ᠪᠤᠮᠪᠤ ᠵᠢᠨ ᠱᠠᠰᠢᠨ
  
2022/12/9
          ᠤᠯᠠᠭᠠᠨᠬᠠᠳ᠋ᠠ ᠤᠷᠤᠨ ᠳ᠋ᠤ ᠪᠤᠮᠪᠤ ᠵᠢᠨ ᠱᠠᠰᠢᠨ ᠤᠯᠠᠮᠵᠢᠯᠠᠭᠳ᠋ᠠᠨ ᠤᠷᠤᠵᠤ ᠢᠷᠡᠭᠰᠠᠨ ᠪᠠ ᠳᠠᠬᠦᠨ  ᠤ ᠠᠵᠢᠯᠯᠠᠭ᠎ᠠ ᠵᠢ ᠬᠤᠶᠠᠷ ᠭᠤᠤᠯ ᠴᠠᠭ ᠬᠤᠭᠤᠴᠠᠭ᠎ᠠ ᠳ᠋ᠥ ᠬᠤᠪᠢᠶᠠᠳ᠋ᠠᠭ᠂ ᠳᠠᠷᠤᠢ ᠯᠢᠶᠤᠤ ᠤᠯᠤᠰ᠂ ᠠᠯᠳ᠋ᠠᠨ ᠤᠯᠤᠰ  ᠦᠨ ᠦᠶ᠎ᠠ ᠪᠠ ᠴᠢᠩ ᠤᠯᠤᠰ ᠡᠴᠠ ᠰᠡᠬᠦᠯᠡᠷᠬᠢ ᠬᠤᠭᠤᠴᠠᠭ᠎ᠠ ᠪᠤᠯᠤᠨ᠎ᠠ᠃ ᠯᠢᠶᠤᠤ ᠤᠯᠤᠰ  ᠦᠨ ᠦᠶ᠎ᠠ ᠳ᠋ᠤ ᠳᠠᠬᠡᠳ᠋ᠤ ᠨᠠᠶᠢᠰᠯᠠᠯ ᠳ᠋ᠤ ᠨᠢᠬᠡᠨᠳ᠋ᠠ ᠪᠤᠮᠪᠤ ᠵᠢᠨ ᠱᠠᠰᠢᠨ  ᠤ ᠠᠵᠢᠯᠯᠠᠭ᠎ᠠ ᠳᠠᠢ ᠪᠤᠯᠵᠠᠢ᠃ ᠯᠢᠶᠤᠤ ᠤᠯᠤᠰ ᠤᠨ  ᠤ ᠴᠤᠯᠠ ᠳᠤᠭᠳ᠋ᠠᠭᠠᠨ ᠬᠡᠷᠡᠭᠯᠡᠭᠰᠠᠨ  ᠤ ᠭᠤᠷᠪᠠᠳ᠋ᠤᠭᠠᠷ ᠤᠨ︵918 ᠤᠨ ︶ᠳ᠋ᠤ ᠳᠠᠬᠡᠳ᠋ᠤ ᠨᠠᠶᠢᠰᠯᠠᠯ ᠳ᠋ᠤ ᠪᠤᠮᠪᠤ ᠵᠢᠨ ᠱᠠᠰᠢᠨ  ᠤ ᠰᠦᠮ᠎ᠠ ᠳᠢᠶᠠᠨ ᠴᠠᠩ ᠭᠤᠧᠠᠨ ‍ᠢ ᠪᠠᠶᠢᠭᠤᠯᠵᠤ᠂ ᠺᠦᠩᠽᠢ ᠵᠢᠨ ᠰᠤᠷᠭᠠᠯ ᠪᠠ ᠪᠤᠷᠬᠠᠨ ᠱᠠᠰᠢᠨ  ᠤ ᠰᠤᠷᠭᠠᠯ ‍ᠢ ᠵᠡᠷᠬᠡ  ᠳᠤ ᠨᠢ ᠬᠦᠯᠢᠶᠡᠨ ᠠᠪᠴᠤ᠂ ᠠᠯᠳ᠋ᠠᠨ ᠤᠯᠤᠰ ᠪᠠ ᠶᠤᠧᠠᠨ ᠤᠯᠤᠰ ᠬᠤᠶᠠᠷ ᠳᠦᠷᠦ ᠵᠢ ᠦᠩᠬᠡᠷᠡᠬᠡᠬᠡᠳ ᠨᠢᠬᠡᠨ ᠦᠶ᠎ᠠ ᠬᠦᠭᠵᠢᠨ ᠮᠠᠨᠳ᠋ᠤᠵᠠᠢ᠃ ᠳᠤᠬᠠᠢ ᠵᠢᠨ ᠦᠶ᠎ᠠ ᠵᠢᠨ ᠪᠤᠮᠪᠤ ᠵᠢᠨ ᠱᠠᠰᠢᠨ  ᠤ ᠰᠤᠷᠭᠠᠯ ᠪᠦᠯᠦᠭ ᠳᠤᠩ ᠤᠯᠠᠨ ᠪᠠᠶᠢᠪᠠ᠂ ᠭᠤᠤᠯᠳ᠋ᠠᠭᠤ ᠲᠠᠢ ᠢ᠂  ᠳ᠋ᠠ ᠳ᠋ᠣᠤ ︵ᠰᠠᠬᠦᠯᠠᠷ ᠨᠢ ᠵᠧᠨ ᠳ᠋ᠠ ᠬᠡᠵᠤ ᠦᠬᠡᠷᠡᠴᠢᠯᠠᠵᠠᠢ ︶᠂  ᠴᠢᠦᠸᠠᠨ ᠵᠧᠨ ᠵᠡᠷᠬᠡ ᠪᠤᠯᠤᠨ᠎ᠠ᠃ ᠠᠯᠳ᠋ᠠᠨ ᠤᠯᠤᠰ  ᠦᠨ ᠰᠠᠬᠦᠯᠴᠢ ᠶᠤᠧᠠᠨ ᠤᠯᠤᠰ  ᠦᠨ ᠡᠬᠢᠨ ᠵᠢᠡᠷ  ᠴᠠᠩᠴᠦ᠋ᠨ ᠪᠤᠮᠪᠤ ᠴᠢᠤ ᠴᠦ᠋ ᠵᠢᠢ ᠪᠡᠷ ᠳᠠᠷᠢᠬᠦᠯᠡᠬᠦᠯᠦᠭᠰᠠᠨ ᠴᠢᠦᠸᠠᠨ ᠵᠧᠨ ᠪᠦᠯᠦᠭ ᠤᠮᠠᠷᠠᠳ᠋ᠤ ᠳ᠋ᠤ ᠳᠠᠪᠠᠭᠤᠯᠢᠭ ᠪᠠᠶᠢᠷᠢ ᠰᠠᠭᠤᠷᠢ ᠵᠢ ᠤᠯᠤᠭᠰᠠᠨ ᠡᠴᠠ ᠤᠮᠠᠷᠠᠳ᠋ᠤ ᠳ᠋ᠤ ᠤᠷᠳ᠋ᠤ ᠬᠤᠭᠤᠴᠠᠭ᠎ᠠ ᠪᠡᠷ︽ᠴᠢᠦᠸᠠᠨ ᠵᠧᠨ ᠪᠦᠯᠦᠭ ᠯᠡ ᠱᠠᠰᠢᠨ ᠳᠡᠯᠬᠡᠷᠡᠬᠦᠯᠬᠦ︾ᠳᠦᠷᠰᠦ ᠪᠠᠶᠢᠳ᠋ᠠᠯ ᠵᠢᠡᠨ ᠪᠠᠳ᠋ᠤᠯᠠᠵᠦ ᠴᠢᠳ᠋ᠠᠵᠠᠢ᠃ ᠳᠤᠬᠠᠢ ᠵᠢᠨ ᠦᠶᠡᠰ︽ᠦᠳ᠋ᠡᠬᠦᠰ ᠵᠠᠯᠠᠭᠤᠰ ᠡᠷᠡᠭᠳ᠋ᠡᠢ ᠡᠮᠡᠭᠳ᠋ᠡᠢ ᠭᠤᠴᠢᠨ ᠳᠦᠮᠡ ᠳ᠋ᠥ ᠬᠦᠷᠴᠦᠬᠦᠢ︾᠃ ᠡᠨᠡᠬᠦ ᠬᠤᠭᠤᠴᠠᠭᠠᠨ ᠳ᠋ᠤ ᠯᠢᠶᠤᠤ ᠤᠯᠤᠰ  ᠦᠨ ᠳᠠᠬᠡᠳ᠋ᠤ ᠨᠠᠶᠢᠰᠯᠠᠯ ᠪᠠ ᠳᠤᠮᠳ᠋ᠠ ᠨᠠᠶᠢᠰᠯᠠᠯ ᠵᠢᠴᠢ ᠡᠯ᠎ᠠ ᠭᠠᠵᠠᠷ ᠤᠷᠤᠨ ᠳ᠋ᠤ ᠪᠤᠮᠪᠤ ᠵᠢᠨ ᠰᠦᠮ᠎ᠠ ᠤᠯᠠᠰᠢᠷᠠᠵᠠᠢ᠃ ᠨᠢᠩᠴᠧᠩ ᠰᠢᠶᠠᠨ  ᠤ ᠳ᠋ᠠᠶᠢᠮᠢᠩ ᠬᠤᠳ᠋ᠠ ᠵᠢᠨ ᠳᠤᠳ᠋ᠤᠷ᠎ᠠ ᠭᠠᠳ᠋ᠠᠨ᠎ᠠ ᠳᠠᠷᠤᠢ ᠢᠤᠢ ᠴᠢᠩ ᠭᠤᠧᠠᠨ ︵ᠯᠢᠶᠤᠤ ᠤᠯᠤᠰ  ᠦᠨ ᠲᠦᠩ ᠡᠾᠧ ᠵᠢᠨ ᠬᠤᠶᠠᠳ᠋ᠤᠭᠠᠷ ᠤᠨ᠂ 984 ᠤᠨ ᠳ᠋ᠤ ᠪᠠᠶᠢᠭᠤᠯᠵᠠᠢ )᠂ ᠬᠤᠧᠠ ᠶᠠᠩ ᠬᠦᠩ ︵ᠯᠢᠶᠤᠤ ᠤᠯᠤᠰ  ᠦᠨ ᠲᠦᠩ ᠡᠾᠧ ᠵᠢᠨ ᠬᠤᠶᠠᠳ᠋ᠤᠭᠠᠷ ᠤᠨ᠂ 984 ᠤᠨ ᠳ᠋ᠤ ᠪᠠᠶᠢᠭᠤᠯᠵᠠᠢ )᠂ ᠪᠠᠢ ᠾᠧ ᠬᠦᠩ ︵ᠶᠤᠧᠠᠨ ᠤᠯᠤᠰ  ᠦᠨ ᠳ᠋ᠠ ᠳ᠋ᠧ ᠵᠢᠨ ᠳᠠᠪᠤᠳ᠋ᠤᠭᠠᠷ ᠤᠨ᠂ 1300 ᠤᠨ ᠳ᠋ᠥ ᠪᠠᠶᠢᠭᠤᠯᠵᠠᠢ )᠂ ᠡᠤ ᠶᠤᠧᠠᠢ ᠭᠤᠧᠠᠨ︵ᠶᠤᠧᠠᠨ ᠤᠯᠤᠰ  ᠦᠨ ᠦᠶ᠎ᠠ ᠳ᠋ᠤ ᠪᠠᠶᠢᠭᠤᠯᠵᠠᠢ ︶ᠵᠡᠷᠬᠡ ᠪᠠᠶᠢᠵᠠᠢ᠃ ᠠᠯᠳ᠋ᠠᠨ ᠤᠯᠤᠰ ᠯᠢᠶᠤᠤ ᠤᠯᠤᠰ  ᠦᠨ ᠳᠤᠮᠳ᠋ᠠ ᠨᠠᠶᠢᠰᠯᠠᠯ ‍ᠢ ᠳᠠᠭᠠᠷᠢᠨ ᠴᠤᠬᠢᠬᠰᠠᠨ ᠳ᠋ᠥ ᠵᠠᠷᠢᠮ ᠰᠦᠮ᠎ᠠ ᠬᠡᠶᠢᠳ ᠨᠢ ᠳᠠᠶᠢᠨ  ᠤ ᠭᠠᠯ ᠳ᠋ᠤ ᠡᠪᠳ᠋ᠡᠭᠳ᠋ᠠᠨ ᠰᠦᠢᠷᠠᠭᠰᠡᠨ ᠪᠤᠯᠪᠠᠴᠤ ᠶᠤᠧᠠᠨ ᠤᠯᠤᠰ  ᠦᠨ ᠦᠶ᠎ᠠ ᠳ᠋ᠤ ᠳᠠᠬᠢᠨ ᠪᠠᠶᠢᠭᠤᠯᠵᠠᠢ᠃ ᠰᠦᠮ᠎ᠠ ᠬᠡᠶᠢᠳ  ᠦᠨ ᠪᠠᠶᠢᠭᠤᠯᠤᠯᠳ᠋ᠠ ᠨᠢ ᠡᠮᠤᠨ᠎ᠠ ᠬᠤᠶᠢᠨ᠎ᠠ ᠭᠤᠷᠪᠠᠨ ᠵᠠᠭᠤᠨ ᠵᠢᠯ ‍ᠢ ᠦᠩᠬᠡᠷᠡᠬᠡᠵᠦ᠂ ᠪᠤᠮᠪᠤ ᠵᠢᠨ ᠰᠤᠷᠭᠠᠯᠳ᠋ᠠᠳ ᠰᠤᠳ᠋ᠤᠷ ᠨᠤᠮ ᠵᠢᠠᠨ ᠬᠡᠪᠯᠠᠨ ᠳᠠᠷᠬᠠᠭᠠᠵᠤ᠂ ᠱᠠᠪᠢ ᠨᠠᠷ ᠵᠢᠠᠨ ᠤᠯᠠᠨ ᠬᠦᠮᠦᠵᠢᠬᠦᠯᠵᠠᠢ᠃ ᠮᠢᠩ ᠤᠯᠤᠰ  ᠦᠨ ᠡᠬᠢᠨ ᠡᠴᠠ ᠪᠤᠮᠪᠤ ᠵᠢᠨ ᠱᠠᠰᠢᠨ ᠳᠤᠷᠤᠶᠢᠳ᠋ᠠᠨ ᠪᠠᠭᠤᠷᠠᠪᠠ᠃         ᠪᠤᠮᠪᠤ ᠵᠢᠨ ᠱᠠᠰᠢᠨ ᠳᠠᠬᠢᠨᠳ᠋ᠠ ᠤᠯᠠᠮᠵᠢᠯᠠᠭᠳ᠋ᠠᠨ ᠬᠦᠭᠵᠢᠭᠰᠠᠨ ᠤᠷᠬᠢᠯ ᠦᠶ᠎ᠡ ᠪᠤᠯ ᠴᠢᠩ ᠤᠯᠤᠰ  ᠦᠨ ᠦᠶ᠎ᠠ ᠳ᠋ᠥ  ᠪᠠᠢᠪᠠ᠃ ᠴᠢᠩ ᠤᠯᠤᠰ  ᠦᠨ ᠡᠶᠠᠪᠡᠷ ᠵᠠᠰᠠᠭᠴᠢ ᠵᠢᠨ ᠡᠬᠢᠨ  ᠤ ᠦᠶ᠎ᠠ ᠳ᠋ᠥ ᠱᠢᠽᠤ ᠬᠠᠭᠠᠨ ᠠᠶᠢᠰᠢᠨ ᠬᠢᠤᠷᠤ · ᠹᠦ᠋ ᠯᠢᠨ  ᠤ ᠳᠦᠷᠦᠭᠰᠡᠨ ᠡᠬᠡᠴᠢ ᠰᠠᠴᠠᠨ ᠳᠠᠬᠡᠳ᠋ᠤ ᠬᠦᠷᠦᠨ ᠬᠦᠩᠵᠤ ᠪᠠᠭᠠᠷᠢᠨ ᠪᠠᠷᠠᠭᠤᠨ ᠬᠤᠰᠢᠭᠤᠨ ᠳ᠋ᠤ ᠮᠤᠷᠳ᠋ᠠᠨ ᠢᠷᠡᠬᠦ ᠳ᠋ᠥ ᠪᠡᠨ ᠪᠡᠬᠡᠵᠢᠩ ᠡᠴᠠ ᠪᠤᠮᠪᠤ ᠪᠤᠯᠤᠨ ᠬᠢᠳ᠋ᠠᠳ ᠨᠤᠮ ᠰᠤᠳ᠋ᠤᠷ᠂ ᠱᠠᠰᠢᠨ  ᠤ ᠳᠠᠩᠭᠠᠷᠢᠭ  ᠦᠨ ᠡᠳ᠋ ᠵᠡᠷᠬᠡ ᠵᠢ ᠠᠪᠴᠢᠷᠠᠭᠰᠠᠨ ᠪᠦᠬᠡᠳ ᠳ᠋ᠠᠪᠠᠨ ᠪᠠᠯᠭᠠᠰᠤᠨ ᠳ᠋ᠤ ᠨᠢᠶᠠᠩ ᠨᠢᠶᠠᠩ  ᠦᠨ ᠰᠦᠮ᠎ᠠ ᠪᠠᠶᠢᠭᠤᠯᠵᠠᠢ᠃ ᠳᠤᠬᠠᠢ ᠵᠢᠨ ᠦᠶᠡᠰ ᠪᠤᠮᠪᠤ ᠵᠢᠨ ᠱᠠᠰᠢᠨ ‍ᠢ ᠰᠢᠳ᠋ᠤᠭᠴᠢᠳ ᠨᠢ ᠵᠦᠪᠬᠡᠨ ᠬᠦᠩᠵᠤ ᠪᠠ ᠳᠠᠬᠦᠨ  ᠤ ᠳᠠᠭᠠᠭᠤᠯᠵᠤ ᠢᠷᠡᠭᠰᠠᠨ 3 00 ᠡᠷᠤᠬᠡ ᠢᠨᠵᠢ  ᠦᠳ ᠯᠡ ᠪᠠᠶᠢᠵᠠᠢ᠃ ᠰᠠᠬᠦᠯᠠᠷ ᠨᠢ ᠪᠤᠭᠤᠮᠳ᠋ᠠ ᠵᠢᠨ ᠳᠤᠳ᠋ᠤᠷᠠᠬᠢ ᠬᠢᠳ᠋ᠠᠳ ᠬᠦᠮᠤᠨ ᠳᠤᠰ ᠭᠠᠵᠠᠷ ᠨᠡᠬᠦᠳ᠋ᠠᠯᠯᠠᠨ ᠢᠷᠠᠬᠦ ᠵᠢ ᠳᠠᠭᠠᠯᠳ᠋ᠤᠨ᠂ ᠪᠤᠮᠪᠤ ᠵᠢᠨ ᠱᠠᠰᠢᠨ ᠠᠷᠠᠳ  ᠦᠨ ᠳᠤᠳ᠋ᠤᠷ᠎ᠠ ᠤᠯᠠᠮᠵᠢᠯᠠᠭᠳ᠋ᠠᠨ ᠳᠡᠯᠬᠡᠷᠡᠪᠡ᠂ ᠬᠡᠪᠡᠴᠤ ᠭᠤᠤᠯᠳ᠋ᠠᠭᠤ ᠬᠢᠳ᠋ᠠᠳ ᠦᠨᠳ᠋ᠤᠰᠤᠳ᠋ᠠᠨ  ᠤ ᠳᠠᠷᠢᠶᠠᠴᠢᠳ ᠳᠦᠪᠯᠠᠷᠠᠨ ᠰᠠᠭᠤᠭᠰᠠᠨ ᠭᠠᠵᠠᠷ ᠤᠷᠤᠨ ᠳ᠋ᠤ ᠤᠯᠠᠮᠵᠢᠯᠠᠭᠳ᠋ᠠᠨ ᠳᠠᠯᠬᠡᠷᠡᠵᠠᠢ᠃ ᠪᠠᠶᠢᠭᠤᠯᠤᠭᠰᠠᠨ ᠰᠦᠮ᠎ᠠ ᠬᠡᠶᠢᠳ ᠨᠢ ᠴᠦᠬᠡᠨ᠂ ᠬᠡᠪᠴᠢᠶ᠎ᠠ ᠪᠡᠷ ᠪᠠᠭ᠎ᠠ᠂ ᠪᠤᠮᠪᠤ ᠨᠢ ᠴᠤ ᠳᠠᠶᠢᠮᠤ ᠠᠷᠪᠢᠨ ᠪᠠᠶᠢᠭᠰᠠᠨ ᠦᠬᠡᠢ ᠳᠤᠯᠠ ᠨᠦᠯᠦᠬᠡ ᠪᠡᠷ ᠪᠤᠷᠬᠠᠨ ᠱᠠᠰᠢᠨ ‍ᠢ ᠬᠦᠷᠬᠦ ᠦᠬᠡᠢ ᠪᠠᠶᠢᠵᠦ᠂ ᠱᠠᠰᠢᠨ  ᠤ ᠠᠵᠢᠯᠯᠠᠭ᠎ᠠ ᠨᠢ ᠵᠦᠪᠬᠡᠨ ᠠᠷᠠᠳ  ᠦᠨ ᠳᠤᠮᠳ᠋ᠠ ᠶᠠᠪᠤᠭᠳ᠋ᠠᠵᠦ ᠪᠠᠶᠢᠪᠠ᠃ ᠪᠢᠴᠢᠭ  ᠦᠨ ᠰᠤᠷᠭᠠᠯᠳ᠋ᠠᠨ᠂ ᠤᠨᠴᠠᠭᠠᠶᠢᠯᠠᠨ ᠪᠤᠷᠬᠠᠨ ᠱᠠᠰᠢᠨ  ᠤ ᠨᠦᠯᠦᠬᠡ ᠡᠴᠠ ᠪᠤᠯᠵᠤ᠂ ᠳᠤᠬᠠᠢ ᠵᠢᠨ ᠦᠶ᠎ᠠ ᠳ᠋ᠤ ᠤᠯᠠᠮᠵᠢᠯᠠᠭᠳ᠋ᠠᠵᠤ ᠪᠠᠶᠢᠭᠰᠠᠨ ᠨᠢ ᠴᠤᠯᠤ ᠴᠠᠪᠡᠷ ᠪᠤᠮᠪᠤ ᠵᠢᠨ ᠱᠠᠰᠢᠨ ᠪᠢᠰᠢ ᠪᠠᠶᠢᠪᠠ᠃ ᠪᠤᠮᠪᠤ ᠵᠢᠨ ᠱᠠᠰᠢᠨ  ᠤ ᠰᠦᠮ᠎ᠠ ᠬᠡᠶᠢᠳ  ᠦᠨ ᠪᠠᠷᠢᠯᠭ᠎ᠠ ᠵᠢᠨ ᠬᠡᠪ ᠨᠠᠮᠪᠠ᠂ ᠳᠠᠭᠤᠤ ᠠᠶᠠᠯᠭᠤ᠂ ᠳᠠᠬᠢᠯ ᠳᠠᠪᠢᠯᠭ᠎ᠠ ᠵᠡᠷᠬᠡ ᠳᠠᠯ᠎ᠠ ᠪᠡᠷ ᠵᠢᠡᠨ ᠳᠤᠬᠠᠢ ᠵᠢᠨ ᠭᠠᠵᠠᠷ  ᠦᠨ ᠪᠤᠷᠬᠠᠨ  ᠤ ᠱᠠᠰᠢᠨ ᠪᠠ ᠪᠤᠮᠪᠤ ᠵᠢᠨ ᠱᠠᠰᠢᠨ ᠨᠢ ᠬᠠᠷᠢᠯᠴᠠᠨ ᠠᠭᠤᠰᠤᠯᠴᠠᠭᠰᠠᠨ ᠰᠢᠨᠵᠢ ᠳᠠᠢ ᠪᠠᠶᠢᠪᠠ᠃ ᠰᠦᠮ᠎ᠠ ᠬᠡᠶᠢᠳ ᠨᠢ ᠪᠤᠷᠬᠠᠨ  ᠤ ᠱᠠᠰᠢᠨ  ᠤ ᠪᠠ ᠪᠤᠮᠪᠤ ᠵᠢᠨ ᠱᠠᠰᠢᠨ  ᠤ ᠢᠯᠡᠷᠬᠡᠢ ᠢᠯᠭᠠᠭ᠎ᠠ ᠵᠦᠷᠢᠶ᠎ᠠ ᠬᠡᠵᠦ ᠦᠬᠡᠢ᠂ ᠪᠤᠮᠪᠤ ᠵᠢᠨ ᠰᠦᠮ᠎ᠠ ᠨᠢ ᠰᠦᠮ᠎ᠠ ᠵᠢᠨ ᠬᠤᠷᠠᠯ ᠬᠢᠳ᠋ᠡᠭ ᠪᠦᠬᠡᠳ ᠴᠠᠭ ᠨᠢ ᠪᠤᠷᠬᠠᠨ  ᠤ ᠰᠦᠮ᠎ᠠ ᠳᠠᠢ ᠶᠡᠬᠡ ᠳᠦᠯᠦᠪ ᠠᠳ᠋ᠠᠯᠢᠪᠳ᠋ᠤᠷ ᠪᠠᠶᠢᠳ᠋ᠠᠭ᠃ ᠠᠷᠠᠳ  ᠦᠨ ᠳᠤᠮᠳ᠋ᠠ ᠪᠤᠷᠬᠠᠨ ᠱᠠᠰᠢᠨ ‍ᠢ ᠰᠢᠳ᠋ᠦᠭᠴᠢᠳ ᠨᠢ ᠪᠤᠮᠪᠤ ᠵᠢᠨ ᠱᠠᠰᠢᠨ ‍ᠢ ᠪᠠᠰᠠ ᠰᠢᠳ᠋ᠤᠵᠤ ᠪᠠᠶᠢᠬᠰᠠᠨ ᠪᠦᠬᠡᠳ ᠪᠤᠷᠬᠠᠨ ᠪᠤᠮᠪᠤ ᠵᠢ ᠠᠳ᠋ᠠᠯᠢ ᠳᠡᠭᠰᠢ ᠪᠡᠷ ᠦᠵᠡᠳ᠋ᠡᠭ ᠪᠠᠶᠢᠵᠠᠢ᠃  
          