ᠬᠤᠶᠠᠳ᠋ᠤᠭᠠᠷ ᠬᠡᠰᠡᠭ ᠱᠠᠰᠢᠨ ᠤ ᠠᠵᠢᠯᠯᠠᠭᠠᠨ | | ᠱᠠᠰᠢᠨ ᠤ ᠤᠴᠢᠷ ᠤᠳᠬ᠎ᠠ ᠪᠠ ᠵᠢᠷᠤᠮ ᠢᠰᠯᠠᠮ ᠦᠨ ᠱᠠᠰᠢᠨ ᠨᠢ | ᠨᠢᠬᠡᠨ ᠱᠠᠰᠢᠨ ᠤ ᠨᠤᠮᠯᠠᠯ ᠪᠤᠯᠤᠭᠰᠠᠨ ᠤ ᠬᠤᠪᠢ ᠳ᠋ᠤ᠂ ᠦᠨᠠᠨ | ᠡᠵᠡᠨ ᠪᠤᠯ ᠠᠨᠯᠠ᠂ ᠮᠦᠬᠠᠮᠮᠠᠳ᠋ ᠪᠤᠯ ᠠᠨᠯᠠ ᠵᠢᠨ ᠡᠯᠴᠢ ᠬᠡᠳ᠋ᠡᠭ | ᠢ ᠢᠳ᠋ᠡᠬᠡᠨ ᠰᠢᠳ᠋ᠦᠳ᠋ᠡᠭ᠃ ᠱᠠᠰᠢᠨ ᠤ ᠤᠴᠢᠷ ᠤᠳᠬ᠎ᠠ ᠵᠢ | ᠳᠠᠶᠢᠯᠪᠤᠷᠢᠯᠠᠨ ᠦᠬᠦᠯᠡᠭᠰᠠᠨ ᠨᠤᠮ ᠰᠤᠳ᠋ᠤᠷ ᠨᠢ︽ᠺᠤᠷᠠᠨ | ᠰᠤᠳ᠋ᠤᠷ︾᠃ ᠡᠯ᠎ᠠ ᠵᠦᠢᠯ ᠦᠨ ᠱᠠᠰᠢᠨ ᠤ ᠠᠵᠢᠯᠯᠠᠭ᠎ᠠ ᠪᠠ | ᠶᠤᠰᠤᠯᠠᠯ ᠢ ᠴᠦᠮ ᠠᠾᠦ᠋ᠩ ᠡᠷᠬᠢᠯᠠᠳ᠋ᠡᠭ᠃ ᠡᠵᠡᠨ᠂ ᠳᠡᠭᠷᠢ ᠵᠢᠨ | ᠵᠦᠢ᠂ ᠳᠠᠬᠢᠨᠢ᠂ ᠪᠤᠭᠳ᠋ᠠ᠂ ᠡᠮᠤᠨ᠎ᠠ ᠳᠦᠷᠦᠯ᠂ ᠬᠤᠶᠢᠳ᠋ᠤ ᠳᠦᠷᠦᠯ | ᠬᠡᠳ᠋ᠡᠭ ᠢ ᠢᠳ᠋ᠠᠬᠡᠨ ᠪᠢᠰᠢᠷᠠᠵᠤ᠂ ᠡᠵᠡᠨ ᠢ ᠬᠦᠨᠳ᠋ᠤᠯᠡᠵᠦ᠂ | ᠬᠦᠮᠤᠨ ᠢ ᠬᠠᠶᠢᠷᠠᠯᠠᠵᠦ᠂ ᠪᠦᠯᠬᠦᠮᠳ᠋ᠠᠨ ᠳᠠᠮᠠᠴᠠᠬᠦ ᠵᠢ | ᠡᠷᠬᠢᠮᠯᠠᠳ᠋ᠡᠭ᠃ ᠠᠷᠢᠬᠢ ᠤᠤᠭᠤᠬᠤ᠂ ᠵᠤᠭᠤᠰ ᠨᠠᠭᠠᠳᠬᠤ᠂ | ᠰᠠᠳ᠋ᠤᠷ ᠰᠠᠮᠠᠭᠤᠨ ᠶᠠᠪᠤᠬᠤ ᠵᠢ ᠴᠠᠭᠠᠵᠠᠯᠠᠵᠦ᠂ ᠦᠬᠦᠭᠰᠠᠨ | ᠠᠮᠢᠳ᠋ᠠᠨ ᠤ ᠮᠢᠬ᠎ᠠ ᠴᠢᠰᠤ ᠵᠢᠴᠢ ᠬᠡᠪᠢᠭᠴᠢ ᠪᠤᠰᠤ ᠠᠮᠢᠳ᠋ᠠᠨ | ᠤ ᠮᠢᠬ᠎ᠠ ᠵᠢ ᠢᠳ᠋ᠠᠬᠦ ᠵᠢ ᠴᠠᠭᠠᠵᠠᠯᠠᠳ᠋ᠠᠭ᠃ ᠦᠬᠦᠨ ᠰᠢᠳ᠋ᠤᠬᠦ | ᠪᠤᠶᠤ ᠤᠯᠠᠨ ᠵᠦᠢᠯ ᠢ ᠰᠢᠳ᠋ᠦᠬᠦ ᠵᠢ ᠡᠰᠠᠷᠬᠦᠴᠠᠵᠤ᠂ ᠪᠠᠶ᠎ᠠ | ᠪᠡᠨ ᠠᠷᠢᠭᠤᠳᠬᠠᠬᠤ ᠵᠢ ᠬᠦᠨᠳ᠋ᠤᠳᠬᠡᠵᠤ᠂ ᠠᠷᠢᠭᠤᠨ ᠴᠡᠪᠡᠷ ᠢ | ᠡᠷᠬᠢᠮᠯᠠᠬᠦ ᠵᠢᠨ ᠬᠠᠮᠳ᠋ᠤ ᠳᠠᠪᠤᠨ ᠡᠷᠳ᠋ᠠᠮ ᠳᠠᠪᠤᠨ ᠬᠠᠤᠯᠢᠳ᠋ᠤ | ᠪᠢᠴᠢᠭ ᠵᠢᠡᠷ ᠠᠵᠢᠯᠯᠠᠭᠠᠨ ᠤ ᠵᠢᠷᠤᠮ ᠵᠢᠡᠨ ᠪᠤᠯᠭᠠᠳ᠋ᠠᠭ᠃ | ᠳᠠᠪᠤᠨ ᠡᠷᠳ᠋ᠠᠮ ᠬᠡᠳ᠋ᠡᠭ ᠨᠢ ᠄ ᠤᠩᠰᠢᠬᠤ︵ᠨᠤᠮ ᠤᠩᠰᠢᠬᠤ ︶᠂ | ᠶᠤᠰᠤᠯᠠᠯ︵ᠮᠦᠷᠬᠦᠯ ︶᠂ ᠪᠠᠴᠠᠭ︵ᠪᠠᠴᠠᠭ ᠪᠠᠷᠢᠬᠤ ︶᠂ | ᠡᠷᠬᠦᠴᠡ︵ᠡᠳ᠋ ᠮᠦᠩᠬᠦ ᠪᠡᠷ ᠳᠤᠰᠠᠯᠠᠬᠤ ︶᠂ ᠮᠦᠷᠬᠦᠬᠦ︵ᠮᠦᠷᠬᠦᠯ | ᠬᠢᠬᠦ ︶ᠪᠤᠯᠤᠨ᠎ᠠ᠃ ᠳᠠᠪᠤᠨ ᠬᠠᠤᠯᠢᠳ᠋ᠤ ᠪᠢᠴᠢᠭ ᠬᠡᠳ᠋ᠡᠭ ᠨᠢ ᠄ | ᠦᠷ᠎ᠠ ᠬᠡᠤᠬᠡᠳ ᠦᠨ ᠶᠤᠰᠤᠨ ᠠᠨᠤ ᠡᠴᠢᠬᠡ ᠡᠬᠡ ᠪᠡᠨ | ᠬᠦᠨᠳ᠋ᠤᠯᠠᠬᠦᠢ ᠳ᠋ᠤᠷ ᠪᠤᠢ᠂ ᠡᠷ᠎ᠠ ᠡᠮ᠎ᠠ ᠵᠢᠨ ᠶᠤᠰᠤᠨ ᠠᠨᠤ | ᠬᠠᠷᠢᠯᠴᠠᠨ ᠬᠦᠨᠳ᠋ᠤᠳᠬᠡᠵᠤ ᠬᠠᠷᠢᠯᠴᠠᠨ ᠬᠠᠶᠢᠷᠠᠯᠠᠬᠤᠢ ᠳ᠋ᠤᠷ | ᠪᠤᠢ᠂ ᠠᠬᠠᠰ ᠨᠢᠯᠬᠠᠰ ᠦᠨ ᠶᠤᠰᠤᠨ ᠠᠨᠤ ᠠᠬᠠᠮᠠᠳ ᠵᠢᠠᠨ | ᠬᠦᠨᠳ᠋ᠤᠯᠠᠵᠤ ᠨᠢᠯᠬᠠᠰ ᠵᠢᠠᠨ ᠬᠠᠶᠢᠷᠠᠯᠠᠬᠤᠢ ᠳ᠋ᠤᠷ ᠪᠤᠢ᠂ | ᠠᠬ᠎ᠠ ᠳᠠᠬᠦᠦ ᠵᠢᠨ ᠶᠤᠰᠤᠨ ᠠᠨᠤ ᠠᠬ᠎ᠠ ᠨᠢ ᠬᠠᠶᠢᠷᠠᠯᠠᠵᠤ ᠳᠠᠬᠦᠦ | ᠨᠢ ᠬᠦᠨᠳ᠋ᠤᠯᠠᠬᠦᠢ ᠳ᠋ᠤᠷ ᠪᠤᠢ᠂ ᠨᠠᠶᠢᠵᠢ ᠨᠦᠬᠦᠷ ᠦᠨ ᠶᠤᠰᠤᠨ | ᠠᠨᠤ ᠢᠳ᠋ᠠᠬᠡᠯ ᠵᠢᠷᠤᠮ ᠳᠠᠢ ᠬᠠᠷᠢᠯᠴᠠᠨ ᠬᠠᠪᠰᠤᠷᠤᠯᠴᠠᠬᠤᠢ | ᠳ᠋ᠤᠷ ᠪᠤᠢ ᠵᠡᠷᠬᠡ ᠪᠤᠯᠤᠨ᠎ᠠ᠃ ᠱᠠᠰᠢᠨ ᠤ ᠠᠵᠢᠯᠳ᠋ᠠᠨ ᠢ | ᠳᠠᠪᠤᠨ ᠳᠠᠰ ᠬᠤᠪᠢᠶᠠᠳ᠋ᠠᠭ ᠄ 1.ᠱᠠᠰᠢᠨ ᠤ ᠪᠠᠭᠰᠢ︵ ᠠᠾᠦ᠋ᠩ ︶᠃ | ᠱᠠᠰᠢᠨ ᠰᠤᠷᠳ᠋ᠠᠬᠤᠨ ᠤ ᠶᠠᠪᠤᠳ᠋ᠠᠯ ᠪᠡ ᠰᠤᠷᠭᠠᠭᠤᠯᠢ | ᠡᠷᠬᠢᠯᠠᠬᠦ︵ᠱᠠᠪᠢ ᠨᠠᠷ ᠲᠦ ᠨᠤᠮ ᠵᠢᠭᠠᠳ᠋ᠠᠭ ︶ᠵᠢ | ᠬᠠᠮᠢᠶᠠᠷᠳ᠋ᠠᠭ᠃ ᠠᠬᠠᠯᠠᠭᠴᠢ ᠵᠢ ᠶᠠᠷᠤ ᠳᠦ ᠪᠡᠨ ᠭᠠᠳ᠋ᠠᠨ᠎ᠠ | ᠡᠴᠠ ᠤᠷᠢᠵᠦ ᠬᠡᠷᠡᠭᠯᠡᠳ᠋ᠡᠭ ᠪᠦᠬᠡᠳ ᠬᠤᠭᠤᠴᠠᠭ᠎ᠠ ᠨᠢ 3 ᠵᠢᠯ | ᠪᠠᠶᠢᠳ᠋ᠠᠭ᠂ ᠶᠤᠰᠤ ᠮᠤᠷᠠᠯ ᠡᠷᠳ᠋ᠠᠮ ᠮᠠᠳ᠋ᠠᠯᠬᠡ ᠤᠯᠠᠨ ᠡᠴᠡ | ᠬᠡᠳ᠋ᠦᠶᠢᠳ᠋ᠦᠭᠰᠡᠨ᠂ ᠤᠯᠠᠨ ᠤ ᠬᠦᠨᠳ᠋ᠤᠳᠬᠡᠯ ᠢ ᠤᠯᠤᠭᠰᠠᠳ ᠢ | ᠦᠷᠬᠦᠯᠵᠢᠯᠠᠨ ᠤᠷᠢᠭᠳ᠋ᠠᠳ᠋ᠠᠭ᠃ 2. ᠳᠡᠳ᠋ ᠱᠠᠰᠢᠨ ᠤ | ᠪᠠᠭᠰᠢ︵ᠢᠮᠠᠮᠤ ︶᠄ ᠰᠦᠮ᠎ᠠ ᠬᠡᠶᠢᠳ ᠦᠨ ᠳᠤᠳ᠋ᠤᠷᠠᠬᠢ ᠠᠯᠢᠪᠠ | ᠬᠡᠷᠡᠭ ᠤᠴᠢᠷ ᠢ ᠬᠠᠮᠢᠶᠠᠷᠳ᠋ᠠᠭ ᠱᠠᠰᠢᠨ ᠰᠤᠷᠳ᠋ᠠᠬᠤᠨ ᠤ | ᠡᠷᠬᠡ ᠰᠦᠷᠳ᠋ᠤ ᠬᠦᠮᠦᠨ᠂ ᠳᠡᠷᠡ ᠨᠢ ᠬᠤᠳ᠋ᠤᠩ ᠦᠨᠳ᠋ᠤᠰᠤᠳ᠋ᠠᠨ ᠤ | ᠤᠷᠤᠭ ᠬᠤᠷᠢᠮ ᠤᠷᠤᠰᠢᠭᠤᠯᠭ᠎ᠠ ᠵᠢᠨ ᠶᠤᠰᠤᠯᠠᠯ ᠵᠡᠷᠬᠡ ᠬᠡᠷᠡᠭ | ᠤᠴᠢᠷ ᠳᠠᠬᠡᠷ᠎ᠠ ᠠᠬᠠᠯᠠᠭᠴᠢ ᠳ᠋ᠥ ᠪᠡᠨ ᠬᠠᠪᠰᠤᠷᠳ᠋ᠠᠭ᠃ 3. | ᠭᠤᠷᠪᠠᠳ᠋ᠤᠭᠠᠷ ᠱᠠᠰᠢᠨ ᠤ ᠪᠠᠭᠰᠢ᠄ ᠱᠠᠰᠢᠨ ᠰᠤᠷᠳ᠋ᠠᠬᠤᠨ ᠤ | ᠶᠤᠰᠤᠯᠠᠯ ᠳᠠᠬᠡᠷ᠎ᠠ ᠨᠣᠮ ᠤᠩᠰᠢᠬᠤ ᠪᠠ ᠨᠤᠮ ᠡᠬᠢᠯᠠᠬᠦ ᠵᠡᠷᠬᠡ | ᠵᠢ ᠬᠠᠷᠢᠭᠤᠴᠠᠳ᠋ᠠᠭ᠂ ᠤᠷᠤᠰᠢᠭᠤᠯᠭ᠎ᠠ ᠵᠢᠨ ᠶᠤᠰᠤᠯᠠᠯ | ᠳᠠᠬᠡᠷ᠎ᠠ ᠦᠬᠦᠭᠰᠠᠳ ᠢ ᠳᠦᠪᠬᠢᠨᠠᠬᠦᠯᠬᠦ ᠪᠠ ᠤᠬᠢᠶᠠᠯᠭ᠎ᠠ | ᠬᠢᠬᠦ ᠵᠢᠨ ᠬᠠᠮᠳ᠋ᠤ ᠳᠡᠳ᠋ ᠱᠠᠰᠢᠨ ᠤ ᠪᠠᠭᠰᠢ ᠶᠢ ᠬᠠᠪᠰᠤᠷᠤᠨ | ᠭᠠᠳ᠋ᠠᠭᠠᠳ᠋ᠤ ᠬᠡᠷᠡᠭ ᠤᠴᠢᠷ ᠢ ᠰᠢᠢᠳᠪᠤᠷᠢᠯᠡᠳ᠋ᠡᠭ᠃ 4. | ᠳᠦᠷᠪᠠᠳ᠋ᠤᠬᠡᠷ ᠱᠠᠰᠢᠨ ᠤ ᠪᠠᠭᠰᠢ ᠄ ᠱᠠᠰᠢᠨ ᠰᠤᠷᠳ᠋ᠠᠬᠤᠨ ᠤ | ᠶᠤᠰᠤᠯᠠᠯ ᠳᠠᠬᠡᠷ᠎ᠠ ᠭᠤᠷᠪᠠᠳ᠋ᠤᠭᠠᠷ ᠱᠠᠰᠢᠨ ᠤ ᠪᠠᠭᠰᠢ ᠳ᠋ᠥ | ᠬᠠᠪᠰᠤᠷᠤᠨ ᠰᠦᠮ᠎ᠠ ᠬᠡᠶᠢᠳ ᠦᠨ ᠪᠠ ᠶᠠᠷᠤᠩᠬᠡᠢ ᠶᠠᠪᠤᠳ᠋ᠠᠯ ᠢ | ᠬᠠᠪᠰᠤᠷᠭᠠᠨ ᠬᠠᠮᠢᠶᠠᠷᠳ᠋ᠠᠭ᠃ 5. ᠳᠠᠪᠤᠳ᠋ᠤᠭᠠᠷ ᠱᠠᠰᠢᠨ ᠤ | ᠪᠠᠭᠰᠢ︵ᠶᠠᠷᠤ ᠳᠦ ᠪᠡᠨ ᠳᠠᠪᠤᠳ᠋ᠤᠭᠠᠷ ᠪᠠᠭᠰᠢ ᠬᠡᠵᠤ | ᠳᠠᠭᠤᠳ᠋ᠠᠳ᠋ᠠᠭ ︶᠄ ᠰᠦᠮ᠎ᠠ ᠬᠡᠶᠢᠳ ᠦᠨ ᠠᠷᠢᠭᠤᠳᠬᠠᠯᠭᠠ ᠵᠢ | ᠬᠠᠮᠢᠶᠠᠷᠳ᠋ᠠᠭ᠃ | ᠳᠠᠪᠤᠨ ᠠᠬᠠᠯᠠᠭᠴᠢ ᠵᠢᠨ ᠳᠤᠳ᠋ᠤᠷᠠ ᠪᠡᠨ ᠴᠢᠩᠭ᠎ᠠ ᠨᠢᠮᠪᠠᠢ | ᠵᠡᠷᠬᠡ ᠳᠠᠰ ᠦᠨ ᠳᠦᠷᠢᠮ ᠳᠠᠢ ᠪᠠᠶᠢᠵᠦ ᠵᠦᠷᠢᠴᠡᠵᠦ ᠪᠤᠯᠤᠰᠢ | ᠦᠬᠡᠢ ᠪᠠᠢᠳᠠᠭ᠃ ᠦᠩᠬᠡᠷᠡᠭᠰᠡᠨ ᠳ᠋ᠥ ᠪᠡᠨ ᠠᠾᠦ᠋ᠩ ᠡᠴᠠ ᠪᠤᠰᠤᠳ | ᠳᠦᠷᠪᠡᠨ ᠱᠠᠰᠢᠨ ᠤ ᠪᠠᠭᠰᠢ ᠵᠢ ᠶᠠᠷᠤ ᠳᠤ ᠪᠠᠨ ᠦᠶ᠎ᠠ | ᠵᠠᠯᠭᠠᠮᠵᠢᠯᠠᠬᠤ ᠳᠦᠷᠢᠮ ᠵᠢᠡᠷ ᠳᠤᠭᠳ᠋ᠠᠭᠠᠳ᠋ᠠᠭ᠂ 1930︵ᠢᠷᠬᠡᠨ | ᠤᠯᠤᠰ ᠦᠨ 19 ᠤᠨ ︶ᠤᠨ ᠡᠴᠠ ᠰᠠᠬᠦᠯᠠᠷ᠂ ᠤᠯᠠᠭᠠᠨᠬᠠᠳ᠋ᠠ ᠵᠢᠨ | ᠯᠠᠯᠤ ᠵᠢᠨ ᠬᠤᠶᠢᠳ᠋ᠤ ᠰᠦᠮ᠎ᠠ ᠨᠢ ᠦᠶ᠎ᠠ ᠵᠠᠯᠭᠠᠮᠵᠢᠯᠠᠬᠤ | ᠳᠦᠷᠢᠮ ᠢ ᠤᠷᠢᠵᠦ ᠳᠤᠮᠢᠯᠠᠬᠤ ᠳᠦᠷᠢᠮ ᠪᠤᠯᠭᠠᠨ | ᠦᠬᠡᠷᠡᠴᠢᠯᠠᠵᠤ᠂ ᠤᠳ᠋ᠤ ᠪᠤᠯᠳ᠋ᠠᠯ᠎ᠠ ᠬᠡᠷᠡᠭᠵᠢᠬᠦᠯᠦᠭᠰᠡᠬᠡᠷ | ᠪᠤᠢ᠃ | ᠱᠠᠰᠢᠨ ᠰᠤᠷᠳ᠋ᠠᠬᠤᠨ ᠤ ᠳᠤᠷᠠᠰᠬᠠᠯ ᠦᠨ ᠡᠳ᠋ᠤᠷ ᠢᠰᠯᠠᠮ | ᠦᠨ ᠱᠠᠰᠢᠨ ᠤ ᠱᠠᠰᠢᠨ ᠰᠤᠷᠳ᠋ᠠᠬᠤᠨ ᠤ ᠠᠵᠢᠯᠯᠠᠭ᠎ᠠ ᠪᠠ | ᠳᠤᠷᠠᠰᠬᠠᠯ ᠦᠨ ᠡᠳ᠋ᠤᠷ ᠮᠠᠰᠢ ᠤᠯᠠᠨ ᠪᠠᠶᠢᠳ᠋ᠠᠭ᠃ ᠱᠠᠰᠢᠨ | ᠰᠤᠷᠳ᠋ᠠᠬᠤᠨ ᠤ ᠠᠵᠢᠯᠯᠠᠭ᠎ᠠ ᠵᠢᠨ ᠤᠯᠠᠩᠬᠢ ᠨᠢ ᠪᠠᠰᠠ | ᠳᠤᠷᠠᠰᠬᠠᠯ ᠦᠨ ᠡᠳ᠋ᠤᠷ ᠳᠠᠢ ᠪᠡᠨ ᠳᠠᠪᠬᠤᠴᠠᠵᠦ ᠪᠠᠶᠢᠳ᠋ᠠᠭ᠃ | ᠡᠳ᠋ᠤᠷ ᠪᠦᠷᠢ ᠵᠢᠨ ᠳᠠᠪᠤᠨ ᠴᠠᠭ ᠲᠦ︽ᠳᠠᠪᠤᠨ ᠪᠤᠯᠪᠠᠰᠤᠷᠠᠯ | 》︵ᠮᠦᠷᠬᠦᠯ )ᠬᠢᠬᠦ ᠪᠠ ᠭᠠᠷᠠᠭ ᠪᠦᠷᠢ ᠵᠢᠨ︽ᠵᠤᠮ᠎ᠠ ᠡᠳ᠋ᠤᠷ︾ᠡᠴᠠ | ᠪᠤᠰᠤᠳ ᠪᠠᠰᠠ ᠭᠤᠤᠯᠳ᠋ᠠᠭᠤ︽ᠪᠠᠴᠠᠭ ᠳᠠᠶᠢᠯᠬᠤ | ᠡᠳ᠋ᠤᠷ︾᠂︽ᠺᠦᠷᠪᠠᠨ ᠤ ᠪᠠᠶᠡᠷ︾᠂︽ᠪᠤᠭᠳ᠋ᠠ ᠵᠢᠨ | ᠳᠤᠷᠠᠰᠬᠠᠯᠳ᠋ᠤ ᠡᠳ᠋ᠤᠷ︾᠂ ᠹᠠ ᠲᠦ᠋ ᠮᠠᠢ ᠬᠤᠷᠠᠯ ᠵᠡᠷᠬᠡ | ᠪᠠᠶᠢᠳ᠋ᠠᠭ᠃ ᠡᠬᠦᠨ ᠳ᠋ᠤ ᠪᠠᠴᠠᠭ ᠳᠠᠶᠢᠯᠠᠬᠤ ᠡᠳ᠋ᠤᠷ ᠪᠤᠯ | ᠬᠠᠮᠤᠭ ᠦᠨ ᠬᠦᠭᠵᠢᠶᠠᠨ ᠳᠠᠢ᠃︽ᠵᠤᠮ᠎ᠠ ᠡᠳ᠋ᠤᠷ︾ᠪᠤᠯ ᠭᠠᠷᠠᠭ | ᠪᠦᠷᠢ ᠪᠡᠯᠬᠡᠯᠡᠳ᠋ᠡᠭ ᠡᠳ᠋ᠤᠷ᠃ ᠵᠤᠮ᠎ᠠ ᠬᠡᠳ᠋ᠡᠭ ᠪᠤᠯ ᠠᠷᠠᠪ | ᠦᠬᠡ᠂ ᠴᠤᠭᠯᠠᠭᠠᠨ ᠬᠡᠰᠠᠨ ᠤᠳᠬ᠎ᠠ ᠳᠠᠢ᠃ ᠢᠰᠯᠠᠮ ᠦᠨ ᠱᠠᠰᠢᠨ | ᠭᠠᠷᠠᠭ ᠦᠨ ᠳᠠᠪᠤᠨ︵ᠪᠡᠯᠬᠡ ᠳᠠᠢ ᠡᠳ᠋ᠤᠷ ︶ᠢ ᠵᠤᠮ᠎ᠠ ᠡᠳ᠋ᠤᠷ | ᠵᠢᠡᠷ ᠳᠤᠭᠳ᠋ᠠᠭᠠᠵᠤ᠂ ᠦᠳ᠋ᠠ ᠵᠢᠨ ᠭᠤᠤᠯ ᠳ᠋ᠤ ᠱᠠᠰᠢᠨᠳ᠋ᠠᠳ ᠪᠦᠷ | ᠤᠬᠢᠶᠠᠯᠭ᠎ᠠ ᠬᠢᠵᠦ ᠪᠠᠴᠠᠭ ᠪᠠᠷᠢᠨ᠂ ᠰᠦᠮ᠎ᠠ ᠳ᠋ᠤ ᠤᠴᠢᠵᠤ | ᠨᠢᠬᠡᠳ᠋ᠤᠯᠳ᠋ᠠᠢ ᠶᠤᠰᠤᠯᠠᠯ ᠦᠨ ᠠᠵᠢᠯᠯᠠᠭ᠎ᠠ ᠳ᠋ᠥ | ᠤᠷᠤᠯᠴᠠᠳ᠋ᠠᠭ᠃ ᠱᠠᠰᠢᠨᠳ᠋ᠠᠳ ᠦᠨ ᠬᠤᠷᠢᠮ ᠨᠠᠶᠢᠷ ᠬᠢᠬᠦ᠂ | ᠨᠡᠬᠦᠵᠦ ᠪᠠᠭᠤᠬᠤ ᠬᠤᠳ᠋ᠠᠯᠳ᠋ᠤᠭ᠎ᠠ ᠡᠬᠢᠯᠠᠬᠦ᠂ ᠨᠤᠳ᠋ᠤᠭ ᠦᠨ | ᠳᠠᠬᠢᠯᠭ᠎ᠠ ᠬᠢᠬᠦ ᠵᠡᠷᠬᠡ ᠨᠢ ᠴᠦᠮ ᠡᠨᠡ ᠡᠳ᠋ᠤᠷ ᠢ | ᠰᠤᠩᠭᠤᠳ᠋ᠠᠭ᠃ ᠭᠠᠷᠠᠭ ᠦᠨ ᠬᠤᠶᠠᠷ ᠢ︽ ᠬᠠᠵᠠᠭᠠᠢ ᠡᠳᠦᠷ︾ | ᠬᠡᠵᠤ ᠪᠡᠯᠡᠭ ᠦᠬᠡᠢ ᠡᠳ᠋ᠤᠷ ᠵᠢᠡᠷ ᠦᠵᠠᠨ᠂ ᠪᠠᠶᠠᠷ ᠦᠨ | ᠶᠠᠪᠤᠳ᠋ᠠᠯ ᠡᠬᠦᠰᠬᠡᠬᠦ ᠵᠢ ᠴᠠᠬᠡᠷᠯᠡᠳ᠋ᠡᠭ᠃ | ᠹᠠᠲ᠋ᠦ᠋ᠸᠧᠮᠠᠢ ᠬᠤᠷᠠᠯ ᠨᠢ ᠢᠰᠯᠠᠮᠴᠣᠳ ᠦᠨ ᠳᠤᠮᠳ᠋ᠠ | ᠨᠠᠯᠢᠶᠠᠳ ᠶᠡᠬᠡ ᠨᠦᠯᠦᠬᠡ ᠳᠠᠢ᠃ ᠹᠠ ᠲᠦ᠋ ᠮᠠᠢ ᠬᠤᠷᠠᠯ ᠪᠤᠯ | ᠮᠤᠬᠠᠮᠮᠠᠳ᠋ ᠦᠨ ᠬᠡᠤᠬᠡᠨ ᠹᠠᠲ᠋ᠦ᠋ᠸᠧᠮᠠᠢ ᠵᠢ ᠳᠤᠷᠠᠰᠬᠠᠭᠰᠠᠨ | ᠬᠤᠷᠠᠯ᠂ ᠡᠨᠡ ᠬᠦ ᠳᠤᠷᠠᠰᠬᠠᠯ ᠦᠨ ᠡᠳ᠋ᠤᠷ ᠪᠤᠯᠬᠤ ᠪᠦᠷᠢ | ᠬᠤᠳ᠋ᠤᠩ ᠦᠨᠳ᠋ᠤᠰᠤᠳ᠋ᠠᠨ ᠤ ᠡᠮᠡᠭᠳ᠋ᠠᠶᠢᠴᠤᠳ ᠯᠠᠯᠤ ᠵᠢᠨ | ᠰᠦᠮ᠎ᠠ ᠳ᠋ᠤ ᠴᠤᠭᠯᠠᠷᠠᠨ᠂ ᠹᠠᠲ᠋ᠦ᠋ᠸᠧᠮᠠᠢ ᠵᠢᠨ ᠮᠡᠷᠬᠡᠨ ᠴᠢᠭᠴᠢ | ᠵᠢ ᠤᠬᠠᠭᠤᠯᠤᠨ ᠰᠤᠷᠳ᠋ᠠᠯᠴᠢᠯᠠᠳ᠋ᠠᠭ᠃ ᠳᠠᠪᠢᠭᠠᠳ ᠤᠨ ᠤ ᠦᠶ᠎ᠠ | ᠳ᠋ᠤ ᠹᠠᠲ᠋ᠦ᠋ᠸᠧᠮᠠᠢ ᠬᠤᠷᠠᠯ ᠤᠯᠠᠭᠠᠨᠬᠠᠳ᠋ᠠ ᠵᠢᠨ ᠵᠡᠬᠡᠯᠢ ᠳ᠋ᠤ | ᠮᠠᠰᠢ ᠬᠦᠭᠵᠢᠨ ᠮᠠᠨᠳ᠋ᠤᠵᠤ ᠪᠠᠶᠢᠵᠠᠢ᠂ ᠳᠤᠬᠠᠢ ᠵᠢᠨ ᠦᠶ᠎ᠠ ᠳ᠋ᠤ | ᠵᠠᠬᠦᠨ ᠪᠠᠷᠠᠭᠤᠨ ᠬᠤᠶᠠᠷ ᠴᠢᠪᠠᠭᠠᠨᠴᠠ ᠵᠢᠨ ᠰᠦᠮ᠎ᠠ ᠨᠠᠮᠡᠨ | ᠪᠠᠶᠢᠭᠤᠯᠵᠤ᠂ ᠳᠤᠰᠬᠠᠶᠢᠯᠠᠨ ᠡᠨᠡ ᠬᠦ ᠱᠠᠰᠢᠨ ᠰᠤᠷᠳ᠋ᠠᠬᠤᠨ ᠤ | ᠠᠵᠢᠯᠯᠠᠭ᠎ᠠ ᠵᠢ ᠡᠷᠬᠢᠯᠠᠨ ᠬᠢᠵᠤ ᠪᠠᠶᠢᠵᠠᠢ᠃ ᠪᠠᠷᠠᠭᠤᠨ ᠰᠦᠮ᠎ᠠ | ᠵᠢ ᠤᠯᠠᠭᠠᠨᠬᠠᠳ᠋ᠠ ᠵᠢᠨ ᠵᠢᠷᠭᠤᠳ᠋ᠤᠭᠠᠷ ᠵᠠᠮ ᠦᠨ ᠵᠠᠬᠡᠯᠢ | ᠵᠢᠨ ᠪᠠᠷᠠᠭᠤᠨᠳ᠋ᠠᠢ ᠸᠠᠩ ᠳᠢᠩ ᠵᠧᠨ ︵ᠠᠬᠠᠮᠳ ᠬᠢᠳ᠋ᠠᠳ | ᠡᠮᠴᠢ︶ ᠤ ᠬᠡᠷ ᠲᠦ ᠳᠤᠬᠢᠷᠠᠭᠤᠯᠤᠨ ᠬᠡᠷ ᠦᠨ ᠰᠦᠮ᠎ᠠ | ᠪᠤᠯᠭᠠᠵᠤ᠂ ᠠᠾᠦ᠋ᠩ ᠨᠢ ᠽᠦᠩ ᠤᠪᠤᠭ ᠳᠠᠢ᠃ ᠵᠠᠬᠦᠨ ᠰᠦᠮ᠎ᠠ ᠵᠢ | ᠳᠠᠪᠤᠳ᠋ᠤᠭᠠᠷ ᠵᠡᠬᠡᠯᠢ ᠵᠢᠨ ᠪᠠᠷᠠᠭᠤᠨ ᠬᠦᠨᠳ᠋ᠡᠯᠡᠨ ᠵᠡᠬᠡᠯᠢ | ᠵᠢᠨ ᠵᠠᠬᠦᠨ ᠦᠵᠤᠬᠦᠷ ᠲᠦ ᠳᠤᠬᠢᠷᠠᠭᠤᠯᠵᠦ᠂ ᠠᠾᠦ᠋ᠩ ᠨᠢ ᠵᠠᠩ | ᠤᠪᠤᠭ ᠳᠠᠢ ᠡᠮᠡᠭᠳ᠋ᠠᠢ᠃ ᠯᠢᠨᠰᠢ ᠰᠢᠶᠠᠨ ᠤ ᠯᠠᠯᠤ ᠵᠢᠨ ᠰᠦᠮ᠎ᠠ | ᠦᠩᠬᠡᠷᠡᠭᠰᠠᠨ ᠳ᠋ᠤ ᠪᠡᠨ ᠪᠠᠰᠠ ᠦᠷᠬᠦᠯᠵᠢ ᠹᠠ ᠲᠦ᠋ ᠮᠠᠢ | ᠹᠠᠲ᠋ᠦ᠋ᠸᠧᠮᠠᠢ ᠬᠤᠷᠠᠯ ᠬᠢᠳ᠋ᠡᠭ ᠪᠠᠶᠢᠵᠠᠢ᠃ | | | |