| | ᠴᠠᠮ ᠬᠠᠷᠠᠢᠬᠤ ᠪᠣᠯ ᠯᠠᠮᠠ ᠵᠢᠨ ᠰᠦᠮ᠎ᠠ ᠵᠢᠨ ᠴᠢᠳᠬᠦᠷ ᠢ | ᠳᠠᠷᠤᠵᠤ ᠠᠶᠤᠯ ᠢ ᠠᠷᠢᠯᠭᠠᠬᠤ ᠨᠢᠬᠡ ᠵᠦᠢᠯ ᠦᠨ ᠳᠤᠮᠤ | ᠬᠡᠯᠪᠡᠷᠢ ᠵᠢᠨ ᠳᠠᠬᠢᠯᠭ᠎ᠠ ᠵᠢᠨ ᠬᠡᠯᠪᠡᠷᠢ ᠪᠤᠯᠤᠨ᠎ᠠ᠃ | ᠭᠤᠤᠯᠳ᠋ᠠᠭᠤ ᠵᠢᠯ ᠪᠦᠷᠢ ᠵᠢᠨ ᠬᠡᠳ᠋ᠤ ᠤᠳ᠋ᠠᠭᠠᠨ ᠤ ᠵᠤᠷᠰᠢᠯ | ᠶᠤᠰᠤᠭᠠᠷ ᠶᠠᠪᠤᠭᠳ᠋ᠠᠳ᠋ᠠᠭ ᠳᠤᠮᠤ ᠬᠡᠯᠪᠡᠷᠢ ᠵᠢᠨ ᠨᠤᠮ ᠦᠨ | ᠬᠤᠷᠠᠯ ᠳᠠᠬᠡᠷ᠎ᠠ ᠳᠤᠭᠯᠠᠳ᠋ᠠᠭ᠃ ᠤᠯᠠᠭᠠᠨᠬᠠᠳ᠋ᠠ ᠤᠷᠤᠨ ᠳ᠋ᠤ | ᠬᠠᠮᠤᠭ ᠡᠴᠠ ᠳᠦᠯᠦᠬᠡᠯᠡᠭᠴᠢ ᠴᠢᠨᠠᠷ ᠳᠠᠢ ᠨᠢ ᠪᠠᠭᠠᠷᠢᠨ | ᠪᠠᠷᠠᠭᠤᠨ ᠬᠤᠰᠢᠭᠤᠨ ᠤ ᠪᠤᠶᠠᠨ ᠴᠤᠭᠯᠠᠭᠤᠯᠤᠭᠴᠢ ᠰᠦᠮ᠎ᠠ᠂ ᠠᠷᠤ | ᠬᠤᠷᠴᠢᠨ ᠬᠤᠰᠢᠭᠤᠨ ᠤ ᠪᠠᠯᠴᠢᠷᠤᠳ ᠰᠦᠮ᠎ᠠ᠂ ᠬᠠᠷᠠᠴᠢᠨ | ᠬᠤᠰᠢᠭᠤᠨ ᠤ ᠱᠠᠨ ᠳᠦᠩ ᠰᠧ ᠰᠦᠮ᠎ᠠ ᠵᠢᠨ ᠭᠤᠷᠪᠠᠨ ᠵᠦᠢᠯ ᠦᠨ | ᠴᠠᠮ ᠪᠠᠶᠢᠵᠦ᠃ ᠳᠦᠷᠦᠯ ᠬᠡᠯᠪᠡᠷᠢ ᠨᠢ ᠳᠤᠰ ᠳᠤᠰ ᠦᠨ ᠤᠨᠴᠠᠯᠢᠭ | ᠳᠠᠢ᠃ ᠪᠤᠶᠠᠨ ᠴᠤᠭᠯᠠᠭᠤᠯᠤᠭᠴᠢ ᠰᠦᠮ᠎ᠠ ᠵᠢᠨ ᠴᠠᠮ ᠨᠢ ᠬᠠᠮᠤᠭ | ᠡᠴᠠ ᠰᠠᠶᠢᠨ ᠪᠠᠶᠢᠳ᠋ᠠᠭ᠃ | | | ᠳᠠᠭᠠᠯᠳ᠋ᠤᠭᠤᠯᠤᠯ ᠄ ᠪᠤᠶᠠᠨ ᠴᠤᠭᠯᠠᠭᠤᠯᠤᠭᠴᠢ ᠰᠦᠮ᠎ᠠ ᠵᠢᠨ | ᠴᠠᠮ ᠦᠨ ᠳᠤᠬᠠᠢ ᠮᠠᠲ᠋ᠧᠷᠢᠶᠠᠯ | | | ᠴᠠᠮ ᠬᠠᠷᠠᠶᠢᠬᠤ ᠳ᠋ᠤ ᠤᠷᠤᠯᠴᠠᠬᠤ ᠯᠠᠮᠠ ᠡᠷᠬᠡᠪᠰᠢ ᠨᠠᠰᠤ | ᠵᠠᠯᠠᠭᠤ ᠪᠢᠷ᠎ᠠ ᠴᠢᠳ᠋ᠠᠯ ᠳᠠᠢ ᠪᠠᠶᠢᠬᠤ ᠵᠢ | ᠴᠢᠬᠤᠯᠠᠴᠢᠯᠠᠳ᠋ᠠᠭ᠂ ᠳᠤᠬᠠᠢ ᠵᠢᠨ ᠴᠠᠭ ᠲᠦ ᠨᠢ ᠰᠦᠮ᠎ᠠ ᠵᠢᠨ | ᠯᠠᠮᠠ ᠨᠢ ᠬᠦᠢᠴᠡᠬᠦ ᠦᠬᠡᠢ ᠪᠤᠯ ᠤᠶᠢᠷ᠎ᠠ ᠬᠠᠪᠢ ᠵᠢᠨ ᠪᠤᠰᠤᠳ | ᠰᠦᠮ᠎ᠠ ᠬᠡᠶᠢᠳ ᠦᠨ ᠯᠠᠮᠠ ᠨᠠᠷ ᠬᠠᠪᠰᠤᠷᠤᠨ ᠳᠤᠰᠠᠯᠠᠳ᠋ᠠᠭ᠃ | ᠳᠤᠭᠯᠠᠭᠴᠢᠳ ᠨᠢ ᠨᠠᠶᠢᠳ᠋ᠠ 94 ᠬᠦᠮᠤᠨ᠂ ᠡᠬᠦᠨ ᠳ᠋ᠤ ᠡᠯ᠎ᠠ ᠵᠦᠢᠯ | ᠦᠨ ᠪᠠᠭ ᠵᠠᠬᠦᠭᠰᠠᠨ ᠨᠢ 59 ᠬᠦᠮᠦᠨ᠂ ᠪᠠᠭ᠎ᠠ ᠴᠢᠳᠬᠦᠷ ᠢ | ᠠᠷᠪᠠᠨ ᠳᠦᠷᠪᠠ ᠳᠠᠪᠤᠨ ᠨᠠᠰᠤᠳ᠋ᠠᠢ ᠬᠡᠤᠬᠡᠳ ᠳᠤᠭᠯᠠᠳ᠋ᠠᠭ | ᠪᠤᠯᠬᠤᠷ ᠠᠷᠠᠳ ᠦᠨ ᠳᠤᠮᠳ᠋ᠠ ᠡᠴᠠ ᠠᠪᠳ᠋ᠠᠭ᠃ ᠬᠦᠮᠤᠨ ᠤ ᠳᠤᠭ᠎ᠠ | ᠨᠢ ᠬᠦᠢᠴᠡᠭᠰᠠᠨ ᠤ ᠳᠠᠷᠠᠭ᠎ᠠ ᠤᠷᠢᠳ᠋ᠠᠪᠡᠷ ᠳᠤᠭᠯᠠᠯᠳ᠋ᠠ ᠪᠡᠨ | ᠪᠤᠯᠪᠠᠰᠤᠷᠠᠳ᠋ᠠᠭ᠂ ᠬᠡᠪᠡᠴᠤ ᠡᠷᠬᠡᠪᠰᠢ ᠳᠦᠪᠠᠳ ᠨᠤᠮ ᠦᠨ | ᠰᠤᠳ᠋ᠤᠷ ᠤᠩᠰᠢᠬᠤ ᠵᠢ ᠰᠠᠨᠠᠭᠠᠴᠢᠯᠠᠳ᠋ᠠᠭ᠃ | ᠴᠠᠮ ᠬᠠᠷᠠᠶᠢᠬᠤ ᠡᠬᠢᠯᠠᠬᠦ ᠡᠴᠠ ᠪᠡᠨ ᠡᠮᠤᠨ᠎ᠠ᠂ ᠰᠦᠮ᠎ᠠ ᠵᠢᠨ | ᠡᠬᠦᠳ᠋ᠠᠨ ᠤ ᠡᠮᠤᠨ᠎ᠠ ᠬᠤᠶᠠᠷ ᠭᠠᠷᠯᠠᠨ ᠳᠦᠷᠪᠡᠨ ᠤᠷᠳ᠋ᠤ | ᠪᠦᠷᠢᠶ᠎ᠠ ᠵᠢ ᠮᠦᠷᠯᠠᠬᠦᠯᠤᠨ ᠳᠠᠯᠪᠢᠳ᠋ᠠᠭ᠂ ᠪᠦᠷᠢᠶ᠎ᠠ ᠪᠦᠷᠢ ᠨᠢ | ᠳᠦᠷᠪᠡ ᠳᠠᠪᠤᠨ ᠮᠧᠲ᠋ᠷ ᠤᠷᠳ᠋ᠤ᠂ ᠳᠤᠭᠯᠠᠯᠳ᠋ᠠ ᠡᠴᠠ ᠡᠮᠤᠨ᠎ᠠ ᠪᠠ | ᠬᠦᠭᠵᠢᠮᠳ᠋ᠠᠬᠦ ᠳᠤᠮᠳ᠋ᠠ ᠪᠡᠨ ᠦᠯᠢᠶᠠᠬᠦ ᠳ᠋ᠤ ᠦᠬᠡᠷ ᠤᠷᠬᠢᠷᠠᠬᠤ | ᠮᠠᠳ᠋ᠤ ᠳᠠᠭᠤᠨ ᠭᠠᠷᠴᠤ ᠬᠡᠳ᠋ᠤᠨ ᠭᠠᠵᠠᠷ ᠠᠯᠤᠰ | ᠰᠤᠨᠤᠰᠳ᠋ᠠᠳ᠋ᠠᠭ᠃ ᠡᠬᠦᠨ ᠡᠴᠠ ᠭᠠᠳ᠋ᠠᠨ᠎ᠠ᠂ ᠬᠦᠭᠵᠢᠮ ᠦᠨ ᠵᠦᠢᠯ | ᠨᠢ ᠳᠤᠮᠤ ᠬᠡᠩᠬᠡᠷᠬᠡ 8᠂ ᠶᠡᠬᠡ ᠪᠠᠭ᠎ᠠ ᠬᠤᠶᠠᠷ ᠵᠦᠢᠯ ᠦᠨ ᠴᠠᠩ | ᠢ ᠳᠤᠰ ᠪᠦᠷᠢ 4 ᠵᠢ ᠡᠬᠦᠳ᠋ᠠᠨ ᠤ ᠬᠠᠵᠠᠭᠤ ᠳ᠋ᠤ ᠬᠤᠶᠠᠷ ᠭᠠᠷᠯᠠᠨ | ᠪᠠᠶᠢᠷᠢᠯᠠᠭᠤᠯᠵᠤ ᠳᠠᠯᠪᠢᠳ᠋ᠠᠭ᠃ ᠴᠠᠮ ᠬᠠᠷᠠᠶᠢᠬᠤ ᠳ᠋ᠤ | ᠪᠦᠷᠢᠶ᠎ᠠ᠂ ᠳᠤᠮᠤ ᠬᠡᠩᠬᠡᠷᠬᠡ ᠴᠠᠩ ᠢ ᠳᠤᠭᠳ᠋ᠠᠬᠰᠠᠨ ᠠᠶᠢᠵᠢᠮ | ᠳᠠᠢ ᠪᠡᠷ ᠦᠯᠢᠶᠠᠨ ᠬᠦᠭᠵᠢᠮᠳ᠋ᠠᠳ᠋ᠡᠭ ᠡᠴᠠ ᠰᠦᠷ | ᠳᠠᠯᠠᠶᠢᠴᠠᠳ᠋ᠠᠢ ᠷᠢᠳ᠋ᠢ ᠰᠢᠳ᠋ᠢᠯᠢᠭ ᠪᠠᠶᠢᠵᠤ᠂ ᠳᠤᠭᠤᠷᠢᠨ | ᠦᠵᠡᠭᠴᠢᠳ ᠡᠬᠦᠯᠠ ᠮᠠᠳ᠋ᠤ ᠬᠤᠷᠠᠨ ᠴᠤᠭᠯᠠᠷᠠᠳ᠋ᠠᠭ᠃ | ᠯᠠᠮᠠ ᠨᠠᠷ ᠬᠦᠮᠤᠨ᠂ ᠰᠠᠬᠢᠭᠤᠯᠰᠤᠨ᠂ ᠠᠳ᠋ᠤᠭᠤᠰᠤ᠂ ᠰᠢᠮᠨᠤ᠂ | ᠴᠢᠳᠬᠦᠷ ᠮᠠᠳ᠋ᠤ ᠪᠡᠷ ᠵᠠᠰᠠᠨ ᠴᠢᠮᠡᠭᠯᠠᠵᠤ ᠳᠠᠯᠠᠪᠠᠢ ᠳ᠋ᠤ | ᠤᠷᠤᠳ᠋ᠠᠭ᠂ ᠪᠤᠰᠤᠳ ᠯᠠᠮᠠ ᠨᠠᠷ ᠰᠦᠮ᠎ᠠ ᠵᠢᠨ ᠳᠤᠭᠠᠩ ᠳ᠋ᠤ | ᠴᠤᠭᠯᠠᠷᠠᠵᠤ᠂︽ ᠲᠣᠳᠬᠠᠷ ᠦᠯᠳᠡᠬᠦ》ᠨᠣᠮ ᠤᠩᠰᠢᠳ᠋ᠠᠭ᠃ ᠳᠦᠷᠪᠠᠨ | ᠯᠠᠮᠠ ᠡᠮᠬᠢ ᠳᠢᠭᠯᠢᠮ ᠢ ᠬᠠᠮᠠᠭᠠᠯᠠᠳ᠋ᠠᠭ᠃ ᠴᠠᠮ ᠦᠨ ᠬᠤᠷᠠᠯ | ᠦᠨ ᠦᠵᠡᠭᠳ᠋ᠠᠯ ᠦᠨ ᠳᠠᠰ ᠳᠠᠷᠠᠭ᠎ᠠ ᠨᠢ ᠳᠤᠤᠷᠠᠬᠢ ᠮᠠᠳ᠋ᠤ | ᠄︵1︶ᠬᠤᠳ᠋ᠤᠭᠴᠢᠨ ᠄ ᠡᠷ᠎ᠠ ᠴᠢᠳᠬᠦᠷ 8 ᠬᠦᠮᠤᠨ᠂ ᠬᠤᠶᠠᠷ ᠮᠦᠷᠯᠠᠨ | ᠳᠠᠯᠠᠪᠠᠢ ᠳ᠋ᠤ ᠤᠷᠤᠨ᠎ᠠ᠂ ᠳᠤᠯᠤᠭᠠᠢ ᠳ᠋ᠤ ᠪᠡᠨ ᠬᠤᠬᠢᠮᠠᠢ ᠵᠢᠨ | ᠪᠠᠭ ᠵᠠᠬᠦᠵᠤ᠂ ᠴᠤᠯ ᠴᠠᠭᠠᠨ ᠬᠤᠪᠴᠠᠰᠤ ᠡᠮᠤᠰᠴᠤ᠂ ᠬᠤᠬᠢᠮᠠᠢ | ᠵᠢᠨ ᠳᠤᠯᠤᠭᠠᠶᠢᠳ᠋ᠤ ᠰᠢᠳ᠋ᠠᠮ ᠠᠳᠬᠤᠵᠤ᠂ ᠱᠤᠭᠰᠢᠶ᠎ᠠ ᠪᠡᠷ ᠴᠠᠮ | ᠬᠠᠷᠠᠶᠢᠬᠤ ᠳᠠᠯᠠᠪᠤᠷ ᠲᠦ ᠤᠷᠤᠭᠠᠳ ᠳᠤᠭᠳ᠋ᠠᠭᠰᠠᠨ ᠤᠷᠤᠨ ᠳ᠋ᠤ | ᠪᠡᠨ ᠬᠦᠷᠦᠭᠰᠠᠨ ᠤ ᠬᠤᠶᠢᠨ᠎ᠠ ᠵᠢᠬᠰᠠᠭᠠᠯ ᠵᠢᠠᠨ ᠰᠠᠯᠭᠠᠵᠤ | ᠳᠤᠭᠳ᠋ᠠᠮᠠᠯ ᠪᠦᠵᠢᠭ ᠦᠨ ᠶᠤᠰᠤᠭᠠᠷ ᠳᠤᠭᠯᠠᠵᠤ ᠪᠠᠷᠠᠭᠠᠳ | ᠳᠠᠯᠠᠪᠠᠢ ᠡᠴᠠ ᠤᠬᠤᠷᠢᠨ ᠭᠠᠷᠤᠨ᠎ᠠ᠃︵2︶ᠳᠦᠷᠪᠠᠨ ᠮᠠᠬᠠᠷᠠᠨᠽᠠ | ᠄ ᠳᠦᠷᠪᠠᠨ ᠬᠦᠮᠤᠨ ᠳᠤᠭᠯᠠᠳ᠋ᠠᠭ᠃ ᠳᠤᠯᠤᠭᠠᠢ ᠳ᠋ᠤ ᠪᠠᠨ | ᠮᠠᠬᠠᠷᠠᠨᠽᠠ ᠵᠢᠨ ᠪᠠᠭ ᠵᠠᠬᠦᠵᠤ᠂ ᠭᠠᠷ ᠲᠦ ᠪᠠᠨ ᠡᠷᠳ᠋ᠠᠨᠢ ᠵᠢᠨ | ᠰᠠᠯᠠᠮ᠎ᠠ᠂ ᠫᠢᠪᠠ᠂ ᠰᠢᠬᠦᠷ᠂ ᠮᠤᠭᠠᠢ ᠵᠡᠷᠬᠡ ᠳᠤᠭᠯᠠᠯᠳ᠋ᠠ ᠵᠢᠨ | ᠬᠡᠷᠡᠭᠰᠠᠯ ᠠᠳᠬᠤᠵᠤ᠂ ᠳᠠᠯᠠᠪᠠᠢ ᠳ᠋ᠤ ᠤᠷᠤᠵᠤ | ᠪᠦᠵᠢᠭᠯᠠᠨᠠ᠃︵3︶ᠡᠷᠪᠡᠬᠡᠢ ᠄ ᠡᠮᠡᠭᠳ᠋ᠠᠢ ᠴᠢᠳᠬᠦᠷ 4 ᠬᠦᠮᠤᠨ᠃ | ᠡᠷ᠎ᠠ ᠴᠢᠳᠬᠦᠷ ᠳᠠᠢ ᠠᠳ᠋ᠠᠯᠢᠬᠠᠨ ᠴᠢᠮᠡᠭᠯᠠᠳ᠋ᠡᠭ᠂ ᠬᠡᠪᠡᠴᠤ | ᠭᠠᠷ ᠲᠦ ᠪᠡᠨ ᠪᠠᠷᠢᠬᠤ ᠬᠤᠬᠢᠮᠠᠢ ᠵᠢᠨ ᠳᠤᠯᠤᠭᠠᠶᠢᠳ᠋ᠤ ᠰᠢᠳ᠋ᠠᠮ | ᠳ᠋ᠥ ᠪᠡᠨ ᠪᠤᠷᠬᠠᠳ ᠦᠨ ᠲᠢᠲᠠᠮ ᠢ ᠨᠡᠮᠡᠭᠰᠠᠨ ᠪᠠᠶᠢᠳ᠋ᠠᠭ᠂ | ᠪᠠᠶ᠎ᠠ ᠪᠢᠯᠳ᠋ᠠᠷ ᠨᠢ ᠨᠠᠯᠢᠶᠠᠳ ᠶᠡᠬᠡ᠂ ᠪᠡᠯᠬᠡᠭᠦᠰᠦᠨ ᠳ᠋ᠤ | ᠪᠡᠨ ᠳᠠᠪᠤᠨ ᠦᠩᠬᠡ ᠵᠢᠨ ᠤᠨᠵᠢᠯᠠᠭ᠎ᠠ ᠪᠦᠬᠦᠢ ᠪᠠᠩᠵᠠᠯ ᠡᠮᠤᠰᠴᠤ | ᠪᠦᠵᠢᠭᠯᠠᠨᠠ᠃︵4︶ᠠᠷᠰᠯᠠᠨ ᠄ ᠠᠷᠰᠯᠠᠨ 4 ᠬᠦᠮᠤᠨ᠃ ᠳᠤᠯᠤᠭᠠᠢ | ᠳ᠋ᠤ ᠪᠡᠨ ᠠᠳ᠋ᠤᠷᠢᠭᠤᠯᠤᠭᠰᠠᠨ ᠦᠰᠦᠳ᠋ᠠᠢ ᠪᠠᠭ ᠵᠠᠬᠦᠵᠤ᠂ ᠭᠠᠷ | ᠲᠦ ᠪᠡᠨ ᠪᠠᠷᠰ ᠦᠨ ᠰᠠᠬᠦᠯ ᠠᠳᠬᠤᠵᠤ᠂ ᠬᠦᠷᠠᠩ ᠦᠩᠬᠡᠳ᠋ᠤ | ᠬᠠᠳᠬᠤᠮᠠᠯ ᠬᠤᠧᠠᠷ ᠳᠠᠢ ᠬᠤᠪᠴᠠᠰᠤ ᠡᠮᠤᠰᠴᠤ᠂ ᠳᠠᠶᠢᠰᠠᠨ ᠳ᠋ᠤ | ᠭᠠᠷᠴᠤ ᠪᠦᠵᠢᠭᠯᠠᠨᠠ᠃︵5︶ᠨᠠᠢᠮᠠᠨ ᠳᠤᠭᠰᠢᠳ ᠄ ᠮᠦᠨ 8 ᠬᠦᠮᠤᠨ | ᠬᠤᠤᠰᠯᠠᠨ ᠭᠠᠷᠳ᠋ᠠᠭ᠃ ᠡᠯᠳ᠋ᠠᠪ ᠦᠩᠬᠡ ᠵᠢᠨ ᠪᠠᠭ ᠵᠠᠬᠦᠵᠤ᠂ | ᠮᠠᠩᠨᠤᠭ ᠳᠠᠪᠠᠯ ᠡᠮᠤᠰᠴᠤ᠂ ᠱᠠᠰᠢᠨ ᠬᠠᠮᠠᠭᠠᠯᠠᠭᠴᠢ | ᠰᠠᠬᠢᠭᠤᠯᠰᠤᠨ ᠤ ᠳᠦᠷᠢ ᠪᠡᠷ ᠳᠠᠯᠠᠪᠠᠢ ᠳ᠋ᠤ ᠭᠠᠷᠴᠤ | ᠳᠤᠭᠯᠠᠳ᠋ᠠᠭ᠃ ︵6︶ᠪᠠᠭ᠎ᠠ ᠴᠠᠮ᠃ ᠱᠠᠰᠢᠨ ᠢ ᠬᠠᠮᠠᠭᠠᠯᠠᠭᠴᠢ | ᠵᠠᠯᠠᠨ 21 ᠬᠦᠮᠤᠨ᠃ ᠦᠩᠬᠡᠳ᠋ᠤ ᠳᠤᠷᠭ᠎ᠠ ᠪᠡᠷ ᠬᠢᠭᠰᠡᠨ | ᠭᠤᠷᠪᠠᠯᠵᠢᠨ ᠬᠠᠨᠴᠤᠢ ᠳᠠᠢ ᠦᠩᠬᠡᠳ᠋ᠤ ᠳᠠᠪᠠᠯ ᠡᠮᠤᠰᠴᠤ᠂ | ᠡᠮᠤᠨᠠᠬᠢ ᠬᠤᠶᠠᠷ ᠨᠢ ᠴᠠᠯᠮ᠎ᠠ ᠠᠳᠬᠤᠨ ᠳᠠᠯᠠᠪᠡᠢ ᠳ᠋ᠤ ᠭᠠᠷᠴᠤ | ᠳᠤᠭᠯᠠᠳ᠋ᠠᠭ᠃︵7︶ᠶᠠᠬᠡ ᠴᠠᠮ᠃ ᠪᠠᠰᠠ ᠠᠷᠪᠠᠨ ᠨᠠᠢᠮᠠᠨ ᠠᠷᠬᠠᠳ᠂ | ᠬᠤᠷᠢᠨ ᠳᠡᠭᠷᠢ ᠬᠡᠳ᠋ᠡᠭ᠃ ᠨᠠᠶᠢᠳ᠋ᠠ 38 ᠬᠦᠮᠤᠨ᠂ ᠪᠠᠭ ᠵᠠᠬᠦᠬᠦ | ᠦᠬᠡᠢ᠂ ᠵᠦᠪᠬᠡᠨ ᠦᠷᠬᠡᠨ ᠰᠠᠷᠠᠪᠴᠢᠳ᠋ᠤ ᠳᠤᠮᠤ ᠮᠠᠯᠠᠭᠠᠢ | ᠵᠠᠬᠦᠵᠤ᠂ ᠪᠠᠶ᠎ᠠ ᠳ᠋ᠤ ᠪᠡᠨ ᠵᠦᠢᠯ ᠪᠦᠷᠢ ᠵᠢᠨ ᠦᠩᠬᠡᠳ᠋ᠤ | ᠮᠠᠩᠨᠤᠭ ᠳᠠᠪᠠᠯ ᠬᠡᠳ᠋ᠤᠷᠴᠤ᠂ ᠭᠠᠷ ᠲᠦ ᠪᠡᠨ ᠳᠤᠷᠵᠢ ︵ᠭᠠᠤᠯᠢᠨ | ᠮᠠᠨᠴᠤ︶᠂ ᠬᠤᠩᠬᠤ ︵ᠭᠠᠤᠯᠢᠨ ᠬᠤᠩᠬᠤ) ᠵᠡᠷᠬᠡ ᠵᠢ | ᠬᠤᠯᠢᠯᠳ᠋ᠤᠭᠤᠯᠤᠨ ᠠᠳᠬᠤᠵᠤ᠂ ᠨᠢᠬᠡ ᠮᠦᠷᠤᠯᠠᠨ ᠪᠦᠵᠢᠭᠯᠠᠵᠤ | ᠳᠠᠯᠠᠪᠠᠢ ᠵᠢ ᠳᠤᠭᠤᠷᠢᠨ ᠡᠷᠬᠢᠨ᠎ᠠ᠃ (8︶ᠶᠠᠮᠠᠨᠳ᠋ᠠᠭ ᠄ ᠳᠠᠷᠤᠢ | ᠦᠬᠡᠷ ᠦᠨ ᠳᠤᠯᠤᠭᠠᠶᠢᠳ᠋ᠤ ᠰᠠᠬᠢᠭᠤᠯᠰᠤᠨ 1 ᠬᠦᠮᠤᠨ᠃ ᠳᠠᠯᠠᠪᠠᠢ | ᠳ᠋ᠤ ᠭᠠᠷᠬᠤ ᠳ᠋ᠤ ᠪᠡᠨ ᠪᠠᠭ ᠵᠠᠬᠦᠵᠤ᠂ ᠬᠤᠶᠠᠷ ᠡᠪᠡᠷ ᠳᠤ ᠪᠡᠨ | ᠦᠩᠬᠡᠳ᠋ᠤ ᠤᠨᠵᠢᠯᠠᠭ᠎ᠠ ᠡᠯᠬᠦᠨ ᠪᠦᠵᠢᠭᠯᠠᠨᠠ᠃ ︵9︶ | ᠮᠠᠶᠢᠳ᠋ᠠᠷ ᠪᠤᠷᠬᠠᠨ ᠬᠢᠬᠡᠳ ᠬᠦᠪᠡᠬᠦᠳ ᠄ 5 ᠬᠦᠮᠤᠨ | ᠳᠤᠭᠯᠠᠳ᠋ᠠᠭ᠃ ᠳᠠᠯᠠᠪᠠᠢ ᠳ᠋ᠤ ᠭᠠᠷᠬᠤ ᠳ᠋ᠤ ᠪᠡᠨ ᠪᠠᠭ ᠵᠠᠬᠦᠵᠤ᠂ | ᠳᠠᠪᠤᠨ ᠮᠠᠶᠢᠳ᠋ᠠᠷ ᠢ ᠪᠠᠯᠬᠡᠳ᠋ᠠᠵᠤ᠂ ᠪᠦᠵᠢᠭᠯᠠᠵᠤ | ᠳᠠᠭᠤᠰᠤᠭᠰᠠᠨ ᠤ ᠳᠠᠷᠠᠭ᠎ᠠ ᠪᠠᠷᠠᠭᠤᠨᠳ᠋ᠠᠬᠢ ᠴᠢᠭᠠᠨ ᠤ | ᠰᠠᠭᠤᠷᠢ ᠳᠠᠬᠡᠷ᠎ᠠ ᠰᠠᠭᠤᠯᠴᠠᠨ᠎ᠠ᠃ ︵10) ᠴᠠᠭᠠᠨᠬᠠᠰᠠᠷ ᠪᠠ | ᠬᠦᠪᠡᠬᠦᠳ ᠄ ᠴᠠᠭᠠᠨ 1 ᠬᠦᠮᠤᠨ᠂ ᠴᠠᠭᠠᠨ ᠤᠷᠳ᠋ᠤ ᠰᠠᠬᠠᠯᠳ᠋ᠤ | ᠡᠪᠤᠬᠡᠨ 2 ᠬᠡᠤᠬᠡᠳ ᠵᠢᠠᠨ ᠳᠠᠭᠠᠭᠤᠯᠤᠨ ᠳᠤᠭᠯᠠᠨ᠎ᠠ᠃ ᠳᠠᠯᠠᠪᠡᠢ | ᠳ᠋ᠤ ᠭᠠᠷᠬᠤ ᠳ᠋ᠤ ᠪᠡᠨ ᠪᠦᠷᠢᠶ᠎ᠠ ᠦᠯᠢᠶᠠᠬᠦ ᠪᠡᠨ ᠵᠤᠭᠰᠤᠵᠤ᠂ | ᠴᠠᠭᠠᠨ ᠡᠪᠦᠬᠡᠨ ᠳᠠᠶᠢᠵᠠ ᠡᠴᠠ ᠪᠠᠭᠤᠮᠠᠭᠴᠠ ᠪᠡᠨ ᠵᠤᠭᠰᠤᠵᠤ᠂ | ᠬᠤᠶᠠᠷ ᠬᠦᠪᠠᠬᠦᠨ ᠨᠢ ᠳᠠᠬᠦᠨ ᠢ ᠳᠦᠰᠢᠨᠠ᠃ ᠴᠠᠭᠠᠨ ᠡᠪᠤᠬᠡᠨ | ᠬᠤᠶᠠᠷ ᠬᠠᠵᠠᠭᠤ ᠵᠢᠨ ᠬᠡᠤᠬᠡᠳ ᠵᠢᠠᠨ ᠪᠠᠬᠠᠷᠬᠠᠨ ᠬᠠᠷᠠᠵᠤ | ᠠᠮᠤᠷᠯᠢᠩᠭᠤᠢ ᠪᠠᠶᠠᠰᠬᠤᠯᠠᠩᠲᠤ ᠳᠦᠷᠢ ᠢᠯᠠᠷᠠᠨ ᠬᠦᠪᠡᠬᠦᠳ ᠡᠴᠠ | ᠪᠠᠨ ᠰᠠᠯᠵᠤ ᠤᠷᠤᠭᠰᠢ ᠠᠯᠬᠤᠨ᠎ᠠ᠃ ᠡᠨᠠ ᠦᠶ᠎ᠠ ᠳ᠋ᠤ ᠬᠠᠵᠠᠭᠤ | ᠳ᠋ᠤᠨᠢ ᠪᠤᠰᠬᠠᠭᠰᠠᠨ ᠪᠦᠷᠢᠶ᠎ᠠ ᠵᠢᠨ ᠠᠷᠤ ᠳ᠋ᠤ ᠬᠤᠶᠠᠷ ᠬᠡᠤᠬᠡᠳ | ᠢ ᠨᠢᠭᠤᠵᠤ᠂ ᠴᠠᠭᠠᠨ ᠡᠪᠤᠬᠡᠨ ᠡᠷᠬᠢᠵᠤ ᠬᠠᠷᠠᠭᠠᠳ ᠬᠡᠤᠬᠡᠳ | ᠬᠠᠷᠠᠭᠳ᠋ᠠᠬᠤ ᠦᠬᠡᠢ ᠪᠤᠯᠬᠤᠷ ᠠᠶᠤᠨ ᠰᠤᠴᠢᠵᠤ᠂ ᠶᠡᠬᠡ ᠴᠠᠩ ᠢ | ᠳᠡᠯᠡᠳᠴᠤ᠂ ᠴᠠᠭᠠᠨ ᠡᠪᠤᠬᠡᠨ ᠰᠠᠨᠠᠭ᠎ᠠ ᠠᠮᠤᠷ ᠦᠬᠡᠢ ᠪᠠᠯᠢᠳ᠋ᠠᠨ | ᠰᠠᠨᠳ᠋ᠤᠷᠠᠭᠰᠠᠨ ᠪᠠᠶᠢᠳ᠋ᠠᠯ ᠭᠠᠷᠭᠠᠨ᠎ᠠ᠃ ᠪᠦᠷᠢᠶ᠎ᠠ ᠵᠢᠨ ᠠᠷᠤ | ᠡᠴᠠ ᠬᠤᠶᠠᠷ ᠬᠡᠤᠬᠡᠳ ᠢ ᠭᠠᠷᠭᠠᠵᠤ ᠴᠠᠭᠠᠨ ᠡᠪᠤᠬᠡᠨ ᠳ᠋ᠤ | ᠳᠤᠰᠢᠶᠠᠬᠤ ᠳ᠋ᠤ ᠴᠠᠭᠠᠨ ᠡᠪᠦᠬᠡᠨ ᠬᠢᠵᠠᠭᠠᠯᠠᠰᠢ ᠦᠬᠡᠢ | ᠪᠠᠶᠠᠷᠯᠠᠵᠤ᠂ ᠬᠤᠶᠠᠷ ᠬᠦᠪᠡᠬᠦᠨ ᠵᠢᠠᠨ ᠬᠤᠶᠠᠷ ᠵᠠᠬ᠎ᠠ ᠳ᠋ᠤ | ᠪᠡᠨ ᠵᠤᠭᠰᠤᠭᠠᠵᠤ᠂ ᠬᠠᠷᠢᠯᠴᠠᠨ ᠰᠢᠷᠳ᠋ᠠᠨᠠ᠃ ᠳᠠᠷᠠᠭᠠᠪᠡᠷ ᠨᠢ | ᠬᠡᠨᠡᠳᠳ᠋ᠠ ᠤᠬᠠᠭᠠᠷᠠᠭᠰᠠᠨ ᠮᠠᠳ᠋ᠤ᠂ ᠡᠬᠦᠨ ᠵᠢᠠᠨ᠂ ᠪᠤᠷᠬᠠᠨ ᠤ | ᠠᠪᠤᠷᠠᠯ ᠬᠡᠵᠤ ᠦᠵᠠᠨ᠂ ᠪᠤᠷᠬᠠᠨ ᠤ ᠡᠮᠤᠨ᠎ᠠ ᠤᠴᠢᠵᠤ ᠮᠦᠷᠬᠦᠨ | ᠵᠠᠯᠪᠠᠷᠢᠵᠤ᠂ ᠵᠠᠬᠦᠨ ᠳᠠᠯ᠎ᠠ ᠵᠢᠨ ᠴᠢᠭᠠᠨ ᠤ ᠰᠠᠭᠤᠷᠢ | ᠳᠠᠬᠡᠷ᠎ᠠ ᠰᠠᠭᠤᠯᠴᠠᠨ᠎ᠠ᠃ ᠡᠨᠡᠬᠦ ᠳᠤᠭᠯᠠᠯᠳ᠋ᠠ ᠢᠩᠬᠢᠬᠡᠳ ᠳᠦᠷ | ᠵᠠᠪᠰᠠᠷᠯᠠᠨ᠎ᠠ᠃ | ᠬᠠᠮᠤᠭ ᠰᠠᠬᠦᠯ ᠳ᠋ᠤ ᠳᠠᠯᠠᠪᠠᠢ ᠳ᠋ᠥ ᠤᠷᠤᠬᠤ ᠨᠢ 1 ᠪᠤᠭᠤ | ᠪᠤᠯᠤᠨ᠎ᠠ᠃ ᠨᠢᠬᠡ ᠯᠠᠮᠠ ᠳᠤᠯᠤᠭᠠᠢ ᠳ᠋ᠤ ᠪᠠᠨ ᠪᠤᠭᠤᠨ ᠳᠤᠯᠤᠭᠠᠢ | ᠵᠢᠨ ᠪᠠᠭ ᠵᠠᠬᠦᠵᠤ᠂ ᠬᠤᠶᠠᠷ ᠪᠤᠭᠤᠨ ᠡᠪᠡᠷ ᠨᠢ ᠦᠪ ᠦᠨᠠᠨ ᠳᠦᠷᠢ | ᠳᠠᠢ᠃ ᠪᠤᠭᠤ ᠳᠠᠯᠠᠪᠠᠢ ᠳ᠋ᠤ ᠤᠷᠤᠩᠭᠤᠳ᠋ᠠ ᠬᠡᠩᠬᠡᠷᠬᠡ ᠴᠠᠩ ᠢ | ᠠᠶᠢᠵᠠᠮ ᠳᠠᠢ ᠴᠤᠬᠢᠵᠤ᠂ ᠳᠠᠯᠠᠪᠠᠢ ᠳᠤᠳ᠋ᠤᠷᠠᠬᠢ ᠳᠢᠭᠯᠢᠮ ᠡᠮᠬᠢ | ᠵᠠᠮᠪᠠᠷᠠᠭ᠎ᠠ ᠳᠠᠢ᠂ ᠪᠤᠭᠤ ᠦᠰᠦᠷᠴᠤ ᠬᠠᠷᠠᠶᠢᠬᠤ ᠨᠢ ᠠᠶᠢᠵᠢᠮ | ᠴᠤᠬᠢᠯᠭ᠎ᠠ ᠳᠠᠢ᠂ ᠬᠡᠰᠡᠭ ᠲᠦ ᠪᠡᠨ ᠬᠦᠶᠤᠨ ᠳᠤᠪᠳ᠋ᠤᠯᠵᠤ᠂ | ᠬᠡᠰᠡᠭ ᠲᠦ ᠪᠡᠨ ᠡᠪᠡᠰᠤ ᠬᠠᠵᠠᠯᠠᠨ ᠤᠰᠤ ᠤᠤᠭᠤᠬᠤ ᠳᠦᠷᠰᠦᠯᠠᠯ | ᠳᠠᠢ᠂ ᠪᠤᠵᠢᠬᠢᠨᠠᠳ᠋ᠠᠯᠠ ᠦᠰᠦᠷᠴᠤ ᠬᠠᠷᠠᠶᠢᠨ᠂ ᠠᠯᠬᠤᠭ᠎ᠠ ᠨᠢ | ᠬᠦᠴᠤ ᠳᠤᠷᠪᠢᠳ᠋ᠠᠢ᠃ | ᠴᠠᠮ ᠬᠠᠷᠠᠶᠢᠵᠤ ᠳᠠᠭᠤᠰᠤᠩᠭᠤᠳ᠋ᠠ ᠴᠠᠮ ᠬᠠᠷᠠᠶᠢᠭᠴᠢᠳ᠂ ᠨᠤᠮ | ᠤᠩᠰᠢᠭᠴᠢᠳ ᠪᠦᠬᠦᠳ᠋ᠠᠬᠡᠷ ᠮᠦᠷᠤᠯᠠᠨ ᠵᠢᠬᠰᠠᠵᠤ᠂ ᠰᠦᠮ᠎ᠠ ᠵᠢᠨ | ᠭᠤᠷᠢᠶ᠎ᠠ ᠵᠢ ᠭᠤᠷᠪᠠᠨᠳ᠋ᠠ ᠡᠷᠬᠢᠭᠰᠠᠨ ᠤ ᠳᠠᠷᠠᠭ᠎ᠠ | ᠠᠭᠤᠯᠵᠠᠵᠤ᠂ ︵ᠪᠢᠯᠠᠩ︶ ︵ᠴᠠᠭᠠᠨ ᠭᠤᠯᠢᠷ ᠵᠢᠡᠷ ᠬᠢᠭᠰᠡᠨ | ᠴᠢᠳᠬᠦᠷ ᠦᠨ ᠨᠢᠭᠤᠷ ︶ᠬᠡᠬᠡᠬᠦ ᠯᠠᠮᠠ ᠰᠦᠮ᠎ᠠ ᠵᠢᠨ ᠬᠦᠷᠢᠶ᠎ᠠ | ᠵᠢᠨ ᠭᠠᠳ᠋ᠠᠨ᠎ᠠ ᠤᠴᠢᠵᠤ ︵ ᠪᠢᠯᠠᠩ︶ ᠵᠢᠠᠨ ᠰᠢᠳ᠋ᠠᠭᠠᠪᠠᠯ | ᠰᠠᠶ᠋ᠢ ᠡᠨᠡᠬᠦ ᠪᠤᠷᠬᠠᠨ ᠱᠠᠰᠢᠨ ᠤ ᠶᠠᠪᠤᠳ᠋ᠠᠯ ᠳᠠᠭᠤᠰᠤᠨ᠎ᠠ᠃ | | | |