ᠢᠰᠯᠠᠮ  ᠦᠨ ᠱᠠᠰᠢᠨ 
  
2022/12/9
 ᠨᠢᠬᠡᠳ᠋ᠤᠬᠡᠷ ᠬᠡᠰᠡᠭ ᠤᠯᠠᠮᠵᠢᠯᠠᠭᠳ᠋ᠠᠨ ᠳᠡᠯᠭᠡᠷᠡᠭᠰᠡᠨ ᠤᠯᠠᠷᠢᠯ ᠬᠤᠪᠢᠷᠠᠯ          ᠢᠰᠯᠠᠮ  ᠦᠨ ᠱᠠᠰᠢᠨ ᠴᠢᠩ ᠤᠯᠤᠰ  ᠦᠨ ᠳᠡᠭᠷᠢ ᠳᠠᠳᠬᠦᠭᠴᠢ ᠵᠢᠨ ᠦᠶ᠎ᠠ ᠳ᠋ᠤ  ᠤᠯᠠᠭᠠᠨᠬᠠᠳᠠ ᠬᠤᠳ᠋ᠠ ᠵᠢᠨ ᠬᠢᠵᠠᠭᠠᠷ ᠲᠦ ᠤᠯᠠᠮᠵᠢᠯᠠᠭᠳ᠋ᠠᠨ ᠤᠷᠤᠵᠤ ᠢᠷᠡᠭᠰᠠᠨ ᠪᠦᠬᠡᠳ ᠮᠠᠨᠵᠤ ᠦᠨᠳ᠋ᠤᠰᠤᠳ᠋ᠠᠨ  ᠤ ᠨᠠᠬᠦᠳ᠋ᠠᠯᠯᠠᠨ ᠤᠷᠤᠵᠤ ᠢᠷᠠᠬᠦ ᠵᠢ ᠳᠠᠭᠠᠯᠳ᠋ᠤᠨ ᠬᠦᠭᠵᠢᠭᠰᠠᠨ ᠪᠠᠶᠢᠨ᠎ᠠ᠃ ᠬᠠᠮᠤᠭ ᠡᠷᠳ᠋ᠨ ᠳᠡᠭᠷᠢ ᠳᠠᠳᠬᠦᠭᠴᠢ ᠵᠢᠨ ᠳᠤᠯᠤᠳ᠋ᠤᠭᠠᠷ ᠤᠨ︵1742 ᠤᠨ ︶ᠳ᠋ᠤ ᠵᠠᠩ᠂ ᠮᠠ᠂ ᠪᠠᠢ ᠤᠪᠤᠭᠳ᠋ᠠᠨ ᠵᠡᠷᠬᠡ 10 ᠡᠷᠤᠬᠡ ᠬᠤᠳ᠋ᠤᠩ ᠦᠨᠳ᠋ᠤᠰᠤᠳ᠋ᠠᠨ︵ᠢᠰᠯᠠᠮ  ᠦᠨ ᠠᠷᠪᠠᠨ ᠳᠤᠮᠤ ᠬᠡᠷ ᠬᠡᠳ᠋ᠡᠭ ︶ ᠱᠠᠨᠳᠦ᠋ᠩ ᠡᠴᠠ ᠤᠯᠠᠭᠠᠨᠬᠠᠳ᠋ᠠ ᠳ᠋ᠤ ᠨᠠᠬᠦᠳ᠋ᠠᠯᠯᠠᠨ ᠢᠷᠠᠵᠤ ᠨᠤᠳ᠋ᠤᠭᠰᠢᠵᠠᠢ᠃ ᠳᠡᠭᠷᠢ ᠳᠠᠳᠬᠦᠭᠴᠢ ᠵᠢᠨ ᠠᠷᠪᠠᠨ ᠬᠤᠶᠠᠳ᠋ᠤᠭᠠᠷ ᠤᠨ︵1747 ᠤᠨ ︶ᠳ᠋ᠤ ᠤᠯᠠᠭᠠᠨᠬᠠᠳ᠋ᠠ ᠵᠢᠨ ᠯᠠᠯᠤ ᠵᠢᠨ ᠬᠤᠶᠢᠳ᠋ᠤ ᠰᠦᠮ᠎ᠠ ᠵᠢ ᠪᠠᠶᠢᠭᠤᠯᠵᠤ᠂ ᠰᠠᠶᠢᠰᠢᠶᠠᠯ ᠢᠷᠤᠬᠡᠯᠳ᠋ᠤ ᠵᠢᠨ ᠨᠠᠢᠮᠠᠳ᠋ᠤᠭᠠᠷ ᠤᠨ︵1803 ᠤᠨ ︶ᠳ᠋ᠤ ᠪᠠᠰᠠ ᠤᠯᠠᠭᠠᠬᠠᠨᠳ᠋ᠠ ᠵᠢᠨ ᠯᠠᠯᠤ ᠵᠢᠨ ᠡᠮᠤᠨ᠎ᠠ ᠰᠦᠮ᠎ᠠ ᠵᠢ ᠪᠠᠶᠢᠭᠤᠯᠵᠠᠢ᠂ ᠡᠬᠦᠨ ᠡᠴᠠ ᠡᠬᠢᠯᠠᠨ ᠤᠯᠠᠭᠠᠨᠬᠠᠳ᠋ᠠ ᠵᠡᠬᠡᠯᠢ ᠨᠢ ᠳᠤᠰ ᠭᠠᠵᠠᠷ ᠤᠷᠤᠨ  ᠤ ᠬᠤᠳ᠋ᠤᠩ ᠦᠨᠳ᠋ᠤᠰᠤᠳ᠋ᠠᠨ  ᠤ ᠭᠤᠤᠯ ᠳᠦᠪᠯᠠᠷᠠᠨ ᠰᠠᠭᠤᠷᠢᠰᠢᠬᠤ ᠭᠠᠵᠠᠷ ᠪᠤᠯᠵᠤ᠂ ᠢᠰᠯᠠᠮ  ᠦᠨ ᠱᠠᠰᠢᠨ  ᠤ ᠠᠵᠢᠯᠯᠠᠭᠠᠨ  ᠤ ᠳᠦᠪ ᠪᠤᠯᠵᠠᠢ᠃ ᠰᠠᠬᠦᠯᠠᠷ ᠨᠢ ᠬᠡᠰᠡᠭ ᠬᠤᠳ᠋ᠤᠩ ᠦᠨᠳ᠋ᠤᠰᠤᠳ᠋ᠠᠨ  ᠤ ᠠᠷᠠᠳ ᠤᠷᠢᠳ ᠬᠤᠵᠢᠳ ᠬᠡᠰᠢᠭᠳ᠋ᠠᠨ ᠬᠤᠰᠢᠭᠤᠨ  ᠤ ᠪᠢᠷᠠᠭᠤ ᠪᠠᠯᠭᠠᠰᠤ᠂ ᠯᠢᠨᠰᠢ ᠰᠢᠶᠠᠨ  ᠤ ᠯᠢᠨᠰᠢ ᠪᠠᠯᠭᠠᠰᠤ᠂ ᠪᠠᠭᠠᠷᠢᠨ ᠵᠠᠬᠦᠨ ᠬᠤᠰᠢᠭᠤᠨ  ᠤ  ᠯᠢᠨᠳᠦ᠋ᠩ ᠪᠠᠯᠭᠠᠰᠤ᠂ ᠬᠠᠷᠠᠴᠢᠨ ᠬᠤᠰᠢᠭᠤᠨ  ᠤ ᠵᠢᠨᠱᠠᠨ ᠪᠠᠯᠭᠠᠰᠤ᠂ ᠶᠤᠧᠠᠨ ᠪᠤᠤ ᠱᠠᠨ ᠳᠤᠭᠤᠷᠢᠭ  ᠦᠨ ᠰᠢᠶᠤᠤ ᠦ᠋ ᠵᠢᠶᠠ᠂ ᠨᠢᠩᠴᠧᠩ ᠰᠢᠶᠠᠨ  ᠤ ᠸᠠ ᠹᠠᠩ ᠵᠡᠷᠬᠡ ᠭᠠᠵᠠᠷ ᠤᠷᠤᠨ ᠳ᠋ᠤ ᠨᠡᠬᠦᠳ᠋ᠡᠯᠯᠡᠨ ᠢᠷᠡᠵᠦ ᠰᠠᠭᠤᠷᠢᠰᠢᠭᠠᠳ ᠰᠦᠮ᠎ᠠ ᠬᠡᠶᠢᠳ ᠪᠠᠶᠢᠭᠤᠯᠤᠨ᠂ ᠤᠯᠠᠭᠠᠨᠬᠠᠳ᠋ᠠ ᠤᠷᠤᠨ ᠳ᠋ᠤ︽ᠦᠯᠡᠮᠵᠢ ᠳᠠᠷᠬᠠᠵᠤ᠂ ᠴᠦᠬᠡᠩᠬᠢ ᠳᠦᠪᠯᠠᠷᠡᠭᠰᠠᠨ︾ᠪᠠᠶᠢᠳ᠋ᠠᠯ ‍ᠢ ᠪᠦᠷᠢᠯᠳ᠋ᠦᠬᠦᠯᠵᠡᠢ᠃ ᠢᠰᠯᠠᠮ  ᠦᠨ ᠱᠠᠰᠢᠨ  ᠤ ᠱᠠᠰᠢᠨ ᠰᠤᠷᠳ᠋ᠠᠬᠤᠨ  ᠤ ᠠᠵᠢᠯᠯᠠᠭ᠎ᠠ ᠨᠢ ᠬᠤᠳ᠋ᠤᠩ ᠦᠨᠳ᠋ᠤᠰᠤᠳ᠋ᠠᠨ  ᠤ ᠬᠦᠮᠤᠨ ᠠᠮᠠ ᠵᠢᠨ ᠳᠠᠷᠬᠠᠯᠳ᠋ᠠ ᠵᠢᠨ ᠪᠠᠶᠢᠳ᠋ᠠᠯ ᠳᠠᠢ ᠬᠠᠷᠢᠯᠴᠠᠨ ᠨᠢᠬᠡᠳ᠋ᠤᠯᠳ᠋ᠠᠢ ᠪᠠᠶᠢᠳ᠋ᠠᠭ᠃ 1990 ᠤᠨ ᠪᠤᠯᠬᠤ ᠳ᠋ᠤ ᠪᠦᠬᠦ ᠬᠤᠳ᠋ᠠ ᠵᠢᠨ ᠬᠤᠳ᠋ᠤᠩ ᠦᠨᠳ᠋ᠤᠰᠤᠳ᠋ᠠᠨ  ᠤ ᠬᠦᠮᠤᠨ ᠠᠮᠠ 28 061 ᠳ᠋ᠥ ᠬᠦᠷᠴᠤ᠂ ᠯᠠᠯᠤ ᠵᠢᠨ ᠰᠦᠮ᠎ᠠ 26᠂  ᠠᠾᠦ᠋ᠩ 18 ᠪᠤᠯᠵᠠᠢ᠃  ᠤᠯᠠᠭᠠᠨᠬᠠᠳᠠ  ᠵᠢᠨ ᠬᠤᠶᠢᠳ᠋ᠤ ᠯᠠᠯᠤ ᠵᠢᠨ ᠰᠦᠮ᠎ᠠ ᠪᠤᠯ ᠳᠤᠰ ᠬᠤᠳ᠋ᠠ ᠵᠢᠨ ᠢᠰᠯᠠᠮ  ᠦᠨ ᠱᠠᠰᠢᠨ  ᠤ ᠠᠵᠢᠯᠯᠠᠭᠠᠨ  ᠤ ᠭᠤᠤᠯ ᠳᠦᠪ ᠪᠤᠯᠤᠨ᠎ᠠ᠃        1913 ᠤᠨ︵ᠢᠷᠬᠡᠨ ᠤᠯᠤᠰ  ᠦᠨ 2 ᠤᠨ ︶ ᠤ 3 ᠰᠠᠷ᠎ᠠ ᠳ᠋ᠤ ᠤᠯᠠᠭᠠᠨᠬᠠᠳ᠋ᠠ ᠳ᠋ᠤ︽ᠳᠤᠮᠳ᠋ᠠᠳ᠋ᠤ ᠤᠯᠤᠰ  ᠦᠨ ᠢᠰᠯᠠᠮ  ᠦᠨ ᠱᠠᠰᠢᠨ  ᠤ ᠠᠬᠢᠭᠤᠯᠬᠤ ᠨᠡᠢᠭᠡᠮᠯᠢᠭ ᠦᠨ ᠤᠯᠠᠭᠠᠨᠬᠠᠳ᠋ᠠ ᠳ᠋ᠠᠬᠢ ᠬᠤᠪᠢᠶᠠᠷᠢ ᠨᠡᠶᠢᠬᠡᠮᠯᠢᠭ︾ᠪᠠᠶᠢᠭᠤᠯᠤᠭᠳ᠋ᠠᠵᠤ᠂ ᠯᠢ ᠴᠧᠩ ᠯᠢᠶᠠᠨ ︵ ᠪᠢᠴᠢᠭᠲᠡᠨ︶ ᠨᠡᠶᠢᠬᠡᠮᠯᠢᠭ  ᠦᠨ ᠳᠠᠷᠤᠭ᠎ᠠ᠂ ᠱᠾᠢ ᠵᠧᠨ ᠸᠧᠨ ᠨᠡᠶᠢᠬᠡᠮᠯᠢᠭ  ᠦᠨ ᠳᠠᠳ᠋ ᠳᠠᠷᠤᠭ᠎ᠠ ᠪᠤᠯᠵᠠᠢ᠃ ᠨᠡᠶᠢᠬᠡᠮᠯᠢᠭ  ᠦᠨ ᠭᠠᠵᠠᠷ ‍ᠢ ᠤᠯᠠᠭᠠᠨᠬᠠᠳ᠋ᠠ ᠵᠢᠨ ᠬᠤᠶᠢᠳ᠋ᠤ ᠯᠠᠯᠤ ᠵᠢᠨ ᠰᠦᠮ᠎ᠠ ᠳ᠋ᠤ ᠳᠤᠬᠢᠷᠠᠭᠤᠯᠵᠠᠢ᠃ 1934 ᠤᠨ︵ᠬᠠᠭᠤᠷᠮᠠᠭ ᠮᠠᠨᠵᠤ ᠵᠢᠨ ᠺᠠᠩ ᠳ᠋ᠧ ᠵᠢᠨ ᠳᠠᠷᠢᠬᠦᠨ ᠤᠨ ︶ ᠤ 7 ᠰᠠᠷ᠎ᠠ ᠳ᠋ᠤ ᠬᠠᠭᠤᠷᠮᠠᠭ ᠮᠠᠨᠵᠤ ᠵᠢᠨ ᠢᠰᠯᠠᠮ  ᠦᠨ ᠱᠠᠰᠢᠨ  ᠤ ᠨᠡᠶᠢᠬᠡᠮᠯᠢᠭ  ᠦᠨ ᠤᠯᠠᠭᠠᠨᠬᠠᠳ᠋ᠠ ᠳ᠋ᠠᠬᠢ ᠬᠤᠪᠢᠶᠠᠷᠢ ᠨᠡᠶᠢᠬᠡᠮᠯᠢᠭ ᠪᠠᠶᠢᠭᠤᠯᠤᠭᠳ᠋ᠠᠵᠤ᠂ ᠨᠡᠶᠢᠬᠡᠮᠯᠢᠭ  ᠦᠨ ᠳᠠᠷᠤᠭ᠎ᠠ ᠨᠢ ᠯᠢ ᠶᠦᠨ ᠰᠢᠶᠠᠩ᠂ ᠨᠡᠶᠢᠬᠡᠮᠯᠢᠭ  ᠦᠨ ᠳᠠᠳ᠋ ᠳᠠᠷᠤᠭ᠎ᠠ ᠨᠢ ᠯᠢᠤ ᠼᠦᠨ ᠷᠦᠩ ᠪᠤᠯᠵᠠᠢ᠃ 1937 ᠤᠨ︵ᠬᠠᠭᠤᠷᠮᠠᠭ ᠮᠠᠨᠵᠤ ᠵᠢᠨ ᠺᠠᠩ ᠳ᠋ᠧ ᠵᠢᠨ 4 ᠤᠨ ︶ᠳ᠋ᠤ︽ᠢᠰᠯᠠᠮ  ᠦᠨ ᠱᠠᠰᠢᠨ  ᠤ ᠨᠡᠶᠢᠬᠡᠮᠯᠢᠭ  ᠦᠨ ᠤᠯᠠᠭᠠᠨᠬᠠᠳ᠋ᠠ ᠳ᠋ᠠᠬᠢ ᠬᠤᠪᠢᠶᠠᠷᠢ ᠨᠡᠶᠢᠬᠡᠮᠯᠢᠭ︾ᠬᠡᠵᠤ ᠦᠬᠡᠷᠡᠴᠢᠯᠠᠵᠠᠢ᠃ ᠬᠡᠪᠡᠴᠤ ᠡᠶᠢᠮᠤᠷᠬᠦ ᠳᠦᠷᠦᠯ  ᠦᠨ ᠵᠤᠬᠢᠶᠠᠨ ᠪᠠᠶᠢᠭᠤᠯᠤᠯᠳ᠋ᠠ ᠵᠢᠨ ᠬᠦᠷᠢᠶ᠎ᠠ ᠬᠡᠪᠴᠢᠶ᠎ᠠ ᠨᠢ ᠵᠦᠪᠬᠡᠨ ᠤᠯᠠᠭᠠᠨᠬᠠᠳ᠋ᠠ ᠵᠢᠨ ᠰᠢᠶᠠᠨ ᠵᠡᠬᠡᠯᠢ ᠳ᠋ᠥ ᠬᠢᠵᠠᠭᠠᠷᠯᠠᠭᠳ᠋ᠠᠵᠠᠢ᠃        1987 ᠤᠨ  ᠤ 8 ᠰᠠᠷ᠎ᠠ ᠳ᠋ᠤ᠂ ᠤᠯᠠᠭᠠᠨᠬᠠᠳ᠋ᠠ ᠬᠤᠳ᠋ᠠ ᠵᠢᠨ ᠠᠩᠬᠠᠳ᠋ᠤᠭᠠᠷ ᠤᠳ᠋ᠠᠭᠠᠨ  ᠤ ᠢᠰᠯᠠᠮ  ᠦᠨ ᠱᠠᠰᠢᠨ  ᠤ ᠳᠦᠯᠦᠬᠡᠯᠡᠭᠴᠢᠳ  ᠦᠨ ᠶᠡᠬᠡ ᠬᠤᠷᠠᠯ ‍ᠢ ᠬᠤᠷᠠᠯᠳ᠋ᠤᠭᠤᠯᠵᠤ᠂ ᠤᠯᠠᠭᠠᠨᠬᠠᠳ᠋ᠠ ᠬᠤᠳ᠋ᠠ ᠵᠢᠨ ᠢᠰᠯᠠᠮ  ᠦᠨ ᠱᠠᠰᠢᠨ  ᠤ ᠨᠠᠶᠢᠬᠡᠮᠯᠢᠭ ‍ᠢ ᠪᠠᠶᠢᠭᠤᠯᠵᠤ᠂ ᠹᠧᠩ ᠰᠢᠤᠧᠠᠢ ᠬᠠᠢ ᠨᠠᠶᠢᠬᠡᠮᠯᠢᠭ  ᠦᠨ ᠡᠷᠬᠢᠯᠡᠭᠴᠢ ᠪᠡᠷ ᠰᠤᠩᠭᠤᠭᠳ᠋ᠠᠵᠤ᠂ ᠽᠦᠩ ᠪᠢᠩ ᠰᠢᠶᠠᠨ᠂ ᠮᠦ ᠴᠧᠩ ᠯᠢᠶᠠᠩ᠂ ᠵᠠᠩ ᠹᠧᠩ ᠰᠢᠶᠠᠩ ᠨᠠᠶᠢᠬᠡᠮᠯᠢᠭ  ᠦᠨ ᠳᠠᠳ᠋ ᠡᠷᠬᠢᠯᠡᠭᠴᠢ ᠪᠡᠷ ᠰᠤᠩᠭᠤᠭᠳ᠋ᠠᠵᠠᠢ᠃
          