ᠺᠠᠲ᠋ᠤᠯᠢᠭ ᠱᠠᠰᠢᠨ 
  
2022/12/9
 ᠬᠤᠶᠠᠳ᠋ᠤᠭᠠᠷ ᠬᠡᠰᠡᠭ ᠠᠷᠢᠭᠤᠨ ᠦᠢᠯᠠ ᠵᠢᠨ ᠠᠵᠢᠯᠯᠠᠭᠠᠨ        ᠨᠢᠬᠡ᠂ ᠳᠦᠷᠪᠡᠨ ᠶᠡᠬᠡ ᠮᠦᠷᠬᠦᠯ  ᠦᠨ ᠪᠠᠶᠠᠷ  ᠦᠨ ᠡᠳ᠋ᠤᠷ        ᠠᠮᠢᠯᠠᠯ  ᠦᠨ ᠪᠠᠶᠠᠷ  ᠢᠰᠦ᠋ᠰ  ᠦᠨ ᠠᠮᠢᠯᠠᠭᠰᠠᠨ ‍ᠢ ᠳᠤᠷᠠᠰᠬᠠᠬᠤ ᠪᠠᠶᠠᠷ  ᠦᠨ ᠡᠳ᠋ᠤᠷ᠃ ᠾᠷᠢᠰᠲ᠋ᠤᠰ  ᠦᠨ ᠱᠠᠰᠢᠨ  ᠤ ᠠᠷᠢᠭᠤᠨ ᠨᠤᠮ  ᠦᠨ ᠦᠯᠢᠬᠡᠷ ᠲᠦ ᠬᠡᠯᠡᠭᠰᠠᠨ ᠨᠢ ᠄  ᠢᠰᠦ᠋ᠰ ᠵᠠᠭᠠᠯᠮᠠᠢ ᠳᠠᠬᠡᠷ᠎ᠠ ᠬᠠᠳ᠋ᠠᠭᠳ᠋ᠠᠵᠤ ᠦᠬᠦᠭᠰᠠᠨ  ᠤ ᠳᠠᠷᠠᠭᠠᠬᠢ ᠭᠤᠷᠪᠠᠳ᠋ᠤᠭᠠᠷ ᠡᠳ᠋ᠤᠷ ᠳᠠᠬᠡᠷ᠎ᠠ ᠪᠡᠨ ᠳᠠᠬᠢᠨ ᠠᠮᠢᠯᠠᠵᠤ ᠬᠡᠨ᠎ᠠ᠂ ᠨᠠᠶᠢᠳ᠋ᠠ ᠵᠢᠨ ᠤᠨ ᠳᠤᠭᠠᠯᠠᠯ  ᠦᠨ 325 ᠤᠨ ᠳ᠋ᠤ᠂  ᠨᠢᠰᠢᠶᠠ ᠵᠢᠨ ᠬᠤᠷᠠᠯᠳ᠋ᠤᠭᠠᠨ ᠳᠡᠬᠡᠷ᠎ᠠ ᠵᠢᠯ ᠪᠦᠷᠢ ᠵᠢᠨ ᠬᠠᠪᠤᠷ  ᠦᠨ ᠬᠤᠭᠤᠰ  ᠦᠨ ᠰᠠᠷᠠ ᠳᠠᠷᠬᠡᠯᠰᠢᠭᠰᠨᠨ ᠡᠳ᠋ᠤᠷ  ᠦᠨ ᠳᠠᠷᠠᠭᠠᠬᠢ ᠨᠢᠬᠡᠳ᠋ᠤᠬᠡᠷ ᠭᠠᠷᠠᠭ  ᠦᠨ ᠡᠳ᠋ᠤᠷ ‍ᠢ  ᠢᠰᠦ᠋ᠰ  ᠦᠨ ᠠᠮᠢᠯᠠᠭᠰᠠᠨ ᠪᠠᠶᠠᠷ  ᠦᠨ ᠡᠳ᠋ᠤᠷ ᠵᠢᠡᠷ ᠳᠤᠭᠳ᠋ᠠᠭᠠᠵᠠᠢ᠃ ᠠᠮᠢᠯᠠᠯ  ᠦᠨ ᠪᠠᠶᠠᠷ  ᠦᠨ ᠡᠳ᠋ᠤᠷ  ᠦᠨ ᠡᠮᠤᠨ᠎ᠠ ᠨᠢᠬᠡ ᠡᠳ᠋ᠤᠷ ᠮᠦᠷᠬᠦᠯᠴᠢᠳ ᠳᠤᠭᠠᠩ ᠳ᠋ᠤ ᠤᠴᠢᠵᠤ ᠬᠠᠷ᠎ᠠ ᠯᠠᠮᠠ ᠪᠤᠶᠤ ᠳᠦᠷᠦᠬᠦᠦ ᠯᠠᠮ᠎ᠠ ᠵᠢ ᠵᠠᠯᠠᠵᠤ ᠠᠷᠢᠭᠤᠨ ᠨᠤᠮ ᠤᠩᠰᠢᠭᠤᠯᠵᠤ᠂︽ᠷᠢᠳ᠋ᠢ ᠰᠢᠰᠢ︾ᠤᠯᠵᠦ᠂︽ᠷᠠᠰᠢᠶᠠᠨ︾ᠬᠦᠷᠳ᠋ᠡᠳ᠋ᠡᠭ᠃ ᠤᠯᠠᠭᠠᠨᠬᠠᠳ᠋ᠠ ᠤᠷᠤᠨ  ᠤ ᠺᠠᠲ᠋ᠤᠯᠢᠭ ᠱᠠᠰᠢᠨ 1981 ᠤᠨ ᠡᠴᠠ ᠰᠠᠬᠦᠯᠠᠷ᠂ ᠶᠠᠷᠤ ᠳ᠋ᠤ ᠪᠡᠨ ᠬᠠᠮᠳ᠋ᠤ ᠪᠡᠷ︽ᠷᠢᠳ᠋ᠢ ᠰᠢᠳ᠋ᠢ︾ᠤᠯᠳ᠋ᠠᠭ᠂ ᠳᠠᠷᠤᠢ ᠪᠠᠶᠡᠷ  ᠦᠨ ᠡᠳ᠋ᠤᠷ  ᠦᠨ ᠦᠷᠯᠦᠬᠡ ᠡᠷᠳ᠋ᠠ ᠮᠦᠷᠬᠦᠯᠴᠢᠳ ᠳᠤᠭᠠᠩ ᠳ᠋ᠤ ᠴᠤᠭᠯᠠᠷᠠᠨ ᠨᠤᠮ ᠤᠩᠰᠢᠵᠤ᠂ ᠶᠤᠰᠤᠯᠠᠯ ᠡᠷᠬᠢᠯᠡᠭᠴᠢ︵ᠬᠠᠷ᠎ᠠ ᠯᠠᠮᠠ ᠪᠤᠶᠤ ᠳᠦᠷᠦᠬᠦᠦ ᠯᠠᠮᠠ ︶ᠡᠴᠠ︽ᠮᠢᠰᠰᠠ︾ᠵᠢᠨ ᠶᠤᠰᠤᠯᠠᠯ ‍ᠢ ᠡᠷᠬᠢᠯᠠᠨ ᠶᠠᠪᠤᠭᠤᠯᠳ᠋ᠠᠭ᠃︽ᠮᠢᠰᠰᠠ︾ᠪᠤᠯ ᠺᠠᠲ᠋ᠤᠯᠢᠭ ᠱᠠᠰᠢᠨ  ᠤ ᠭᠤᠤᠯ ᠶᠤᠰᠤᠯᠠᠯ ᠪᠤᠯᠤᠨ᠎ᠠ᠂ ᠳᠠᠬᠦᠨ  ᠤ ᠭᠤᠤᠯ ᠠᠭᠤᠯᠭ᠎ᠠ ᠨᠢ ᠠᠷᠢᠭᠤᠨ ᠨᠤᠮ ᠤᠩᠰᠢᠵᠤ᠂ ᠮᠠᠭᠳ᠋ᠠᠭᠠᠯ ᠳᠠᠭᠤᠤ ᠳᠠᠭᠤᠯᠠᠵᠦ᠂ ᠷᠠᠰᠢᠶᠠᠨ ᠤᠰᠤ ᠰᠠᠴᠣᠬᠤ ᠡᠴᠠ ᠭᠠᠳ᠋ᠠᠨ᠎ᠠ᠂ ᠬᠠᠷ᠎ᠠ ᠯᠠᠮᠠ ᠨᠢᠬᠡ ᠵᠦᠢᠯ  ᠦᠨ ᠢᠰᠬᠡᠭᠰᠠᠨ ᠭᠤᠯᠢᠷ  ᠦᠨ ᠪᠤᠤᠪᠤ︵ᠠᠷᠢᠭᠤᠨ ᠴᠤᠭᠴᠠ ᠬᠡᠳ᠋ᠡᠭ ︶ᠪᠤᠯᠤᠨ ᠦᠵᠤᠮ  ᠦᠨ ᠠᠷᠢᠬᠢ︵ᠷᠠᠰᠢᠶᠠᠨ ᠬᠡᠳ᠋ᠡᠭ ︶ᠪᠡᠨ ᠪᠤᠭᠳ᠋ᠠ ᠡᠵᠠᠨ ᠳ᠋ᠥ ᠪᠡᠨ ᠡᠷᠬᠦᠭᠰᠡᠨ  ᠤ ᠳᠠᠷᠠᠭ᠎ᠠ ᠪᠤᠤᠪᠤ ᠪᠠ ᠦᠵᠤᠮ  ᠦᠨ ᠠᠷᠢᠬᠢ ᠨᠢ  ᠢᠰᠦ᠋ᠰ  ᠦᠨ ᠠᠷᠢᠭᠤᠨ ᠴᠤᠭᠴᠠ ᠪᠠ ᠠᠷᠢᠭᠤᠨ ᠴᠢᠰᠤ ᠪᠤᠯᠤᠨ ᠬᠤᠪᠢᠷᠠᠳ᠋ᠠᠭ ᠬᠡᠵᠤ ᠦᠵᠡᠳ᠋ᠡᠭ᠂ ᠳᠠᠷᠠᠭ᠎ᠠ ᠪᠡᠷ ᠨᠢ ᠶᠤᠰᠤᠯᠠᠯ ᠳ᠋ᠤ ᠤᠷᠤᠯᠴᠠᠭᠰᠠᠨ ᠪᠤᠭᠳ᠋ᠠ ᠡᠵᠡᠨ  ᠤ ᠱᠠᠪᠢᠨᠠᠷ ᠲᠦ ᠪᠡᠨ ᠬᠤᠪᠢᠶᠠᠨ ᠦᠭᠴᠤ ᠢᠳ᠋ᠠᠬᠦᠯᠳ᠋ᠡᠭ᠂ ᠡᠬᠦᠨ ‍ᠢ ᠠᠷᠢᠭᠤᠨ ᠴᠤᠭᠴᠠ ᠬᠦᠷᠳ᠋ᠠᠬᠦ ᠬᠡᠵᠤ ᠶᠠᠷᠤᠩᠬᠡᠶᠢᠯᠠᠨ ᠨᠡᠷᠡᠢᠳᠳᠡᠭ᠃ ᠡᠶᠢᠮᠤᠷᠬᠦ ᠶᠤᠰᠤᠯᠠᠯ ᠶᠠᠪᠤᠭᠤᠯᠬᠤ ᠵᠢ ᠮᠢᠰᠰᠠ ᠬᠢᠬᠦ ᠬᠡᠳ᠋ᠡᠭ᠂ ᠶᠤᠰᠤᠯᠠᠯ ᠳ᠋ᠤ ᠤᠷᠤᠯᠴᠠᠬᠤ ᠵᠢ ᠮᠢᠰᠰᠠ ᠳ᠋ᠤ  ᠪᠠᠷᠠᠯᠠᠬᠤ ᠬᠡᠳ᠋ᠡᠭ᠃ ᠡᠶᠢᠮᠤᠷᠬᠦ ᠶᠤᠰᠤᠯᠠᠯ ᠨᠢ  ᠪᠠᠶᠠᠷ ᠳᠤᠷᠠᠰᠬᠠᠯ  ᠦᠨ ᠡᠳ᠋ᠤᠷ ᠡᠴᠠ ᠭᠠᠳ᠋ᠠᠨ᠎ᠠ᠂ ᠶᠠᠷᠤ ᠵᠢᠨ ᠴᠠᠭ ᠲᠦ ᠪᠠᠰᠠ ᠬᠢᠵᠤ ᠪᠤᠯᠳ᠋ᠠᠭ᠃       ᠳ᠋ᠠᠷ᠎ᠠ ᠡᠬᠡ ᠵᠢᠨ ᠳᠡᠭᠷᠢ ᠳ᠋ᠤ ᠳᠡᠭᠳ᠋ᠡᠬᠦ ᠪᠠᠶᠠᠷ  ᠪᠠᠰᠠ︽ᠳ᠋ᠠᠷ᠎ᠠ ᠡᠬᠡ ᠵᠢᠨ ᠳᠡᠭᠷᠢ ᠳ᠋ᠤ ᠳᠡᠭᠳ᠋ᠡᠬᠦ ᠮᠦᠷᠬᠦᠯ  ᠦᠨ ᠪᠠᠶᠠᠷ︾ᠪᠤᠶᠤ︽ᠳ᠋ᠠᠷ᠎ᠠ ᠡᠬᠡ ᠵᠢᠨ ᠠᠮᠤᠷᠯᠢᠩᠭᠤᠢ ᠨᠤᠶᠢᠷᠰᠤᠭᠰᠠᠨ ᠡᠳ᠋ᠤᠷ︾ᠬᠡᠵᠤ ᠳᠤᠭᠤᠳ᠋ᠠᠳ᠋ᠠᠭ᠃ ᠵᠢᠯ ᠪᠦᠷᠢ ᠵᠢᠨ ᠨᠠᠢᠮᠠᠨ ᠰᠠᠷ᠎ᠠ ᠵᠢᠨ ᠠᠷᠪᠠᠨ ᠳᠠᠪᠤᠨ ᠳ᠋ᠤ ᠶᠠᠪᠤᠭᠳ᠋ᠠᠳ᠋ᠠᠭ᠃ ᠬᠡᠯᠪᠡᠷᠢ ᠨᠢ ᠠᠮᠢᠯᠠᠯ  ᠦᠨ ᠪᠠᠶᠠᠷ ᠳᠠᠢ ᠦᠨᠳ᠋ᠤᠰᠤᠨ ᠳ᠋ᠤ ᠪᠡᠨ ᠠᠳ᠋ᠠᠯᠢᠪᠳ᠋ᠤᠷ ᠪᠠᠶᠢᠳ᠋ᠠᠭ᠃       ᠢᠰᠦ᠋ᠰ  ᠦᠨ ᠮᠡᠨᠳ᠋ᠤᠯᠡᠭᠰᠡᠨ ᠪᠠᠶᠠᠷ  ᠪᠠᠰᠠ︽ ᠢᠰᠦ᠋ᠰ  ᠦᠨ ᠮᠡᠨᠳ᠋ᠤᠯᠡᠭᠰᠡᠨ ᠮᠦᠷᠬᠦᠯ  ᠦᠨ ᠪᠠᠶᠠᠷ︾ᠬᠡᠳ᠋ᠡᠭ᠃ ᠡᠨᠡ ᠪᠤᠯ ᠺᠠᠲ᠋ᠤᠯᠢᠭ ᠱᠠᠰᠢᠨ  ᠤ ᠨᠠᠯᠢᠶᠠᠳ ᠬᠦᠨᠳ᠋ᠤ ᠴᠢᠬᠤᠯᠠ ᠪᠦᠬᠡᠳ ᠦᠪᠡᠳ᠋ᠡᠭᠰᠢ ᠶᠡᠬᠡ ᠪᠠᠶᠠᠷ  ᠦᠨ ᠡᠳ᠋ᠤᠷ ᠪᠤᠯᠤᠨ᠎ᠠ᠃ ᠵᠢᠯ ᠪᠦᠷᠢ ᠵᠢᠨ 12 ᠰᠠᠷ᠎ᠠ ᠵᠢᠨ 25 ᠤ ᠡᠳ᠋ᠤᠷ ᠶᠠᠪᠤᠭᠳ᠋ᠠᠳ᠋ᠠᠭ᠃ ᠴᠢᠯᠤᠬᠡᠯᠡᠭᠳ᠋ᠠᠬᠦ ᠡᠴᠠ ᠡᠮᠤᠨ᠎ᠠ ᠤᠯᠠᠭᠠᠨᠬᠠᠳ᠋ᠠ ᠪᠠ ᠯᠢᠨᠰᠢ ᠵᠢᠨ ᠳᠤᠮᠤ ᠳᠤᠭᠠᠩ ᠨᠢ ᠠᠷᠢᠭᠤᠨ ᠰᠠᠬᠢᠭᠤᠯᠰᠤᠨ ᠪᠠᠭᠤᠬᠤ ᠪᠠᠶᠠᠷ ‍ᠢ ᠪᠠᠯᠬᠡᠯᠡᠬᠦ ᠳ᠋ᠤ ᠪᠡᠨ ᠪᠦᠷ ᠳᠤᠭᠠᠩ ᠳ᠋ᠥ ᠪᠡᠨ ᠬᠢᠮᠠᠯ ᠠᠭᠤᠯᠠ ᠪᠤᠰᠬᠠᠵᠦ᠂  ᠢᠰᠦ᠋ᠰ  ᠦᠨ ᠮᠡᠨᠳ᠋ᠤᠯᠡᠭᠰᠡᠨ ᠪᠠᠶᠠᠷ  ᠦᠨ ᠮᠤᠳ᠋ᠤ ᠴᠢᠮᠡᠭᠯᠠᠵᠤ᠂ ᠴᠠᠭᠠᠨ ᠡᠪᠤᠬᠡᠨ ᠳᠤᠭᠯᠠᠳ᠋ᠠᠭ᠃ ᠬᠢᠮᠠᠯ ᠠᠭᠤᠯᠠ ᠨᠢ ᠳᠠᠷᠤᠢ  ᠢᠰᠦ᠋ᠰ  ᠦᠨ ᠠᠷᠢᠭᠤᠨ ᠤᠷᠤᠨ ᠳ᠋ᠠᠷ᠎ᠠ ᠡᠬᠡ ᠵᠢᠨ ᠠᠭᠤᠯᠠ ᠪᠤᠯᠤᠨ᠎ᠠ᠃  ᠢᠰᠦ᠋ᠰ  ᠦᠨ ᠮᠡᠨᠳ᠋ᠤᠯᠡᠭᠰᠡᠨ ᠪᠠᠶᠠᠷ  ᠦᠨ ᠮᠤᠳ᠋ᠤ ᠵᠢ ᠴᠦᠬᠦᠷᠠᠰᠤ ᠪᠤᠶᠤ ᠠᠷᠴᠠ ᠵᠡᠷᠬᠡ ᠮᠦᠩᠬᠡ ᠨᠤᠭᠤᠭᠠᠨ ᠮᠤᠳ᠋ᠤ ᠵᠢ ᠰᠤᠩᠭᠤᠵᠦ᠂ ᠳᠠᠬᠡᠷ᠎ᠠ ᠨᠢ ᠵᠦᠢᠯ ᠪᠦᠷᠢ ᠵᠢᠨ ᠴᠡᠴᠡᠭ ᠬᠤᠧᠠᠷ ᠪᠠ ᠪᠡᠯᠡᠭ ᠰᠡᠯᠳ᠋ᠡ ᠡᠯᠬᠦᠳ᠋ᠡᠭ᠃ ᠳᠡᠬᠦᠨ  ᠤ ᠢᠷᠠᠯᠳ᠋ᠠ ᠵᠢ ᠠᠷᠢᠭᠤᠨ ᠨᠤᠮ  ᠦᠨ ᠦᠯᠢᠬᠡᠷ ᠲᠦ ᠶᠠᠷᠢᠭᠰᠠᠨ ᠨᠢ ᠨᠢᠬᠡᠨ ᠳᠠᠷᠢᠶᠠᠴᠢᠨ  ᠢᠰᠦ᠋ᠰ  ᠦᠨ ᠮᠡᠨᠳ᠋ᠤᠯᠡᠭᠰᠡᠨ ᠪᠠᠶᠠᠷ  ᠦᠨ ᠰᠦᠨᠢ ᠨᠢᠬᠡᠨ ᠳᠦᠢᠯ  ᠦᠨ ᠶᠠᠳ᠋ᠠᠭᠤ ᠵᠦᠳ᠋ᠠᠬᠦᠷᠢᠳ᠋ᠠᠢ ᠬᠡᠤᠬᠡᠳ ᠳᠠᠢ ᠠᠭᠤᠯᠵᠠᠵᠦ ᠬᠡᠨ᠎ᠠ᠂ ᠳᠡᠷᠡ ᠬᠡᠤᠬᠡᠳ ᠶᠠᠪᠤᠬᠤ ᠦᠶ᠎ᠠ ᠳ᠋ᠤ ᠪᠡᠨ ᠨᠢᠬᠡ ᠮᠤᠳ᠋ᠤᠨ ᠰᠠᠯᠠᠭ᠎ᠠ ᠵᠢ ᠭᠠᠵᠠᠷ  ᠬᠠᠳᠬᠤᠭᠠᠳ ᠄︽ᠵᠢᠯ ᠵᠢᠯ  ᠦᠨ ᠡᠨᠠ ᠡᠳ᠋ᠤᠷ ᠪᠡᠯᠡᠭ ᠰᠡᠯᠳ᠋ᠡ ᠰᠠᠯᠠᠭ᠎ᠠ ᠳᠦᠬᠦᠷᠡᠭ᠂ ᠡᠨᠡ ᠰᠠᠶᠢᠬᠠᠨ ᠴᠦᠬᠦᠷᠠᠰᠤ ᠵᠢ ᠦᠯᠡᠳ᠋ᠠᠬᠡᠵᠤ᠂ ᠰᠠᠶᠢᠨ ᠰᠠᠨᠠᠭ᠎ᠠ ᠵᠢ ᠴᠢᠨᠢ ᠬᠠᠷᠢᠭᠤᠯᠤᠶ᠎ᠠ︾ᠬᠡᠵᠤ ᠬᠡᠯᠡᠭᠰᠠᠨ ᠬᠡᠨ᠎ᠠ᠃ ᠴᠠᠭᠠᠨ ᠡᠪᠤᠬᠡᠨ  ᠤ ᠳᠤᠬᠠᠢ ᠴᠠᠭᠠᠨ ᠰᠠᠬᠠᠯ ᠳᠠᠢ ᠤᠯᠠᠭᠠᠨ ᠳᠠᠪᠡᠯ ᠳᠠᠢ ᠡᠪᠤᠬᠡᠨ ᠵᠢᠯ ᠪᠦᠷᠢ ᠵᠢᠨ  ᠢᠰᠦ᠋ᠰ  ᠦᠨ ᠳᠦᠷᠦᠭᠰᠠᠨ ᠡᠳ᠋ᠤᠷ  ᠦᠨ ᠪᠠᠶᠠᠷ ᠪᠤᠯᠬᠤ ᠳ᠋ᠤ ᠬᠤᠶᠢᠳ᠋ᠤ ᠵᠦᠭ ᠡᠴᠠ ᠪᠤᠭᠤ ᠤᠨᠤᠨ ᠢᠷᠠᠵᠤ᠂ ᠬᠤᠯᠠᠩ ᠵᠢᠡᠷ ᠨᠢ ᠤᠷᠤᠵᠦ ᠢᠷᠡᠬᠡᠳ ᠠᠶᠢᠯ ᠪᠤᠯᠭᠠᠨ ᠳ᠋ᠤ ᠪᠠᠯᠡᠭ ᠰᠡᠯᠳ᠋ᠡ ᠬᠦᠷᠬᠡᠳ᠋ᠡᠭ ᠬᠡᠵᠤ ᠬᠡᠯᠡᠳ᠋ᠡᠭ᠃ ᠴᠢᠯᠤᠬᠡᠯᠡᠭᠳ᠋ᠡᠭᠰᠠᠨ  ᠤ ᠳᠠᠷᠠᠭ᠎ᠠ᠂  ᠢᠰᠦ᠋ᠰ  ᠦᠨ ᠮᠡᠨᠳ᠋ᠤᠯᠡᠭᠰᠡᠨ ᠪᠠᠶᠠᠷ  ᠦᠨ ᠡᠳ᠋ᠤᠷ ‍ᠢ ᠪᠡᠯᠬᠡᠯᠠᠬᠦ ᠬᠡᠯᠪᠡᠷᠢ ᠵᠢ ᠨᠠᠯᠢᠶᠠᠳ ᠳᠦᠬᠦᠮᠴᠢᠯᠡᠵᠡᠢ᠃ ᠨᠠᠶᠠᠭᠠᠳ ᠤᠨ ᠡᠴᠠ ᠰᠠᠬᠦᠯᠠᠷ ᠤᠯᠠᠭᠠᠨᠬᠠᠳ᠋ᠠ ᠱᠠᠰᠢᠨ  ᠤ ᠳᠤᠭᠤᠷᠢᠭ ᠨᠢ  ᠢᠰᠦ᠋ᠰ  ᠦᠨ ᠮᠡᠨᠳ᠋ᠤᠯᠡᠭᠰᠡᠨ ᠪᠠᠶᠠᠷ ‍ᠢ ᠳᠠᠬᠢᠨ ᠰᠠᠷᠬᠦᠬᠡᠵᠤ᠂ ᠦᠪᠡᠳ᠋ᠡᠭᠰᠢ ᠶᠡᠬᠡ ᠬᠦᠷ ᠬᠦᠭᠵᠢᠶᠠᠨ ᠳᠠᠢ ᠦᠩᠬᠡᠷᠡᠬᠡᠬᠦ ᠪᠤᠯᠵᠠᠢ᠃ ᠳ᠋ᠠᠷ᠎ᠠ ᠡᠬᠡ ᠵᠢᠨ ᠴᠠᠭᠯᠠᠰᠢ ᠦᠬᠡᠢ  ᠪᠠᠶᠠᠷ  ᠺᠠᠲ᠋ᠤᠯᠢᠭ ᠱᠠᠰᠢᠨ  ᠤ ᠨᠠᠯᠢᠶᠠᠳ ᠦᠪᠡᠳ᠋ᠡᠭᠰᠢ ᠶᠡᠬᠡ ᠪᠠᠶᠠᠷ  ᠦᠨ ᠡᠳ᠋ᠤᠷ ᠪᠤᠯᠤᠨ᠎ᠠ᠂ ᠵᠢᠯ ᠪᠦᠷᠢ ᠵᠢᠨ ᠠᠷᠭ᠎ᠠ ᠵᠢᠨ ᠤᠯᠠᠷᠢᠯ  ᠦᠨ ᠬᠤᠶᠠᠷ ᠰᠠᠷ᠎ᠠ ᠳ᠋ᠤ ᠶᠠᠪᠤᠭᠳ᠋ᠠᠳ᠋ᠠᠭ᠃ ᠴᠢᠯᠤᠬᠡᠯᠡᠭᠳ᠋ᠠᠬᠦ ᠡᠴᠠ ᠡᠮᠤᠨ᠎ᠠ ᠡᠯ᠎ᠠ ᠳᠤᠭᠠᠩ ᠴᠦᠮ ᠭᠤᠷᠪᠠᠨ ᠡᠳ᠋ᠤᠷ ᠦᠷᠬᠦᠯᠵᠢᠯᠠᠨ ᠮᠢᠰᠰᠠ ᠬᠢᠳ᠋ᠡᠭ᠃  ᠬᠤᠶᠠᠷ᠂ ᠠᠷᠢᠭᠤᠨ ᠦᠢᠯᠠ ᠵᠢᠨ ᠵᠠᠩ ᠳᠠᠳᠬᠠᠯ        ᠤᠬᠢᠶᠠᠯ ᠬᠦᠷᠳ᠋ᠠᠬᠦ ︽ᠬᠠᠭᠤᠷᠮᠠᠭ ᠮᠠᠨᠵᠤ ᠤᠯᠤᠰ  ᠦᠨ ᠺᠠᠲ᠋ᠤᠯᠢᠭ ᠱᠠᠰᠢᠨ  ᠤ ᠠᠯᠪᠠᠨ ᠮᠠᠳ᠋ᠠᠬᠡ ᠵᠢᠨ ᠱᠠᠰᠢᠨ ᠰᠤᠷᠳ᠋ᠠᠬᠤᠨ  ᠤ ᠶᠠᠪᠤᠳ᠋ᠠᠯ  ᠦᠨ ᠤᠨ  ᠤ ᠳᠤᠯᠢ︾ᠳ᠋ᠤ ᠳᠠᠮᠳ᠋ᠡᠭᠯᠡᠭᠰᠠᠨ ‍ᠢ ᠦᠨᠳ᠋ᠤᠰᠤᠯᠠᠪᠠᠯ ᠄ ᠤᠯᠠᠭᠠᠨᠬᠠᠳ᠋ᠠ ᠵᠢᠨ ᠱᠠᠰᠢᠨ  ᠤ ᠳᠤᠭᠤᠷᠢᠭ 1935 1946 ᠤᠨ ᠬᠦᠷᠳ᠋ᠠᠯᠠᠬᠢ 11 ᠵᠢᠯ  ᠦᠨ ᠬᠤᠭᠤᠷᠤᠨᠳ᠋ᠤ ᠤᠬᠢᠶᠠᠯ ᠬᠦᠷᠳ᠋ᠡᠭᠰᠠᠨ ᠨᠠᠰᠤᠨ ᠳ᠋ᠤ ᠬᠦᠷᠦᠭᠰᠠᠳ 4 218 ᠬᠦᠮᠦᠨ᠂ ᠨᠢᠯᠬ᠎ᠠ ᠬᠡᠤᠬᠡᠳ 7 249 ᠬᠦᠮᠦᠨ᠂ ᠨᠠᠰᠤ ᠪᠠᠷᠠᠬᠤ ᠵᠢᠨ ᠡᠮᠤᠨᠡᠬᠡᠨ 3 961 ᠬᠦᠮᠦᠨ᠂ ᠤᠨᠳ᠋ᠤᠤ ᠱᠠᠰᠢᠨᠳ᠋ᠠᠨ ᠨᠤᠮ ᠳ᠋ᠤ ᠤᠷᠤᠵᠤ ᠤᠬᠢᠶᠠᠯ ᠬᠦᠷᠳ᠋ᠡᠭᠰᠠᠨ ᠬᠦᠮᠤᠨ 7 ᠪᠠᠶᠢᠵᠠᠢ᠃ ᠪᠢᠰᠢᠷᠡᠯ ᠢᠶᠡᠨ ᠪᠠᠳ᠋ᠤᠳᠬᠠᠬᠤ  ᠱᠠᠰᠢᠨ ᠰᠢᠳ᠋ᠦᠭᠴᠢᠳ ᠤᠬᠢᠶᠠᠯᠭ᠎ᠠ ᠬᠦᠷᠳ᠋ᠡᠭᠰᠠᠨ  ᠤ ᠳᠠᠷᠠᠭ᠎ᠠ᠂ ᠶᠠᠷᠤ ᠳ᠋ᠤ ᠪᠡᠨ ᠴᠢᠬᠤᠯᠠ ᠶᠡᠬᠡ ᠪᠠᠶᠠᠷ ᠳᠤᠷᠠᠰᠬᠠᠯ  ᠦᠨ ᠡᠳ᠋ᠤᠷ ᠡᠴᠠ ᠡᠮᠤᠨ᠎ᠠ᠂ ᠳᠦᠷᠦᠬᠦᠦ ᠯᠠᠮᠠ ᠪᠤᠶᠤ ᠳᠦᠷᠦᠬᠦᠦ ᠯᠠᠮᠠ ᠡᠴᠠ ᠡᠷᠬᠡ ᠤᠯᠭᠤᠭᠰᠠᠨ ᠬᠠᠷ᠎ᠠ ᠯᠠᠮᠠ ᠵᠢᠨ ᠮᠤᠳ᠋ᠤᠷ ᠳᠠᠯᠪᠢᠬᠤ ᠪᠠ ᠳᠤᠰᠤ ᠳᠦᠷᠬᠢᠬᠦ ᠶᠤᠰᠤᠯᠠᠯ ‍ᠢ ᠳᠠᠬᠢᠨ ᠬᠦᠷᠳ᠋ᠡᠳ᠋ᠡᠭ᠃ ᠳᠤᠰᠤ ᠵᠢ ᠱᠠᠰᠢᠨᠳ᠋ᠠᠨ  ᠤ ᠳᠤᠯᠤᠭᠠᠢ ᠳᠠᠬᠡᠷ᠎ᠠ ᠨᠢ ᠳᠦᠷᠬᠢᠬᠦ ᠵᠢ  ᠪᠢᠰᠢᠷᠡᠯ ᠢᠶᠡᠨ ᠪᠠᠳ᠋ᠤᠳᠬᠠᠬᠤ ᠬᠡᠵᠤ᠂ ᠳᠠᠷᠤᠢ ᠢᠳ᠋ᠠᠬᠡᠯ ᠪᠢᠰᠢᠷᠠᠯ ᠵᠢᠠᠨ ᠪᠠᠳ᠋ᠤ ᠴᠢᠩᠭ᠎ᠠ ᠪᠤᠯᠭᠠᠬᠤ ᠬᠡᠰᠠᠨ ᠤᠳᠬ᠎ᠠ ᠳᠠᠢ᠃ ᠤᠯᠠᠭᠠᠨᠬᠠᠳ᠋ᠠ ᠵᠢᠨ ᠱᠠᠰᠢᠨ  ᠤ ᠳᠤᠭᠤᠷᠢᠭ 1935 1941 ᠤᠨ ᠪᠤᠯᠳ᠋ᠠᠯ᠎ᠠ 5 217 ᠱᠠᠰᠢᠨᠳ᠋ᠠᠨ ᠳ᠋ᠥ ᠪᠠᠳ᠋ᠤᠳᠬᠠᠯ ᠬᠢᠵᠦ ᠦᠭᠴᠡᠢ᠃       ᠨᠢᠬᠦᠯ ᠵᠢᠡᠨ ᠳᠤᠭᠠᠴᠢᠨ ᠳᠠᠶᠢᠯᠠᠬᠤ  ᠳᠠᠷᠤᠢ ᠱᠠᠰᠢᠨᠳ᠋ᠠᠨ ᠡᠴᠠ ᠬᠠᠷ᠎ᠠ ᠯᠠᠮᠠ ᠳ᠋ᠤ ᠦᠪᠡᠷ  ᠦᠨ  ᠬᠢᠭᠰᠡᠨ ᠶᠠᠯ᠎ᠠ ᠨᠢᠬᠦᠯ ᠵᠢᠠᠨ ᠳᠤᠭᠠᠴᠢᠬᠤ ᠵᠢᠨ ᠬᠠᠮᠳ᠋ᠤ ᠬᠠᠯᠠᠨ ᠦᠬᠡᠷᠡᠴᠢᠯᠠᠬᠦ ᠵᠤᠷᠢᠭ ᠵᠢᠡᠨ ᠢᠯᠠᠳᠬᠡᠬᠦ ᠳ᠋ᠥ᠂ ᠬᠠᠷ᠎ᠠ ᠯᠠᠮᠠ ᠡᠴᠠ ᠬᠤᠷᠮᠤᠰᠳ᠋ᠠ ᠳᠡᠭᠷᠢ ᠵᠢ ᠳᠦᠯᠦᠬᠡᠯᠠᠨ ᠶᠠᠯ᠎ᠠ ᠵᠢ ᠨᠢ ᠬᠡᠯᠳ᠋ᠤᠷᠢᠬᠦᠯᠵᠦ᠂ ᠦᠬᠦᠭᠰᠠᠨ  ᠤ ᠰᠠᠬᠦᠯᠠᠷ ᠳᠠᠮᠤ ᠵᠢᠨ ᠤᠷᠤᠨ ᠳ᠋ᠤ ᠤᠷᠤᠭᠤᠯᠬᠤ ᠦᠬᠡᠢ ᠪᠤᠯᠭᠠᠬᠤ ᠵᠢ ᠬᠡᠯᠡᠨ᠎ᠠ᠃ ᠱᠠᠰᠢᠨ ᠰᠤᠷᠳ᠋ᠠᠬᠤᠨ  ᠤ ᠨᠠᠶᠢᠬᠡᠮᠯᠢᠭ ᠡᠴᠠ ᠨᠢᠬᠦᠯ ᠵᠢᠡᠨ ᠳᠤᠭᠠᠴᠢᠬᠤ ᠬᠡᠯᠪᠡᠷᠢ ᠪᠤᠯ ᠨᠢᠭᠤᠴᠠ᠂ ᠱᠠᠰᠢᠨᠳ᠋ᠠᠨ ᠭᠠᠭᠴᠠᠭᠠᠷ ᠵᠢᠡᠨ ᠬᠠᠷ᠎ᠠ ᠯᠠᠮᠠ ᠳᠠᠢ ᠨᠢᠭᠤᠷᠳ᠋ᠠᠨ︽ᠨᠢᠬᠦᠯ ᠵᠢᠡᠨ  ᠲᠣᠭᠠᠴᠢᠨ᠎ᠠ︾ᠬᠡᠵᠦ ᠳᠤᠭᠳ᠋ᠠᠭᠠᠵᠠᠢ᠃ ᠤᠯᠠᠭᠠᠨᠬᠠᠳ᠋ᠠ ᠵᠢᠨ ᠱᠠᠰᠢᠨ  ᠤ ᠳᠤᠭᠤᠷᠢᠭ 1935  1941 ᠤᠨ ᠪᠤᠯᠳ᠋ᠠᠯ᠎ᠠ ᠨᠢᠬᠦᠯ ᠵᠢᠡᠨ ᠳᠤᠭᠠᠴᠢᠭᠰᠠᠳ 98 439 ᠬᠦᠮᠤᠨ︵ᠤᠳ᠋ᠠᠭ᠎ᠠ ︶ ᠪᠠ 660 742 ᠬᠦᠮᠤᠨ︵ᠤᠳ᠋ᠠᠭ᠎ᠠ ︶ᠳ᠋ᠥ ᠬᠦᠷᠴᠠᠢ᠃        ᠠᠷᠢᠭᠤᠨ ᠴᠤᠭᠴᠠ ᠬᠦᠷᠳ᠋ᠡᠬᠦ  ᠺᠠᠲ᠋ᠤᠯᠢᠭ ᠱᠠᠰᠢᠨ  ᠤ ᠮᠢᠰᠰᠠ ᠬᠢᠬᠦ ᠱᠠᠰᠢᠨ  ᠤ ᠶᠤᠰᠤᠯᠠᠯ ᠳ᠋ᠥ ᠬᠠᠷ᠎ᠠ ᠯᠠᠮᠠ ᠡᠴᠠ ᠱᠠᠰᠢᠨᠳ᠋ᠠᠳ ᠲᠦ ᠭᠤᠯᠢᠷ ᠪᠤᠤᠪᠤ ᠬᠤᠪᠢᠶᠠᠨ ᠦᠭᠴᠦ︽ᠡᠵᠡᠨ ᠪᠤᠭᠳ᠋ᠠ ᠳ᠋ᠥ ᠪᠡᠨ ᠳᠠᠭᠠᠳᠬᠠᠬᠤ︾ᠵᠢᠨ ᠬᠠᠮᠳ᠋ᠤ ᠱᠠᠰᠢᠨᠳ᠋ᠠᠳ ᠨᠢ ᠡᠳ᠋ᠡᠬᠡᠷ ᠪᠤᠤᠪᠤ ᠵᠢ ᠬᠤᠪᠢᠶᠠᠨ ᠤᠯᠬᠤ ᠵᠢ︽ᠠᠷᠢᠭᠤᠨ ᠴᠤᠭᠴᠠ︾ᠬᠦᠷᠳ᠋ᠡᠬᠦ ᠬᠡᠵᠦ ᠬᠡᠯᠡᠳ᠋ᠡᠭ᠃ ᠤᠯᠠᠭᠠᠨᠬᠠᠳ᠋ᠠ ᠵᠢᠨ ᠱᠠᠰᠢᠨ  ᠤ ᠳᠤᠭᠤᠷᠢᠭ 1935  1941 ᠤᠨ ᠪᠤᠯᠳ᠋ᠠᠯ᠎ᠠ ᠠᠷᠢᠭᠤᠨ ᠴᠤᠭᠴᠠ ᠬᠦᠷᠳ᠋ᠡᠭᠰᠡᠳ 94 140 ᠬᠦᠮᠤᠨ︵ᠤᠳ᠋ᠠᠭ᠎ᠠ ︶ ᠪᠠ 2 043 649 ᠬᠦᠮᠤᠨ︵ᠤᠳ᠋ᠠᠭ᠎ᠠ ︶ᠳ᠋ᠥ ᠬᠦᠷᠴᠠᠢ᠃  ᠰᠦᠨᠡᠰᠤ ᠮᠦᠷ ᠵᠢᠭᠠᠬᠤ  ᠱᠠᠰᠢᠨᠳ᠋ᠠᠨ ᠡᠪᠡᠳᠴᠢᠨ ᠨᠢ ᠬᠦᠨᠳ᠋ᠤᠷᠠᠵᠤ ᠳᠦᠭᠰᠢᠬᠦᠷᠢᠳ᠋ᠠᠢ ᠪᠤᠯᠤᠭᠰᠠᠨ ᠦᠶ᠎ᠠ ᠳ᠋ᠤ᠂ ᠬᠠᠷ᠎ᠠ ᠯᠠᠮᠠ︽ᠠᠷᠢᠭᠤᠨ ᠳᠤᠰᠤ︾ᠳᠦᠷᠬᠢᠵᠦ ᠵᠠᠯᠪᠠᠷᠢᠨ ᠳᠠᠭᠠᠳᠬᠠᠬᠤ ᠨᠢ︽ᠵᠤᠪᠠᠭᠤᠷᠢ ᠵᠢ ᠨᠢ ᠪᠠᠭᠠᠰᠬᠠᠵᠤ︾᠂︽ᠰᠠᠶᠢᠨ ᠡᠴᠤᠰᠯᠠᠯ ‍ᠢ ᠤᠯᠭᠤᠬᠤ︾ᠪᠠ︽ᠶᠠᠯ᠎ᠠ ᠨᠢᠬᠦᠯ ‍ᠢ ᠨᠢ ᠬᠡᠯᠳ᠋ᠤᠷᠢᠬᠦᠯᠵᠦ︾ᠦᠭᠳ᠋ᠡᠭ᠃ ᠤᠯᠠᠭᠠᠨᠬᠠᠳ᠋ᠠ ᠵᠢᠨ ᠱᠠᠰᠢᠨ  ᠤ ᠳᠤᠭᠤᠷᠢᠭ 1935 1941 ᠤᠨ ᠬᠦᠷᠳ᠋ᠠᠯ᠎ᠠ ᠰᠦᠨᠡᠰᠤ ᠮᠦᠷ ᠵᠢᠭᠠᠯᠭᠠᠭᠰᠠᠨ ᠱᠠᠰᠢᠨᠳ᠋ᠠᠳ 1 828 ᠬᠦᠮᠤᠨ︵ᠤᠳ᠋ᠠᠭ᠎ᠠ ︶ᠳ᠋ᠥ ᠬᠦᠷᠴᠡᠢ᠃        ᠤᠷᠤᠭ ᠬᠤᠷᠢᠮ ᠬᠢᠬᠦ  ᠳᠠᠷᠤᠢ ᠱᠠᠰᠢᠨᠳ᠋ᠠᠨ  ᠤ ᠤᠷᠤᠭ ᠬᠤᠷᠢᠮ  ᠦᠨ ᠶᠤᠰᠤᠯᠠᠯ ᠪᠤᠯᠤᠨ᠎ᠠ᠃ ᠱᠠᠰᠢᠨᠳ᠋ᠠᠨ  ᠤ ᠤᠷᠤᠭᠯᠠᠬᠤ ᠬᠡᠵᠦ ᠪᠠᠶᠢᠭ᠎ᠠ ᠡᠷᠡᠭᠳ᠋ᠠᠢ ᠡᠮᠡᠭᠳ᠋ᠠᠢ ᠬᠤᠶᠠᠷ ‍ᠢ ᠬᠤᠷᠢᠮ  ᠦᠨ ᠡᠳ᠋ᠤᠷ  ᠦᠨ ᠦᠷᠯᠦᠬᠡ ᠡᠷᠳ᠋ᠠ ᠳᠤᠰ ᠳᠤᠰ  ᠦᠨ ᠳᠠᠨᠢᠯᠴᠠᠭᠤᠯᠤᠭᠴᠢ ᠨᠢ ᠳᠠᠭᠠᠭᠤᠯᠤᠨ ᠰᠦᠮ᠎ᠠ ᠳ᠋ᠤ ᠬᠦᠷᠴᠤ ᠰᠦᠬᠦᠳ᠋ᠦᠭᠰᠠᠨ  ᠤ ᠳᠠᠷᠠᠭ᠎ᠠ᠂ ᠬᠠᠷ᠎ᠠ ᠯᠠᠮᠠ ᠡᠷᠡᠭᠳ᠋ᠠᠢ ᠡᠮᠡᠭᠳ᠋ᠠᠢ ᠬᠤᠶᠠᠷ ᠳᠠᠯ᠎ᠠ ᠡᠴᠠ ᠡᠷ᠎ᠠ ᠡᠮ᠎ᠠ ᠪᠤᠯᠤᠨ ᠪᠠᠷᠢᠯᠳ᠋ᠤᠬᠤ ᠳᠤᠷᠠᠳ᠋ᠠᠢ ᠦᠦ︖ ᠦᠬᠡᠢ   ᠦᠦ ︖ ᠬᠡᠵᠤ ᠠᠰᠠᠭᠤᠨ᠂ ᠬᠤᠶᠠᠷ ᠳᠠᠯ᠎ᠠ ᠪᠡᠷ ᠵᠢᠠᠨ ᠯᠠᠪᠳ᠋ᠠᠢ ᠬᠠᠷᠢᠭᠤᠯᠳ᠋ᠠ ᠦᠭᠬᠦᠭᠰᠠᠨ  ᠤ ᠳᠠᠷᠠᠭ᠎ᠠ᠂ ᠶᠤᠰᠤᠯᠠᠯ ᠡᠷᠬᠢᠯᠡᠭᠴᠢ ᠡᠴᠠ ᠵᠠᠯᠪᠠᠷᠢᠨ ᠳᠠᠭᠠᠳᠬᠠᠬᠤ ᠨᠤᠮ ᠤᠩᠰᠢᠵᠤ ᠢᠷᠦᠭᠡᠭᠰᠡᠨ  ᠤ ᠰᠠᠬᠦᠯᠠᠷ ᠦᠪᠡᠷ ᠦᠪᠡᠷ  ᠦᠨ ᠬᠡᠷ ᠲᠦ ᠪᠡᠨ ᠪᠤᠴᠠᠳ᠋ᠠᠭ᠃ ᠦᠳ᠋ᠠ ᠦᠢᠷᠠᠳ᠋ᠤᠬᠤ ᠦᠶ᠎ᠠ ᠳ᠋ᠤ᠂ ᠡᠷᠡᠭᠳ᠋ᠠᠢ ᠵᠢᠨ ᠳᠠᠯ᠎ᠠ ᠨᠢ ᠳᠠᠬᠢᠨ ᠳᠠᠷᠬᠡ ᠪᠤᠶᠦ ᠰᠠᠤᠬᠡ ᠪᠡᠷ ᠪᠠᠷᠢ ᠪᠡᠨ ᠳᠤᠰᠤᠳ᠋ᠠᠭ᠂ ᠬᠤᠷᠢᠮᠯᠠᠬᠤ ᠦᠶ᠎ᠠ ᠳ᠋ᠤ ᠪᠡᠨ ᠳᠦᠷᠦᠯ ᠰᠠᠳ᠋ᠤᠨ ᠠᠨᠳ᠋ᠠ ᠨᠦᠬᠦᠳ ᠵᠢᠠᠨ ᠵᠤᠴᠢᠯᠠᠵᠤ ᠪᠤᠯᠤᠨ᠎ᠠ᠃ ᠤᠯᠠᠭᠠᠨᠬᠠᠳ᠋ᠠ ᠵᠢᠨ ᠱᠠᠰᠢᠨ  ᠤ ᠳᠤᠭᠤᠷᠢᠭ 1935 1941 ᠤᠨ ᠪᠤᠯᠳ᠋ᠠᠯ᠎ᠠ ᠤᠷᠤᠭ ᠬᠤᠷᠢᠮ  ᠦᠨ ᠢᠷᠤᠬᠡᠯ ᠳᠠᠭᠠᠳᠬᠠᠯ ᠬᠢᠯᠬᠡᠭᠰᠠᠳ ᠱᠠᠰᠢᠨᠳ᠋ᠠᠨ 1484 ᠬᠦᠮᠤᠨ︵ᠤᠳ᠋ᠠᠭ᠎ᠠ ︶ᠳ᠋ᠥ ᠬᠦᠷᠴᠤ᠂ ᠠᠳ᠋ᠠᠯᠢ ᠪᠤᠰᠤ ᠱᠠᠰᠢᠨᠳ᠋ᠠᠨ ᠤᠷᠤᠭᠯᠠᠭᠰᠠᠨ 30 ᠬᠦᠮᠤᠨ︵ᠤᠳ᠋ᠠᠭ᠎ᠠ ︶ᠳ᠋ᠥ ᠬᠦᠷᠴᠡᠢ᠃ ᠴᠢᠯᠤᠬᠡᠯᠡᠭᠳ᠋ᠡᠭᠰᠠᠨ  ᠤ ᠳᠠᠷᠠᠭ᠎ᠠ︽ᠤᠷᠤᠭ  ᠦᠨ ᠬᠠᠤᠯᠢ︾ᠵᠢ ᠬᠡᠷᠡᠭᠵᠢᠬᠦᠯᠵᠤ᠂ ᠵᠠᠷᠢᠮ ᠨᠢ ᠤᠷᠤᠭ  ᠦᠨ ᠪᠠᠳ᠋ᠤᠯᠠᠪᠤᠷᠢ ᠪᠡᠨ ᠠᠪᠤᠭᠰᠠᠨ  ᠤ ᠳᠠᠷᠠᠭ᠎ᠠ ᠳᠠᠬᠢᠨ ᠱᠠᠰᠢᠨ ᠰᠤᠷᠳ᠋ᠠᠬᠤᠨ  ᠤ ᠤᠷᠤᠭᠯᠠᠬᠤ ᠭᠠᠷ ᠬᠦᠢᠴᠠᠳᠬᠡᠯ ‍ᠢ ᠬᠦᠢᠴᠠᠳᠬᠡᠬᠦ ᠪᠤᠯᠵᠠᠢ᠃        ᠤᠷᠤᠰᠢᠭᠤᠯᠭ᠎ᠠ  ᠱᠠᠰᠢᠨᠳ᠋ᠠᠨ ᠦᠬᠦᠭᠰᠠᠨ  ᠤ ᠰᠠᠬᠦᠯᠠᠷ ᠠᠪᠰᠠᠯᠠᠵᠤ ᠪᠠᠷᠠᠭᠠᠳ ᠠᠪᠰᠠ ᠵᠢ ᠳᠠᠮᠨᠠᠵᠤ ᠰᠦᠮ᠎ᠠ ᠳ᠋ᠤ ᠤᠴᠢᠵᠤ᠂ ᠬᠠᠷ᠎ᠠ ᠪᠦᠰᠠᠨ ᠳᠠᠬᠡᠷ᠎ᠠ ᠴᠠᠭᠠᠨ ᠳᠤᠭᠤᠨᠤᠯᠵᠢ ᠳᠠᠢ ᠠᠪᠰᠠ ᠵᠢᠨ ᠪᠦᠳ᠋ᠡᠬᠡᠯᠬᠡ ᠪᠡᠷ ᠪᠦᠳ᠋ᠡᠬᠡᠵᠤ᠂ ᠬᠠᠷ᠎ᠠ ᠯᠠᠮᠠ ᠨᠤᠮ ᠤᠩᠰᠢᠭᠰᠠᠨ  ᠤ ᠰᠠᠬᠦᠯᠠᠷ ᠠᠪᠰᠠ ᠵᠢᠨ ᠪᠦᠳ᠋ᠡᠬᠡᠯᠬᠡ ᠵᠢ ᠠᠪᠴᠤ᠂ ᠠᠪᠰᠠ ᠵᠢ ᠳᠠᠮᠨᠠᠨ ᠤᠩᠭᠤᠨ  ᠤ ᠭᠠᠵᠠᠷ ᠠᠪᠠᠴᠢᠵᠤ ᠪᠤᠯᠠᠰᠢᠯᠠᠳ᠋ᠠᠭ᠃ ᠱᠠᠰᠢᠨᠳ᠋ᠠᠨ ᠦᠬᠦᠭᠰᠠᠨ  ᠤ ᠳᠠᠷᠠᠭ᠎ᠠ ᠬᠦᠵᠢ ᠠᠰᠠᠭᠠᠬᠤ ᠦᠬᠡᠢ᠂ ᠳᠤᠶ᠋ᠢᠩ  ᠦᠨ ᠵᠤᠭᠤᠰ ᠰᠢᠳ᠋ᠠᠭᠠᠬᠤ ᠦᠬᠡᠢ᠂ ᠳᠠᠬᠢᠯ ᠡᠷᠬᠦᠬᠦ ᠦᠬᠡᠢ ᠪᠠᠶᠢᠳ᠋ᠠᠭ᠃ ᠭᠤᠷᠪᠠᠨ ᠡᠳ᠋ᠤᠷ ᠪᠤᠯᠠᠰᠢ ᠳ᠋ᠤ ᠰᠢᠷᠤᠢ ᠨᠠᠮᠡᠭᠰᠠᠨ  ᠤ ᠳᠠᠷᠠᠭ᠎ᠠ ᠳᠠᠬᠢᠵᠤ ᠰᠢᠷᠤᠢ ᠨᠠᠮᠠᠳ᠋ᠡᠭ ᠦᠬᠡᠢ᠃ ᠴᠢᠯᠤᠬᠡᠯᠡᠭᠳ᠋ᠡᠭᠰᠠᠨ  ᠤ ᠳᠠᠷᠠᠭ᠎ᠠ᠂ ᠳᠤᠰ ᠬᠤᠳ᠋ᠠ ᠵᠢᠨ ᠺᠡᠲ᠋ᠤᠯᠢᠭ ᠱᠠᠰᠢᠨ  ᠤ ᠱᠠᠰᠢᠨᠳ᠋ᠠᠨ ᠬᠠᠩᠰᠢ ᠵᠢᠨ ᠦᠶ᠎ᠠ ᠳ᠋ᠤ ᠪᠠᠰᠠ ᠵᠠᠷᠢᠮ ᠨᠢ ᠳᠠᠬᠡᠳ᠋ᠤᠰ  ᠦᠨ ᠤᠩᠭᠤᠨ ᠵᠢᠠᠨ ᠳᠠᠬᠢᠵᠤ ᠰᠢᠷᠤᠢ ᠨᠠᠮᠠᠳ᠋ᠡᠭ ᠪᠤᠯᠵᠠᠢ᠃  ᠭᠤᠷᠪᠠ᠂ ᠱᠠᠰᠢᠨᠳ᠋ᠠᠨ  ᠤ ᠦᠷᠬᠦᠯᠵᠢ ᠵᠢᠨ ᠬᠢᠴᠢᠶᠠᠯ        ᠱᠠᠰᠢᠨᠳ᠋ᠠᠨ  ᠤ ᠦᠷᠬᠦᠯᠵᠢ ᠤᠷᠤᠳ᠋ᠠᠭ ᠬᠢᠴᠢᠶᠠᠯ ᠨᠢ ᠭᠤᠤᠯᠳ᠋ᠠᠭᠤ ᠨᠤᠮ ᠤᠩᠰᠢᠬᠤ ᠪᠤᠯᠤᠨ᠎ᠠ᠃ ᠳᠠᠷᠤᠢ ᠡᠳ᠋ᠤᠷ ᠪᠦᠷᠢ ᠦᠷᠯᠤᠬᠡ ᠪᠠ ᠤᠷᠤᠢ ᠨᠢᠬᠡ ᠤᠳ᠋ᠠᠭ᠎ᠠ ᠨᠤᠮ ᠤᠩᠰᠢᠳ᠋ᠠᠭ᠃ ᠳᠤᠭᠳ᠋ᠠᠮᠠᠯ ᠬᠡᠯᠪᠡᠷᠢ ᠬᠡᠵᠦ ᠦᠬᠡᠢ᠂ ᠶᠠᠪᠤᠬᠤ᠂ ᠵᠤᠭᠰᠤᠬᠤ᠂ ᠰᠠᠭᠤᠬᠤ᠂ ᠬᠡᠪᠳ᠋ᠠᠬᠦ ᠦᠶ᠎ᠠ ᠳ᠋ᠥ ᠪᠦᠷ ᠨᠤᠮ ᠤᠩᠰᠢᠵᠤ ᠪᠤᠯᠳ᠋ᠠᠭ᠃        ᠱᠠᠰᠢᠨᠳ᠋ᠠᠨ ᠮᠦᠷᠬᠦᠯ  ᠦᠨ ᠡᠳ᠋ᠤᠷ ‍ᠢ ᠦᠩᠬᠡᠷᠡᠬᠡᠬᠦ᠃ ᠴᠢᠯᠤᠬᠡᠯᠡᠭᠳ᠋ᠠᠬᠦ ᠡᠴᠠ ᠡᠮᠤᠨ᠎ᠠ᠂ ᠮᠦᠷᠬᠦᠯ  ᠦᠨ ᠡᠳ᠋ᠤᠷ ᠪᠤᠯᠬᠤ ᠪᠦᠷᠢ ᠬᠦᠳ᠋ᠠᠯᠮᠤᠷᠢᠯᠠᠬᠦ ᠪᠡᠨ ᠵᠤᠭᠰᠤᠵᠤ᠂ ᠰᠦᠮ᠎ᠠ ᠳ᠋ᠤ ᠴᠤᠭᠯᠠᠷᠠᠨ ᠡᠵᠠᠨ ᠰᠠᠬᠢᠭᠤᠯᠰᠤᠨ ‍ᠢ ᠳᠠᠬᠢᠵᠤ ᠮᠢᠰᠰᠠ ᠬᠢᠳ᠋ᠡᠭ᠃ ᠴᠢᠯᠤᠬᠡᠯᠡᠭᠳ᠋ᠡᠭᠰᠠᠨ  ᠤ ᠳᠠᠷᠠᠭ᠎ᠠ ᠤᠯᠠᠩᠬᠢ ᠳ᠋ᠥ  ᠪᠠᠨ ᠦᠷᠯᠦᠬᠡ ᠦᠳ᠋ᠡᠰᠢ ᠬᠢᠴᠢᠶᠠᠯ ᠤᠷᠤᠬᠤ ᠪᠡᠷ ᠤᠷᠤᠯᠠᠭᠤᠯᠵᠠᠢ᠃       ᠭᠠᠷᠠᠭ ᠤᠨ ᠲᠠᠪᠤᠨ ᠢ ᠥᠩᠭᠡᠷᠡᠭᠡᠬᠦ᠂ ᠱᠠᠰᠢᠨᠲᠠᠨ ᠪᠠᠴᠠᠭ ᠰᠠᠬᠢᠨ᠎ᠠ᠂ ᠡᠨᠡ ᠡᠳᠦᠷ ᠮᠠᠯ ᠤᠨ ᠮᠢᠬ᠎ᠠ ᠢᠳᠡᠬᠦ ᠦᠭᠡᠢ᠃ 
          