ᠠᠪᠠᠯᠠᠵᠤ ᠭᠦᠷᠦᠭᠡᠯᠡᠬᠦ ᠪᠣᠯ ᠮᠣᠩᠭᠤᠯᠴᠤᠳ ᠤᠨ ᠡᠷᠲᠡ | ᠤᠵᠤᠭᠤᠷ ᠤᠨ ᠦᠢᠯᠡᠳᠪᠦᠷᠢᠯᠡᠯ ᠦᠨ ᠠᠷᠭ᠎ᠠ ᠮᠠᠶ᠋ᠢᠭ ᠪᠠ ᠵᠠᠩ | ᠲᠠᠳᠬᠠᠯ ᠪᠣᠯᠬᠤ ᠶᠤᠮ᠃ ᠠᠪᠠᠯᠠᠵᠤ ᠭᠦᠷᠦᠭᠡᠯᠡᠬᠦ ᠨᠢ ᠬᠤᠶᠠᠷ | ᠵᠤᠷᠢᠯᠭ᠎ᠠ ᠲᠠᠢ ᠄ ᠨᠢᠭᠡ ᠳ᠋ᠤ᠂ ᠮᠠᠯ ᠰᠦᠷᠦᠭ ᠲᠦ ᠬᠣᠣᠷ | ᠬᠦᠨᠦᠭᠡᠯ ᠤᠴᠠᠷᠠᠭᠤᠯᠳ᠋ᠠᠭ ᠲᠡᠳᠡᠭᠡᠷ ᠵᠡᠷᠯᠢᠭ ᠠᠷᠢᠶᠠᠳᠠᠨ ᠢ | ᠠᠩᠨᠠᠵᠤ᠂ ᠮᠠᠯ ᠠᠬᠤᠢ ᠪᠠᠨ ᠬᠠᠮᠠᠭᠠᠯᠠᠨ᠎ᠠ︔ ᠬᠤᠶᠠᠷ ᠲᠦ᠂ ᠠᠩ | ᠠᠷᠢᠶᠠᠳᠠᠨ ᠤ ᠮᠢᠬ᠎ᠠ ᠤᠯᠵᠤ ᠠᠵᠤ ᠠᠮᠢᠳ᠋ᠤᠷᠠᠯ ᠢᠢᠠᠨ | ᠰᠠᠶᠢᠵᠢᠷᠠᠭᠤᠯᠤᠨ᠎ᠠ᠃ | ᠤᠯᠠᠭᠠᠨᠬᠠᠳ᠋ᠠ ᠤᠷᠤᠨ ᠳᠤ ᠠᠪᠠ ᠭᠦᠷᠦᠭᠡ ᠬᠢᠬᠦ ᠶᠢ ᠪᠠᠰᠠ | ᠠᠪᠠ ᠬᠢᠬᠦ ᠪᠤᠶᠤ ᠠᠪᠠᠯᠠᠬᠤ ᠭᠡᠳᠡᠭ᠃ ᠠᠪᠠ ᠢᠢᠨ ᠬᠡᠪᠴᠢᠶᠡᠨ ᠤ | ᠶᠡᠭᠡ ᠪᠠᠭ᠎ᠠ ᠠᠳ᠋ᠠᠯᠢ ᠦᠭᠡᠢ᠃ ᠡᠬᠦᠨ ᠳᠤ ᠬᠤᠰᠢᠭᠤ | ᠬᠤᠯᠪᠤᠭᠠᠯᠠᠭᠰᠠᠨ ᠠᠪᠠ ᠶᠢᠨ ᠬᠡᠪᠴᠢᠶ᠎ᠡ ᠬᠠᠮᠤᠭ ᠶᠡᠬᠡ | ᠪᠠᠶᠢᠳᠠᠭ᠂ ᠵᠠᠬ᠎ᠠ ᠨᠡᠶᠢᠯᠡᠭᠰᠡᠨ ᠬᠡᠳ᠋ᠦᠨ ᠬᠤᠰᠢᠭᠤ ᠶᠢᠨ | ᠬᠦᠷᠰᠢ ᠵᠡᠷᠭᠡᠯᠡᠳᠡᠭᠡ ᠭᠠᠵᠠᠷ ᠤᠷᠤᠨ ᠢᠢᠠᠷ ᠶᠠᠪᠤᠭᠳᠠᠬᠤ | ᠲᠤᠰᠬᠠᠢ ᠠᠪᠠ ᠢᠢᠨ ᠲᠠᠯᠠᠪᠤᠷ ᠲᠠᠢ᠂ ᠲᠤᠭᠳ᠋ᠠᠭᠰᠠᠨ ᠠᠪᠠ ᠢᠢᠨ | ᠴᠠᠭ ᠲᠠᠢ᠂ ᠠᠪᠠᠴᠢᠨ︵ᠠᠩᠴᠢᠨ︶ᠭᠡᠳ᠋ᠦᠨ ᠵᠠᠭᠤ ᠡᠴᠠ ᠮᠢᠩᠭ᠎ᠠ | ᠭᠠᠷᠤᠢ ᠬᠦᠮᠦᠨ ᠤᠷᠤᠯᠴᠠᠳ᠋ᠠᠭ᠃ ᠲᠤᠮᠳ᠋ᠠ ᠬᠡᠪᠴᠢᠶᠡᠨ ᠤ ᠠᠪᠠ | ᠪᠣᠯ ᠨᠢᠭᠡ ᠪᠣᠶᠣ ᠬᠡᠳ᠋ᠦᠨ ᠰᠤᠮᠤ ᠨᠡᠶᠢᠯᠡᠨ | ᠶᠠᠪᠤᠭᠳ᠋ᠠᠭᠣᠯᠵᠤ᠂ ᠠᠪᠠ ᠬᠢᠬᠦ ᠶᠢ ᠰᠠᠨᠠᠭᠠᠴᠢᠯᠠᠭᠴᠢ ᠡᠴᠠ | ᠠᠪᠠ ᠢᠢᠨ ᠲᠠᠯᠠᠪᠤᠷ ᠪᠠ ᠠᠪᠠ ᠬᠢᠬᠦ ᠡᠳ᠋ᠦᠷ ᠢ ᠳᠤᠭᠳ᠋ᠠᠭᠠᠵᠣ | ᠪᠠᠷᠤᠭ ᠭᠤᠷᠪᠠ ᠡᠴᠠ ᠲᠠᠪᠤᠨ ᠵᠠᠭᠤᠨ ᠠᠪᠠᠴᠢᠨ ᠤᠷᠤᠯᠴᠠᠳ᠋ᠠᠭ᠃ | ᠪᠠᠭ᠎ᠠ ᠬᠡᠪᠴᠢᠶᠡᠨ ᠤ ᠠᠪᠠ ᠪᠣᠯ ᠨᠢᠭᠡ ᠪᠣᠶᠣ ᠬᠡᠳ᠋ᠦᠨ | ᠭᠠᠴᠠᠭ᠎ᠠ ᠨᠡᠶᠢᠯᠡᠨ ᠶᠠᠪᠣᠭᠳ᠋ᠠᠭᠤᠯᠵᠤ᠂ ᠬᠡᠳ᠋ᠦᠨ ᠠᠷᠪᠠ | ᠡᠴᠠ ᠵᠠᠭᠤᠭᠠᠳ ᠠᠪᠠᠴᠢᠨ ᠤᠷᠤᠯᠴᠠᠳ᠋ᠠᠭ᠃ ᠠᠪᠠ ᠬᠢᠬᠦ ᠪᠣᠯ ᠶᠤᠰᠤ | ᠭᠤᠷᠢᠮ ᠢᠶᠠᠷ ᠴᠢᠩᠭ᠎ᠠ ᠠᠵᠢᠯᠯᠠᠭᠠᠨ ᠪᠣᠯᠬᠤ ᠶᠣᠮ᠃ ᠵᠣᠣ ᠤᠳ᠋ᠠ | ᠠᠶᠢᠮᠠᠭ ᠦᠨ ᠤᠯᠠᠮᠵᠢᠯᠠᠯᠲᠤ ᠭᠤᠷᠪᠠᠨ ᠲᠣᠮᠤ ᠠᠪᠠ ᠪᠣᠯ ᠲᠤᠰ | ᠪᠦᠷᠢ ᠪᠢᠯᠢᠭ ᠦᠨ ᠤᠯᠠᠷᠢᠯ ᠦᠨ ᠲᠦᠷᠪᠡᠨ ᠰᠠᠷ᠎ᠠ ᠢᠢᠨ ᠠᠷᠪᠠᠨ | ᠵᠢᠷᠭᠤᠭᠠᠨ᠂ ᠲᠠᠪᠤᠨ ᠰᠠᠷ᠎ᠠ ᠢᠢᠨ ᠠᠷᠪᠠᠨ ᠲᠤᠯᠤᠭᠠᠨ᠂ ᠲᠠᠪᠤᠨ | ᠰᠠᠷ᠎ᠠ ᠢᠢᠨ ᠬᠤᠷᠢᠨ ᠲᠠᠪᠤᠨ ᠳ᠋ᠤ ᠭᠡᠰᠡᠷ᠂ ᠵᠢᠷᠠᠨᠲᠠᠢ᠂ | ᠬᠤᠯᠪᠤᠭ᠎ᠠ ᠵᠡᠷᠭᠡ ᠭᠤᠷᠪᠠᠨ ᠭᠠᠵᠠᠷ︵ᠪᠦᠷ ᠠᠷᠤ ᠬᠤᠷᠴᠢᠨ ᠳ᠋ᠤ | ᠪᠣᠢ ︶ ᠲᠦ ᠶᠠᠪᠤᠭᠳ᠋ᠠᠳ᠋ᠠᠭ᠃ ᠠᠪᠠᠯᠠᠬᠤ ᠢᠢᠨ ᠡᠮᠦᠨ᠎ᠠ ᠤᠷᠤᠢ᠂ | ᠬᠤᠯᠠ ᠢᠢᠨ ᠠᠪᠠᠴᠢᠳ ᠦᠭᠡᠷ ᠲᠡᠷᠭᠡ ᠪᠠᠷ ᠮᠠᠶᠢᠬᠠᠨ ᠪᠠ | ᠢᠳ᠋ᠡᠭᠡᠨ ᠤ ᠵᠦᠢᠯᠡᠰ ᠢᠶᠠᠨ ᠲᠡᠭᠡᠭᠡᠨ ᠬᠣᠨᠣᠭ ᠦᠨ ᠭᠠᠵᠠᠷ | ᠴᠤᠭᠯᠠᠷᠠᠵᠠᠭᠠᠨ ᠬᠤᠨᠤᠭᠯᠠᠳ᠋ᠠᠭ᠃ ᠦᠷ ᠬᠡᠬᠡᠷᠡᠬᠦ ᠡᠴᠠ | ᠡᠮᠦᠨ᠎ᠠ ᠤᠶᠢᠷ᠎ᠠ ᠬᠠᠪᠢ ᠢᠢᠨ ᠠᠪᠠᠴᠢᠳ ᠴᠤ ᠬᠦᠷᠦᠯᠴᠡᠨ | ᠢᠷᠡᠵᠡᠬᠡᠵᠦ ᠠᠪᠠᠯᠠᠬᠤ ᠭᠠᠵᠠᠷ ᠢᠢᠠᠨ ᠴᠤᠭᠯᠠᠵᠠᠭᠠᠨᠠ᠃ ᠡᠨᠡ | ᠦᠶ᠎ᠠ ᠳ᠋ᠤ ᠠᠷᠤ ᠬᠤᠷᠴᠢᠨ᠂ ᠪᠠᠭᠠᠷᠢᠨ᠂ ᠨᠠᠢᠮᠠᠨ᠂ ᠤᠩᠨᠢᠭᠣᠳ | ᠬᠤᠰᠢᠭᠤᠨ ᠡᠴᠠ ᠬᠦᠷᠦᠯᠴᠡᠨ ᠢᠷᠡᠭᠰᠡᠨ ᠵᠠᠭᠤ ᠮᠢᠩᠭᠠᠨ ᠠᠪᠠᠴᠢᠳ | ᠬᠠᠮᠲᠤ ᠪᠠᠷ ᠬᠦᠳ᠋ᠡᠯᠦᠯᠴᠡᠵᠦ᠂ ᠡᠷᠭᠢᠨ ᠳᠣᠭᠤᠷᠢᠨ ᠬᠡᠳ᠋ᠦᠨ | ᠠᠷᠪᠠᠨ ᠭᠠᠵᠠᠷ ᠦᠨ ᠶᠡᠭᠡ ᠠᠪᠠ ᠢᠢᠨ ᠲᠠᠯᠠᠪᠣᠷ ᠲᠤᠤᠷ᠎ᠠ ᠪᠠᠨ | ᠳᠡᠪᠵᠢᠶᠡᠷᠡᠵᠦ᠂ ᠪᠠᠷᠬᠢᠷᠠᠬᠤ ᠲᠠᠭᠤᠨ ᠠᠶᠤᠩᠭ᠎ᠠ ᠮᠡᠳᠦ᠂ | ᠲᠡᠭᠷᠢ ᠲᠤᠯᠤᠮ᠎ᠠ ᠲᠤᠭᠤᠰᠤ ᠳᠡᠭᠳᠡᠵᠦ᠂ ᠰᠤᠴᠢᠨ ᠦᠷᠬᠦᠭᠰᠡᠨ | ᠠᠷᠢᠶᠠᠲᠠᠨ ᠠᠮᠢᠲᠡᠳ ᠲᠦᠷᠪᠡᠨ ᠵᠦᠭ ᠲᠦ ᠬᠦᠶᠦᠯᠳ᠋ᠦᠨᠠ᠃ | ᠠᠪᠠᠴᠢᠳ ᠲᠥᠷᠥᠭᠡ ᠢᠰᠭᠦᠯᠦᠨ ᠮᠣᠷᠢ ᠳᠠᠪᠬᠢᠭᠤᠯᠬᠤ ᠶᠢᠨ | ᠬᠠᠮᠳᠤ ᠨᠣᠬᠠᠢ ᠪᠠᠨ ᠲᠠᠯᠪᠢᠨ ᠲᠤᠬᠢᠷᠤᠨ ᠬᠠᠰᠬᠢᠷᠴᠣ᠂ ᠫᠣᠣ | ᠤᠨᠢᠯᠠᠨ ᠨᠣᠮᠣ ᠰᠤᠮᠤ ᠲᠡᠯᠢᠬᠦ ᠪᠤᠶᠤ ᠪᠢᠯᠠᠭᠣ ᠰᠢᠳ᠋ᠠᠮ ᠢᠶᠠᠷ | ᠴᠤᠬᠢᠵᠤ᠂ ᠠᠪᠠ ᠶᠢᠨ ᠣᠯᠵᠠ ᠶᠢ ᠲᠡᠷᠢᠭᠦᠯᠡᠵᠦ ᠣᠯᠬᠤ ᠪᠠᠷ ᠠᠩ | ᠭᠦᠷᠦᠭᠡ ᠶᠢ ᠨᠡᠭᠡᠳᠡᠭ᠃ ᠬᠠᠮᠤᠭ ᠲᠡᠷᠢᠭᠦᠨ ᠳᠤ ᠲᠡᠷᠢᠭᠦᠯᠡᠵᠦ | ᠬᠦᠷᠦᠭᠰᠡᠨ ᠠᠪᠠᠴᠢᠨ ᠠᠩ ᠦᠨ ᠠᠷᠢᠶᠠᠳᠠᠨ ᠤ ᠡᠪᠡᠷ ᠪᠣᠶᠤ | ᠬᠦᠵᠦᠭᠦᠦ ᠪᠠᠷ ᠴᠤᠯᠪᠤᠭᠤᠷ ᠢᠶᠠᠷ ᠤᠭᠤᠰᠤᠷᠯᠠᠨ᠂ ᠪᠣᠰᠣᠳ ᠨᠢ | ᠢᠷᠡᠭᠰᠡᠨ ᠡᠮᠦᠨ᠎ᠠ ᠬᠤᠶᠢᠨᠠᠬᠢ ᠳᠠᠷᠠᠭᠠᠯᠠᠯ ᠢᠢᠠᠷ ᠠᠩ ᠦᠨ | ᠤᠯᠵᠠ ᠪᠠᠨ ᠲᠦᠷᠪᠡᠨ ᠮᠦᠴᠢ᠂ ᠡᠪᠴᠢᠭᠦᠦ᠂ ᠬᠠᠪᠢᠷᠭ᠎ᠠ᠂ ᠨᠢᠷᠣᠭᠤᠨ | ᠭᠣᠣᠯ᠂ ᠰᠡᠭᠦᠯ ᠮᠡᠳ᠋ᠦ ᠪᠠᠷ ᠲᠣᠶᠠᠴᠢᠨ ᠰᠠᠯᠭᠠᠵᠤ ᠦᠪᠡᠷ ᠦᠪᠡᠷ | ᠦᠨ ᠬᠤᠪᠢ ᠪᠠᠨ ᠬᠣᠪᠢᠳ᠋ᠠᠨ ᠠᠪᠳᠠᠭ᠃ ᠶᠡᠬᠡ ᠬᠡᠪᠴᠢᠶᠡᠨ ᠤ ᠠᠪᠠ | ᠨᠢ ᠬᠠᠷᠢᠨ ᠡᠶᠢᠮᠦ ᠪᠢᠰᠢ ᠪᠠᠶᠢᠳᠠᠭ᠂ ᠠᠪᠠᠴᠢᠨ ᠦᠪᠡᠷ ᠦᠨ | ᠤᠯᠵᠠᠯᠠᠭᠰᠠᠨ ᠠᠩ ᠢᠢᠠᠨ ᠦᠪᠡᠷ ᠦᠪᠡᠷ ᠢᠢᠠᠨ ᠠᠪᠴᠤ᠂ ᠡᠮᠦᠨ᠎ᠠ | ᠬᠣᠶᠢᠨᠠ ᠢᠢᠨ ᠢᠯᠭᠠᠭ᠎ᠠ ᠦᠭᠡᠢ ᠪᠠᠶᠢᠳᠠᠭ᠃ ᠠᠪᠠ ᠢᠢᠨ | ᠨᠣᠬᠠᠢ ᠢᠢᠨ ᠤᠯᠵᠠᠯᠠᠭᠰᠠᠨ ᠠᠩ ᠢ ᠨᠣᠬᠠᠢ ᠢᠢᠨ ᠡᠵᠡᠨ ᠨᠢ | ᠠᠪᠣᠨ᠎ᠠ᠃ ᠠᠯᠪᠠᠨ ᠤ ᠳᠠᠯ᠎ᠠ ᠡᠴᠠ ᠵᠣᠬᠢᠶᠠᠨ ᠪᠠᠶᠢᠭᠣᠯᠣᠭᠰᠠᠨ | ᠠᠪᠠ ᠶᠢᠨ ᠤᠯᠠᠩᠬᠢ ᠨᠢ ᠨᠠᠮᠣᠷ ᠦᠨ ᠰᠡᠭᠦᠯᠴᠢ ᠡᠪᠦᠯ ᠦᠨ | ᠡᠬᠢᠨ ᠳ᠋ᠤ ᠶᠠᠪᠣᠭᠳ᠋ᠠᠳ᠋ᠠᠭ᠃ ᠡᠨᠡ ᠬᠦ ᠦᠶ᠎ᠠ ᠶᠢᠨ ᠦᠨᠡᠭᠡ | ᠴᠢᠨ᠋ᠸ᠎ᠠ ᠵᠡᠷᠭᠡ ᠠᠮᠢᠲᠠᠨ ᠤ ᠠᠷᠠᠰᠤᠨ ᠤ ᠴᠢᠨᠠᠷ ᠬᠠᠮᠣᠭ | ᠰᠠᠶᠢᠨ ᠪᠠᠶᠢᠳ᠋ᠠᠭ᠃ ᠠᠪᠠ ᠢᠢᠨ ᠤᠯᠵᠠ ᠶᠢ ᠠᠯᠪᠠᠨ ᠤ ᠳᠠᠯ᠎ᠠ | ᠢᠢᠨ ᠬᠢᠨ ᠠᠪᠴᠤ᠂ ᠠᠪᠠᠴᠢᠳ ᠵᠦᠪᠬᠡᠨ ᠮᠠᠭᠳ᠋ᠠᠭᠠᠯ ᠰᠠᠶᠢᠰᠢᠶᠠᠯ | ᠬᠦᠷᠳ᠋ᠡᠳ᠋ᠡᠭ᠃ ᠬᠦᠷᠦᠭᠡᠯᠡᠬᠦ ᠪᠣᠯ ᠪᠠᠭ᠎ᠠ ᠬᠡᠪᠴᠢᠶᠠᠨ ᠤ | ᠲᠠᠷᠠᠬᠠᠢ ᠪᠤᠲᠠᠷᠬᠠᠢ ᠠᠩ ᠠᠩᠨᠠᠬᠣ ᠠᠵᠢᠯᠯᠠᠭ᠎ᠠ ᠪᠣᠯᠣᠨ᠎ᠠ᠃ | ᠭᠣᠷᠪᠠ ᠳᠠᠪᠣᠨ ᠠᠩᠴᠢᠨ ᠨᠡᠶᠢᠯᠡᠵᠦ ᠶᠠᠪᠠᠭᠠᠨ ᠢᠢᠠᠷ ᠭᠠᠯ | ᠫᠣᠣ᠂ ᠪᠢᠯᠠᠭᠣ ᠰᠢᠳ᠋ᠠᠮ ᠪᠣᠶᠣ ᠤᠷᠠᠬ᠎ᠠ ᠳᠠᠯᠪᠢᠬᠣ ᠠᠷᠭ᠎ᠠ ᠪᠠᠷ | ᠠᠩᠨᠠᠳᠠᠭ᠃ ᠠᠩ ᠦᠨ ᠤᠯᠵᠠ ᠪᠠᠨ ᠵᠦᠢ ᠵᠣᠬᠢᠰᠳ᠋ᠠᠢ ᠬᠣᠪᠢᠶᠠᠵᠤ᠂ | ᠨᠠᠰᠤᠳ᠋ᠠᠢ ᠨᠢᠯᠬᠠᠰ ᠲᠦ ᠤᠷᠢᠳ᠋ᠠᠪᠠᠷ ᠬᠣᠪᠢᠶᠠᠨ ᠦᠭᠴᠦ᠂ | ᠬᠣᠪᠢᠳ᠋ᠠᠵᠤ ᠤᠯᠣᠭᠰᠠᠨ ᠦᠭᠡᠢ ᠳ᠋ᠤ ᠨᠢ ᠳᠠᠷᠠᠭ᠎ᠠ ᠤᠳ᠋ᠠᠭ᠎ᠠ | ᠳ᠋ᠤ ᠨᠢ ᠨᠦᠬᠦᠪᠦᠷᠢᠯᠡᠨ᠂ ᠡᠷᠬᠡ ᠲᠡᠭᠰᠢ ᠵᠦᠢ ᠵᠤᠬᠢᠰᠳᠠᠢ | ᠪᠠᠶᠢᠳ᠋ᠠᠭ᠃ | ᠴᠢᠩ ᠤᠯᠣᠰ ᠪᠤᠯᠤᠨ ᠳᠤᠮᠳ᠋ᠠᠳ᠋ᠣ ᠢᠷᠭᠡᠨ ᠤᠯᠣᠰ ᠦᠨ ᠦᠶ᠎ᠠ | ᠳ᠋ᠤ᠂ ᠤᠯᠠᠭᠠᠨᠬᠠᠳ᠋ᠠ ᠤᠷᠤᠨ ᠳ᠋ᠤ ᠪᠠᠷᠰ ᠤᠨ ᠠᠪᠠ᠂ ᠴᠢᠨ᠋ᠸ᠎ᠠ | ᠶᠢᠨ ᠠᠪᠠ᠂ ᠵᠡᠭᠡᠷ᠎ᠠ ᠶᠢᠨ ᠠᠪᠠ᠂ ᠬᠡᠬᠡᠷ᠎ᠠ ᠢᠢᠨ ᠭᠠᠬᠠᠢ | ᠶᠢᠨ ᠠᠪᠠ᠂ ᠦᠨᠡᠭᠡ ᠶᠢᠨ ᠠᠪᠠ᠂ ᠲᠠᠣᠯᠠᠢ ᠶᠢᠨ ᠠᠪᠠ ᠵᠡᠷᠭᠡ | ᠤᠯᠠᠨ ᠲᠦᠷᠦᠯ ᠵᠦᠢᠯ ᠤᠨ ᠠᠪᠠ ᠶᠢ ᠬᠢᠵᠤ ᠪᠠᠶᠢᠵᠠᠢ᠃ ᠡᠬᠦᠨ | ᠳ᠋ᠤ︽ᠪᠠᠷᠰ ᠦᠨ ᠠᠪᠠ︾ ᠨᠢ ᠬᠠᠮᠣᠭ ᠦᠨ ᠰᠦᠷ ᠵᠢᠪᠬᠤᠭᠠᠳ᠋ᠠᠢ | ᠪᠠᠶᠢᠳ᠋ᠠᠭ᠃ | ᠲᠡᠭᠷᠢ ᠳᠡᠳᠭᠦᠭᠴᠢ ᠢᠢᠨ ᠦᠶ᠎ᠠ ᠳ᠋ᠤ᠂ ᠬᠠᠷᠠᠴᠢᠨ ᠭᠤᠷᠪᠠᠨ | ᠬᠣᠰᠢᠭᠤ ᠶᠢᠨ ᠭᠠᠵᠠᠷ ᠲᠤ ᠮᠦᠷᠠᠨ ᠬᠣᠮᠣᠷᠭ᠎ᠠ ᠢᠢᠨ ᠵᠡᠭᠦᠨ | ᠵᠠᠬ᠎ᠠ ᠪᠠᠷ ᠪᠠᠷᠰ ᠦᠨ ᠵᠢᠳᠠᠴᠢᠨ ᠤ ᠬᠤᠸᠠᠷᠠᠨ ᠪᠠᠶᠢᠭᠣᠯᠵᠤ᠂ | ᠲᠤᠰᠬᠠᠶᠢᠯᠠᠨ ᠲᠣᠭᠰᠢᠨ ᠪᠠᠷᠰ ᠠᠩᠨᠠᠳ᠋ᠠᠭ᠃ ᠪᠠᠷᠰ ᠠᠪᠠᠯᠠᠭᠴᠢ 60 | ᠬᠦᠮᠦᠨ ᠪᠠᠶᠢᠵᠤ᠂ ᠢᠳᠡᠷᠭᠡᠭ ᠬᠤᠷᠴᠠ ᠠᠩᠬᠢ︵ᠮᠦᠷ ᠮᠦᠰᠬᠢᠬᠦ | ᠠᠩᠬᠢ︶᠂ ᠬᠦᠴᠦᠷᠬᠡᠭ ᠴᠢᠳᠠᠯᠲᠠᠨ ᠤ ᠠᠩᠬᠢ᠂ ᠪᠠᠳ᠋ᠣ | ᠪᠡᠬᠢᠴᠤᠳ ᠤᠨ ᠠᠩᠬᠢ᠂ ᠵᠢᠭᠦᠷ ᠦᠨ ᠲᠤᠰᠠᠯᠠᠭᠴᠢ ᠠᠩᠬᠢ᠂ | ᠰᠢᠯᠢᠳᠡᠭ ᠢᠳᠡᠷᠴᠤᠳ ᠤᠨ ᠠᠩᠬᠢ᠂ ᠬᠢᠴᠢᠶᠠᠩᠭᠦᠢ ᠪᠠᠭᠠᠳᠤᠳ ᠤᠨ | ᠠᠩᠬᠢ ᠵᠡᠷᠭᠡ ᠵᠢᠷᠭᠣᠭᠠᠨ ᠠᠩᠬᠢ ᠪᠣᠯᠭᠠᠨ ᠬᠤᠪᠢᠶᠠᠵᠤ᠂ ᠠᠩᠬᠢ | ᠪᠦᠷᠢ ᠠᠷᠪᠠᠨ ᠬᠦ᠋ᠮᠦᠨ᠂ ᠬᠦᠮᠦᠨ ᠪᠦᠷᠢ ᠪᠠᠷᠰ ᠠᠪᠠᠯᠠᠬᠤ ᠲᠡᠭᠡᠭ | ᠵᠢᠳᠠ ᠲᠠᠢ᠂ ᠵᠢᠳᠠ ᠢᠢᠨ ᠤᠷᠳ᠋ᠦ ᠨᠢ ᠲᠤᠯᠤᠭᠠᠨ ᠲᠣᠬᠤᠢ᠂ | ᠵᠢᠳᠠ ᠶᠢᠨ ᠲᠤᠯᠤᠭᠠᠢ ᠶᠢᠨ ᠤᠷᠲᠤ ᠨᠢ ᠨᠠᠢᠮᠠᠨ ᠢᠮᠠᠬᠤ᠂ | ᠬᠡᠯᠪᠡᠷᠢ ᠳᠦᠷᠰᠦ ᠨᠢ ᠦᠷᠭᠡᠰᠦᠲᠦ ᠨᠣᠭᠣᠭ᠎ᠠ ᠶᠢᠨ ᠨᠠᠪᠴᠢ | ᠮᠡᠲᠦ᠃ ᠠᠪᠠᠯᠠᠬᠤ ᠦᠶ᠎ᠠ ᠳ᠋ᠤ ᠠᠩᠬᠢ ᠪᠦᠷᠢ ᠶᠢᠨ ᠬᠤᠶᠢᠨ᠎ᠠ ᠠᠴᠠ | ᠲᠤᠰᠠᠯᠠᠬᠤ ᠠᠷᠪᠠᠨ ᠫᠤᠤᠴᠢᠨ᠂ ᠲᠠᠪᠣᠨ ᠰᠤᠷᠴᠢᠨ | ᠲᠤᠬᠢᠷᠠᠭᠤᠯᠳ᠋ᠠᠭ᠂ ᠪᠦᠬᠦ ᠬᠣᠰᠢᠭᠤᠨ ᠤ ᠪᠠᠷᠰ ᠠᠪᠠᠯᠠᠬᠤ ᠳ᠋ᠤ | ᠤᠷᠤᠯᠴᠠᠬᠤ ᠴᠡᠷᠢᠭ ᠦᠨ ᠬᠦᠴᠦᠨ ᠦᠨᠡᠨ ᠳᠤ ᠪᠠᠨ ᠬᠤᠶᠠᠷ ᠵᠠᠭᠤ | ᠭᠠᠷᠤᠢ ᠬᠦᠮᠦᠨ ᠪᠠᠶᠢᠳ᠋ᠠᠭ᠃ ᠬᠠᠷᠠᠴᠢᠨ ᠵᠢᠶᠦ᠋ᠨ ᠸᠠᠩ | ᠪᠠᠷᠰ ᠤᠨ ᠵᠢᠳᠠᠴᠢᠨ ᠤ ᠬᠤᠸᠠᠷᠠᠨ ᠤ ᠬᠡᠷᠡᠭ ᠡᠷᠬᠢᠯᠡᠭᠴᠢ | ᠪᠣᠯᠵᠤ᠂ ᠲᠤᠤᠷ᠎ᠠ ᠨᠢ ᠶᠠᠷᠦᠩᠭᠡᠢ ᠬᠠᠮᠢᠶᠠᠷᠤᠭᠴᠢ ᠨᠢᠭᠡ | ᠬᠦᠮᠦᠨ᠂ ᠬᠠᠪᠰᠤᠷᠤᠭᠴᠢ ᠬᠣᠶᠠᠷ ᠬᠦᠮᠦᠨ᠂ ᠪᠢᠴᠢᠭᠡᠴᠢ ᠬᠣᠶᠠᠷ | ᠬᠦᠮᠦᠨ ᠪᠠᠶᠢᠳᠠᠭ᠃ ᠴᠡᠷᠢᠭ ᠦᠨ ᠬᠤᠸᠠᠷᠠᠨ ᠤ ᠰᠠᠭᠣᠭ᠎ᠠ ᠭᠠᠵᠠᠷ | ᠨᠢ ᠪᠠᠷᠰ ᠠᠯᠠᠬᠤ ᠠᠶᠢᠯ ︵ᠤᠳᠤᠬᠢ ᠬᠠᠷᠠᠴᠢᠨ ᠬᠣᠰᠢᠭᠣᠨ ᠤ | ᠲᠦᠴᠢᠨ ᠭᠡᠷ ᠰᠣᠮᠤ ︶ ᠳ᠋ᠤ ᠪᠠᠶᠢᠵᠠᠢ᠃ ᠵᠢᠯ ᠪᠦᠷᠢ ᠢᠢᠨ ᠪᠢᠯᠢᠭ | ᠦᠨ ᠤᠯᠠᠷᠢᠯ ᠦᠨ ᠶᠢᠰᠤᠨ ᠰᠠᠷ᠎ᠠ ᠢᠢᠨ ᠠᠷᠪᠠᠨ ᠲᠠᠪᠣᠨ ᠡᠴᠠ | ᠡᠬᠢᠯᠡᠨ᠂ ᠵᠠᠰᠠᠭ ᠶᠠᠮᠣᠨ ᠳᠤ ᠡᠳ᠋ᠦᠷ ᠪᠦᠷᠢ 4 ᠬᠦᠮᠦᠨ | ᠡᠭᠡᠯᠵᠢ ᠪᠡᠷ ᠵᠢᠰᠢᠶᠡᠯᠡᠨ᠂ ᠪᠠᠷᠰ ᠦᠨ ᠤᠷᠣᠵᠣ ᠭᠠᠷᠬᠤ ᠳᠠᠭᠤ | ᠴᠢᠮᠡᠭᠡ ᠶᠢ ᠣᠯᠵᠤ ᠰᠣᠨᠤᠰᠤᠮᠠᠭᠴᠠ᠂ ᠲᠣᠣᠷ᠎ᠠ ᠨᠢ ᠵᠡᠬᠦᠨ | ᠪᠠᠷᠠᠭᠣᠨ ᠬᠣᠶᠠᠷ ᠬᠣᠰᠢᠭᠤᠨ ᠤ ᠵᠢᠷᠭᠣᠭᠠᠨ ᠠᠩᠬᠢ ᠬᠦᠮᠦᠰ ᠢ | ᠴᠣᠭᠯᠠᠭᠣᠯᠵᠤ ᠠᠪᠠ ᠳᠤ ᠭᠠᠷᠤᠨ᠎ᠠ᠃ ᠠᠪᠠ ᠳ᠋ᠤ ᠭᠠᠷᠬᠣ ᠡᠴᠠ | ᠡᠮᠦᠨ᠎ᠠ ᠲᠠᠷᠭᠤᠨ ᠨᠣᠬᠠᠢ ᠨᠢᠭᠡ ᠢᠢ ᠪᠡᠯᠡᠳᠬᠡᠵᠤ ᠪᠠᠷᠰ ᠦᠨ | ᠮᠦᠷ ᠰᠤᠷᠠᠭ ᠲᠤᠳᠤ ᠦᠭᠡᠢ ᠪᠣᠯ ᠨᠣᠬᠠᠢ ᠪᠠᠨ ᠮᠣᠳ᠋ᠣᠨ ᠡᠴᠠ | ᠤᠶᠠᠨ᠎ᠠ᠂ ᠬᠦᠮᠦᠰ ᠦᠨ ᠶᠠᠪᠣᠬᠤ ᠶᠢ ᠦᠵᠡᠭᠰᠡᠨ ᠨᠣᠬᠠᠢ | ᠵᠣᠭᠰᠣᠰᠢ ᠦᠭᠡᠢ ᠬᠤᠴᠠᠵᠤ ᠭᠠᠰᠠᠯᠬᠤ ᠳᠦ ᠪᠠᠷᠰ ᠢᠷᠪᠡᠰ | ᠴᠢᠮᠡᠭᠡ ᠪᠡᠷ ᠨᠢ ᠬᠦᠷᠦᠯᠴᠡᠨ ᠢᠷᠡᠳᠡᠭ᠃ ᠢᠩᠭᠢᠵᠤ ᠦᠭᠶᠦᠭᠡ | ᠦᠭᠭᠦ ᠠᠷᠭ᠎ᠠ ᠪᠠᠷ ᠪᠠᠷᠰ ᠢ ᠣᠯᠳᠠᠭ᠃ ᠪᠠᠷᠰ ᠠᠩᠨᠠᠬᠤ ᠳ᠋ᠤ | ᠤᠷᠢᠳ᠋ᠠᠪᠠᠷ ᠬᠣᠮᠣᠷᠭᠠᠯᠠᠨ ᠬᠦᠷᠢᠶᠡᠯᠡᠵᠦ᠂ ᠡᠯ᠎ᠠ ᠠᠩᠬᠢ ᠤᠷᠣᠨ | ᠪᠠᠶᠢᠷᠢ ᠪᠠᠨ ᠤᠯᠵᠤ ᠪᠡᠯᠡᠳᠬᠡᠭᠰᠡᠨ ᠤ ᠳᠠᠷᠠᠭ᠎ᠠ ᠳᠠᠬᠢᠨ | ᠢᠳᠡᠭ ᠢᠳᠡᠭ ᠢᠶᠠᠷ ᠬᠦᠷᠢᠶ᠎ᠡ ᠪᠠᠨ ᠪᠠᠭᠠᠰᠬᠠᠵᠤ᠂ ᠪᠠᠷᠰ ᠦᠨ | ᠣᠶᠢᠷᠠᠬᠠᠨ ᠪᠠᠶᠢᠬᠤ ᠶᠢ ᠳᠣᠳ᠋ᠣᠷᠬᠠᠢ ᠮᠡᠳ᠋ᠡᠭᠰᠡᠨ ᠦᠶ᠎ᠡ ᠳᠦ | ᠬᠠᠷᠢᠯᠴᠠᠨ ᠨᠢᠭᠣᠴᠠ ᠳᠣᠬᠢᠶ᠎ᠠ ᠬᠦᠷᠭᠡᠵᠤ ᠰᠡᠷᠭᠡᠶᠢᠯᠡᠯᠳ᠋ᠡ | ᠪᠠᠨ ᠴᠢᠩᠭᠠᠳᠬᠠᠵᠣ᠂ ᠪᠠᠷᠰ ᠢ ᠤᠯᠵᠣ ᠬᠠᠷᠠᠮᠠᠭᠴᠠ ᠤᠷᠢᠳᠠᠪᠠᠷ | ᠦᠰᠦᠨ ᠤ ᠦᠩᠭᠡ ᠪᠠᠷ ᠡᠷᠡᠭᠴᠢᠨ ᠡᠮᠡᠭᠴᠢᠨ ᠢ ᠢᠯᠭᠠᠨ᠎ᠠ᠃ | ᠡᠮᠡᠭᠴᠢᠨ ᠪᠣᠯ ᠤᠶᠠᠨ ᠵᠠᠩ ᠬᠤᠯᠵᠢᠨ ᠴᠢᠨᠡᠷ ᠲᠠᠢ ᠪᠦᠬᠡᠳ | ᠠᠷᠭᠠᠴᠠᠬᠤ ᠳᠤ ᠪᠡᠷᠭᠡ᠂ ᠡᠷᠡᠭᠴᠢᠨ ᠪᠣᠯ ᠬᠡᠳᠡᠷ ᠲᠤᠭᠰᠢᠨ ᠂ | ᠪᠠᠷᠢᠬᠤ ᠳᠤ ᠠᠮᠠᠷᠬᠠᠨ ᠪᠠᠶᠢᠳ᠋ᠠᠭ᠃ ᠬᠡᠪᠲᠡᠷᠢ ᠡᠴᠡ ᠪᠡᠨ | ᠪᠣᠰᠬᠣ ᠦᠭᠡᠢ ᠪᠣᠶᠣ ᠳᠤᠭᠰᠢᠷᠠᠬᠣ ᠦᠭᠡᠢ ᠪᠣᠯ ᠲᠤᠭ | ᠨᠤᠶᠢᠷ ᠲᠤ ᠪᠠᠨ ᠪᠠᠶᠢᠭ᠎ᠠ ᠪᠠᠷᠰ᠂ ᠡᠶᠢᠮᠦᠷᠬᠦ ᠪᠠᠷᠰ ᠳᠠᠢ | ᠬᠠᠷᠭᠤᠪᠠᠯ ᠵᠢᠳᠠ ᠶᠢᠨ ᠦᠵᠦᠭᠦᠷ ᠲᠡᠭᠡᠷ᠎ᠠ ᠪᠠᠨ ᠬᠣᠣᠰ | ᠳᠤᠤᠭᠠᠷᠬᠤ ᠫᠣᠣᠵᠠᠩ ᠤᠶᠠᠵᠣ᠂ ᠲᠡᠬᠦᠨ ᠦ ᠥᠭᠡᠳᠡ ᠡᠴᠡ | ᠲᠠᠯᠪᠢᠬᠤ ᠳᠤ ᠪᠠᠷᠰ ᠰᠤᠴᠢᠯᠭᠠᠨ ᠳᠦ ᠪᠡᠨ ᠡᠭᠳᠡᠭᠦᠦ ᠨᠢ | ᠬᠦᠷᠴᠦ᠂ ᠠᠮᠠ ᠪᠠᠨ ᠠᠩᠭᠠᠶᠢᠨ ᠬᠦᠯ ᠢᠢᠠᠨ ᠰᠤᠩᠭᠠᠵᠤ᠂ | ᠰᠡᠭᠦᠯ ᠢᠶᠡᠷ ᠢᠶᠡᠨ ᠭᠠᠵᠠᠷ ᠭᠤᠶᠠᠳᠠᠨ᠂ ᠭᠣᠰ ᠦᠰᠦᠷᠤᠨ ᠪᠣᠰᠴᠤ | ᠬᠡᠳ᠋ᠡᠷᠬᠦ ᠳᠠᠭᠠᠷᠢᠨ᠎ᠠ᠃ ᠶᠠᠭ ᠡᠮᠦᠨ᠎ᠡ ᠬᠥᠯ ᠢᠶᠡᠷ ᠢᠶᠡᠨ | ᠭᠠᠵᠠᠷ ᠰᠢᠭᠦᠷᠡᠵᠦ ᠠᠮᠠ ᠪᠠᠨ ᠠᠩᠭᠠᠶᠢᠨ ᠦᠰᠦᠷᠭᠢᠯᠡᠬᠦ | ᠦᠶ᠎ᠡ ᠳᠦ᠂ ᠠᠩᠴᠢᠨ ᠵᠢᠳᠠᠨ ᠤ ᠦᠵᠦᠭᠦᠷ ᠢᠶᠠᠨ ᠪᠠᠷᠰ ᠦᠨ | ᠠᠮᠠᠨ ᠳ᠋ᠤᠨᠢ ᠤᠷᠤᠭᠤᠯᠤᠭᠠᠳ᠂ ᠪᠠᠷᠰ ᠤᠨ ᠰᠢᠭᠦᠷᠡᠬᠦ ᠬᠦᠴᠦᠨ ᠢ | ᠠᠰᠢᠭᠯᠠᠨ ᠬᠡᠯᠡᠨ ᠤ ᠤᠭ ᠡᠴᠠ ᠨᠢ ᠭᠠᠪᠠᠯᠠ ᠤᠷᠤᠭᠤ ᠨᠢ ᠴᠢᠴᠢᠨ | ᠣᠷᠣᠭᠤᠯᠪᠠᠯ ᠪᠠᠷᠰ ᠤᠨ ᠠᠮᠢ ᠶᠢ ᠲᠠᠰᠤᠯᠴᠢᠬᠠᠳᠠᠭ᠂ ᠬᠡᠷᠪᠡ | ᠲᠤᠭᠰᠢᠨ ᠪᠠᠷᠰ ᠠᠮᠢ ᠨᠢ ᠲᠤᠤᠷ᠎ᠠ ᠪᠠᠨ ᠲᠠᠰᠤᠷᠠᠬᠤ ᠦᠭᠡᠢ ᠪᠣᠯ | ᠫᠤᠤᠴᠢ ᠨᠠᠷ ᠫᠤᠤᠳᠠᠨ ᠠᠯᠠᠨ᠎ᠠ᠃ ᠵᠠᠷᠢᠮ ᠪᠠᠷᠰ ᠨᠢ ᠬᠤᠯᠵᠢᠨ | ᠠᠮᠠᠷᠬᠠᠨ ᠠᠩᠨᠠᠭᠳᠠᠬᠤ ᠦᠭᠡᠢ ᠪᠣᠯ ᠡᠳᠦᠷ ᠲᠦ ᠭᠤᠷᠪᠠ ᠲᠦᠷᠪᠡ | ᠤᠳᠠᠭ᠎ᠠ ᠬᠣᠮᠤᠷᠭᠠᠯᠠᠵᠤ ᠵᠠᠯᠭᠠᠯᠳᠤᠭ᠎ᠠ ᠪᠠᠷ ᠬᠡᠳᠦᠨ ᠡᠳᠦᠷ | ᠵᠠᠭᠤ ᠠᠴᠠ ᠬᠤᠶᠠᠷ ᠵᠠᠭᠤᠨ ᠭᠠᠵᠠᠷ ᠨᠡᠬᠡᠮᠵᠢᠯᠡᠵᠤ ᠪᠠᠶᠢᠭᠠᠳ | ᠰᠠᠶ᠋ᠢ ᠣᠯᠳᠠᠭ ᠴᠦ ᠪᠣᠢ᠃ | ᠵᠡᠭᠡᠷ᠎ᠠ ᠶᠢᠨ ᠠᠪᠠ ᠨᠢ ᠪᠠᠰᠠ ᠴᠤ ᠶᠡᠬᠡ ᠬᠡᠪᠴᠢᠶᠡᠨ ᠤ | ᠬᠤᠮᠤᠷᠭᠠᠨ ᠠᠪᠠ ᠳ᠋ᠤ ᠳᠣᠭᠠᠴᠢᠭᠳ᠋ᠠᠨᠠ᠃ ᠪᠠᠭᠠᠷᠢᠨᠴᠣᠳ ᠵᠢᠯ | ᠪᠦᠷᠢ ᠭᠣᠷᠪᠠ ᠤᠳ᠋ᠠᠭ᠎ᠠ ᠤᠯᠠᠩᠬᠢ ᠳᠦ ᠪᠡᠨ ᠲᠠᠮᠠᠭ᠎ᠠ ᠶᠢᠨ | ᠳᠠᠪᠠᠭ᠎ᠠ ︵ᠤᠳᠤᠬᠢ ᠪᠠᠭᠠᠷᠢᠨ ᠪᠠᠷᠠᠭᠤᠨ ᠬᠤᠰᠢᠭᠤᠨ ᠳᠤ ᠪᠣᠢ | ︶ᠳ᠋ᠤ ᠵᠡᠬᠡᠷᠠ ᠢᠢᠨ ᠠᠪᠠ ᠲᠠᠯᠪᠢᠳᠠᠭ᠃ ᠵᠡᠭᠡᠷ᠎ᠡ ᠶᠢᠨ ᠠᠪᠠ | ᠡᠬᠢᠯᠡᠭᠰᠡᠨ ᠲᠡᠷᠡ ᠡᠳᠦᠷ ᠡᠴᠡ ᠦᠢᠷ᠎ᠠ ᠣᠷᠴᠢᠮ ᠤᠨ ᠪᠢᠯᠠᠭᠣ | ᠳᠠᠭᠠᠭᠠᠬᠤ ᠴᠢᠳᠠᠯᠳᠠᠢ ᠡᠷᠡᠴᠤᠤᠯ ᠪᠦᠬᠦᠨ ᠠᠪᠠ ᠳᠤ ᠭᠠᠷᠳᠠᠭ᠃ | ᠡᠨᠡ ᠦᠶ᠎ᠡ ᠳᠦ ᠠᠭᠤᠯᠠ ᠲᠠᠯ᠎ᠠ ᠰᠢᠯᠢ ᠬᠦᠨᠳᠡᠢ ᠴᠠᠶᠢᠳᠠᠮ ᠳᠤ | ᠴᠦᠮ ᠮᠣᠷᠢ ᠤᠨᠣᠵᠣ ᠨᠣᠬᠠᠢ ᠳᠠᠭᠠᠭᠣᠯᠣᠨ ᠪᠢᠯᠠᠭᠣ ᠰᠢᠳ᠋ᠠᠮ | ᠡᠷᠬᠢᠬᠦᠯᠦᠭᠰᠡᠨ ᠬᠦᠮᠦᠨ ᠢᠶᠡᠷ ᠲᠦᠭᠦᠷᠴᠦ᠂ ᠠᠪᠠᠴᠢᠳ | ᠬᠤᠮᠤᠷᠭᠠᠯᠠᠵᠤ ᠬᠦᠷᠢᠶᠠᠯᠠᠭ᠍ᠰᠡᠨ ᠵᠠᠭᠣ ᠮᠢᠩᠭ᠎ᠠ ᠪᠠᠷ ᠠᠮᠢ | ᠲᠡᠮᠡᠴᠠᠨ ᠳᠠᠪᠬᠢᠯᠳᠤᠬᠤ ᠵᠡᠭᠡᠷ᠎ᠡ ᠶᠢᠨ ᠰᠦᠷᠦᠭ ᠡᠴᠡ | ᠲᠦᠷᠦᠭᠦᠯᠡᠵᠤ ᠪᠠᠶᠢᠭ᠎ᠠ ᠬᠡᠳᠦᠨ ᠰᠠᠶᠢᠨ ᠤᠭᠤᠨᠤ ᠶᠢ ᠰᠠᠯᠭᠠᠵᠤ | ᠠᠪᠤᠭᠠᠳ ᠬᠠᠷᠢᠯᠴᠠᠨ ᠳᠠᠮᠵᠢᠭᠤᠯᠤᠨ ᠡᠭᠡᠯᠵᠢᠯᠡᠨ ᠲᠠᠭᠤᠳᠠᠭ᠃ | ᠬᠡᠷᠪᠡ ᠢᠩᠬᠢᠬᠦ ᠦᠭᠡᠢ ᠳᠤᠷ᠎ᠠ ᠳᠣᠷ᠎ᠠ ᠪᠠᠷ ᠢᠢᠠᠨ ᠨᠡᠭᠡᠪᠡᠯ | ᠨᠢᠬᠡ ᠠᠩ ᠴᠤ ᠤᠯᠬᠣ ᠦᠭᠡᠢ ᠪᠣᠯᠳ᠋ᠠᠭ᠃ ᠵᠡᠭᠡᠷ᠎ᠠ ᠶᠢᠨ ᠠᠪᠠ ᠪᠣᠯ | ᠦᠨᠡᠨ ᠳ᠋ᠤ ᠪᠠᠨ ᠡᠷ᠎ᠡ ᠶᠢᠨ ᠰᠠᠶᠢᠨ᠂ ᠮᠣᠷᠢᠨ ᠤ ᠬᠤᠷᠳᠦᠨ᠂ | ᠨᠣᠬᠠᠢ ᠶᠢᠨ ᠬᠤᠷᠴᠠ ᠶᠢ ᠰᠢᠯᠭᠠᠷᠠᠭᠤᠯᠬᠤ ᠨᠢᠭᠡᠨ ᠭᠤᠶᠤ | ᠰᠠᠶᠢᠬᠠᠨ ᠬᠦᠷ ᠨᠠᠭᠠᠳᠤᠮ ᠪᠣᠯᠬᠤ ᠶᠤᠮ᠃ ᠲᠠᠭᠤᠭᠳᠠᠵᠤ ᠪᠠᠶᠢᠭ᠎ᠠ | ᠵᠡᠭᠡᠷ᠎ᠠ ᠬᠦᠴᠦᠨ ᠪᠠᠷᠠᠭᠳ᠋ᠠᠵᠣ ᠬᠦᠶᠦᠵᠦ ᠲᠡᠶᠢᠯᠬᠦ ᠦᠭᠡᠢ | ᠪᠣᠯᠬᠣ ᠦᠶ᠎ᠠ ᠳ᠋ᠤ ᠠᠪᠠᠴᠢᠳ ᠨᠣᠬᠠᠢ ᠪᠠᠨ ᠲᠤᠬᠢᠷᠴᠤ ᠲᠠᠲᠠᠨ | ᠤᠨᠠᠭᠠᠵᠤ ᠪᠠᠷᠢᠬᠤ ᠪᠣᠶᠤ ᠡᠰᠡᠭᠥᠯᠠ ᠪᠢᠯᠠᠭᠣ ᠪᠠᠷ ᠴᠤᠬᠢᠨ | ᠤᠨᠠᠭᠠᠬᠣ᠂ ᠡᠰᠡᠬᠦᠯ᠎ᠠ ᠮᠣᠷᠢ ᠪᠠᠷ ᠢᠢᠠᠨ ᠳᠠᠭᠠᠷᠢᠭᠤᠯᠤᠨ | ᠤᠨᠠᠭᠠᠵᠤ ᠪᠠᠷᠢᠨ᠎ᠠ᠃ ᠠᠪᠠ ᠢᠢᠨ ᠤᠯᠵᠠ ᠪᠠᠨ ᠤᠷᠢᠳ ᠬᠣᠵᠢᠳ | ᠬᠦᠷᠴᠤ ᠢᠷᠡᠨ ᠪᠠᠭᠤᠭᠰᠠᠨ ᠳᠠᠷᠠᠭᠠᠯᠠᠯ ᠢᠶᠠᠷ ᠤᠯᠠᠨ ᠳᠤ | ᠬᠤᠪᠢᠶᠠᠳᠠᠭ᠃ | ᠦᠨᠡᠭᠡ ᠪᠠ ᠴᠢᠨ᠋ᠸ᠎ᠠ ᠶᠢᠨ ᠠᠪᠠ ᠃ ᠠᠩᠴᠢᠳ︽ᠶᠢᠰᠦᠨ ᠰᠠᠷ᠎ᠠ | ᠢᠢᠨ ᠦᠨᠡᠭᠡ᠂ ᠠᠷᠪᠠᠨ ᠰᠠᠷ᠎ᠠ ᠢᠢᠨ ᠴᠢᠨ᠋ᠸ᠎ᠠ︾ ᠭᠡᠬᠦ | ᠦᠭᠡ ᠶᠢ ᠰᠡᠴᠡᠯᠡᠭᠰᠡᠨ ᠨᠢ ᠡᠨᠡ ᠬᠣᠶᠠᠷ ᠵᠦᠢᠯ ᠤᠨ ᠠᠮᠢᠳ᠋ᠠᠨ | ᠢ ᠠᠩᠨᠠᠬᠣ ᠬᠠᠮᠤᠭ ᠤᠨ ᠰᠠᠶᠢᠨ ᠴᠠᠭ ᠤᠯᠠᠷᠢᠯ ᠢ ᠵᠢᠭᠠᠭᠰᠠᠨ | ᠶᠤᠮ᠃ ᠶᠠᠷᠤ ᠨᠢ ᠦᠨᠡᠭᠡᠨ ᠠᠪᠠ ᠳ᠋ᠤ ᠤᠯᠠᠨ ᠬᠦᠮᠦᠨ ᠬᠡᠷᠡᠭᠰᠡᠬᠦ | ᠦᠭᠡᠢ᠂ ᠠᠪᠠᠯᠠᠬᠤ ᠳᠦ ᠪᠡᠨ ᠦᠷᠦᠭᠡᠰᠦᠨ ᠡᠳ᠋ᠦᠷ ᠢ | ᠲᠤᠬᠢᠶᠠᠯᠳᠤᠭᠤᠯᠤᠨ ᠦᠷ ᠢᠶᠡᠷ ᠮᠤᠷᠳᠠᠨ᠎ᠠ᠃ ᠤᠷᠢᠳ᠋ᠠᠪᠠᠷ | ᠠᠭᠤᠯᠠᠨ ᠠᠮᠨ ᠭᠣᠣᠯ ᠵᠠᠮ ᠲᠡᠭᠡᠷ᠎ᠡ ᠬᠦᠮᠦᠨ ᠢᠶᠡᠨ | ᠲᠤᠬᠢᠷᠠᠭᠤᠯᠤᠨ ᠪᠦᠭᠬᠦᠬᠦ ᠶᠢᠨ ᠬᠠᠮᠳᠤ᠂ ᠳᠠᠷᠠᠭ᠎ᠠ ᠨᠢ | ᠬᠢᠷ᠎ᠠ ᠶᠢᠨ ᠬᠦᠮᠦᠨ︵ᠠᠪᠠ ᠢᠢᠨ ᠲᠤᠬᠢᠶ᠎ᠠ | ᠲᠠᠯᠪᠢᠭᠴᠢ︶ᠦᠨᠳ᠋ᠦᠷ ᠭᠠᠵᠠᠷ ᠵᠣᠭᠰᠣᠵᠤ ᠦᠨᠡᠭᠡ ᠶᠢᠨ ᠬᠦᠶᠦᠬᠦ | ᠵᠦᠭ ᠴᠢᠭᠯᠡᠯ ᠢ ᠦᠨᠳ᠋ᠦᠰᠦᠯᠡᠨ ᠮᠠᠯᠠᠭᠠᠢ ᠪᠠᠨ ᠬᠣᠷᠦᠶᠢᠯᠠᠵᠤ | ᠵᠢᠯᠣᠭᠣᠳ᠋ᠣᠨᠠ᠃ ᠬᠢᠷ᠎ᠠ ᠶᠢᠨ ᠬᠦᠮᠦᠨ ᠪᠣᠯᠣᠨ ᠪᠦᠭᠬᠦᠭᠰᠡᠨ | ᠬᠦᠮᠦᠰ ᠬᠠᠮᠳ᠋ᠣ ᠪᠠᠷ ᠲᠣᠭ ᠳᠠᠯᠪᠠᠭ᠎ᠠ ᠡᠷᠬᠢᠬᠦᠯᠵᠦ | ᠪᠠᠷᠬᠢᠷᠠᠯᠴᠠᠨ ᠦᠨᠡᠭᠡ ᠢᠢ ᠨᠠᠭᠠᠰᠢ ᠴᠠᠭᠠᠰᠢ ᠤᠯᠠᠨᠳ᠋ᠠ | ᠬᠦᠶᠦᠯᠭᠡᠵᠦ ᠬᠦᠴᠦ ᠢᠢ ᠨᠢ ᠪᠠᠷᠠᠭᠠᠵᠣ | ᠲᠤᠶᠢᠯᠳᠠᠭᠤᠯᠤᠭᠰᠠᠨ ᠤ ᠳᠠᠷᠠᠭ᠎ᠠ᠂ ᠠᠪᠠ ᠢᠢᠨ ᠨᠣᠬᠠᠢ ᠪᠠᠨ | ᠳᠠᠯᠪᠢᠵᠣ ᠪᠠᠷᠢᠭᠣᠯᠣᠨᠠ᠃ ᠬᠡᠪᠡᠴᠦ ᠦᠨᠡᠭᠡ ᠪᠣᠯ ᠲᠦᠷᠦᠯᠬᠢ | ᠬᠣᠶᠢᠬᠣᠷ ᠬᠣᠯᠵᠢᠨ ᠲᠣᠯᠠ ᠠᠪᠠ ᠢᠢᠨ ᠨᠣᠬᠠᠢ ᠢᠢ ᠰᠡᠬᠦᠯ | ᠢᠢᠠᠷ ᠢᠢᠠᠨ ᠬᠠᠭᠤᠷᠬᠤ᠂ ᠡᠰᠡᠬᠦᠯ᠎ᠡ ᠵᠠᠪᠰᠢᠶᠠᠨ | ᠳᠠᠯᠢᠮᠳ᠋ᠠᠭᠤᠯᠵᠤ ᠬᠡᠳ᠋ᠡᠷᠬᠦ ᠳᠠᠭᠠᠷᠢᠨ ᠨᠣᠬᠠᠢ ᠢᠢᠨ ᠬᠠᠮᠠᠷ | ᠢ ᠬᠠᠵᠠᠨ ᠪᠣᠷᠤᠭᠤᠯᠠᠨ ᠲᠤᠲᠠᠭᠠᠳᠠᠭ᠃ ᠶᠢᠰᠦᠨ ᠰᠠᠷ᠎ᠠ ᠳ᠋ᠤ | ᠦᠨᠡᠭᠡ ᠠᠩᠨᠠᠳ᠋ᠠᠭ ᠦᠨ ᠰᠢᠯᠳ᠋ᠠᠭᠠᠨ ᠭᠡᠪᠡᠯ ᠄ ᠨᠢᠭᠡ ᠳ᠋ᠤ᠂ | ᠡᠨᠡ ᠦᠶ᠎ᠠ ᠢᠢᠨ ᠦᠨᠡᠭᠡᠨ ᠠᠷᠠᠰᠣᠨ ᠤ ᠴᠢᠨᠠᠷ ᠬᠠᠮᠣᠭ ᠰᠠᠶᠢᠨ ︔ | ᠬᠣᠶᠠᠷ ᠲᠦ᠂ ᠠᠷᠪᠠᠨ ᠰᠠᠷ᠎ᠠ ᠳᠤ ᠦᠨᠡᠭᠡ ᠬᠡᠭᠡᠯᠳ᠋ᠦᠬᠦ ᠲᠤᠯᠠ | ᠠᠩᠴᠢᠳ ᠬᠡᠭᠡᠯ ᠲᠠᠢ ᠦᠯᠦᠭᠴᠢᠨ ᠦᠨᠡᠭᠡ ᠠᠯᠠᠬᠤ ᠢᠢ ᠬᠠᠮᠣᠭ ᠡᠴᠠ | ᠴᠡᠭᠡᠷᠯᠡᠳᠡᠭ᠃ ᠴᠢᠨ᠋ᠸ᠎ᠠ ᠶᠢᠨ ᠠᠪᠠ ᠶᠢᠨ ᠤᠯᠠᠩᠬᠢ ᠨᠢ | ᠴᠢᠨ᠋ᠸ᠎ᠠ ᠮᠠᠯ ᠰᠦᠷᠦᠭ ᠢ ᠪᠠᠷᠢᠵᠤ ᠰᠦᠢᠳᠬᠡᠳᠡᠭ ᠲᠤᠯᠠ | ᠴᠢᠨ᠋ᠸ᠎ᠠ ᠶᠢᠨ ᠠᠶᠤᠯ ᠢ ᠠᠷᠢᠯᠭᠠᠬᠣ ᠵᠣᠷᠢᠯᠭ᠎ᠠ ᠲᠠᠢ | ᠶᠠᠪᠤᠭᠳᠠᠳᠠᠭ᠃ ᠴᠢᠨ᠋ᠸ᠎ᠠ ᠶᠢᠨ ᠠᠪᠠ ᠶᠢ ᠨᠡᠶᠢᠳ᠋ᠡᠴᠢ | ᠴᠢᠨᠠᠷᠳ᠋ᠠᠢ ᠠᠪᠠ ᠬᠢᠬᠦ ᠪᠣᠯᠣᠨ ᠭᠠᠭᠴᠠᠭᠠᠷ ᠬᠢᠬᠦ ᠪᠤᠶᠤ | ᠬᠡᠳᠦᠭᠦᠯᠡ᠂ ᠨᠡᠶᠢᠯᠡᠵᠤ ᠲᠠᠲᠠᠭ᠎ᠠ ᠠᠪᠠ ᠬᠢᠬᠦ ᠬᠣᠶᠡᠷ ᠵᠦᠢᠯ | ᠪᠠᠶᠢᠳ᠋ᠠᠭ᠃ ᠴᠢᠨ᠋ᠸ᠎ᠠ ᠠᠩᠨᠠᠬᠣ ᠳ᠋ᠤ ᠤᠷᠢᠳ᠋ᠠᠪᠠᠷ ᠨᠢᠭᠡᠨ | ᠬᠡᠰᠡᠭ ᠲᠠᠭᠤᠭᠠᠳ ᠬᠦᠴᠦ ᠨᠢ ᠮᠣᠬᠤᠬᠤ ᠦᠶ᠎ᠡ ᠳᠦ ᠭᠠᠭᠴᠠᠬᠠᠨ | ᠴᠤᠬᠢᠵᠤ ᠠᠯᠠᠳᠠᠭ᠃ ᠬᠡᠷᠪᠡ ᠪᠡᠯᠲᠡᠷᠬᠡ ᠲᠠᠢ ᠦᠯᠦᠭᠴᠢᠨ | ᠴᠢᠨ᠋ᠸ᠎ᠠ ᠬᠠᠷᠭᠣᠪᠠᠯ᠂ ᠤᠷᠢᠳ᠋ᠠᠪᠠᠷ ᠦᠯᠦᠭᠴᠢᠨ ᠴᠢᠨ᠋ᠸ᠎ᠠ ᠢᠢ | ᠠᠯᠠᠵᠤ᠂ ᠲᠠᠷᠠᠭ᠎ᠠ ᠨᠢ ᠤᠳᠤᠭ᠎ᠠ ᠪᠠᠷ ᠡᠭᠦᠷ ᠢ ᠨᠢ ᠤᠳᠤᠵᠤ | ᠪᠡᠯᠳ᠋ᠡᠷᠭᠡ ᠢᠢ ᠨᠢ ᠠᠯᠠᠳ᠋ᠠᠭ᠃ ᠬᠡᠷᠪᠡ ᠰᠦᠷᠦᠭ ᠠᠴᠠ ᠪᠠᠨ | ᠰᠠᠯᠤᠨ ᠭᠠᠭᠴᠠ ᠬᠤᠶᠠᠷ ᠢᠶᠠᠷ ᠶᠠᠪᠣᠵᠤ ᠪᠠᠶᠢᠭ᠎ᠠ ᠴᠢᠨ᠋ᠸ᠎ᠠ | ᠲᠠᠢ ᠲᠠᠭᠠᠷᠠᠪᠠᠯ ᠬᠠᠰᠢᠷ ᠠᠩᠴᠢᠳ ᠴᠢᠨ᠋ᠸ᠎ᠠ ᠢᠢᠨ ᠠᠮᠢᠳ᠋ᠤᠷᠠᠯ | ᠦᠨ ᠳᠠᠳᠬᠠᠯ ᠢ ᠦᠨᠳᠦᠰᠦᠯᠡᠨ ᠭᠠᠭᠴᠠᠭᠠᠷ ᠪᠣᠶᠤ ᠬᠡᠳᠦᠭᠦᠯᠡ | ᠤᠷᠠᠬ᠎ᠠ ᠳᠠᠯᠪᠢᠬᠣ᠂ ᠲᠡᠮᠦᠷ ᠵᠠᠩᠭᠤ ᠲᠠᠢ ᠬᠠᠪᠬ᠎ᠠ ᠳᠠᠯᠪᠢᠬᠣ | ᠵᠡᠷᠭᠡ ᠠᠷᠭ᠎ᠠ ᠪᠠᠷ ᠠᠯᠠᠳᠠᠭ᠃ | ᠭᠡᠭᠡᠷ᠎ᠠ ᠢᠢᠨ ᠭᠠᠬᠠᠢ᠂ ᠲᠠᠣᠯᠠᠢ ᠵᠢᠴᠢ ᠪᠣᠰᠣᠳ ᠠᠮᠢᠳ᠋ᠠᠨ | ᠢ ᠠᠪᠠᠯᠠᠬᠣ᠃ ᠬᠡᠬᠡᠷ᠎ᠠ ᠢᠢᠨ ᠭᠠᠬᠠᠢ ᠪᠣᠯ ᠲᠡᠩᠲᠡ | ᠪᠠᠷᠲᠠᠭᠠᠳᠦ ᠪᠠᠯᠠᠷ ᠤᠢ ᠲᠤᠮᠳᠠ ᠠᠮᠢᠳ᠋ᠣᠷᠠᠳ᠋ᠠᠭ᠃ ᠭᠡᠭᠡᠷ᠎ᠠ | ᠢᠢᠨ ᠭᠠᠬᠠᠢ ᠠᠩᠨᠠᠬᠣ ᠳ᠋ᠤ ᠠᠩᠴᠢᠳ ᠭᠠᠬᠠᠢ ᠢᠢᠨ ᠤᠯᠠᠨ | ᠵᠦᠢᠯ ᠦᠨ ᠪᠠᠶᠢᠳᠠᠯ ᠢ ᠦᠨᠳ᠋ᠦᠰᠦᠯᠡᠵᠦ ᠠᠳ᠋ᠠᠯᠢ ᠪᠣᠰᠣ ᠶᠢᠨ | ᠠᠷᠭ᠎ᠠ ᠪᠡᠷ ᠠᠪᠠᠯᠠᠳᠠᠭ᠃ ᠦᠷᠭᠦᠯᠵᠢ ᠨᠠᠷᠠᠰᠣᠨ ᠦ | ᠲᠠᠪᠠᠷᠬᠠᠢ ᠶᠢ ᠱᠦᠷᠭᠦᠭᠡᠵᠤ ᠨᠠᠷᠢᠨ ᠬᠠᠶᠢᠷ ᠲᠡᠭᠡᠷ᠎ᠡ | ᠬᠦᠷᠪᠡᠳᠡᠭ ᠢ ︽ᠬᠣᠶᠠᠭᠳ᠋ᠦ ᠭᠠᠬᠠᠢ︾ ᠭᠡᠳ᠋ᠡᠭ᠃ ᠰᠣᠶᠣᠭ᠎ᠠ | ᠰᠢᠳ᠋ᠣ ᠨᠢ ᠬᠣᠷᠴᠠ ᠢᠷ ᠲᠠᠢ ᠢᠢ ᠨᠢ︽ᠮᠡᠷᠭᠡᠨ ᠰᠡᠵᠢᠭᠦᠷ︾ | ᠬᠡᠳ᠋ᠡᠭ᠃ ᠨᠡᠯᠢᠶᠡᠳ ᠬᠦᠭᠰᠢᠷᠡᠭᠡᠳ ᠰᠣᠶᠣᠭ᠎ᠠ ᠨᠢ | ᠮᠢᠲᠠᠷᠠᠭᠰᠠᠨ ᠮᠡᠭᠡᠵᠢ ᠭᠠᠬᠠᠢ ᠢᠢ︽ᠨᠣᠭᠲᠤᠲᠤ | ᠭᠠᠬᠠᠢ︾ᠭᠡᠳ᠋ᠡᠭ᠃︽ᠬᠣᠶᠠᠭᠳ᠋ᠣ ᠭᠠᠬᠠᠢ︾ ᠢᠢᠨ ᠠᠷᠠᠰᠣ ᠨᠢ | ᠵᠣᠵᠠᠭᠠᠨ ᠲᠣᠯᠠ ᠬᠢᠳ᠋ᠤᠭᠠ ᠮᠡᠰᠡ ᠣᠷᠤᠳᠠᠭ ᠦᠭᠡᠢ᠂ ᠪᠠᠷᠢᠬᠣ | ᠳ᠋ᠤ ᠬᠠᠮᠣᠭ ᠬᠦᠴᠢᠷ ᠪᠠᠶᠢᠳ᠋ᠠᠭ᠃ ᠳᠡᠳ᠋ᠡᠭᠡᠷ ᠤᠬᠠᠭᠠᠨ ᠴᠢᠳ᠋ᠠᠯ | ᠬᠣᠣᠰᠯᠠᠭᠰᠠᠨ ᠠᠩᠴᠢᠳ︽ᠬᠣᠶᠠᠭᠳ᠋ᠣ ᠭᠠᠬᠠᠢ︾ ᠶᠢ ᠠᠪᠠᠯᠠᠬᠤ ᠳᠤ | ᠬᠠᠷᠢᠨ ᠲᠡᠭᠦᠨ ᠦ ᠳᠡᠭᠡᠷ᠎ᠠ ᠵᠠᠶᠢᠳᠠᠯᠠᠵᠤ᠂ ᠠᠮᠢᠨ ᠭᠠᠵᠠᠷ ᠢ | ᠨᠢ ᠬᠢᠳ᠋ᠣᠭᠠᠯᠠᠵᠤ ᠠᠯᠠᠳ᠋ᠠᠭ ᠪᠠᠶᠢᠨ᠎ᠠ᠃ ᠰᠤᠷᠮᠠᠭᠠᠢ ᠠᠪᠠ | ᠢᠢᠨ ᠨᠣᠬᠠᠢ ᠪᠣᠯ ᠬᠡᠭᠡᠷ᠎ᠡ ᠶᠢᠨ ᠭᠠᠬᠠᠢ ᠶᠢᠨ ᠨᠢᠮᠭᠡᠨ | ᠴᠠᠪᠢ ᠶᠢ ᠬᠤ᠋ ᠲᠠᠲᠠᠭᠠᠳ᠂ ᠬᠡᠳ᠋ᠦ ᠬᠡᠳ᠋ᠦᠭᠦᠯᠡ ᠨᠡᠶᠢᠯᠡᠵᠦ | ᠠᠷᠠᠰᠤ ᠶᠢ ᠨᠢ ᠲᠠᠰᠣᠳ᠋ᠠᠨ ᠤᠷᠠᠵᠣ ᠵᠠᠭᠤᠵᠤ ᠠᠯᠠᠳ᠋ᠠᠭ᠃ | ᠲᠠᠦᠯᠠᠢ ᠢᠢᠨ ᠠᠪᠠ ᠄ ᠮᠠᠯᠵᠢᠬᠣ ᠤᠷᠣᠨ ᠪᠣᠯᠣᠨ ᠬᠠᠭᠠᠰ | ᠲᠠᠷᠢᠶᠠᠯᠠᠬᠤ ᠬᠠᠭᠠᠰ ᠮᠠᠯᠵᠢᠬᠤ ᠤᠷᠣᠨ ᠦ ᠮᠤᠩᠭᠤᠯᠴᠤᠳ ᠵᠢᠯ | ᠪᠦᠷᠢ ᠢᠢᠨ ᠪᠢᠯᠢᠭ ᠦᠨ ᠤᠯᠠᠷᠢᠯ ᠤᠨ ᠴᠠᠭᠠᠨ ᠰᠠᠷ᠎ᠠ ᠢᠢᠨ | ᠠᠷᠪᠠᠨ ᠲᠣᠯᠣᠭᠠᠨ ᠡᠴᠠ ᠡᠬᠢᠯᠡᠨ ᠭᠣᠷᠪᠠᠨ ᠰᠠᠷ᠎ᠠ ᠢᠢᠨ | ᠰᠢᠨ᠎ᠡ ᠶᠢᠨ ᠨᠢᠭᠡᠨ ᠪᠣᠯᠳ᠋ᠠᠯ᠎ᠠ ᠦᠷᠦᠭᠡᠰᠦᠨ ᠡᠳ᠋ᠦᠷ ᠪᠣᠯᠭᠠᠨ | ᠲᠠᠤᠯᠠᠢ ᠶᠢᠨ ᠠᠪᠠ ᠬᠢᠳᠡᠭ᠃ ᠲᠠᠣᠯᠠᠢ ᠢᠢᠨ ᠠᠪᠠ ᠠᠶᠣᠯ ᠦᠭᠡᠢ᠂ | ᠦᠪᠡᠷ ᠦᠨ ᠳᠤᠷ᠎ᠠ ᠪᠠᠷ ᠠᠪᠠᠯᠠᠳᠠᠭ᠃ ᠳᠠᠣᠯᠠᠢ ᠠᠪᠠᠯᠠᠬᠤ ᠳ᠋ᠤ | ᠬᠡᠳᠦᠶᠢᠪᠡᠷ ᠬᠠᠮᠳ᠋ᠣ ᠪᠠᠷ ᠬᠣᠮᠣᠷᠭᠠᠯᠠᠨ ᠠᠩᠨᠠᠳ᠋ᠠᠭ | ᠪᠣᠯᠪᠠᠴᠣ ᠬᠡᠨ ᠤᠷᠢᠳ᠋ᠠᠪᠠᠷ ᠴᠤᠬᠢᠵᠤ ᠠᠯᠠᠭᠰᠠᠨ ᠪᠤᠶᠤ | ᠬᠠᠷᠪᠣᠵᠣ ᠠᠯᠠᠭᠰᠠᠨ ᠪᠣᠯ ᠬᠡᠨ ᠤ ᠬᠢ ᠪᠣᠯᠣᠨ᠎ᠠ᠃ ᠠᠪᠠ ᠢᠢᠨ | ᠨᠣᠬᠠᠢ ᠢᠢᠨ ᠪᠠᠷᠢᠭᠰᠠᠨ ᠲᠠᠤᠯᠠᠢ ᠶᠢ ᠬᠡᠨ ᠤᠷᠢᠲᠠᠵᠤ ᠮᠣᠷᠢᠨ | ᠡᠴᠠ ᠪᠠᠨ ᠪᠠᠭᠤᠭᠠᠳ ᠠᠪᠴᠤ ᠵᠠᠪᠳᠤᠪᠠᠯ ᠬᠡᠨ ᠦ ᠬᠢ ᠪᠣᠯᠣᠨ᠎ᠠ᠃ | ᠵᠢᠬᠦᠷᠳ᠋ᠡᠨ ᠤ ᠠᠪᠠ ᠄ ᠮᠤᠩᠭᠤᠯᠴᠤᠳ ᠲᠣᠭᠤᠳᠠᠭ᠂ ᠭᠤᠷᠭᠤᠤᠯ᠂ | ᠢᠲᠠᠭᠤ ᠵᠡᠷᠭᠡ ᠵᠢᠬᠦᠷᠳᠡᠨ ᠡᠴᠡ ᠪᠣᠰᠣᠳ ᠬᠣᠨ ᠭᠠᠯᠠᠭᠣ᠂ | ᠬᠠᠯᠢᠭᠤᠨ ᠭᠠᠯᠠᠭᠣ᠂ ᠯᠠᠮᠠ ᠭᠠᠯᠠᠭᠣ᠂ ᠲᠣᠭᠣᠷᠣᠣ ᠶᠢ ᠶᠡᠷᠦᠳᠡ | ᠠᠩᠨᠠᠳᠠᠭ ᠦᠬᠡᠢ᠃ ᠲᠡᠳᠡ ᠭᠠᠯᠠᠭᠣ ᠪᠤᠯᠣᠨ ᠲᠣᠭᠣᠷᠣᠣ ᠶᠢ | ᠦᠯᠵᠠᠢ ᠪᠡᠯᠭᠡ ᠲᠠᠢ ᠤᠷᠳ᠋ᠣ ᠨᠠᠰᠣᠯᠠᠬᠣ ᠵᠢᠭᠦᠷᠳᠡᠨ ᠭᠡᠵᠤ | ᠦᠵᠡᠳᠡᠭ ᠲᠤᠯᠠ ᠠᠯᠠᠵᠤ ᠨᠢᠳᠤᠯᠬᠤ ᠶᠢ ᠲᠤᠩ ᠴᠡᠭᠡᠷᠯᠡᠳᠡᠭ᠃ | ᠤᠶᠠᠬᠠᠨ ᠬᠠᠪᠣᠷ ᠤᠨ ᠴᠠᠭ ᠬᠤᠰᠢᠭᠤᠷᠠᠨ ᠨᠢᠰᠤᠭ᠍ᠰᠡᠨ | ᠠᠩᠬᠠᠨ ᠤ ᠭᠠᠯᠠᠭᠤᠳ ᠠᠷᠤ ᠭᠠᠵᠠᠷ ᠭᠠᠩᠭᠠᠨᠠᠯᠳᠤᠨ ᠢᠷᠡᠬᠦ ᠦᠶ᠎ᠡ | ᠳ᠋ᠤ᠂ ᠮᠣᠩᠭᠣᠯ ᠦᠨᠳ᠋ᠦᠰᠦᠳ᠋ᠡᠨ ᠤ ᠵᠠᠯᠠᠭᠣ ᠪᠡᠷᠢᠶᠡᠳ ᠭᠤᠶᠤ | ᠰᠠᠶᠢᠬᠠᠨ ᠬᠣᠪᠴᠠᠰᠣ ᠬᠤᠨᠠᠷ ᠢᠶᠠᠨ ᠡᠮᠦᠰᠴᠦ ᠵᠠᠰᠠᠨ | ᠴᠢᠮᠡᠭᠡᠳ᠂ ᠭᠡᠷ ᠡᠴᠡ ᠪᠡᠨ ᠭᠠᠷᠴᠤ ᠤᠭᠳᠤᠨ᠂ ᠭᠠᠯᠠᠭᠤᠨ ᠰᠦᠷᠦᠭ | ᠦᠩᠭᠡᠷᠡᠳᠡᠯ᠎ᠡ ᠲᠦᠪ ᠬᠢᠴᠢᠶᠠᠩᠭᠦᠢ ᠭᠠᠷ ᠲᠠᠯᠪᠢᠨ ᠵᠤᠭᠰᠤᠵᠤ | ᠦᠳ᠋ᠡᠳ᠋ᠡᠭ ᠪᠢᠯᠡ᠃ ᠡᠬᠦᠨ ᠡᠴᠠ ᠭᠠᠳ᠋ᠠᠨ᠎ᠠ᠂ ᠮᠣᠩᠭᠣᠯᠴᠣᠳ ᠪᠠᠰᠠ | ᠮᠠᠩᠭᠢᠰᠤ ᠶᠢ ᠠᠯᠠᠬᠤ ᠳᠤ ᠲᠡᠮᠦᠷ ᠵᠡᠪᠰᠡᠭ ᠬᠡᠷᠡᠭᠯᠡᠬᠦ ᠶᠢ | ᠴᠡᠭᠡᠷᠯᠡᠳ᠋ᠡᠭ ᠶᠤᠰᠤ ᠭᠤᠷᠢᠮ ᠲᠠᠢ ᠶᠤᠮ᠃ | | | |