ᠨᠤᠮ  ᠦᠨ ᠬᠤᠷᠠᠯ  ᠦᠨ ᠠᠵᠢᠯᠯᠠᠭ᠎ᠠ
  
2022/12/9
ᠨᠤᠮ  ᠦᠨ ᠬᠤᠷᠠᠯ  ᠦᠨ ᠠᠵᠢᠯᠯᠠᠭ᠎ᠠ        ᠨᠤᠮ  ᠦᠨ ᠬᠤᠷᠠᠯ  ᠦᠨ ᠠᠵᠢᠯᠯᠠᠭ᠎ᠠ ᠪᠤᠯ ᠱᠠᠰᠢᠨ  ᠤ ᠶᠠᠷᠤᠳ᠋ᠡ ᠵᠢᠨ ᠠᠵᠢᠯᠯᠠᠭ᠎ᠠ ᠪᠤᠯᠤᠨ᠎ᠠ᠂ ᠰᠦᠮ᠎ᠠ ᠬᠡᠶᠢᠳ  ᠦᠨ ᠨᠡᠮᠡᠭᠳ᠋ᠡᠨ ᠦᠷᠬᠡᠵᠢᠬᠦ ᠵᠢ ᠳᠠᠭᠠᠯᠳ᠋ᠤᠨ᠂ ᠡᠳ᠋ᠤᠷ ᠢᠷᠡᠬᠦᠶ᠎ᠠ ᠤᠯᠠᠰᠢᠷᠠᠵᠦ ᠤᠯᠠᠮ ᠪᠤᠳ᠋ᠤᠯᠢᠶᠠᠨᠳ᠋ᠠᠢ ᠪᠤᠯᠵᠠᠢ᠃        ᠯᠠᠮᠠ ᠨᠠᠷ ᠡᠳ᠋ᠤᠷ ᠪᠦᠷᠢ ᠬᠤᠷᠠᠨ ᠴᠤᠭᠯᠠᠷᠠᠵᠤ ᠨᠤᠮ ᠤᠩᠰᠢᠳ᠋ᠠᠭ᠂ ᠡᠬᠦᠨ ‍ᠢ︽ᠨᠤᠮ  ᠦᠨ ᠬᠤᠷᠠᠯ  ᠦᠨ ᠡᠳ᠋ᠤᠷ  ᠦᠨ ᠠᠵᠢᠯᠯᠠᠭ᠎ᠠ 》ᠬᠡᠳ᠋ᠡᠭ᠃ ᠡᠳ᠋ᠤᠷ ᠪᠦᠷᠢ ᠵᠢᠨ ᠦᠷᠯᠤᠬᠡ ᠪᠠ ᠦᠳ᠋ᠠ ᠳ᠋ᠤ 1 4 ᠬᠦᠮᠤᠨ︽ᠡᠳ᠋ᠤᠷ  ᠦᠨ ᠨᠤᠮ︾ᠤᠩᠰᠢᠳ᠋ᠠᠭ᠃ ᠦᠷᠯᠦᠬᠡ ᠵᠢᠨ ᠬᠤᠷᠠᠯ ᠳ᠋ᠤ ᠤᠩᠰᠢᠬᠤ ᠨᠢ ᠄︽ᠢᠳ᠋ᠠᠬᠡᠯ 》᠂︽ᠽᠦᠩᠺᠠᠸ᠎ᠠ ᠵᠢᠨ ᠮᠠᠭᠳ᠋ᠠᠭᠠᠯ 》᠂︽ᠤᠷᠳ᠋ᠤ ᠨᠠᠰᠤᠳ᠋ᠤ ᠵᠢᠨ ᠨᠤᠮ ᠳᠠᠷᠨᠢ 》᠂︽ᠭᠠᠩᠰᠤᠮ︾ᠵᠡᠷᠬᠡ ᠪᠤᠢ᠃ ᠦᠳ᠋ᠠ ᠵᠢᠨ ᠬᠤᠷᠠᠯ ᠳ᠋ᠤ ᠤᠩᠰᠢᠬᠤ ᠨᠢ ᠄︽ᠨᠤᠭᠤᠭᠠᠨ ᠳ᠋ᠠᠷ᠎ᠠ ᠡᠬᠡ ᠵᠢᠨ ᠨᠤᠮ 》᠂︽ᠴᠠᠭᠠᠨ ᠳ᠋ᠠᠷ᠎ᠠ ᠡᠬᠡ ᠵᠢᠨ ᠨᠤᠮ 》᠂︽ᠪᠠᠯᠮ᠎ᠠ ᠵᠢᠨ ᠳᠠᠬᠢᠯ︾᠂︽ᠠᠷᠢᠶᠠᠪᠠᠯᠤ ᠪᠤᠷᠬᠠᠨ  ᠤ ᠭᠠᠮᠰᠢᠭ ᠡᠴᠠ ᠠᠪᠤᠷᠠᠬᠤ ᠨᠤᠮ  ᠦᠨ ᠮᠠᠭᠳ᠋ᠠᠭᠠᠯ︾ᠵᠡᠷᠬᠡ ᠪᠤᠢ᠃  ᠴᠠᠭᠠᠨ ᠰᠠᠷ᠎ᠠ ᠵᠢᠨ ᠰᠢᠨ᠎ᠠ ᠵᠢᠨ ᠨᠢᠬᠡᠨ  ᠤ ᠦᠷᠯᠦᠬᠡ᠂ ᠬᠡᠬᠡᠨ᠂ ᠵᠠᠰᠠᠭ ᠳ᠋ᠠ ᠯᠠᠮ᠎ᠠ᠂ ᠳ᠋ᠠ ᠯᠠᠮ᠎ᠠ᠂ ᠳᠠᠮᠴᠢ᠂ ᠬᠡᠰᠠᠬᠦᠢ᠂ ᠭᠣᠨᠢᠷ᠂   ᠤᠩᠰᠠᠳ ᠵᠢᠴᠢ ᠡᠩ  ᠦᠨ ᠯᠠᠮᠠ ᠨᠠᠷ ᠪᠤᠷᠬᠠᠨ  ᠤ ᠳᠤᠭᠠᠩ ᠳ᠋ᠤ ᠴᠤᠭᠯᠠᠷᠠᠵᠤ ᠬᠠᠷᠢᠯᠴᠠᠨ ᠵᠤᠯᠭᠠᠳ᠋ᠠ ᠬᠢᠳ᠋ᠡᠭ᠃ ᠰᠢᠨ᠎ᠠ ᠵᠢᠨ ᠨᠠᠢᠮᠠᠨ ᠡᠴᠠ ᠠᠷᠪᠠᠨ ᠨᠠᠢᠮᠠᠨ ᠬᠦᠷᠳ᠋ᠠᠯ᠎ᠠ︽ᠳᠤᠯᠤᠭᠠᠨ ᠵᠦᠢᠯ  ᠦᠨ ᠳᠠᠭᠠᠳᠬᠠᠯ  ᠦᠨ ᠨᠤᠮ︾ᠤᠩᠰᠢᠵᠤ᠂ ᠤᠯᠠᠨ ᠪᠤᠷᠬᠠᠨ ᠳ᠋ᠤ ᠳᠠᠭᠠᠳᠬᠠᠵᠤ᠂ ᠪᠠᠰᠠ ᠬᠡᠬᠡᠨ ᠵᠤᠯᠠ ᠵᠢᠨ ᠬᠤᠷᠠᠯ︵ᠮᠢᠩᠭᠠᠨ ᠵᠤᠯᠠ ︶ᠬᠢᠳ᠋ᠡᠭ᠃ ᠴᠠᠭᠠᠨ ᠰᠠᠷ᠎ᠠ ᠵᠢᠨ ᠠᠷᠪᠠᠨ ᠳᠠᠪᠤᠨ ᠳ᠋ᠤ ᠨᠣᠮ ᠤᠩᠰᠢᠵᠤ᠂︽ᠮᠠᠶᠢᠳ᠋ᠠᠷ︾︵ᠠᠶᠤᠰᠢ ᠪᠤᠷᠬᠠᠨ ︶ᠳᠠᠬᠢᠳ᠋ᠠᠭ᠃ ᠪᠠᠰᠠ ᠴᠠᠮ ᠬᠠᠷᠠᠶᠢᠬᠤ ᠬᠤᠷᠠᠯ ᠬᠤᠷᠠᠯᠳ᠋ᠤᠵᠤ᠂ ᠠᠶᠤᠰᠢ ᠪᠤᠷᠬᠠᠨ  ᠤ ᠠᠴᠢ ᠭᠠᠪᠢᠶ᠎ᠠ ᠬᠡᠮᠵᠢᠶᠠᠯᠠᠰᠢ ᠦᠬᠡᠢ᠂ ᠠᠷᠢᠭᠤᠨ ᠨᠠᠰᠤ ᠴᠢᠨᠢ ᠬᠢᠵᠠᠭᠠᠯᠠᠰᠢ ᠦᠬᠡᠢ ᠪᠠᠶᠢᠭᠠᠰᠠᠢ ᠬᠡᠵᠤ ᠳᠠᠭᠠᠳᠬᠠᠳ᠋ᠠᠭ᠃        ᠬᠤᠶᠠᠷ ᠰᠠᠷ᠎ᠠ ᠵᠢᠨ ᠠᠷᠪᠠᠨ ᠵᠢᠷᠭᠤᠭᠠᠨ ᠡᠴᠠ ᠬᠤᠷᠢᠨ ᠨᠢᠬᠡᠨ  ᠤ ᠡᠳ᠋ᠤᠷ ᠪᠤᠯᠳ᠋ᠠᠯ᠎ᠠ᠂ ᠳᠤᠯᠤᠭᠠᠨ ᠡᠳ᠋ᠤᠷ︽ᠰᠤᠩᠳ᠋ᠠᠢ ᠨᠤᠮ︾ ᠤᠩᠰᠢᠳ᠋ᠠᠭ᠃        ᠳᠦᠷᠪᠡᠨ ᠰᠠᠷ᠎ᠠ ᠳ᠋ᠤ ᠡᠯ᠎ᠠ ᠰᠦᠮ᠎ᠠ ᠪᠦᠷ ᠬᠤᠷᠯᠤ ᠬᠤᠷᠠᠯᠳ᠋ᠤᠳ᠋ᠠᠭ᠃ ᠳᠦᠷᠪᠡᠨ ᠰᠠᠷ᠎ᠠ ᠵᠢᠨ ᠰᠢᠨ᠎ᠠ ᠵᠢᠨ ᠭᠤᠷᠪᠠᠨ ᠡᠴᠠ ᠰᠢᠨ᠎ᠠ ᠵᠢᠨ ᠳᠠᠪᠤᠨ ᠪᠤᠯᠳ᠋ᠠᠯ᠎ᠠ ᠭᠤᠷᠪᠠᠨ ᠡᠳ᠋ᠤᠷ ᠨᠣᠮ ᠤᠩᠰᠢᠵᠦ᠂ ᠳᠦᠷᠪᠡᠨ ᠰᠠᠷ᠎ᠠ ᠵᠢᠨ ᠰᠢᠨ᠎ᠠ ᠵᠢᠨ ᠨᠠᠢᠮᠠᠨ ᠳ᠋ᠤ ᠱᠠᠭᠵᠠᠮᠤᠨᠢ ᠵᠢᠨ ᠳᠦᠷᠦᠭᠰᠠᠨ ᠡᠳ᠋ᠤᠷ ‍ᠢ ᠳᠤᠷᠠᠰᠬᠠᠬᠤ ᠵᠢᠨ ᠳᠦᠯᠦᠬᠡ ᠦᠪᠡᠳ᠋ᠡᠭᠰᠢ ᠶᠡᠬᠡ ᠨᠤᠮ  ᠦᠨ ᠬᠤᠷᠠᠯ ᠬᠤᠷᠠᠯᠳ᠋ᠤᠳ᠋ᠠᠭ᠃ ᠳᠦᠷᠪᠡᠨ ᠰᠠᠷ᠎ᠠ ᠵᠢᠨ ᠰᠢᠨ᠎ᠠ ᠵᠢᠨ ᠳᠤᠯᠤᠭᠠᠨ ᠡᠴᠠ ᠠᠷᠪᠠᠨ ᠵᠢᠷᠭᠤᠭᠠᠨ  ᠤ ᠡᠳ᠋ᠤᠷ ᠪᠤᠯᠳ᠋ᠠᠯ᠎ᠠ ᠳᠤᠯᠤᠭᠠᠨ ᠡᠳ᠋ᠤᠷ︽ᠳᠠᠮᠴᠦᠭ ᠨᠤᠮ 》《 ᠬᠤᠷᠯᠤ ᠨᠤᠮ︾ᠤᠩᠰᠢᠳ᠋ᠠᠭ᠃︽ᠬᠤᠷᠯᠤ ᠨᠤᠮ︾ᠤᠩᠰᠢᠬᠤ ᠳ᠋ᠤ ᠪᠡᠨ ᠠᠷᠪᠠᠨ ᠯᠠᠮᠠ ᠰᠦᠨᠢ ᠵᠢᠨ ᠬᠤᠶᠠᠷ ᠴᠠᠭ ᠲᠦ ᠪᠤᠰᠴᠤ᠂ ᠪᠤᠷᠬᠠᠨ  ᠤ ᠬᠦᠷᠦᠭ ᠲᠦ ᠮᠦᠷᠬᠦᠭᠰᠠᠨ  ᠤ ᠳᠠᠷᠠᠭ᠎ᠠ ᠪᠦᠬᠦ ᠨᠤᠮ ‍ᠢ ᠤᠩᠰᠢᠵᠤ ᠳᠠᠭᠤᠰᠳ᠋ᠠᠯ᠎ᠠ ᠦᠬᠡ ᠳᠤᠤᠭᠠᠷᠴᠤ ᠪᠤᠯᠬᠤ ᠦᠬᠡᠢ ᠮᠦᠷᠳ᠋ᠡᠬᠡᠨ ᠬᠦᠮᠤᠨ ᠪᠦᠷᠢ ᠷᠠᠰᠢᠶᠠᠨ ᠤᠰᠤ ᠠᠮᠰᠠᠭᠰᠠᠨ  ᠤ ᠰᠠᠬᠦᠯᠠᠷ ᠰᠠᠶ᠋ᠢ  ᠴᠠᠪᠠ︵ᠦᠷᠯᠦᠬᠡᠨ  ᠤ ᠬᠤᠭᠤᠯᠠ ︶ᠵᠤᠭᠤᠭᠯᠠᠵᠤ᠂ ᠬᠤᠷᠯᠤ ᠴᠠᠢ ᠤᠤᠭᠤᠵᠤ᠂ ᠵᠠᠯᠭᠠᠭᠠᠳ ᠪᠠᠰᠠ ᠨᠤᠮ ᠵᠢᠠᠨ ᠤᠩᠰᠢᠵᠤ ᠦᠳ᠋ᠠ ᠤᠷᠤᠢ ᠵᠢᠨ ᠬᠤᠭᠤᠯᠠ ᠪᠤᠯᠳ᠋ᠠᠯ᠎ᠠ ᠦᠷᠬᠦᠯᠵᠢᠯᠡᠳ᠋ᠡᠭ᠃ ᠡᠶᠢᠮᠤᠷᠬᠦᠦ ᠨᠤᠮ  ᠦᠨ ᠬᠤᠷᠠᠯ ᠨᠢ ᠮᠢᠬ᠎ᠠ ᠢᠳ᠋ᠠᠬᠦ ᠵᠢ ᠴᠡᠬᠡᠷᠯᠠᠨ᠎ᠠ᠃ ᠡᠳ᠋ᠤᠷ ᠠᠯᠤᠰᠯᠠᠭᠠᠳ ᠪᠤᠳ᠋ᠠᠭ᠎ᠠ ᠢᠳ᠋ᠠᠬᠦᠯᠵᠤ᠂ ᠪᠤᠳ᠋ᠠᠭ᠎ᠠ ᠢᠳ᠋ᠠᠬᠦ ᠦᠬᠡᠢ ᠡᠳ᠋ᠤᠷ ᠲᠦ ᠨᠤᠮ ᠤᠩᠰᠢᠬᠤ ᠡᠴᠠ ᠭᠠᠳ᠋ᠠᠨ᠎ᠠ ᠳᠤᠭᠤᠢ ᠰᠠᠭᠤᠵᠤ ᠦᠬᠡ ᠳᠤᠤᠭᠠᠷᠴᠤ ᠪᠤᠯᠬᠤ ᠦᠬᠡᠢ ᠬᠡᠰᠠᠨ ᠳᠤᠭᠳ᠋ᠠᠭᠠᠯ ᠳᠠᠢ ᠪᠠᠶᠢᠳ᠋ᠠᠭ᠃        ᠳᠠᠪᠤᠨ ᠰᠠᠷ᠎ᠠ ᠵᠢᠨ ᠠᠷᠪᠠᠨ ᠭᠤᠷᠪᠠᠨ  ᠤ ᠡᠳ᠋ᠤᠷ᠂ ᠪᠦᠬᠦᠯᠢ ᠡᠳ᠋ᠤᠷ︽ᠯᠤᠤᠶᠧ ᠵᠢᠨ ᠮᠠᠭᠳ᠋ᠠᠭᠠᠯ︾ᠤᠩᠰᠢᠨ᠎ᠠ᠃ ᠠᠷᠪᠠᠨ ᠵᠢᠷᠭᠤᠭᠠᠨ ᠡᠴᠠ ᠬᠤᠷᠢᠨ ᠬᠤᠶᠠᠷ  ᠦᠨ ᠡᠳ᠋ᠤᠷ ᠪᠤᠯᠳ᠋ᠠᠯ᠎ᠠ ᠪᠠᠰᠠ ᠳᠤᠯᠤᠭᠠᠨ ᠡᠳ᠋ᠤᠷ︽ᠳᠡᠮᠴᠦᠭ ᠨᠤᠮ︾ᠤᠩᠰᠢᠵᠤ᠂ ᠪᠤᠷᠬᠠᠨ ᠳ᠋ᠤ ᠳᠠᠭᠠᠳᠬᠠᠨ ᠵᠠᠯᠪᠠᠷᠢᠳ᠋ᠠᠭ᠃        ᠵᠢᠷᠭᠤᠭᠠᠨ ᠰᠠᠷ᠎ᠠ ᠵᠢᠨ ᠰᠢᠨ᠎ᠠ ᠵᠢᠨ ᠳᠤᠯᠤᠭᠠᠨ ᠡᠴᠠ ᠠᠷᠪᠠᠨ ᠵᠢᠷᠭᠤᠭᠠᠨ  ᠤ ᠡᠳ᠋ᠤᠷ ᠪᠤᠯᠳ᠋ᠠᠯ᠎ᠠ ᠦᠪᠡᠳ᠋ᠡᠭᠰᠢ ᠶᠡᠬᠡ ᠨᠤᠮ  ᠦᠨ ᠬᠤᠷᠠᠯ ᠬᠤᠷᠠᠯᠳ᠋ᠤᠵᠤ᠂︽ᠭᠠᠨᠵᠤᠤᠷ︾ᠤᠩᠰᠢᠳ᠋ᠠᠭ᠃ ᠵᠢᠷᠭᠤᠭᠠᠨ ᠰᠠᠷ᠎ᠠ ᠵᠢᠨ ᠠᠷᠪᠠᠨ ᠳᠠᠪᠤᠨ  ᠤ ᠡᠳ᠋ᠤᠷ ᠦᠪᠡᠳ᠋ᠡᠭᠰᠢ ᠶᠡᠬᠡ ᠴᠠᠮ ᠬᠠᠷᠠᠶᠢᠬᠤ ᠬᠤᠷᠠᠯ ᠬᠤᠷᠠᠯᠳ᠋ᠤᠳ᠋ᠠᠭ᠃        ᠳᠤᠯᠤᠭᠠᠨ ᠰᠠᠷ᠎ᠠ ᠵᠢᠨ ᠰᠢᠨ᠎ᠠ ᠵᠢᠨ ᠳᠤᠯᠤᠭᠠᠨ ᠡᠴᠠ ᠰᠢᠨ᠎ᠠ ᠵᠢᠨ ᠶᠢᠰᠤᠨ ᠪᠤᠯᠳ᠋ᠠᠯ᠎ᠠ ᠭᠤᠷᠪᠠᠨ ᠡᠳ᠋ᠤᠷ︽ᠷᠠᠪᠠᠨᠢ ᠨᠤᠮ︾ᠤᠩᠰᠢᠨ᠎ᠠ᠃ ᠳᠤᠯᠤᠭᠠᠨ ᠰᠠᠷ᠎ᠠ ᠵᠢᠨ ᠠᠷᠪᠠᠨ ᠳᠠᠪᠤᠨ ᠡᠴᠠ ᠬᠤᠷᠢᠨ ᠬᠤᠶᠠᠷ  ᠦᠨ ᠡᠳ᠋ᠤᠷ ᠪᠤᠯᠳ᠋ᠠᠯ᠎ᠠ ᠮᠤᠯᠤᠮ  ᠦᠨ ᠬᠤᠷᠠᠯ ᠬᠤᠷᠠᠵᠦ︽ ᠨᠢᠭᠤᠴᠠ ᠲᠠᠷᠨᠢ︾ ᠪᠠ︽ᠢᠷᠤᠬᠡᠯ︾ᠤᠩᠰᠢᠵᠤ᠂ ᠮᠦᠬᠦᠭᠰᠠᠨ ᠰᠦᠨᠠᠰᠤ ᠵᠢ ᠵᠠᠶᠢᠯᠠᠭᠤᠯᠳ᠋ᠠᠭ᠃  ᠶᠢᠰᠤᠨ ᠰᠠᠷ᠎ᠠ ᠵᠢᠨ ᠠᠷᠪᠠᠨ ᠳᠠᠪᠤᠨ ᠡᠴᠠ ᠬᠤᠷᠢᠨ ᠬᠤᠶᠠᠷ  ᠦᠨ ᠡᠳ᠋ᠤᠷ ᠪᠤᠯᠳ᠋ᠠᠯ᠎ᠠ ᠳᠤᠯᠤᠭᠠᠨ ᠡᠳ᠋ᠤᠷ︽ᠳ᠋ᠠᠭᠠᠨᠵᠠᠪ︾ᠤᠩᠰᠢᠵᠤ᠂ ᠠᠮᠤᠷ ᠳᠠᠶᠢᠪᠤᠩ ᠪᠠᠶᠢᠬᠤ ᠵᠢ ᠪᠡᠯᠬᠡᠳ᠋ᠡᠳ᠋ᠡᠭ᠃ ᠬᠤᠷᠢᠨ ᠳᠤᠯᠤᠭᠠᠨ ᠡᠴᠠ ᠬᠤᠷᠢ ᠶᠢᠰᠤᠨ  ᠤ ᠡᠳ᠋ᠤᠷ ᠪᠤᠯᠳ᠋ᠠᠯ᠎ᠠ ᠭᠤᠷᠪᠠᠨ ᠡᠳ᠋ᠤᠷ︽ᠳᠤᠭᠰᠢᠳ  ᠦᠨ ᠨᠤᠮ︾ᠤᠩᠰᠢᠳ᠋ᠠᠭ᠃        ᠠᠷᠪᠠᠨ ᠰᠠᠷ᠎ᠠ ᠵᠢᠨ ᠬᠤᠷᠢᠨ ᠳᠠᠪᠤᠨ ᠪᠤᠯ ᠽᠦᠩᠺᠡᠸ᠎ᠠ ᠵᠢᠨ ᠳᠠᠭᠠᠯᠠᠯ ᠪᠤᠯᠤᠭᠰᠠᠨ ᠡᠳ᠋ᠤᠷ ᠳᠤᠯᠠ ᠪᠦᠬᠦᠯᠢ ᠰᠦᠨᠢ ᠪᠡᠷ ᠮᠢᠩᠭᠠᠨ ᠵᠤᠯᠠ ᠠᠰᠠᠭᠠᠳ᠋ᠠᠭ᠂ ᠡᠬᠦᠨ ‍ᠢ︽ᠬᠡᠬᠡᠨ ᠵᠤᠯᠠ ᠵᠢᠨ ᠬᠤᠷᠠᠯ︾ᠪᠤᠶᠤ︽ᠵᠤᠯᠠ ᠵᠢᠨ ᠬᠤᠷᠠᠯ 》ᠬᠡᠳ᠋ᠡᠭ᠃  ᠠᠷᠪᠠᠨ ᠨᠢᠬᠡᠨ ᠰᠠᠷ᠎ᠠ ᠵᠢᠨ ᠡᠪᠤᠯ  ᠦᠨ ᠳᠤᠶᠢᠯ ᠡᠴᠠ ᠶᠢᠰᠤ ᠤᠷᠤᠬᠤ ᠵᠢᠨ ᠡᠮᠤᠨ᠎ᠠ ᠭᠤᠷᠪᠠᠨ ᠡᠳ᠋ᠤᠷ ᠨᠤᠮ ᠤᠩᠰᠢᠵᠤ᠂ ᠳᠡᠭᠷᠢ ᠳᠠᠬᠢᠬᠤ ︵ᠳᠡᠭᠷᠢ︶ ᠨᠤᠮ  ᠦᠨ ᠬᠤᠷᠠᠯ ᠬᠤᠷᠠᠯᠳ᠋ᠤᠳ᠋ᠠᠭ᠃        ᠠᠷᠪᠠᠨ ᠬᠤᠶᠠᠷ ᠰᠠᠷ᠎ᠠ ᠵᠢᠨ ᠬᠤᠷᠢᠨ ᠭᠤᠷᠪᠠᠨ  ᠤ ᠡᠳ᠋ᠤᠷ ᠨᠤᠮ ᠤᠩᠰᠢᠵᠤ ᠭᠠᠯ  ᠦᠨ ᠪᠤᠷᠬᠠᠨ ‍ᠢ ᠳᠠᠬᠢᠳ᠋ᠠᠭ᠃ ᠬᠤᠷᠢᠨ ᠳᠤᠯᠤᠭᠠᠨ ᠡᠴᠠ ᠬᠤᠷᠢ ᠶᠢᠰᠤᠨ  ᠤ ᠡᠳ᠋ᠤᠷ ᠪᠤᠯᠳ᠋ᠠᠯ᠎ᠠ ᠭᠤᠷᠪᠠᠨ ᠡᠳ᠋ᠤᠷ ᠨᠣᠮ ᠤᠩᠰᠢᠳ᠋ᠠᠭ᠃ ᠭᠤᠴᠢᠨ  ᠤ ᠰᠦᠨᠢ ᠪᠦᠬᠦᠯᠢ ᠰᠦᠨᠢ ᠪᠡᠷ ᠳᠡᠭᠷᠢ ᠳᠠᠬᠢᠬᠤ ᠬᠤᠷᠠᠯ ᠬᠤᠷᠠᠵᠤ᠂︽ᠦᠬᠢᠨ ᠳᠡᠭᠷᠢ ᠪᠤᠷᠬᠠᠨ︾‍ᠢ ᠳᠠᠬᠢᠵᠤ᠂︽ᠳᠡᠭᠷᠢ ᠨᠤᠮ 》‍ᠢ ᠬᠡᠬᠡᠷᠡᠳ᠋ᠠᠯ᠎ᠠ ᠤᠩᠰᠢᠵᠤ᠂ ᠦᠬᠢᠨ ᠳᠡᠭᠷᠢ ᠪᠤᠷᠬᠠᠨ ᠰᠤᠶᠤᠷᠬᠠᠵᠤ᠂ ᠸᠴᠢᠷ ᠪᠤᠷᠬᠠᠨ ᠪᠠᠭᠰᠢ ᠦᠷᠦᠰᠢᠶᠠᠯ ᠬᠠᠶᠢᠷᠠᠯᠠᠵᠤ᠂ ᠦᠯᠵᠠᠢ ᠬᠤᠳᠳ᠋ᠤᠭ ᠤᠷᠤᠰᠢᠬᠤ ᠵᠢ ᠳᠠᠭᠠᠳᠬᠠᠳ᠋ᠠᠭ᠃  ᠨᠤᠮ  ᠦᠨ ᠬᠤᠷᠠᠯ ᠪᠠ ᠨᠤᠮ  ᠦᠨ ᠬᠤᠷᠠᠯ  ᠦᠨ ᠡᠳ᠋ᠤᠷ  ᠦᠨ ᠠᠵᠢᠯᠯᠠᠭ᠎ᠠ ᠵᠢ︽ᠰᠤᠶᠤᠯ  ᠦᠨ ᠶᠡᠬᠡ ᠬᠤᠪᠢᠰᠬᠠᠯ︾ᠡᠴᠠ ᠡᠮᠤᠨ᠎ᠠ ᠬᠡᠪ  ᠦᠨ ᠱᠠᠰᠢᠨ ᠰᠤᠷᠳ᠋ᠠᠬᠤᠨ  ᠤ ᠠᠵᠢᠯᠯᠠᠭ᠎ᠠ ᠵᠢᠨ ᠬᠤᠪᠢ ᠪᠡᠷ ᠪᠠᠷᠢᠮᠳ᠋ᠠᠯᠠᠨ ᠦᠷᠨᠢᠬᠦᠯᠵᠤ ᠪᠠᠶᠢᠬᠰᠠᠨ ᠵᠢᠡᠨ︽ᠰᠤᠶᠤᠯ  ᠦᠨ ᠶᠡᠬᠡ ᠬᠤᠪᠢᠰᠬᠠᠯ 》 ᠦᠨ ᠳᠤᠮᠳ᠋ᠠ ᠳᠦᠢᠯᠪᠤᠷᠢᠳ᠋ᠠᠢ ᠵᠤᠭᠰᠤᠵᠠᠢ᠃ ᠱᠠᠰᠢᠨ ᠰᠤᠷᠳ᠋ᠠᠬᠤᠨ  ᠤ ᠳᠦᠷᠦ ᠵᠢᠨ ᠪᠤᠳ᠋ᠤᠯᠭ᠎ᠠ ᠵᠢ ᠨᠠᠶᠢᠳ᠋ᠠᠪᠤᠷᠢᠵᠢᠭᠤᠯᠤᠭᠰᠠᠨ  ᠤ ᠰᠠᠬᠦᠯᠠᠷ ᠱᠠᠰᠢᠨ ᠰᠤᠷᠳ᠋ᠠᠬᠤᠨ  ᠤ ᠠᠵᠢᠯᠯᠠᠭ᠎ᠠ ᠨᠢ ᠨᠢᠬᠡᠨᠳ᠋ᠠ ᠬᠡᠪ  ᠦᠨ ᠶᠤᠰᠤᠭᠠᠷ ᠶᠠᠪᠤᠭᠳ᠋ᠠᠬᠤ ᠪᠤᠯᠵᠠᠢ᠃
          