᠠ᠂ ᠱᠠᠩᠰᠠᠳ ᠯᠠᠮᠠ᠂ ᠳᠠᠮᠴᠢ᠂ ᠬᠡᠰᠬᠦᠢ᠂ ᠬᠡᠯᠦᠢᠩ ᠵᠡᠷᠬᠡ ᠪᠤᠢ᠃ ᠳᠤᠤᠷᠠᠳ᠋ᠤ ᠳᠠᠪᠬᠤᠷᠭ᠎ᠠ ᠵᠢᠨ ᠯᠠᠮᠠ ᠳ᠋ᠥ ᠰᠦᠢᠪᠤᠨ︵ᠳᠤᠰᠬᠠᠶᠢᠯᠠᠨ ᠯᠠᠮᠠ᠂ ᠬᠡᠬᠡᠨ  ᠤ ᠡᠮᠤᠰᠬᠦ ᠢᠳ᠋ᠠᠬᠦ ᠬᠤᠨᠤᠵᠤ ᠬᠡᠪᠳ᠋ᠠᠬᠦ᠂ ᠶᠠᠪᠤᠵᠤ ᠰᠠᠭᠤᠬᠤ ᠵᠡᠷᠬᠡ ᠠᠷᠰᠠᠷ ᠠᠵᠢᠯ ‍ᠢ ᠬᠠᠮᠢᠶᠠᠷᠳ᠋ᠠᠭ ︶᠂ ᠨᠢᠷᠪᠠ ︵ᠳᠠᠬᠡᠳ᠋ᠤ ᠱᠠᠳ᠋ᠤᠨ  ᠤ ᠯᠠᠮᠠ ᠳᠠᠮᠴᠢ ᠵᠢᠨ ᠰᠢᠭᠤᠳ ᠵᠢᠯᠤᠭᠤᠳ᠋ᠤᠯᠭ᠎ᠠ ᠵᠢ ᠬᠦᠯᠢᠶᠠᠵᠤ᠂ ᠰᠦᠮ᠎ᠠ ᠵᠢᠨ ᠬᠤᠷᠢᠶ᠎ᠠ ᠵᠢᠴᠢ ᠰᠦᠮ᠎ᠠ ᠵᠢᠨ ᠤᠷᠤᠨ  ᠤ ᠶᠠᠷᠤᠩᠬᠡᠢ ᠶᠠᠪᠤᠳ᠋ᠠᠯ ‍ᠢ ᠬᠤᠪᠢᠶᠠᠷᠢᠯᠠᠨ ᠬᠠᠮᠢᠶᠠᠷᠳ᠋ᠠᠭ᠂ ᠵᠤᠷᠰᠢᠯ ᠵᠢᠡᠷ ᠬᠠᠮᠢᠶᠠᠷᠤᠭᠴᠢ ᠯᠠᠮᠠ ᠬᠡᠵᠤ ᠳᠠᠭᠤᠳ᠋ᠠᠳ᠋ᠠᠭ ︶᠂ ᠰᠤᠷ  ᠦᠨ ᠯᠠᠮᠠ (︽ᠰᠤᠷ ᠵᠠᠯᠠᠬᠤ 》ᠳ᠋ᠤ ᠰᠢᠳ᠋ᠠᠭᠠᠬᠤ ᠬᠡᠷᠡᠭ ᠤᠴᠢᠷ ‍ᠢ ᠳᠤᠰᠬᠠᠶᠢᠯᠠᠨ ᠬᠠᠮᠢᠶᠠᠷᠳ᠋ᠠᠭ )᠂ ᠤᠩᠰᠠᠳ ︵ᠪᠤᠷᠬᠠᠨ  ᠤ ᠨᠤᠮ ‍ᠢ ᠳᠠᠭᠠᠭᠤᠯᠤᠨ ᠤᠩᠰᠢᠳ᠋ᠠᠭ ᠬᠦᠮᠤᠨ ︶᠂ ᠬᠡᠪᠭᠦᠢ︵ᠳᠠᠬᠡᠳ᠋ᠤ ᠱᠠᠳ᠋ᠤᠨ  ᠤ ᠯᠠᠮ᠎ᠠ ᠬᠡᠰᠬᠦᠢ ᠵᠢ ᠬᠠᠪᠰᠤᠷᠴᠤ ᠤᠯᠠᠨ ᠯᠠᠮᠠ ᠳ᠋ᠤ ᠰᠢᠭᠤᠳ ᠬᠢᠨᠠᠯᠳ᠋ᠠ ᠳᠠᠯᠪᠢᠳ᠋ᠠᠭ ︶᠂ ᠭᠤᠨᠢᠷ︵ᠨᠤᠮ  ᠦᠨ ᠡᠳ᠋᠂ ᠳᠠᠩᠭᠠᠷᠢᠭ  ᠦᠨ ᠡᠳ᠋᠂ ᠨᠤᠮ ᠰᠤᠳ᠋ᠤᠷ ᠵᠢᠴᠢ ᠴᠠᠮ  ᠦᠨ ᠪᠠᠭ᠂ ᠰᠢᠷᠡᠬᠡ ᠰᠠᠨᠳ᠋ᠠᠯᠢ᠂ ᠤᠷᠤ ᠬᠦᠰᠢᠬᠡ ᠵᠡᠷᠬᠡ ᠵᠢ ᠳᠡᠭᠰᠢᠯᠠᠨ ᠬᠠᠮᠢᠶᠠᠷᠴᠤ᠂ ᠰᠦᠮ᠎ᠠ ᠵᠢᠨ ᠡᠬᠦᠳ᠋ᠠᠨ ᠳᠦᠯᠬᠢᠬᠦᠷ ‍ᠢ ᠠᠳᠬᠤᠳ᠋ᠠᠭ ︶᠂ ᠴᠤᠶ᠋ᠢᠭ ︵ᠬᠡᠪᠢᠭ  ᠦᠨ ᠳᠤᠰᠠᠯᠠᠭᠴᠢ ︶᠂ ᠬᠠᠮᠪᠤ︵ᠵᠢᠰᠠ ᠪᠤᠶᠤ ᠪᠤᠷᠬᠠᠨ  ᠤ ᠵᠢᠰᠠ ᠯᠠᠮ᠎ᠠ ᠵᠢᠨ ᠵᠢᠯᠤᠭᠤᠳ᠋ᠤᠯᠭ᠎ᠠ ᠪᠡᠷ ᠡᠯ᠎ᠠ ᠵᠦᠢᠯ  ᠦᠨ ᠬᠡᠷᠡᠭ ᠤᠴᠢᠷ ‍ᠢ ᠬᠤᠪᠢᠶᠠᠨ ᠬᠠᠮᠢᠶᠠᠷᠳ᠋ᠠᠭ᠂ ᠵᠢᠱᠢᠶᠠᠯᠠᠪᠠᠯ ᠦᠬᠡᠷ ᠮᠤᠷᠢ᠂ ᠬᠤᠨᠢ ᠢᠮᠠᠭ᠎ᠠ ᠵᠢᠨ ᠰᠦᠷᠦᠭ ᠵᠢᠴᠢ ᠭᠠᠵᠠᠷ ᠰᠢᠷᠤᠢ ᠡᠵᠡᠩᠨᠠᠬᠦ ᠪᠠ ᠠᠷᠠᠯᠵᠢᠶᠠᠯᠠᠬᠤ᠂ ᠪᠠᠷᠢᠯᠭ᠎ᠠ ᠵᠢᠨ ᠠᠵᠢᠯ ‍ᠢ ᠬᠢᠨᠠᠬᠤ ᠵᠡᠷᠬᠡ ︶᠂ ᠪᠢᠴᠢᠬᠡᠴᠢ︵ᠪᠤᠷᠬᠠᠨ  ᠤ ᠵᠢᠰᠠ ᠪᠠ ᠵᠢᠰᠠ ᠵᠢᠨ ᠠᠯᠢᠪᠠ ᠪᠢᠴᠢᠭ ᠮᠠᠲ᠋ᠧᠷᠢᠶᠠᠯ ᠳᠠᠩᠰᠠ ᠳᠠᠪᠳ᠋ᠠᠷ  ᠢ  ᠰᠢᠢᠳᠪᠦᠷᠢᠯᠡᠳᠡᠭ᠂ ᠪᠢᠴᠢᠬᠡᠴᠢ ᠮᠦᠷᠳ᠋ᠡᠬᠡᠨ ᠨᠢᠬᠳ᠋ᠠᠯᠠᠨ ᠪᠤᠳ᠋ᠤᠭᠴᠢ ︶ᠵᠡᠷᠬᠡ ᠪᠤᠢ᠃ ᠳᠠᠮᠳ᠋ᠡᠭᠯᠠᠯ ‍ᠢ ᠦᠨᠳ᠋ᠤᠰᠤᠯᠠᠪᠠᠯ᠂ ᠯᠠᠮ᠎ᠠ ᠵᠢᠨ ᠳᠤᠰᠢᠶᠠᠯ ᠳᠠᠬᠡᠭᠰᠢ ᠳᠤᠷᠤᠭᠰᠢ ᠨᠠᠶᠢᠳ᠋ᠠ 24 ᠳᠠᠰ ᠪᠠᠶᠢᠳ᠋ᠠᠭ᠃  ᠰᠦᠮ᠎ᠠ ᠬᠡᠶᠢᠳ  ᠦᠨ ᠳᠤᠳ᠋ᠤᠭᠠᠳ᠋ᠤ ᠳ᠋ᠤ ᠪᠡᠨ ᠨᠢᠬᠡᠨ ᠢᠵᠢ ᠴᠢᠩᠭ᠎ᠠ ᠨᠢᠮᠪᠠᠢ ᠰᠤᠷᠤᠯᠴᠠᠬᠤ ᠪᠠ ᠮᠠᠳ᠋ᠠᠯᠬᠡ ᠤᠯᠠᠮᠵᠢᠯᠠᠬᠤ ᠳᠦᠷᠢᠮ ᠳᠠᠢ᠃ ᠯᠠᠮᠠ ᠵᠢᠨ ᠰᠤᠷᠤᠯᠴᠠᠳ᠋ᠠᠭ ᠨᠤᠮ︽ᠭᠠᠨᠵᠤᠤᠷ︾ᠪᠤᠯ ᠪᠤᠷᠬᠠᠨ  ᠤ ᠰᠤᠷᠭᠠᠯ  ᠦᠨ ᠪᠦᠬᠦᠳ᠋ᠠ ᠬᠤᠷᠢᠶᠠᠩᠭᠤᠢ ᠪᠢᠴᠢᠭ᠃ ᠬᠡᠪᠴᠢᠶ᠎ᠠ ᠪᠡᠷ ᠶᠡᠬᠡ ᠯᠠᠮᠠ ᠵᠢᠨ ᠰᠦᠮ᠎ᠠ ᠨᠢ ᠱᠠᠰᠢᠨ ᠰᠤᠷᠳ᠋ᠠᠬᠤᠨ  ᠤ ᠳᠠᠬᠡᠳ᠋ᠤ ᠰᠤᠷᠭᠠᠭᠤᠯᠢ ᠪᠤᠯᠤᠭᠰᠠᠨ  ᠤ ᠬᠤᠪᠢ ᠳ᠋ᠤ ᠳᠦᠷᠪᠡᠨ ᠰᠢᠨᠵᠢᠯᠠᠬᠡᠨ ᠬᠤᠪᠢᠶᠠᠵᠠᠢ᠂ ᠳᠠᠷᠤᠢ ᠳᠦᠷᠪᠠᠨ ᠷᠠᠰᠠᠩ ᠪᠤᠶᠤ ᠪᠠᠰᠠ ᠳᠦᠷᠪᠡᠨ ᠳᠠᠰᠤᠭ᠂ ᠳᠦᠷᠪᠡᠨ ᠳᠠᠬᠡᠳ᠋ᠤ ᠰᠤᠷᠭᠠᠭᠤᠯᠢ ᠬᠡᠬᠦ ᠮᠠᠳ᠋ᠤ ᠪᠡᠷ ᠨᠠᠷᠠᠯᠠᠳ᠋ᠡᠭ᠂ ᠳᠠᠷᠤᠢ ᠴᠦᠢᠷᠸ᠎ᠠ ᠵᠢᠨ ᠷᠠᠰᠠᠩ ︵ᠤᠴᠢᠷ ᠰᠢᠯᠳ᠋ᠠᠭᠠᠨ  ᠤ ᠤᠬᠠᠭᠠᠨ  ᠤ ᠳᠠᠬᠡᠳ᠋ᠤ ᠰᠤᠷᠭᠠᠭᠤᠯᠢ ︶᠃ ᠳ᠋ᠦ᠋ᠢᠩᠬᠤᠷ ᠷᠠᠰᠠᠩ︵ᠵᠢᠷᠤᠬᠠᠢ ᠤᠬᠠᠭᠠᠨ  ᠤ ᠳᠠᠬᠡᠳ᠋ᠤ ᠰᠤᠷᠭᠠᠭᠤᠯᠢ ︶᠂ ᠮᠠᠨᠷᠠᠮᠪᠠ ᠷᠠᠰᠠᠩ︵ᠠᠨᠠᠭᠠᠬᠤ ᠤᠬᠠᠭᠠᠨ  ᠤ ᠳᠠᠬᠡᠳ᠋ᠤ ᠰᠤᠷᠭᠠᠭᠤᠯᠢ ︶᠂ ᠵᠦᠳᠪᠠ ᠷᠠᠰᠠᠩ ︵ᠳᠠᠷᠨᠢ ᠵᠢᠨ ᠤᠬᠠᠭᠠᠨ  ᠤ ᠳᠠᠬᠡᠳ᠋ᠤ ᠰᠤᠷᠭᠠᠭᠤᠯᠢ ︶ᠵᠡᠷᠬᠡ ᠪᠤᠯᠤᠨ᠎ᠠ᠃ ᠳᠦᠷᠪᠡᠨ ᠳᠠᠰᠤᠭ ᠪᠦᠷᠢᠳ᠋ᠦᠭᠰᠠᠨ ᠳᠠᠬᠡᠳ᠋ᠤ ᠰᠤᠷᠭᠠᠭᠤᠯᠢ ᠳᠠᠢ ᠰᠦᠮ᠎ᠠ ᠴᠦᠬᠡᠨ ᠪᠠᠶᠢᠳ᠋ᠠᠭ᠃ ᠬᠡᠰᠢᠭᠳ᠋ᠠᠨ ᠬᠤᠰᠢᠭᠤᠨ  ᠤ ᠳᠤᠯᠢ ᠰᠦᠮ᠎ᠠ ᠳᠦᠷᠪᠡᠨ ᠳᠠᠰᠤᠭ ᠬᠤᠪᠢᠶᠠᠨ ᠪᠠᠶᠢᠭᠤᠯᠵᠤ᠂ ᠨᠠᠯᠢᠶᠠᠳ ᠪᠦᠷᠢᠨ ᠳᠦᠬᠦᠷ ᠪᠠᠶᠢᠳ᠋ᠠᠭ᠃ ᠯᠠᠮᠠ ᠨᠠᠷ  ᠦᠨ ᠰᠤᠷᠤᠯᠭ᠎ᠠ ᠵᠢ ᠱᠠᠩᠨᠠᠬᠤ ᠵᠢᠨ ᠳᠦᠯᠦᠬᠡ᠂ ᠡᠯ᠎ᠠ ᠬᠢᠴᠢᠶᠠᠯ  ᠦᠨ ᠨᠤᠮ ᠰᠤᠳ᠋ᠤᠷ ᠵᠢᠠᠨ ᠰᠤᠷᠴᠤ ᠪᠠᠷᠠᠭᠰᠠᠨ  ᠤ ᠰᠠᠬᠦᠯᠠᠷ᠂ ᠰᠢᠯᠭᠠᠯᠳ᠋ᠠ ᠵᠢ ᠦᠩᠬᠡᠷᠡᠬᠡᠬᠡᠳ ᠡᠯ᠎ᠠ ᠵᠦᠢᠯ  ᠦᠨ ᠴᠤᠯᠠ ᠤᠯᠭᠤᠳ᠋ᠠᠭ᠂ ᠴᠤᠯᠠ ᠨᠢ ᠳᠤᠰ ᠳᠤᠰ ᠽᠢᠷᠮᠠᠪᠠ᠂ ᠷᠠᠨᠺᠠᠵᠠᠮᠪᠠ᠂ ᠭᠠᠪᠵᠤ᠂ ᠠᠭᠷᠠᠮᠪᠠ᠂ ᠮᠠᠨᠷᠠᠮᠪᠠ ᠪᠤᠯᠤᠨ᠎ᠠ᠃ ᠬᠡᠳ᠋ᠤᠨ ᠠᠷᠪᠠᠨ ᠵᠢᠯ  ᠦᠨ ᠰᠤᠷᠤᠯᠴᠠᠯᠭ᠎ᠠ ᠵᠢ ᠦᠩᠬᠡᠷᠡᠬᠡᠬᠡᠳ ᠵᠢᠩᠬᠢᠨᠢ ᠯᠠᠮ᠎ᠠ ᠪᠤᠯᠤᠨ ᠳᠠᠪᠰᠢᠭᠰᠠᠨ  ᠤ ᠰᠠᠬᠦᠯᠠᠷ ᠨᠢᠭᠤᠴᠠ ᠳᠠᠷᠨᠢ ᠵᠢᠨ ᠨᠤᠮᠯᠠᠯ᠂ ᠶᠧᠯᠧᠢ ᠳᠠᠷᠨᠢ ᠵᠢᠴᠢ ᠡᠮᠴᠢ ᠵᠢᠨ ᠮᠠᠷᠬᠡᠵᠢᠯ ‍ᠢ ᠰᠤᠷᠤᠯᠴᠠᠬᠤ ᠬᠢᠷᠢ ᠬᠡᠮ ‍ᠢ ᠤᠯᠳ᠋ᠠᠭ᠃ ᠳᠠᠷᠠᠭ᠎ᠠ ᠪᠡᠷ ᠨᠢ ᠰᠢᠯᠭᠠᠯᠳ᠋ᠠ ᠪᠡᠷ ᠳᠠᠮᠵᠢᠭᠠᠳ ᠰᠠᠶ᠋ᠢ ︽ᠳᠦᠷᠪᠡᠨ ᠰᠤᠷᠭᠠᠭᠤᠯᠢ ᠬᠦᠷᠳ᠋ᠡᠭᠴᠢ 》᠂︽ᠳᠠᠪᠤᠨ ᠰᠤᠷᠭᠠᠭᠤᠯᠢ ᠬᠦᠷᠳ᠋ᠡᠭᠴᠢ 》᠂︽ᠠᠷᠪᠠᠨ ᠰᠤᠷᠭᠠᠭᠤᠯᠢ ᠬᠦᠷᠳ᠋ᠡᠭᠴᠢ ︾ ᠵᠡᠷᠬᠡ ᠡᠷᠳ᠋ᠠᠮ  ᠦᠨ ᠴᠤᠯᠠ ᠤᠯᠳ᠋ᠠᠭ᠃
          