ᠺᠠᠲ᠋ᠤᠯᠢᠭ ᠱᠠᠰᠢᠨ 
  
2022/12/9
 ᠨᠢᠬᠡᠳ᠋ᠤᠬᠡᠷ ᠬᠡᠰᠡᠭ ᠤᠯᠠᠮᠵᠢᠯᠠᠭᠳ᠋ᠠᠨ ᠳᠡᠯᠭᠡᠷᠡᠭᠰᠡᠨ ᠤᠯᠠᠷᠢᠯ ᠬᠤᠪᠢᠷᠠᠯ          ᠺᠠᠲ᠋ᠤᠯᠢᠭ ᠱᠠᠰᠢᠨ ᠤᠯᠠᠭᠠᠨᠬᠠᠳ᠋ᠠ ᠤᠷᠤᠨ ᠳ᠋ᠤ ᠤᠯᠠᠮᠵᠢᠯᠠᠭᠳ᠋ᠠᠨ ᠤᠷᠤᠵᠤ ᠢᠷᠡᠭᠰᠠᠨ ᠨᠢ ᠴᠢᠩ ᠤᠯᠤᠰ  ᠦᠨ ᠳᠦᠷᠦ ᠬᠡᠷᠡᠯᠳ᠋ᠤ ᠵᠢᠨ ᠠᠷᠪᠠᠨ ᠳᠠᠪᠤᠳ᠋ᠤᠭᠠᠷ ᠤᠨ︵1835 ᠤᠨ ︶ᠳ᠋ᠥ᠂ ᠪᠡᠬᠡᠵᠢᠩ ᠳ᠋ᠡᠬᠢ ᠹᠷᠠᠨᠼᠢ ᠵᠢᠨ ᠺᠠᠲ᠋ᠤᠯᠢᠭ ᠱᠠᠰᠢᠨ ᠤ ᠨᠡᠢᠭᠡᠮᠯᠢᠭ ᠡᠴᠠ ᠮᠠᠭᠤ ᠱᠠᠩᠳ᠋ᠠ᠂ ᠬᠦᠷᠢᠶᠡᠳ᠋ᠤ᠂ ᠡᠤ ᠵᠢᠶᠠ ᠽᠢ ᠤᠷᠴᠢᠮ ᠵᠢᠡᠷ ᠤᠯᠠᠮᠵᠢᠯᠠᠭᠳ᠋ᠠᠨ ᠤᠷᠤᠵᠤ ᠢᠷᠠᠬᠡᠳ᠂ ᠵᠠᠯᠭᠠᠭᠠᠳ ᠲᠤᠢᠩ ᠵᠢᠶᠠ  ᠢᠩᠽᠢ᠂ ᠱᠠᠨ ᠸᠠᠨ ᠽᠢ ᠳ᠋ᠥ ᠤᠯᠠᠮᠵᠢᠯᠠᠨ ᠳᠠᠷᠬᠠᠵᠠᠢ᠃ ᠳᠤᠬᠠᠢ ᠵᠢᠨ ᠦᠶ᠎ᠠ ᠳ᠋ᠤ ᠤᠯᠠᠭᠠᠨᠬᠠᠳ᠋ᠠ ᠵᠢᠨ ᠺᠠᠲ᠋ᠤᠯᠢᠭ ᠱᠠᠰᠢᠨ ᠨᠢ  ᠯᠢᠶᠤᠤᠳᠦ᠋ᠩ  ᠦᠨ ᠱᠠᠰᠢᠨ  ᠤ ᠳᠤᠭᠤᠷᠢᠭ ᠲᠦ ᠬᠠᠮᠢᠶᠠᠷᠤᠭᠳ᠋ᠠᠵᠤ ᠪᠠᠶᠢᠵᠠᠢ᠃ 1840 ᠤᠨ  ᠤ ᠬᠠᠷ᠎ᠠ ᠳᠠᠮᠠᠬᠢ ᠵᠢᠨ ᠳᠠᠶᠢᠨ  ᠤ ᠤᠷᠢᠳ ᠬᠤᠵᠢᠳ᠂ ᠤᠯᠠᠭᠠᠨᠬᠠᠳ᠋ᠠ ᠵᠢᠨ ᠺᠠᠲ᠋ᠤᠯᠢᠭ ᠱᠠᠰᠢᠨ ᠨᠢ ᠮᠠᠨᠵᠤ ᠮᠤᠩᠭᠤᠯ  ᠦᠨ ᠱᠠᠰᠢᠨ  ᠤ ᠳᠤᠭᠤᠷᠢᠭ᠂ ᠮᠤᠩᠭᠤᠯ  ᠦᠨ ᠱᠠᠰᠢᠨ  ᠤ ᠳᠤᠭᠤᠷᠢᠭ᠂ ᠵᠠᠬᠦᠨ ᠮᠤᠩᠭᠤᠯ  ᠦᠨ ᠱᠠᠰᠢᠨ  ᠤ ᠳᠤᠭᠤᠷᠢᠭ ᠲᠦ ᠬᠤᠪᠢᠶᠠᠭᠳ᠋ᠠᠨ ᠬᠠᠷᠢᠶᠠᠯᠠᠭᠳ᠋ᠠᠵᠤ ᠪᠠᠶᠢᠵᠠᠢ᠃ 1922 ᠤᠨ ᠳ᠋ᠤ᠂ ᠵᠠᠬᠦᠨ ᠮᠤᠩᠭᠤᠯ  ᠦᠨ ᠱᠠᠰᠢᠨ  ᠤ ᠳᠤᠭᠤᠷᠢᠭ ‍ᠢ ᠿᠧᠾᠧ ᠵᠢᠨ ᠱᠠᠰᠢᠨ  ᠤ ᠳᠤᠭᠤᠷᠢᠭ ᠬᠡᠵᠤ ᠦᠬᠡᠷᠡᠴᠢᠯᠠᠵᠠᠢ᠃ 1929 ᠤᠨ ᠳ᠋ᠤ᠂ ᠹᠧᠩ ᠲᠢᠶᠠᠨ ᠱᠠᠰᠢᠨ  ᠤ ᠳᠤᠭᠤᠷᠢᠭ᠂ ᠿᠧᠾᠧ ᠱᠠᠰᠢᠨ  ᠤ ᠳᠤᠭᠤᠷᠢᠭ ᠨᠢ ᠳᠤᠰ ᠪᠦᠷᠢ ᠨᠢᠬᠡ ᠬᠡᠰᠡᠭ ᠵᠢᠡᠨ ᠰᠠᠯᠭᠠᠨ ᠭᠠᠷᠭᠠᠵᠦ᠂ ᠰᠧ ᠫᠢᠩ ᠱᠠᠰᠢᠨ  ᠤ ᠳᠤᠭᠤᠷᠢᠭ ‍ᠢ ᠪᠠᠶᠢᠭᠤᠯᠤᠨ᠂ ᠺᠠᠨᠠᠳ᠋ᠠ ᠵᠢᠨ ᠺᠦᠧᠪᠧᠺ ᠬᠠᠷᠢ ᠵᠢᠨ ᠱᠠᠰᠢᠨ  ᠤ ᠨᠠᠶᠢᠬᠡᠮᠯᠢᠭ ᠲᠦ ᠨᠠᠶᠢᠳ᠋ᠠᠨ ᠬᠠᠮᠢᠶᠠᠷᠤᠭᠤᠯᠵᠠᠢ᠃ 1932 ᠤᠨ  ᠤ 1 ᠰᠠᠷ᠎ᠠ ᠵᠢᠨ 24 ᠤ ᠡᠳ᠋ᠤᠷ᠂ ᠿᠧᠾᠧ ᠱᠠᠰᠢᠨ  ᠤ ᠳᠤᠭᠤᠷᠢᠭ ᠡᠴᠠ  ᠤᠯᠠᠭᠠᠨᠬᠠᠳᠠ  ᠵᠢᠨ ᠱᠠᠰᠢᠨ  ᠤ ᠳᠤᠭᠤᠷᠢᠭ ᠬᠡᠵᠦ ᠰᠠᠯᠭᠠᠨ ᠪᠠᠶᠢᠭᠤᠯᠵᠠᠢ᠃ ᠳᠤᠬᠠᠢ ᠵᠢᠨ ᠵᠢᠯ  ᠦᠨ 3 ᠰᠠᠷ᠎ᠠ ᠵᠢᠨ 26 ᠤ ᠡᠳ᠋ᠤᠷ ᠢᠲ᠋ᠠᠯᠢ ᠵᠢᠨ ᠷᠤᠮ  ᠦᠨ ᠱᠠᠰᠢᠨ  ᠤ ᠵᠠᠷᠯᠢᠭ ᠵᠢᠡᠷ ᠿᠧᠾᠧ ᠱᠠᠰᠢᠨ  ᠤ ᠳᠤᠭᠤᠷᠢᠭ  ᠦᠨ ᠤᠯᠠᠭᠠᠬᠠᠨᠳ᠋ᠠ ᠵᠢᠨ ᠬᠤᠶᠢᠳ᠋ᠤ ᠵᠢᠷᠭᠤᠭᠠᠨ ᠰᠢᠶᠠᠨ︵ᠪᠢᠷᠠᠭᠤ᠂  ᠯᠢᠨᠳᠦ᠋ᠩ᠂ ᠯᠢᠨᠰᠢ᠂ ᠺᠠᠶᠢᠯᠤ᠂ ᠯᠦᠪᠧᠢ᠂ ᠴᠢᠪᠠᠭ᠎ᠠ ︶ ᠢ ᠰᠧ ᠫᠢᠩ ᠱᠠᠰᠢᠨ  ᠤ ᠳᠤᠭᠤᠷᠢᠭ ᠲᠦ ᠬᠠᠷᠢᠶᠠᠯᠠᠭᠤᠯᠪᠠ᠃ 1937 ᠤᠨ  ᠤ 5 ᠰᠠᠷ᠎ᠠ ᠵᠢᠨ 18 ᠤ ᠡᠳ᠋ᠤᠷ᠂ ᠷᠤᠮ  ᠦᠨ ᠱᠠᠰᠢᠨ  ᠤ ᠤᠷᠳ᠋ᠤᠨ ᠡᠴᠠ ᠰᠧ ᠫᠢᠩ ᠱᠠᠰᠢᠨ  ᠤ ᠳᠤᠭᠤᠷᠢᠭ ᠲᠦ ᠵᠠᠷᠯᠢᠭ ᠪᠠᠭᠤᠯᠭᠠᠨ  ᠯᠢᠨᠳᠦ᠋ᠩ  ᠦᠨ ᠱᠠᠰᠢᠨ  ᠤ ᠳᠤᠭᠤᠷᠢᠭ︵ᠿᠧᠾᠧ ᠱᠠᠰᠢᠨ  ᠤ ᠳᠤᠭᠤᠷᠢᠭ ᠡᠴᠠ ᠰᠧ ᠫᠢᠩ ᠱᠠᠰᠢᠨ  ᠤ ᠳᠤᠭᠤᠷᠢᠭ ᠲᠦ ᠰᠠᠯᠭᠠᠨ ᠦᠭᠬᠦᠭᠰᠡᠨ 6 ᠰᠢᠶᠠᠨ ‍ᠢ ᠬᠠᠷᠢᠶᠠᠯᠠᠭᠤᠯᠵᠠᠢ ︶‍ᠢ ᠪᠠᠶᠢᠭᠤᠯᠵᠦ᠂ ᠶᠠᠷᠤᠩᠬᠡᠢ ᠳᠠᠩᠬᠢᠮ  ᠢ ᠨᠢ ᠯᠢᠨᠰᠢ ᠵᠢᠨ ᠳ᠋ᠠ ᠢᠩᠽᠢ  ᠳᠤ ᠪᠠᠶᠢᠷᠢᠯᠠᠭᠤᠯᠵᠠᠢ᠃ 1941 ᠤᠨ ᠳ᠋ᠥ ᠨᠤᠮᠤᠬᠠᠨ ᠳᠠᠯᠠᠢ ᠵᠢᠨ ᠳᠠᠶᠢᠨ ᠡᠬᠦᠰᠴᠤ᠂ ᠺᠡᠨᠠᠳ᠋ᠠ ᠵᠢᠨ ᠱᠠᠰᠢᠨ ᠤᠯᠠᠮᠵᠢᠯᠠᠭᠴᠢ ᠵᠢ ᠰᠧ ᠫᠢᠩ ᠳ᠋ᠤ ᠳᠦᠪᠯᠠᠷᠠᠬᠦᠯᠤᠨ ᠬᠢᠨᠠᠨ ᠬᠠᠮᠢᠶᠠᠷᠤᠭᠰᠠᠨ ᠡᠴᠡ  ᠯᠢᠨᠳᠦ᠋ᠩ  ᠦᠨ ᠱᠠᠰᠢᠨ  ᠤ ᠳᠤᠭᠤᠷᠢᠭ ‍ᠢ ᠰᠧ ᠫᠢᠩ  ᠦᠨ ᠱᠠᠰᠢᠨ  ᠤ ᠳᠤᠭᠤᠷᠢᠭ ᠲᠦ ᠨᠠᠶᠢᠳ᠋ᠠᠵᠦ ᠤᠷᠤᠯᠠᠨ ᠬᠠᠮᠢᠶᠠᠷᠤᠭᠤᠯᠵᠠᠢ᠃        ᠤᠯᠠᠭᠠᠨᠬᠠᠳ᠋ᠠ ᠵᠢᠨ ᠱᠠᠰᠢᠨ  ᠤ ᠳᠤᠭᠤᠷᠢᠭ  ᠦᠨ ᠬᠠᠷᠢᠶ᠎ᠠ ᠳ᠋ᠤ ᠤᠯᠠᠭᠠᠨᠬᠠᠳ᠋ᠠ᠂ ᠸᠧᠢᠴᠠᠩ᠂ ᠵᠢᠶᠠᠨᠫᠢᠩ᠂ ᠨᠢᠩᠴᠧᠩ᠂  ᠵᠢᠩᠫᠧᠩ᠂ ᠪᠤᠷᠤᠬᠤᠳ᠋ᠠ ᠵᠡᠷᠬᠡ 6 ᠰᠢᠶᠠᠨ ᠪᠠᠭᠳ᠋ᠠᠵᠦ ᠪᠠᠶᠢᠵᠠᠢ᠃ ᠬᠤᠵᠢᠮ ᠨᠢ ᠠᠤᠬᠠᠨ᠂ ᠬᠠᠷᠠᠴᠢᠨ ᠬᠤᠶᠠᠷ ᠬᠤᠰᠢᠭᠤ ᠵᠢ ᠬᠤᠪᠢᠶᠠᠨ ᠤᠷᠤᠭᠤᠯᠵᠤ᠂ ᠨᠠᠢᠮᠠᠨ ᠬᠤᠰᠢᠭᠤ ᠰᠢᠶᠠᠨ ᠪᠤᠯᠭᠠᠵᠠᠢ᠃ ᠠᠩᠬᠠᠳ᠋ᠤᠭᠠᠷ ᠭᠤᠤᠯ ᠡᠷᠬᠢᠯᠡᠭᠴᠢ ᠨᠢ ᠵᠤᠤ ᠴᠢᠩ ᠬᠤᠧᠠ᠂ ᠳᠤᠮᠳ᠋ᠠᠳ᠋ᠤ ᠤᠯᠤᠰ  ᠦᠨ ᠬᠦᠮᠦᠨ᠃ ᠳᠤᠰ ᠱᠠᠰᠢᠨ  ᠤ ᠳᠤᠭᠤᠷᠢᠭ  ᠦᠨ ᠶᠠᠷᠤᠩᠬᠡᠢ ᠳᠠᠯᠠᠪᠠᠢ ᠨᠢ 7.5 ᠳᠦᠮᠡᠨ ᠳᠡᠭᠰᠢ ᠳᠦᠷᠪᠡᠯᠵᠢᠨ ᠺᠢᠯᠤᠮᠧᠲ᠋ᠷ᠂ ᠬᠦᠮᠦᠨ ᠠᠮᠠ 175.1 ᠳᠦᠮᠡ᠂ ᠱᠠᠰᠢᠨ  ᠤ ᠢᠷᠬᠡᠳ 19 272 ᠬᠦᠮᠦᠨ ᠪᠠᠶᠢᠪᠠ᠃ ᠳᠤᠭᠠᠩ 22᠂ ᠠᠯᠪᠠᠨ ᠭᠠᠵᠠᠷ 8 ᠪᠠᠶᠢᠭᠤᠯᠵᠠᠢ᠃ ᠤᠯᠠᠭᠠᠨᠬᠠᠳ᠋ᠠ ᠤᠷᠤᠨ ᠳ᠋ᠤ ᠄ ᠤᠯᠠᠭᠠᠨᠬᠠᠳ᠋ᠠ ᠵᠢᠨ ᠶᠠᠷᠤᠩᠬᠡᠢ ᠳᠤᠭᠠᠩ᠂ ᠯᠢᠤ ᠹᠧᠨ ᠳ᠋ᠢ ᠳᠤᠭᠠᠩ᠂ ᠶᠦᠩ ᠰᠢᠩ ᠡᠾᠧ ᠳᠤᠭᠠᠩ᠂ ᠮᠠ ᠵᠢᠶᠠ ᠰᠧ ᠳᠤᠭᠠᠩ᠂ ᠱᠠ ᠱᠦᠢ ᠫᠦᠧᠧ ᠠᠯᠪᠠᠨ ᠭᠠᠵᠠᠷ᠂ ᠴᠤᠤᠶᠠᠩ ᠭᠧᠤ ᠠᠯᠪᠠᠨ ᠭᠠᠵᠠᠷ᠂ ᠴᠢᠳᠬᠤᠯᠠᠩ ᠠᠯᠪᠠᠨ ᠭᠠᠵᠠᠷ᠂ ᠬᠠᠶᠢᠯᠠᠰᠤ ᠠᠯᠪᠠᠨ ᠭᠠᠵᠠᠷ ᠵᠡᠷᠬᠡ ᠪᠠᠶᠢᠵᠠᠢ᠃ ᠪᠤᠷᠤᠬᠤᠳ᠋ᠠ ᠤᠷᠤᠨ ᠳ᠋ᠤ ᠄ ᠬᠦᠷᠢᠶᠡᠳ᠋ᠤ ᠳᠤᠭᠠᠩ᠂ ᠮᠠᠭᠤ ᠱᠠᠩᠳ᠋ᠠ ᠳᠤᠭᠠᠩ᠂ ᠾᠧ ᠴᠧᠩ ᠬᠦᠩ ᠠᠯᠪᠠᠨ ᠭᠠᠵᠠᠷ᠂ ᠳ᠋ᠠ ᠰᠢ ᠭᠧᠤ ᠠᠯᠪᠠᠨ ᠭᠠᠵᠠᠷ ᠵᠡᠷᠬᠡ ᠪᠠᠶᠢᠵᠠᠢ᠃ ᠸᠧᠢ ᠴᠠᠩ ᠤᠷᠤᠨ ᠳ᠋ᠤ ᠄ ᠲᠦᠩ ᠵᠢᠶᠠ ᠢᠩᠽᠢ ᠳᠤᠭᠠᠩ᠂ ᠵᠦᠢ ᠽᠢ ᠱᠠᠨ ᠳᠤᠭᠠᠩ᠂ ᠱᠠᠨ ᠸᠠᠨ ᠽᠢ ᠳᠤᠭᠠᠩ᠂ ᠮᠠ ᠯᠢᠶᠠᠨ ᠳ᠋ᠤᠤ ᠳᠤᠭᠠᠩ ᠵᠡᠷᠬᠡ ᠪᠠᠶᠢᠵᠠᠢ᠃ ᠨᠢᠩᠴᠧᠩ ᠰᠢᠶᠠᠨ ᠳ᠋ᠤ ᠄ ᠠᠷᠤ  ᠪᠤᠯᠠᠭ ᠳᠤᠭᠠᠩ᠂ ᠰᠠᠨ ᠽᠦᠧᠧ ᠳ᠋ᠢᠶᠠᠨ ᠳᠤᠭᠠᠩ᠂ ᠴᠧᠨ ᠵᠢᠶᠠ ᠸᠧ ᠫᠦ᠋ ᠠᠯᠪᠠᠨ ᠭᠠᠵᠠᠷ᠂ ᠰᠢᠨ ᠸᠧ ᠫᠦ᠋ ᠠᠯᠪᠠᠨ ᠭᠠᠵᠠᠷ ᠵᠡᠷᠬᠡ ᠪᠠᠶᠢᠵᠠᠢ᠃ ᠬᠠᠷᠠᠴᠢᠨ ᠬᠤᠰᠢᠭᠤᠨ ᠳ᠋ᠤ ᠄ ᠨᠢᠤ ᠲᠧᠤ ᠭᠧᠤ ᠮᠧᠨ ᠳᠤᠭᠠᠩ᠂ ᠡᠯ ᠳ᠋ᠤᠤ ᠢᠩᠽᠢ ᠳᠤᠭᠠᠩ᠂ ᠵᠢᠨ ᠵᠢᠶᠠ ᠳ᠋ᠢᠶᠠᠨ ᠳᠤᠭᠠᠩ᠂ ᠱᠠᠩ ᠸᠠ ᠹᠠᠩ ᠳᠤᠭᠠᠩ ᠵᠡᠷᠬᠡ ᠪᠠᠶᠢᠵᠠᠢ᠃ ᠵᠢᠶᠠᠨ ᠫᠢᠩ ᠰᠢᠶᠠᠨ ᠳ᠋ᠤ ᠄ ᠱᠧᠨ ᠵᠢᠩ ᠳᠤᠭᠠᠩ᠂ ᠹᠠᠩ ᠱᠧᠨ ᠳᠤᠭᠠᠩ ᠪᠠᠶᠢᠵᠠᠢ᠃ ᠠᠤᠬᠠᠨ ᠬᠤᠰᠢᠭᠤᠨ ᠳ᠋ᠤ ᠄ ᠰᠢᠨ ᠮᠢᠨ ᠽᠦᠨ ᠳᠤᠭᠠᠩ᠂ ᠪᠡᠶᠢᠰᠡ ᠵᠢᠨ ᠬᠤᠷᠤᠭ᠎ᠠ ᠳᠤᠭᠠᠩ ᠪᠠᠶᠢᠵᠠᠢ᠃ ᠬᠡᠰᠢᠭᠳ᠋ᠠᠨ ᠬᠤᠰᠢᠭᠤᠨ ᠳ᠋ᠤ ᠄ ᠰᠢᠨ ᠺᠠᠢ ᠳ᠋ᠢ ᠳᠤᠭᠠᠩ ᠪᠠᠶᠢᠵᠠᠢ᠃ ᠱᠠᠰᠢᠨ  ᠤ ᠠᠵᠢᠯᠳ᠋ᠠᠨ ᠬᠡᠪᠡᠯ ᠄ 1935 ᠤᠨ ᠳ᠋ᠤ ᠨᠢᠬᠡ ᠳᠦᠷᠦᠬᠦᠦ ᠯᠠᠮᠠ ᠪᠠᠶᠢᠪᠠ᠂ ᠭᠠᠳ᠋ᠠᠭᠠᠳ᠋ᠤ ᠵᠢᠨ ᠬᠦᠮᠦᠨ᠃ ᠬᠤᠷᠢᠨ ᠳᠦᠷᠪᠡᠨ ᠬᠠᠷ᠎ᠠ ᠯᠠᠮᠠ ᠪᠠᠶᠢᠵᠦ᠂ ᠡᠬᠦᠨ ᠳ᠋ᠤ ᠭᠠᠳ᠋ᠠᠭᠠᠳ᠋ᠤ ᠵᠢᠨ ᠬᠦᠮᠦᠨ ᠬᠤᠶᠠᠷ ᠂ ᠳᠤᠮᠳ᠋ᠠᠳ᠋ᠤ ᠤᠯᠤᠰ  ᠦᠨ ᠬᠦᠮᠦᠨ ᠬᠤᠷᠢᠨ ᠬᠤᠶᠠᠷ ᠪᠠᠶᠢᠵᠠᠢ᠃ 1938 ᠤᠨ ᠳ᠋ᠤ ᠨᠢᠬᠡ ᠲᠦᠷᠦᠬᠦᠦ ᠯᠠᠮᠠ ᠪᠠᠶᠢᠵᠦ᠂ ᠭᠠᠳ᠋ᠠᠭᠠᠳ᠋ᠤ ᠵᠢᠨ ᠬᠦᠮᠤᠨ᠃ ᠭᠤᠴᠢᠨ ᠬᠤᠶᠠᠷ ᠬᠠᠷ᠎ᠠ ᠯᠠᠮᠠ ᠪᠠᠶᠢᠵᠦ᠂ ᠡᠬᠦᠨ ᠳ᠋ᠤ ᠭᠠᠳ᠋ᠠᠭᠠᠳ᠋ᠤ ᠤᠯᠤᠰ  ᠦᠨ ᠳᠦᠷᠪᠡᠨ ᠬᠦᠮᠦᠨ᠂ ᠳᠤᠮᠳ᠋ᠠᠳ᠋ᠤ ᠤᠯᠤᠰ  ᠦᠨ ᠬᠤᠷᠢᠨ ᠨᠠᠢᠮᠠᠨ ᠬᠦᠮᠦᠨ ᠪᠠᠶᠢᠵᠠᠢ᠃ ᠪᠠᠰᠠ ᠪᠢᠰᠢᠯᠭᠠᠯᠳ᠋ᠠᠨ ᠳᠠᠪᠤᠨ ᠬᠦᠮᠦᠨ ᠪᠠᠶᠢᠵᠦ᠂ ᠶᠠᠷᠤᠩᠬᠡᠢ ᠨᠠᠶᠢᠳ᠋ᠠ 3 ᠭᠤᠴᠢᠨ ᠨᠠᠢᠮᠠᠨ ᠬᠦᠮᠦᠨ ᠪᠠᠶᠢᠪᠠ᠃ 1941 ᠤᠨ ᠳ᠋ᠤ᠂ ᠨᠢᠬᠡ ᠳᠦᠷᠦᠬᠦᠦ ᠯᠠᠮᠠ ᠪᠠᠶᠢᠵᠦ᠂ ᠭᠠᠳ᠋ᠠᠭᠠᠳ᠋ᠤ ᠵᠢᠨ ᠬᠦᠮᠦᠨ᠃ ᠭᠤᠴᠢᠨ ᠳᠤᠯᠤᠭᠠᠨ ᠬᠠᠷ᠎ᠠ ᠯᠠᠮᠠ ᠪᠠᠶᠢᠵᠦ᠂ ᠡᠬᠦᠨ ᠳ᠋ᠤ ᠭᠠᠳ᠋ᠠᠭᠠᠳ᠋ᠤ ᠤᠯᠤᠰ  ᠦᠨ ᠳᠦᠷᠪᠡᠨ ᠬᠦᠮᠦᠨ᠂ ᠳᠤᠮᠳ᠋ᠠᠳ᠋ᠤ ᠤᠯᠤᠰ  ᠦᠨ ᠭᠤᠴᠢᠨ ᠭᠤᠷᠪᠠᠨ ᠬᠦᠮᠦᠨ ᠪᠠᠶᠢᠵᠠᠢ᠃ ᠪᠠᠰᠠ ᠪᠢᠰᠢᠯᠭᠠᠯᠳ᠋ᠠᠨ ᠳᠤᠯᠤᠭᠠᠨ ᠬᠦᠮᠦᠨ ᠪᠠᠶᠢᠵᠦ᠂ ᠶᠠᠷᠤᠩᠬᠡᠢ ᠨᠠᠶᠢᠳ᠋ᠠ ᠳᠦᠴᠢᠨ ᠳᠠᠪᠤᠨ ᠬᠦᠮᠤᠨ ᠪᠠᠶᠢᠵᠠᠢ᠃         ᠯᠢᠨᠳᠦ᠋ᠩ ᠱᠠᠰᠢᠨ  ᠤ ᠳᠤᠭᠤᠷᠢᠭ ᠪᠠᠶᠢᠭᠤᠯᠤᠭᠳ᠋ᠠᠭᠰᠠᠨ  ᠤ ᠳᠠᠷᠠᠭ᠎ᠠ᠂ ᠺᠠᠨᠠᠳ᠋ᠠ ᠵᠢᠨ ᠺᠦᠧᠪᠧᠺ ᠬᠠᠷᠢ ᠵᠢᠨ ᠱᠠᠰᠢᠨ  ᠤ ᠨᠠᠶᠢᠬᠡᠮᠯᠢᠭ  ᠦᠨ ᠬᠠᠷᠢᠶᠠᠨ ᠳ᠋ᠤ ᠤᠷᠤᠵᠠᠢ᠃ ᠱᠠᠰᠢᠨ  ᠤ ᠳᠤᠭᠤᠷᠢᠭ ᠨᠢ  ᠯᠢᠨᠳᠦ᠋ᠩ᠂ ᠯᠢᠨᠰᠢ᠂ ᠴᠢᠪᠠᠭ᠎ᠠ᠂ ᠺᠠᠶᠢᠯᠤ᠂ ᠯᠤ ᠪᠧᠢ᠂ ᠰᠦᠢ  ᠳ᠋ᠦᠩ ᠵᠡᠷᠬᠡ ᠵᠢᠷᠭᠤᠭᠠᠨ ᠰᠢᠶᠠᠨ ‍ᠢ ᠪᠠᠭᠳ᠋ᠠᠭᠠᠵᠤ᠂ ᠶᠠᠷᠤᠩᠬᠡᠢ ᠳᠠᠯᠠᠪᠡᠢ ᠨᠢ 5.9 ᠳᠦᠮᠠᠨ ᠳᠡᠭᠰᠢ ᠳᠦᠷᠪᠡᠯᠵᠢᠨ ᠺᠡᠯᠤᠮᠧᠲ᠋ᠷ᠂ 359 625 ᠰᠠᠭᠤᠭᠠᠯᠢ ᠠᠷᠠᠳ᠂ 8 326 ᠱᠠᠰᠢᠨᠳ᠋ᠠᠨ︵ᠡᠬᠦᠨ ᠳ᠋ᠤ ᠯᠢᠨᠰᠢ ᠳ᠋ᠤ 6130 ᠱᠠᠰᠢᠨᠳ᠋ᠠᠨ ᠪᠠᠶᠢᠪᠠ ︶ᠳᠠᠢ ᠪᠠᠶᠢᠪᠠ᠃ ᠱᠠᠰᠢᠠᠳ᠋ᠠᠨ ᠨᠢ ᠭᠤᠤᠯᠳ᠋ᠠᠭᠤ ᠯᠢᠨᠰᠢ ᠵᠢᠨ ᠳ᠋ᠠ ᠢᠩᠽᠢ ᠳᠤᠰᠬᠤᠨ ᠳ᠋ᠤ ᠳᠦᠪᠯᠠᠷᠠᠵᠤ ᠪᠠᠶᠢᠵᠠᠢ᠃ 1937 ᠤᠨ  ᠤ 7 ᠰᠠᠷ᠎ᠠ ᠵᠢᠨ 23 ᠤ ᠡᠳ᠋ᠤᠷ᠂ ᠴᠧᠩᠳ᠋ᠧ ᠵᠢᠨ ᠴᠢᠮᠡᠬᠡ ᠬᠦᠷᠬᠡᠬᠦ ᠬᠡᠯᠳ᠋ᠡᠰ ᠡᠴᠠ ᠯᠠᠨ ᠳ᠋ᠧ︵ᠪᠧᠯᠬᠢ ᠵᠢᠨ ᠬᠦᠮᠤᠨ ︶ᠵᠢ ᠠᠩᠬᠠᠳ᠋ᠤᠭᠠᠷ ᠬᠠᠪᠰᠤᠷᠤᠭᠴᠢ ᠡᠷᠬᠢᠯᠡᠭᠴᠢ᠂ ᠳ᠋ᠦ᠋ ᠬᠠᠷ᠎ᠠ ᠯᠠᠮᠠ ᠵᠢ ᠭᠤᠤᠯ ᠡᠷᠬᠢᠯᠡᠭᠴᠢ ᠪᠤᠯᠭᠠᠬᠤ ᠪᠡᠷ ᠮᠡᠳ᠋ᠡᠭᠳ᠋ᠠᠯ ᠪᠠᠭᠤᠯᠭᠠᠵᠠᠢ  1939 ᠤᠨ ᠳ᠋ᠤ ᠯᠠᠨ ᠳ᠋ᠧ ᠤᠯᠤᠰ ᠲᠦ ᠪᠡᠨ ᠪᠤᠴᠠᠵᠤ᠂ ᠮᠠ ᠭᠤᠧᠠᠩ ᠷᠦᠩ ᠭᠤᠤᠯ ᠡᠷᠬᠢᠯᠡᠭᠴᠢ ᠪᠤᠯᠵᠠᠢ᠂ ᠳᠡᠳ᠋ ᠡᠷᠬᠢᠯᠡᠭᠴᠢ ᠵᠢ ᠵᠢᠢ᠂ ᠯᠦᠧᠧ᠂ ᠭᠤᠤ᠂ ᠴᠢᠤᠢ᠂ ᠵᠢᠦᠢ᠂ ᠵᠤᠤ ᠪᠤᠯᠤᠨ ᠬᠤᠶᠠᠷ ᠪᠤᠤ ᠤᠪᠤᠭᠳ᠋ᠤ ᠬᠠᠷ᠎ᠠ ᠯᠠᠮᠠ ᠪᠡᠷ ᠬᠠᠷᠢᠭᠤᠴᠠᠭᠤᠯᠵᠠᠢ᠃  ᠯᠢᠨᠳᠦ᠋ᠩ  ᠦᠨ ᠶᠡᠷᠤᠩᠬᠡᠢ ᠳᠤᠭᠠᠩ  ᠦᠨ ᠭᠠᠵᠠᠷ ‍ᠢ ᠤᠤᠯ ᠨᠢ ᠤᠳ᠋ᠤ ᠵᠢᠨ  ᠯᠢᠨᠳᠦ᠋ᠩ ᠪᠠᠯᠭᠠᠰᠤᠨ  ᠤ ᠬᠤᠶᠢᠳ᠋ᠤ ᠰᠢᠩ ᠯᠦᠩ ᠳ᠋ᠢ ᠰᠢᠶᠠᠩ ᠳ᠋ᠤ ᠪᠠᠶᠢᠭᠤᠯᠬᠤ ᠪᠡᠷ ᠳᠤᠭᠳ᠋ᠠᠭᠠᠵᠠᠢ᠃ ᠪᠠᠶᠢᠭᠤᠯᠬᠤ ᠶᠠᠪᠤᠴᠠ ᠳ᠋ᠤ ᠵᠠᠩ ᠮᠧᠩ ᠵᠧᠤ ᠵᠡᠷᠬᠡ ᠬᠠᠮᠢᠶᠠᠷᠤᠭᠴᠢᠳ ᠮᠤᠷᠢ ᠪᠡᠨ ᠳᠠᠷᠢᠶᠠᠴᠢᠤᠨ  ᠦᠨ ᠳᠠᠷᠢᠶᠠᠨ ᠳ᠋ᠥ ᠳᠠᠯᠪᠢᠵᠤ ᠳᠠᠷᠢᠶ᠎ᠠ ᠵᠢ ᠨᠢ ᠢᠳ᠋ᠠᠬᠦᠯᠦᠭᠰᠠᠨ ᠢᠶᠠᠷ ᠪᠠᠷᠠᠬᠤ ᠦᠬᠡᠢ ᠡᠷᠬᠡ  ᠰᠦᠷ ᠲᠦ ᠪᠡᠨ ᠡᠷᠳ᠋ᠤᠨ ᠳᠠᠷᠢᠶᠠᠴᠢᠳ ‍ᠢ ᠳᠤᠷᠤᠮᠵᠢᠯᠠᠭᠰᠠᠨ ᠡᠴᠠ ᠳᠠᠷᠢᠶᠠᠴᠢᠳ  ᠦᠨ ᠴᠢᠩᠭ᠎ᠠ ᠡᠰᠠᠷᠬᠦᠴᠠᠯ ‍ᠢ ᠳᠡᠭᠳ᠋ᠡᠬᠡᠵᠠᠢ᠃ ᠳᠡᠬᠦᠨᠴᠢᠯᠡᠨ ᠶᠠᠫᠤᠨ ᠬᠦᠮᠤᠨ ᠭᠠᠷ ᠳᠦᠷᠦᠭᠰᠡᠨ ᠪᠠᠶᠢᠳ᠋ᠠᠯ ᠳᠤᠤᠷ᠎ᠠ᠂ ᠨᠢᠬᠡᠨᠳ᠋ᠠ ᠪᠠᠷᠢᠭᠰᠠᠨ ᠬᠡᠷ ᠪᠠᠷᠢᠯᠭ᠎ᠠ ᠵᠢ ᠨᠤᠷᠠᠭᠠᠵᠤ᠂ ᠳᠤᠭᠠᠩ  ᠦᠨ ᠪᠠᠷᠢᠯᠭ᠎ᠠ ᠵᠤᠭᠰᠤᠵᠠᠢ᠃ ᠶᠠᠷᠤᠩᠬᠡᠢ ᠳᠤᠭᠠᠩ  ᠦᠨ ᠭᠠᠵᠠᠷ ᠵᠢᠡᠨ ᠯᠢᠨᠰᠢ ᠵᠢᠨ ᠳ᠋ᠠ ᠢᠩᠽᠢ ᠳ᠋ᠤ ᠰᠢᠯᠵᠢᠬᠦᠯᠵᠠᠢ᠃  ᠯᠢᠨᠳᠦ᠋ᠩ  ᠦᠨ ᠱᠠᠰᠢᠨ  ᠤ ᠳᠤᠭᠤᠷᠢᠭ ᠲᠦ ᠳᠠᠪᠤᠨ ᠳᠤᠭᠠᠩ ᠪᠠᠶᠢᠵᠤ᠂ ᠤᠯᠠᠩᠬᠢ ᠨᠢ ᠯᠢᠨᠰᠢ ᠰᠢᠶᠠᠨ ᠳ᠋ᠤ ᠪᠠᠶᠢᠵᠠᠢ᠂ ᠳᠤᠬᠠᠶᠢᠯᠠᠪᠠᠯ ᠄ ᠳ᠋ᠠ ᠢᠩᠽᠢ ᠳᠤᠭᠠᠩ᠂ ᠹᠠᠩ ᠱᠧᠨ ᠳᠤᠭᠠᠩ᠂  ᠳ᠋ᠦᠩ ᠪᠢᠶᠠᠨ ᠴᠢᠶᠠᠩ ᠳᠤᠭᠠᠩ᠂ ᠭᠤᠧᠠᠨ ᠳ᠋ᠢ ᠳᠤᠭᠠᠩ᠂ ᠺᠠᠶᠢᠯᠤ ᠳᠤᠭᠠᠩ ᠵᠡᠷᠬᠡ ᠪᠤᠢ᠃       1956 ᠤᠨ ᠳ᠋ᠤ ᠦᠪᠤᠷ ᠮᠤᠩᠭᠤᠯ  ᠦᠨ ᠦᠪᠡᠷᠳ᠋ᠡᠬᠡᠨ ᠵᠠᠰᠠᠬᠤ ᠤᠷᠤᠨ ᠺᠡᠲ᠋ᠤᠯᠢᠭ ᠱᠠᠰᠢᠨ  ᠤ ᠳᠦᠯᠦᠬᠡᠯᠡᠭᠴᠢ ᠵᠢᠨ ᠬᠤᠷᠠᠯ ᠬᠤᠷᠠᠯᠳ᠋ᠤᠭᠤᠯᠤᠭᠰᠠᠨ  ᠤ ᠳᠠᠷᠠᠭ᠎ᠠ᠂ ᠵᠤᠤ ᠤᠳ᠋ᠠ ᠠᠶᠢᠮᠠᠭ  ᠦᠨ ᠠᠯᠪᠠᠨ ᠵᠠᠬᠢᠷᠭ᠎ᠠ ᠳ᠋ᠥ ᠱᠠᠰᠢᠨ  ᠤ ᠬᠡᠷᠡᠭ ᠡᠷᠬᠢᠯᠠᠬᠦ ᠬᠡᠯᠳ᠋ᠡᠰ ᠪᠠᠶᠢᠭᠤᠯᠤᠭᠳ᠋ᠠᠵᠤ᠂ ᠤᠯᠠᠭᠠᠨᠬᠠᠳ᠋ᠠ ᠵᠢᠨ ᠺᠡᠲ᠋ᠤᠯᠢᠭ ᠱᠠᠰᠢᠨ  ᠤ ᠬᠠᠷ᠎ᠠ ᠯᠠᠮᠠ ᠱᠠᠰᠢᠨ  ᠤ ᠠᠵᠢᠯᠯᠠᠭ᠎ᠠ ᠪᠡᠨ ᠡᠬᠢᠯᠠᠬᠦᠯᠵᠠᠢ᠃ 1957 ᠤᠨ  ᠤ 8 ᠰᠠᠷ᠎ᠠ ᠳ᠋ᠤ᠂ ᠯᠢᠨᠰᠢ ᠰᠢᠶᠠᠨ  ᠤ ᠳ᠋ᠠ ᠢᠩᠽᠢ ᠺᠡᠲ᠋ᠤᠯᠢᠭ ᠱᠠᠰᠢᠨ  ᠤ ᠳᠤᠭᠠᠩ ‍ᠢ ᠰᠠᠷᠬᠦᠬᠡᠪᠡ᠃ 1958 ᠤᠨ ᠳ᠋ᠤ ᠤᠯᠠᠭᠠᠨᠬᠠᠳ᠋ᠠ ᠵᠢᠨ ᠺᠡᠲ᠋ᠤᠯᠢᠭ ᠱᠠᠰᠢᠨ  ᠤ ᠳᠤᠭᠠᠩ ‍ᠢ ᠰᠠᠷᠬᠦᠭᠡᠭᠰᠠᠨ ᠪᠦᠬᠡᠳ ᠤᠯᠠᠭᠠᠨᠬᠠᠳ᠋ᠠ ᠰᠢᠶᠠᠨ  ᠤ ᠺᠠᠲ᠋ᠤᠯᠢᠭ ᠱᠠᠰᠢᠨ  ᠤ ᠤᠯᠤᠰ ᠵᠢᠠᠨ ᠬᠠᠶᠢᠷᠠᠯᠠᠬᠤ ᠨᠡᠶᠢᠬᠡᠮᠯᠢᠭ  ᠦᠨ ᠪᠠᠯᠠᠳᠬᠡᠯ ᠺᠤᠮᠢᠰ ᠪᠠᠶᠢᠭᠤᠯᠤᠭᠳ᠋ᠠᠵᠤ᠂ ᠤᠤᠯ  ᠦᠨ ᠤᠯᠠᠭᠠᠨᠬᠠᠳ᠋ᠠ ᠱᠠᠰᠢᠨ  ᠤ ᠳᠤᠭᠤᠷᠢᠭ  ᠦᠨ ᠳᠠᠳ᠋ ᠳᠦᠷᠦᠬᠦᠦ ᠯᠠᠮᠠ ᠵᠤᠤ ᠶᠦᠨ ᠬᠠᠨ ᠡᠷᠬᠢᠯᠡᠭᠴᠢ ᠪᠤᠯᠵᠤ᠂ ᠹᠧᠩ ᠶᠦᠨ ᠵᠦᠩ ᠳᠠᠳ᠋ ᠡᠷᠬᠢᠯᠡᠭᠴᠢ ᠪᠤᠯᠵᠦ ᠨᠠᠷᠢᠨ  ᠪᠢᠴᠢᠭ ᠦᠨ ᠳᠠᠷᠤᠭ᠎ᠠ ᠵᠢ ᠬᠠᠪᠰᠠᠷᠭᠠᠨ ᠬᠠᠷᠢᠭᠤᠴᠠᠵᠠᠢ᠃ ᠬᠤᠰᠢᠭᠤ ᠰᠢᠶᠠᠨ ᠳ᠋ᠤ ᠳᠠᠷᠬᠠᠨ ᠪᠤᠳ᠋ᠠᠷᠠᠭᠰᠠᠨ ᠬᠠᠷ᠎ᠠ ᠯᠠᠮᠠ ᠵᠢᠨ ᠵᠠᠷᠢᠮ ᠨᠢ ᠠᠶᠢᠯ ᠡᠷᠦᠬᠡ ᠪᠡᠷ ᠳᠤᠭᠤᠷᠢᠨ ᠱᠠᠰᠢᠨᠳ᠋ᠠᠨ ᠳ᠋ᠤ  ᠪᠡᠨ ᠮᠢᠰᠰᠠ ᠬᠦᠷᠬᠡᠵᠤ ᠱᠠᠰᠢᠨ  ᠤ ᠠᠵᠢᠯᠯᠠᠭ᠎ᠠ ᠬᠢᠵᠤ ᠪᠠᠶᠢᠪᠠ᠃ ᠬᠠᠨ ᠰᠢᠶᠠᠩ  ᠱᠤ᠋᠂ ᠴᠢᠶᠠᠨ ᠹᠦ᠋ ᠮᠢᠨ᠂ ᠴᠢᠶᠠᠨ ᠳ᠋ᠢᠩ ᠵᠠᠩ ᠬᠠᠷ᠎ᠠ ᠯᠠᠮᠠ ᠳ᠋ᠠ ᠢᠩᠽᠢ ᠳ᠋ᠤ ᠪᠤᠴᠠᠨ ᠢᠷᠡᠵᠦ᠂ ᠰᠦᠨ ᠴᠤᠤ  ᠿᠠᠨ ᠬᠠᠷ᠎ᠠ ᠯᠠᠮᠠ  ᠳ᠋ᠦᠩ ᠪᠢᠶᠠᠨ ᠴᠢᠶᠠᠩ ᠳ᠋ᠤ ᠪᠤᠴᠠᠨ ᠱᠠᠰᠢᠨ  ᠤ ᠠᠵᠢᠯᠯᠠᠭ᠎ᠠ ᠵᠢ ᠡᠷᠬᠢᠯᠠᠵᠠᠢ᠃︽ᠰᠤᠶᠤᠯ  ᠦᠨ ᠶᠡᠬᠡ ᠬᠤᠪᠢᠰᠬᠠᠯ︾ᠡᠴᠠ ᠰᠠᠬᠦᠯᠠᠷ᠂ ᠺᠡᠲ᠋ᠤᠯᠢᠭ ᠱᠠᠰᠢᠨ  ᠤ ᠠᠵᠢᠯᠳ᠋ᠠᠳ ᠰᠢᠬᠦᠮᠵᠢᠯᠡᠭᠳ᠋ᠠᠵᠤ᠂ ᠱᠠᠰᠢᠨ  ᠤ ᠠᠵᠢᠯᠯᠠᠭ᠎ᠠ ᠪᠡᠨ ᠵᠤᠭᠰᠤᠵᠠᠢ᠃       1978 ᠤᠨ ᠳ᠋ᠤ ᠨᠠᠮ  ᠦᠨ ᠱᠠᠰᠢᠨ ᠰᠤᠷᠳ᠋ᠠᠬᠤᠨ  ᠤ ᠳᠦᠷᠦ ᠵᠢᠨ ᠪᠤᠳ᠋ᠤᠯᠭ᠎ᠠ ᠵᠢ ᠨᠠᠶᠢᠳ᠋ᠠᠪᠤᠷᠢᠵᠢᠭᠤᠯᠵᠤ᠂ ᠬᠢᠯᠢᠰ ᠬᠤᠳ᠋ᠠᠯ ᠪᠤᠷᠤᠭᠤ ᠬᠡᠷᠡᠭ ‍ᠢ ᠴᠠᠭᠠᠳᠬᠠᠵᠤ᠂ ᠱᠠᠰᠢᠨ  ᠤ ᠨᠠᠶᠢᠬᠡᠮᠯᠢᠭ  ᠦᠨ ᠡᠳ᠋ ᠬᠦᠷᠤᠩᠬᠡ ᠵᠢ ᠪᠤᠴᠠᠭᠠᠨ ᠦᠭᠴᠠᠢ᠃ 1980 ᠤᠨ ᠳ᠋ᠤ ᠦᠪᠤᠷ ᠮᠤᠩᠭᠤᠯ  ᠦᠨ ᠦᠪᠡᠷᠳ᠋ᠡᠬᠡᠨ ᠵᠠᠰᠠᠬᠤ ᠤᠷᠤᠨ ᠺᠡᠲ᠋ᠤᠯᠢᠭ ᠱᠠᠰᠢᠨ  ᠤ ᠳᠦᠯᠦᠬᠡᠯᠡᠭᠴᠢ ᠵᠢᠨ ᠬᠤᠷᠠᠯ ᠬᠤᠷᠠᠯᠳ᠋ᠤᠭᠤᠯᠵᠤ᠂ ᠤᠯᠠᠭᠠᠨᠬᠠᠳ᠋ᠠ ᠵᠢ ᠺᠠᠲ᠋ᠤᠯᠢᠭ ᠱᠠᠰᠢᠨ  ᠤ ᠰᠠᠯᠪᠤᠷᠢ ᠳᠤᠭᠤᠷᠢᠭ ᠵᠢᠡᠷ ᠳᠤᠭᠳ᠋ᠠᠭᠠᠵᠤ᠂ ᠬᠦᠬᠡᠬᠤᠳ᠋ᠠ ᠵᠢᠨ ᠱᠠᠰᠢᠨ  ᠤ ᠳᠤᠭᠤᠷᠢᠭ ᠲᠦ ᠬᠠᠷᠢᠶᠠᠯᠠᠭᠤᠯᠵᠠᠢ᠃ ᠤᠯᠠᠭᠠᠨᠬᠠᠳ᠋ᠠ ᠵᠢᠨ ᠱᠠᠰᠢᠨ  ᠤ ᠰᠠᠯᠪᠤᠷᠢ ᠳᠤᠭᠤᠷᠢᠭ ‍ᠢ ᠴᠢᠶᠤᠤ ᠵᠠᠨ ᠶᠢᠩ︵ᠤᠷᠤᠯᠠᠨ ᠡᠷᠬᠡ ᠶᠠᠪᠤᠭᠤᠯᠤᠭᠴᠢ ᠬᠠᠷ᠎ᠠ ᠯᠠᠮᠠ ︶ᠬᠠᠷᠢᠭᠤᠴᠠᠪᠠ᠃ 1981 ᠤᠨ ᠳ᠋ᠤ ᠵᠤᠤ ᠤᠳ᠋ᠠ ᠠᠶᠢᠮᠠᠭ  ᠦᠨ ᠠᠩᠬᠠᠳ᠋ᠤᠭᠠᠷ ᠬᠤᠭᠤᠴᠠᠭᠠᠨ  ᠤ ᠺᠠᠲ᠋ᠤᠯᠢᠭ ᠱᠠᠰᠢᠨ  ᠤ ᠤᠯᠤᠰ ᠵᠢᠠᠨ  ᠬᠠᠢᠷᠠᠯᠠᠬᠤ ᠨᠡᠶᠢᠬᠡᠮᠯᠢᠭ ᠪᠠ ᠠᠩᠬᠠᠳ᠋ᠤᠭᠠᠷ ᠬᠤᠭᠤᠴᠠᠭᠠᠨ  ᠤ ᠺᠡᠲ᠋ᠤᠯᠢᠭ ᠱᠠᠰᠢᠨ  ᠤ ᠱᠠᠰᠢᠨ ᠰᠤᠷᠳ᠋ᠠᠬᠤᠨ  ᠤ ᠶᠠᠪᠤᠳ᠋ᠠᠯ  ᠦᠨ ᠵᠦᠪᠯᠠᠯ ᠪᠠᠶᠢᠭᠤᠯᠤᠭᠳ᠋ᠠᠵᠠᠢ᠃ ᠬᠤᠶᠠᠷ ᠨᠡᠶᠢᠬᠡᠮᠯᠢᠭ  ᠦᠨ ᠡᠷᠬᠢᠯᠡᠭᠴᠢ ᠨᠢ ᠴᠢᠶᠤᠤ ᠵᠠᠨ ᠶᠢᠩ᠂ ᠳᠠᠳ᠋ ᠡᠷᠬᠢᠯᠡᠭᠴᠢ ᠨᠢ ᠹᠧᠩ ᠶᠦᠨ ᠵᠦᠩ᠂ ᠵᠠᠩ ᠮᠢᠩ ᠳᠠᠳ᠋ ᠡᠷᠬᠢᠯᠡᠭᠴᠢ ᠪᠦᠬᠡᠳ ᠨᠠᠷᠢᠨ ᠪᠢᠴᠢᠭ  ᠦᠨ  ᠳᠠᠷᠤᠭ᠎ᠠ ᠵᠢ ᠬᠠᠪᠰᠤᠷᠭᠠᠵᠠᠢ ᠃ ᠳ᠋ᠠ ᠢᠩᠽᠢ᠂  ᠳ᠋ᠦᠩ ᠪᠢᠶᠠᠨ ᠴᠢᠶᠠᠩ᠂ ᠯᠤᠤ ᠹᠠᠩ ᠱᠧᠨ᠂ ᠰᠢ ᠨᠠᠨ ᠬᠧᠤ᠂ ᠭᠤᠧᠠᠨ ᠳ᠋ᠢ ᠵᠡᠷᠬᠡ ᠳᠠᠪᠤᠨ ᠳᠤᠭᠠᠩ ᠵᠢ ᠵᠠᠰᠠᠨ ᠰᠠᠯᠪᠠᠵᠠᠢ᠃ 1981 ᠤᠨ  ᠤ 11 ᠰᠠᠷ᠎ᠠ ᠵᠢᠨ 9 ᠤ ᠡᠳ᠋ᠤᠷ ᠪᠠ 12 ᠰᠠᠷ᠎ᠠ ᠵᠢᠨ 29 ᠤ ᠡᠳ᠋ᠤᠷ᠂ ᠵᠤᠤ ᠤᠳ᠋ᠠ ᠠᠶᠢᠮᠠᠭ  ᠦᠨ ᠦᠨᠳ᠋ᠤᠰᠤᠳ᠋ᠠᠨ  ᠤ ᠬᠡᠷᠡᠭ ᠡᠷᠬᠢᠯᠠᠬᠦ ᠵᠦᠪᠯᠠᠯ ᠪᠤᠯᠤᠨ ᠺᠠᠲ᠋ᠤᠯᠢᠭ ᠱᠠᠰᠢᠨ  ᠤ ᠤᠯᠤᠰ ᠵᠢᠠᠨ ᠬᠠᠶᠢᠷᠠᠯᠠᠬᠤ ᠵᠦᠪᠯᠠᠯ  ᠦᠨ ᠾᠧ ᠳᠠᠳ᠋ ᠳᠦᠷᠦᠬᠦᠦ ᠯᠠᠮᠠ ᠵᠢᠴᠢ ᠬᠤᠶᠠᠷ ᠬᠠᠷ᠎ᠠ ᠯᠠᠮᠠ ᠳᠤᠤᠷᠠᠳ᠋ᠤ ᠱᠠᠳ᠋ᠤᠨ  ᠤ ᠨᠡᠶᠢᠬᠡᠮᠯᠢᠭ  ᠦᠨ ᠬᠡᠯᠪᠡᠷᠢ ᠪᠡᠷ ᠯᠢᠨᠰᠢ ᠵᠢᠨ ᠳ᠋ᠠ ᠢᠩᠽᠢ ᠵᠢᠨ ᠳᠤᠭᠤᠷᠢᠨ ᠳ᠋ᠡᠬᠢ ᠳᠦᠷᠪᠡᠨ  ᠰᠢᠶᠠᠩ ᠠᠷᠪᠠᠨ ᠶᠡᠬᠡ ᠪᠠᠷᠢᠭᠠᠳ᠋ᠠ ᠪᠡᠷ ᠬᠦᠷᠴᠤ᠂ ᠱᠠᠰᠢᠨᠳ᠋ᠠᠨ ᠳ᠋ᠤ 7 244 ᠬᠦᠮᠤᠨ︵ᠤᠳ᠋ᠠᠭ᠎ᠠ ︶ᠷᠢᠳ᠋ᠢ ᠰᠢᠳ᠋ᠢ ᠤᠯᠭᠤᠨ᠂ 13 200 ᠬᠦᠮᠤᠨ︵ᠤᠳ᠋ᠠᠭ᠎ᠠ ︶ᠠᠷᠢᠭᠤᠨ ᠴᠤᠭᠴᠠ ᠬᠦᠷᠳ᠋ᠡᠬᠡᠵᠦ᠂ 2 200 ᠭᠠᠷᠤᠢ ᠳᠠᠪᠴᠠᠩ ᠮᠢᠰᠰᠠ ᠭᠤᠶᠤᠪᠠ᠃  ᠢᠰᠦ᠋ᠰ  ᠦᠨ ᠮᠡᠨᠳᠦᠯᠡᠭᠰᠡᠨ ᠡᠳ᠋ᠤᠷ  ᠦᠨ ᠪᠠᠶᠠᠷ ᠲᠦ ᠳ᠋ᠠ ᠢᠩᠽᠢ ᠳ᠋ᠤ ᠳᠠᠪᠤᠨ ᠳᠠᠪᠴᠠᠩ ᠮᠢᠰᠰᠠ ᠬᠢᠵᠦ᠂ 1 650 ᠬᠦᠮᠤᠨ ︵ᠤᠳ᠋ᠠᠭ᠎ᠠ︶ ᠷᠢᠳ᠋ᠢ ᠰᠢᠳ᠋ᠢ ᠤᠯᠭᠤᠨ᠂ 11 300 ᠬᠦᠮᠤᠨ︵ᠤᠳ᠋ᠠᠭ᠎ᠠ ︶ᠮᠢᠰᠰᠠ ᠳ᠋ᠤ ᠪᠠᠷᠠᠯᠬᠠᠵᠦ᠂ 3 190 ᠬᠦᠮᠤᠨ︵ᠤᠳ᠋ᠠᠭ᠎ᠠ ︶ᠠᠷᠢᠭᠤᠨ ᠴᠤᠭᠴᠠ ᠬᠦᠷᠳ᠋ᠡᠬᠡᠪᠡ᠃ 1983 ᠤᠨ  ᠤ 12 ᠰᠠᠷ᠎ᠠ ᠳ᠋ᠤ᠂ ᠵᠠᠩ ᠳ᠋ᠧ ᠱᠧᠩ ᠬᠠᠷ᠎ᠠ ᠯᠠᠮᠠ ᠳ᠋ᠠ ᠢᠩᠽᠢ ᠳᠤᠭᠠᠩ ᠳ᠋ᠤ ᠪᠠᠶᠢᠩᠭᠤ ᠰᠠᠭᠤᠵᠤ ᠯᠢᠨᠰᠢ ᠵᠢᠨ ᠱᠠᠰᠢᠨ  ᠤ ᠬᠡᠷᠡᠭ ‍ᠢ ᠭᠤᠤᠯᠯᠠᠨ ᠬᠠᠮᠢᠶᠠᠷᠪᠠ᠃ 1983 ᠤᠨ ᠳ᠋ᠤ ᠴᠢᠶᠠᠨ ᠳ᠋ᠢᠩ ᠵᠠᠩ  ᠦᠨ ᠯᠢᠨᠰᠢ ᠳᠤᠭᠠᠩ  ᠦᠨ ᠳᠠᠳ᠋ ᠡᠷᠬᠢᠯᠡᠭᠴᠢ ᠵᠢᠨ ᠳᠤᠰᠢᠶᠠᠯ ‍ᠢ ᠰᠠᠷᠬᠦᠬᠡᠵᠠᠢ᠃   
          