ᠬᠣᠪᠴᠠᠰᠣ ᠵᠠᠰᠠᠯ ᠮᠣᠩᠭᠣᠯ ᠦᠨᠳ᠋ᠦᠰᠦᠳ᠋ᠡᠨ ᠤ ᠬᠣᠪᠴᠠᠰᠣ | ᠵᠠᠰᠠᠯ ᠨᠢ ᠨᠡᠭᠦᠳᠡᠯᠯᠡᠨ ᠮᠠᠯᠵᠢᠬᠣ ᠠᠮᠢᠳ᠋ᠣᠷᠠᠯ ᠲᠠᠢ | ᠬᠠᠷᠢᠯᠴᠠᠨ ᠵᠤᠬᠢᠷᠠᠯᠴᠠᠵᠤ᠂ ᠡᠷᠳ᠋ᠡᠨ ᠡᠴᠠ ᠡᠳ᠋ᠦᠭᠡ | ᠪᠣᠯᠳ᠋ᠠᠯ᠎ᠠ ᠪᠦᠷ ᠲᠡᠷᠯᠢᠭ ᠡᠮᠦᠰᠴᠦ᠂ ᠡᠮᠦᠰᠪᠡᠯ ᠬᠣᠪᠴᠠᠰᠣ | ᠲᠠᠶᠢᠯᠪᠠᠯ ᠬᠦᠨᠵᠢᠯᠡ ᠪᠣᠯᠵᠣ᠂ ᠮᠣᠷᠢ ᠤᠨᠣᠬᠣ ᠳ᠋ᠤ ᠡᠪᠦᠳ᠋ᠦᠭ | ᠢ ᠬᠠᠮᠠᠭᠠᠯᠠᠬᠣ ᠦᠢᠯᠡᠳ᠋ᠦᠯ ᠲᠠᠢ ᠪᠠᠶᠢᠳ᠋ᠠᠭ᠃ ᠲᠡᠷᠯᠢᠭ ᠦᠨ | ᠡᠩᠭᠡᠷ ᠨᠢ ᠲᠤᠳᠤᠭᠠᠳᠤ ᠡᠩᠭᠡᠷ ᠢᠶᠡᠨ ᠡᠮᠦᠨ᠎ᠡ ᠡᠩᠭᠡᠷ ᠢᠶᠡᠷ | ᠲᠠᠷᠤᠭᠤᠯᠵᠤ ᠪᠠᠷᠠᠭᠤᠨ ᠰᠤᠭᠤᠨ ᠳᠤ ᠲᠤᠪᠴᠢᠯᠠᠳᠠᠭ᠂ ᠪᠣᠰᠣᠭ᠎ᠠ | ᠵᠠᠭᠠᠮ᠎ᠠ ᠳᠠᠢ᠂ ᠨᠢᠷᠤᠭᠤ ᠶᠢᠨ ᠬᠡᠰᠡᠭ ᠲᠦ ᠬᠤᠨᠢᠶᠠᠰᠤ | ᠭᠠᠷᠭᠠᠳᠠᠭ᠃ ᠠᠷᠣ ᠬᠣᠷᠴᠢᠨ ᠤ ᠬᠤᠶᠢᠳᠦ ᠬᠡᠰᠡᠭ ᠪᠠ | ᠬᠡᠰᠢᠭᠳ᠋ᠡᠨ ᠤ ᠮᠣᠩᠭᠣᠯ ᠲᠡᠷᠯᠢᠭ ᠪᠣᠯ ᠠᠭᠣᠵᠢᠭᠣ ᠡᠯᠪᠡᠭ | ᠪᠦᠬᠡᠳ ᠤᠷᠳ᠋ᠦ ᠨᠢ ᠭᠠᠵᠠᠷ ᠰᠢᠭᠦᠷᠡᠳᠡᠭ᠃ ᠠᠷᠣ ᠬᠣᠷᠴᠢᠨ ᠤ | ᠡᠮᠦᠨ᠎ᠡ ᠬᠡᠰᠡᠭ᠂ ᠪᠠᠭᠠᠷᠢᠨ ᠵᠡᠬᠦᠨ ᠬᠤᠰᠢᠭᠤ᠂ ᠤᠩᠨᠢᠭᠣᠳ᠂ | ᠬᠠᠷᠠᠴᠢᠨ᠂ ᠠᠤᠬᠠᠨ ᠵᠡᠷᠭᠡ ᠤᠷᠣᠨ ᠤ ᠮᠣᠩᠭᠣᠯ ᠲᠡᠷᠯᠢᠭ ᠪᠣᠯ | ᠠᠭᠤᠵᠢᠮ ᠡᠯᠪᠡᠭ ᠪᠢᠰᠢ᠂ ᠤᠨᠤᠭᠤ ᠲᠠᠢ᠂ ᠪᠦᠰᠡᠯᠡᠭᠦᠷ ᠨᠢ ᠦᠷᠭᠡᠨ | ᠪᠦᠭᠡᠳ ᠵᠣᠵᠠᠭᠠᠨ ᠪᠠᠶᠢᠵᠣ᠂ ᠲᠡᠷᠯᠢᠭ ᠢᠶᠡᠨ ᠪᠠᠰᠠ ᠶᠠᠩᠵᠣ | ᠪᠦᠷᠢ ᠢᠢᠨ ᠦᠩᠭᠡ ᠪᠠᠷ ᠡᠮᠵᠢᠶᠡᠷᠢᠯᠡᠨ ᠬᠦᠪᠡᠭᠡᠯᠡᠳᠡᠭ᠃ | ᠬᠤᠪᠴᠠᠰᠤ ᠬᠢᠬᠦ ᠳᠤ ᠪᠠᠨ ᠠᠷᠠᠰᠣ᠂ ᠨᠣᠣᠰᠣ᠂ ᠬᠦᠪᠦᠩ᠂ | ᠲᠣᠷᠭ᠎ᠠ ᠵᠡᠷᠭᠡ ᠠᠳ᠋ᠠᠯᠢ ᠪᠣᠰᠤ ᠮᠠᠲ᠋ᠧᠷᠢᠶᠠᠯ ᠬᠡᠷᠡᠭᠯᠡᠳᠡᠭ | ᠪᠦᠭᠡᠳ ᠤᠯᠠᠭᠠᠨ᠂ ᠬᠦᠷᠡᠩ᠂ ᠶᠠᠭᠠᠨ᠂ ᠨᠣᠭᠣᠭᠠᠨ᠂ ᠬᠦᠬᠡ᠂ ᠴᠠᠭᠠᠨ | ᠵᠡᠷᠭᠡ ᠶᠠᠩᠵᠣ ᠪᠦᠷᠢ ᠢᠢᠨ ᠦᠩᠭᠡ ᠪᠠᠶᠢᠵᠣ ᠪᠣᠯᠣᠨ᠎ᠠ᠃ | ᠠᠮᠢᠳᠤᠷᠠᠯ ᠨᠢ ᠪᠠᠶᠠᠯᠢᠭ ᠪᠣᠯ ᠦᠨᠡᠭᠡᠨ ᠠᠷᠠᠰᠣ᠂ ᠴᠢᠨ᠋ᠸ᠎ᠠ | ᠢᠢᠨ ᠠᠷᠠᠰᠣ᠂ ᠬᠣᠷᠠᠭᠠᠨ ᠠᠷᠠᠰᠣ ᠵᠡᠷᠬᠡ ᠦᠨᠡᠳ᠋ᠦ ᠠᠷᠠᠰᠣ ᠪᠠᠷ | ᠲᠡᠪᠡᠯ ᠬᠢᠵᠦ᠂ ᠪᠦᠰ᠂ ᠲᠣᠷᠭ᠎ᠠ ᠲᠣᠷᠳ᠋ᠣᠩ ᠢᠢᠠᠷ | ᠭᠠᠳᠠᠷᠯᠠᠳᠠᠭ᠃ ᠶᠠᠳ᠋ᠠᠭᠣ ᠠᠶᠢᠯ ᠦᠨ ᠬᠢᠨ ᠤᠯᠠᠩᠬᠢ ᠳ᠋ᠤ ᠪᠠᠨ | ᠴᠠᠭᠠᠮᠠᠯ ᠢᠮᠠᠭᠠᠨ ᠠᠷᠠᠰᠤ ᠪᠠᠷ ᠬᠦᠷᠮ᠎ᠡ ᠬᠢᠵᠦ ᠡᠮᠦᠰᠳ᠋ᠡᠭ᠃ | ᠮᠣᠩᠭᠣᠯ ᠦᠨᠳ᠋ᠦᠰᠦᠳ᠋ᠡᠨ ᠤ ᠬᠣᠪᠴᠠᠰᠣ ᠶᠢᠨ ᠨᠡᠷᠡᠶᠢᠳ᠋ᠦᠯ | ᠤᠯᠠᠨ ᠪᠠᠶᠢᠵᠣ᠂ ᠳ᠋ᠠᠩ ᠴᠠᠮᠴᠠ᠂ ᠳᠠᠪᠬᠣᠷ ᠲᠡᠷᠯᠢᠭ᠂ ᠫᠠᠩᠬᠣ | ︵ᠬᠦᠪᠦᠩ ᠳᠡᠪᠡᠯ︶᠂ ᠳᠠᠪᠡᠯ ︵ᠠᠷᠠᠰᠣᠨ ᠳᠡᠪᠡᠯ︶᠂ ᠤᠣᠵᠢ᠂ | ᠬᠦᠷᠮ᠎ᠠ ᠭᠡᠬᠦ ᠮᠡᠳ᠋ᠦ ᠪᠠᠷ ᠨᠡᠷᠡᠯᠡᠳ᠋ᠡᠭ᠃ ᠲᠡᠷᠯᠢᠭ ᠦᠨ | ᠭᠠᠳ᠋ᠠᠭᠣᠷ ᠡᠷᠡᠭᠳ᠋ᠡᠢ ᠬᠦᠮᠦᠨ ᠤᠬᠣᠷ ᠤᠣᠵᠢ ᠡᠮᠦᠰᠴᠦ᠂ | ᠡᠮᠡᠭᠳ᠋ᠡᠢ ᠬᠦᠮᠦᠨ ᠤᠷᠳ᠋ᠣ ᠤᠣᠵᠢ ᠡᠮᠦᠰᠳ᠋ᠡᠭ᠃ ᠮᠣᠩᠭᠣᠯ | ᠬᠣᠪᠴᠠᠰᠣ ᠡᠮᠦᠰᠬᠦ ᠳ᠋ᠤ ᠵᠠᠪᠠᠯ ᠪᠦᠰᠡ ᠪᠦᠰᠡᠯᠡᠬᠦ | ᠬᠡᠷᠡᠭᠳ᠋ᠡᠢ᠃ ᠪᠦᠰᠡ ᠢᠢᠨ ᠤᠷᠳ᠋ᠣ ᠨᠢ ᠨᠢᠭᠡ ᠬᠤᠤᠰ ᠠᠯᠳᠠ | ᠲᠦᠷᠪᠡᠨ ᠲᠤᠬᠤᠢ ᠡᠴᠠ ᠨᠢᠭᠡ ᠬᠣᠣᠰ ᠠᠯᠳᠠ ᠵᠢᠷᠭᠣᠭᠠᠨ ᠳᠣᠬᠣᠢ | ᠪᠠᠶᠢᠵᠣ᠂ ᠤᠯᠠᠩᠬᠢ ᠨᠢ ᠪᠦᠳ᠋ᠦᠨ ᠡᠩ ᠳᠠᠢ ᠦᠩᠭᠡᠳ᠋ᠦ ᠲᠣᠷᠭ᠎ᠠ | ᠪᠠᠷ ᠬᠢᠳ᠋ᠡᠭ᠃ ᠡᠷᠡᠭᠳ᠋ᠡᠢ ᠬᠦᠮᠦᠨ ᠪᠦᠰᠡ ᠪᠦᠰᠡᠯᠡᠬᠦ ᠳ᠋ᠤ ᠪᠠᠨ | ᠲᠡᠷᠯᠢᠭ ᠢᠢᠠᠨ ᠲᠡᠭᠡᠭᠰᠢ ᠠᠭᠰᠠᠭᠠᠵᠤ᠂ ᠠᠷᠣ ᠬᠣᠷᠮᠣᠢ ᠢᠢ ᠨᠢ | ᠡᠮᠦᠨ᠎ᠠ ᠬᠣᠷᠮᠣᠢ ᠡᠴᠠ ᠪᠠᠨ ᠤᠬᠣᠷ ᠰᠢᠭ ᠪᠠᠶᠢᠯᠭᠠᠳ᠋ᠠᠭ ᠨᠢ | ᠴᠠᠬᠢᠷᠠᠭ ᠪᠦᠬᠡᠳ ᠭᠠᠩᠭᠠᠩ ᠬᠡᠬᠡᠮᠰᠦᠭ ᠦᠵᠡᠭᠳ᠋ᠡᠬᠦ ᠪᠠᠷ | ᠪᠠᠷᠠᠬᠣ ᠦᠭᠡᠢ ᠮᠣᠷᠢ ᠤᠨᠣᠬᠣ ᠳ᠋ᠤ ᠲᠦᠭᠦᠮ᠂ ᠡᠩᠭᠡᠷ ᠲᠣᠳ᠋ᠣᠷ᠎ᠠ | ᠪᠠᠨ ᠶᠠᠭᠣᠮ᠎ᠠ ᠡᠪᠦᠷᠯᠡᠬᠦ ᠳ᠋ᠤ ᠵᠣᠬᠢᠴᠠᠭᠰᠠᠨ ᠪᠠᠶᠢᠳ᠋ᠠᠭ᠃ | ᠡᠮᠡᠭᠳ᠋ᠡᠢ ᠬᠦᠮᠦᠨ ᠪᠣᠯ ᠶᠠᠭ ᠡᠰᠡᠷᠬᠦ᠂ ᠲᠡᠷᠯᠢᠭ ᠦᠨ | ᠲᠤᠳᠤᠷ ᠢ ᠳᠣᠷᠣᠭᠰᠢ ᠳᠠᠳ᠋ᠠᠵᠣ ᠪᠦᠰᠡ ᠪᠦᠰᠡᠯᠡᠨ᠂ ᠪᠡᠶ᠎ᠠ | ᠪᠠᠶᠢᠳ᠋ᠠᠯ ᠰᠢᠯᠣᠭᠣᠨ ᠲᠦᠯᠬᠡᠬᠡᠨ ᠭᠠᠯᠪᠢᠷ ᠰᠠᠶᠢᠬᠠᠨ ᠢᠢᠠᠨ | ᠢᠯᠡᠷᠡᠭᠦᠯᠳ᠋ᠡᠭ᠃ ᠭᠡᠬᠦ ᠳᠤ ᠪᠠᠨ ᠪᠦᠰᠡᠯᠡᠭᠦᠷ ᠪᠣᠯᠣᠨ | ᠲᠡᠷᠯᠢᠭ ᠦᠨ ᠦᠩᠭᠡ ᠬᠠᠷᠢᠯᠴᠠᠨ ᠤᠨᠳᠤᠣ ᠦᠩᠭᠡ ᠪᠠᠶᠢᠵᠤ᠂ | ᠪᠦᠰᠡᠯᠡᠭᠦᠷ ᠦᠨ ᠬᠣᠶᠠᠷ ᠦᠵᠦᠭᠦᠷ ᠢ ᠨᠢ ᠳᠡᠩᠴᠡᠬᠦᠯᠵᠦ ᠰᠣᠭᠣᠨ | ᠠᠴᠠ ᠠᠷᠤᠨᠰᠢ ᠴᠠᠴᠤᠭ ᠭᠠᠷᠭᠠᠵᠤ ᠪᠦᠰᠡᠯᠡᠨ᠎ᠡ᠃ ᠠᠷᠤ ᠬᠣᠷᠴᠢᠨ | ᠪᠣᠯᠣᠨ ᠬᠡᠰᠢᠭᠳ᠋ᠡᠨ ᠤ ᠬᠣᠶᠢᠳ᠋ᠣ ᠬᠡᠰᠡᠭ ᠦᠨ ᠬᠦᠢᠳ᠋ᠡᠨ ᠰᠢᠭ | ᠤᠷᠣᠨ ᠤ ᠡᠷᠡᠭᠳ᠋ᠡᠶᠢᠴᠦᠳ ᠪᠠᠰᠠ ᠭᠤᠶᠠᠪᠴᠢ ᠡᠮᠦᠰᠳ᠋ᠡᠭ᠂ | ᠭᠤᠶᠠᠪᠴᠢ ᠶᠢ ᠠᠷᠠᠰᠣ ᠪᠠᠷ ᠬᠢᠳ᠋ᠡᠭ᠂ ᠵᠠᠬ᠎ᠠ ᠦᠭᠡᠢ᠂ ᠳᠡᠭᠡᠷ᠎ᠠ | ᠳᠣᠣᠷ᠎ᠠ ᠳᠠᠯ᠎ᠠ ᠳ᠋ᠤ ᠪᠠᠨ ᠪᠦᠴᠠ ᠳᠠᠢ᠂ ᠳᠡᠭᠡᠷ᠎ᠠ ᠳᠠᠯ᠎ᠠ ᠢᠢᠨ | ᠪᠦᠴᠡ ᠢᠢ ᠨᠢᠷᠤᠭᠤ ᠪᠠᠷ ᠤᠶᠠᠵᠣ᠂ ᠳᠣᠣᠷ᠎ᠠ ᠳᠠᠯ᠎ᠠ ᠢᠢᠨ | ᠪᠦᠴᠡ ᠢᠢ ᠬᠦᠯ ᠤᠨ ᠰᠢᠯᠪᠢ ᠪᠡᠷ ᠤᠶᠠᠳ᠋ᠠᠭ ᠶᠤᠮ᠃ | ᠡᠮᠡᠭᠲᠡᠶᠢᠴᠦᠳ ᠴᠤ ᠴᠠᠮᠴᠠ ᠡᠮᠦᠰᠬᠦ ᠳᠣᠷᠠᠳ᠋ᠠᠢ | ᠪᠠᠶᠢᠳ᠋ᠠᠭ᠃ ᠶᠡᠷᠦᠳ᠋ᠡᠬᠡᠨ ᠨᠠᠰᠣ ᠠᠬᠢᠭᠰᠠᠨ ᠡᠮᠡᠭᠳ᠋ᠡᠶᠢᠴᠦᠳ | ᠴᠠᠭᠠᠨ ᠴᠠᠮᠴᠠ ᠡᠮᠦᠰᠴᠦ᠂ ᠵᠠᠯᠠᠭᠤᠴᠤᠳ ᠪᠠ ᠲᠤᠮᠳᠠ ᠨᠠᠰᠤᠨ ᠤ | ᠡᠮᠡᠭᠳ᠋ᠡᠶᠢᠴᠦᠳ ᠲᠠᠰᠢᠶᠠᠪᠴᠢ ᠳᠡᠪᠡᠯ ᠡᠮᠦᠰᠦᠨ᠂ | ᠤᠷᠣᠭᠯᠠᠭᠰᠠᠨ ᠡᠮᠡᠭᠳ᠋ᠡᠶᠢᠴᠦᠳ ᠬᠣᠷᠴᠠ ᠦᠩᠭᠡᠳ᠋ᠡᠢ ᠲᠡᠷᠯᠢᠭ | ᠦᠨ ᠭᠠᠳ᠋ᠠᠭᠣᠷ ᠤᠷᠳ᠋ᠣ ᠤᠣᠵᠢ ᠳᠠᠪᠬᠤᠷᠯᠠᠨ ᠡᠮᠦᠰᠳ᠋ᠡᠭ᠃ | ᠬᠡᠰᠢᠭᠳ᠋ᠡᠨ᠂ ᠠᠷᠣ ᠬᠣᠷᠴᠢᠨ ᠤ ᠬᠣᠶᠢᠲᠣ ᠬᠡᠰᠡᠭ ᠦᠨ ᠮᠤᠩᠭᠤᠯ | ᠲᠠᠰᠢᠶᠠᠪᠴᠢ ᠳᠡᠪᠡᠯ ᠨᠢ ᠤᠨᠤᠭᠤ ᠦᠭᠡᠢ᠂ ᠪᠣᠰᠣᠳ ᠭᠠᠵᠠᠷ ᠦᠨ | ᠲᠠᠰᠢᠶᠠᠪᠴᠢ ᠳᠡᠪᠡᠯ ᠨᠢ ᠬᠣᠷᠮᠣᠢ ᠪᠠᠷ ᠢᠶᠠᠨ ᠰᠢᠬᠠᠭᠤ᠂ | ᠤᠨᠤᠭᠤ ᠲᠠᠢ ᠪᠠᠶᠢᠳᠠᠭ᠂ ᠪᠠᠷᠠᠭᠤᠨ ᠲᠠᠯ᠎ᠠ ᠳᠦ ᠪᠡᠨ ᠡᠩᠭᠡᠷ | ᠭᠠᠷᠭᠠᠵᠤ᠂ ᠬᠤᠤᠰ ᠳᠣᠪᠴᠢ ᠬᠠᠳᠠᠵᠤ᠂ ᠮᠠᠨᠵᠣ ᠲᠡᠷᠯᠢᠭ ᠲᠠᠢ | ᠠᠳ᠋ᠠᠯᠢᠪᠳ᠋ᠣᠷ ᠪᠠᠶᠢᠳᠠᠭ᠃ ᠤᠯᠠᠩᠬᠢ ᠳ᠋ᠤ ᠪᠠᠨ ᠬᠤᠨᠳᠤᠨ᠂ | ᠬᠠᠷᠠᠩᠭᠤᠢ ᠨᠣᠭᠣᠭᠠᠨ᠂ ᠬᠦᠢᠬᠡᠨ ᠰᠢᠷ᠎ᠠ ᠪᠣᠶᠣ ᠬᠦᠬᠡ ᠦᠩᠭᠡ | ᠳᠠᠢ ᠪᠠᠶᠢᠵᠤ᠂ ᠳᠡᠪᠡᠯ ᠦᠨ ᠭᠠᠳ᠋ᠠᠭᠣᠷ ᠬᠦᠷᠮ᠎ᠡ ᠪᠤᠶᠤ ᠤᠣᠵᠢ | ᠡᠮᠦᠰᠴᠦ᠂ ᠪᠦᠰᠡ ᠪᠦᠰᠡᠯᠡᠳ᠋ᠡᠭ᠃ ᠡᠪᠦᠯ ᠦᠨ ᠤᠯᠠᠷᠢᠯ ᠦᠨ | ᠬᠠᠨᠴᠣᠶᠢᠪᠴᠢ ᠪᠠᠨ ᠲᠣᠷᠭᠠᠨ ᠤᠳ᠋ᠠᠰᠣ ᠪᠠᠷ ᠬᠣᠧᠠᠷ ᠬᠠᠳᠬᠣᠵᠣ᠂ | ᠠᠯᠳ᠋ᠠᠨ ᠦᠩᠭᠡ ᠪᠠᠷ ᠬᠦᠪᠡᠬᠡᠯᠡᠬᠦ ᠢᠢ ᠡᠷᠬᠢᠮᠯᠡᠳ᠋ᠡᠭ᠃ | ᠮᠠᠯᠠᠭᠠᠢ ᠠᠯᠴᠢᠭᠤᠷ ᠮᠠᠯᠠᠭᠠᠢ ᠢᠢ ᠶᠡᠷᠤ ᠳᠤ ᠪᠠᠨ | ᠶᠣᠰᠣᠯᠠᠯ ᠦᠨ ᠮᠠᠯᠠᠭᠠᠢ ᠪᠠ ᠶᠡᠷᠦ ᠢᠢᠨ ᠮᠠᠯᠠᠭᠠᠢ ᠭᠡᠵᠦ | ᠬᠣᠪᠢᠶᠠᠳ᠋ᠠᠭ᠃ ᠶᠣᠰᠣᠯᠠᠯ ᠦᠨ ᠮᠠᠯᠠᠭᠠᠢ ᠨᠢ ᠡᠪᠦᠯ ᠵᠣᠨ ᠤ | ᠭᠡᠵᠦ ᠢᠯᠭᠠᠭ᠎ᠠ ᠳᠠᠢ᠂ ᠵᠣᠨ ᠤ ᠮᠠᠯᠠᠭᠠᠢ ᠨᠢ ᠴᠢᠩ ᠤᠯᠣᠰ ᠦᠨ | ᠤᠯᠠᠭᠠᠨ ᠵᠠᠯᠠᠭ᠎ᠠ ᠲᠠᠢ ᠱᠣᠪᠤᠭᠤᠷ ᠪᠥᠷᠬᠦ ᠮᠠᠯᠠᠭᠠᠢ ᠢᠢ | ᠳᠠᠭᠣᠷᠢᠶᠠᠨ ᠬᠢᠵᠤ᠂ ᠡᠪᠦᠯ ᠦᠨ ᠮᠠᠯᠠᠭᠠᠢ ᠨᠢ ᠬᠦᠪᠡᠭᠡ ᠲᠠᠢ | ᠤᠯᠠᠭᠠᠨ ᠵᠠᠯᠠᠭᠠᠳᠤ ᠬᠦᠢᠳᠡᠨ ᠡᠴᠡ ᠰᠡᠷᠭᠡᠶᠢᠯᠡᠬᠦ ᠮᠠᠯᠠᠭᠠᠢ | ᠪᠣᠯᠣᠨ᠎ᠠ᠃ ᠶᠡᠷᠦ ᠢᠢᠨ ᠴᠠᠭ ᠲᠤ ᠬᠠᠪᠣᠷ ᠨᠠᠮᠣᠷ ᠡᠪᠦᠯ ᠪᠦᠷ | ᠲᠣᠭᠤᠷᠴᠤᠭ ᠡᠮᠦᠰᠳᠡᠭ᠃ ᠴᠢᠯᠦᠭᠡᠯᠡᠭᠳ᠋ᠡᠭᠰᠡᠨ ᠤ ᠳᠠᠷᠠᠭ᠎ᠠ᠂ | ᠡᠷᠡᠭᠳ᠋ᠡᠢ ᠡᠮᠡᠭᠳ᠋ᠡᠢ ᠭᠡᠰᠡᠨ ᠦᠭᠡᠢ ᠪᠦᠷ ᠶᠡᠷᠤ ᠶᠢᠨ | ᠶᠣᠰᠣᠯᠠᠯ ᠦᠨ ᠮᠠᠯᠠᠭᠠᠢ ᠡᠮᠦᠰᠳᠡᠭ ᠪᠣᠶᠤ ᠡᠰᠡᠭᠦᠯ᠎ᠠ | ᠡᠷᠡᠭᠳ᠋ᠡᠶᠢᠴᠦᠳ ᠤᠷᠳᠤ ᠰᠠᠷᠠᠪᠴᠢᠳᠤ ᠮᠠᠯᠠᠭᠠᠢ ᠡᠮᠦᠰᠴᠦ᠂ | ᠡᠮᠡᠭᠳ᠋ᠡᠶᠢᠴᠦᠳ ᠨᠢ ᠪᠦᠰ ᠠᠯᠴᠢᠭᠣᠷ᠂ ᠨᠣᠣᠰᠣᠨ ᠠᠯᠴᠢᠭᠣᠷ᠂ | ᠲᠣᠷᠭᠠᠨ ᠠᠯᠴᠢᠭᠣᠷ ᠵᠡᠷᠭᠡ ᠪᠠᠷ ᠳᠣᠯᠣᠭᠠᠢ ᠪᠠᠨ ᠤᠷᠢᠶᠠᠬᠤ | ᠳᠠᠳᠬᠠᠯ ᠲᠠᠢ ᠪᠣᠯᠵᠠᠢ᠃ | ᠭᠣᠳ᠋ᠣᠯ ᠮᠣᠷᠢ ᠤᠨᠤᠬᠤ ᠳᠤ ᠲᠦᠭᠦᠮ᠂ ᠵᠣᠨ ᠤ ᠴᠠᠭ ᠲᠦ | ᠪᠠᠲᠠᠭᠠᠨ᠎ᠠ ᠰᠢᠮᠠᠭᠤᠯ ᠠᠴᠠ ᠰᠡᠷᠬᠡᠶᠢᠯᠡᠬᠦ᠂ ᠡᠪᠦᠯ ᠦᠨ ᠴᠠᠭ | ᠲᠣᠯᠠᠭᠠᠨ ᠪᠠᠶᠢᠳ᠋ᠠᠭ ᠡᠴᠠ ᠡᠷᠡᠭᠳ᠋ᠡᠢ ᠡᠮᠡᠭᠳ᠋ᠡᠢ ᠭᠡᠰᠡᠨ | ᠦᠭᠡᠢ ᠵᠢᠯ ᠦᠨ ᠲᠦᠷᠪᠡᠨ ᠤᠯᠠᠷᠢᠯ ᠳ᠋ᠤ ᠴᠦᠮ ᠭᠣᠳ᠋ᠣᠯ | ᠡᠮᠦᠰᠳ᠋ᠡᠭ᠃ ᠭᠣᠳ᠋ᠣᠯ ᠳᠤ ᠪᠦᠰ ᠭᠣᠳ᠋ᠣᠯ᠂ ᠢᠰᠡᠭᠡᠢ ᠭᠣᠳᠤᠯ᠂ | ᠠᠷᠠᠰᠣᠨ ᠭᠣᠳ᠋ᠣᠯ ᠭᠡᠵᠦ ᠭᠤᠷᠪᠠᠨ ᠵᠦᠢᠯ ᠪᠠᠶᠢᠳᠠᠭ᠃ ᠪᠦᠷ ᠭᠠᠷ | ᠢᠶᠠᠷ ᠤᠷᠠᠯᠠᠨ ᠤᠶᠣᠵᠣ ᠬᠢᠳᠡᠭ᠃ ᠵᠡᠬᠦᠬᠦ ᠵᠠᠰᠠᠯ ᠵᠢᠮᠰᠡᠭ᠄ | ᠪᠠᠷᠠᠭᠤᠨ ᠲᠠᠰᠢᠶᠠᠨ ᠳᠦ ᠪᠡᠨ ᠬᠢᠲᠤᠭ᠎ᠠ ᠰᠦᠢᠷᠡᠵᠤ᠂ | ᠬᠢᠳ᠋ᠣᠭ᠎ᠠ ᠨᠢ ᠬᠣᠢ ᠳᠠᠢ᠂ ᠬᠤᠢ ᠳᠦ ᠪᠡᠨ ᠶᠠᠰᠣ ᠪᠣᠶᠣ ᠮᠦᠩᠭᠦ | ᠪᠠᠷ ᠬᠢᠭᠰᠡᠨ ᠵᠦᠢᠷᠡᠢ ᠰᠠᠪᠬ᠎ᠠ ᠲᠠᠢ ᠪᠠᠢᠳᠠᠭ᠃ ᠬᠢᠳ᠋ᠣᠭᠠᠨ | ᠬᠣᠢ ᠢᠢ ᠮᠦᠩᠭᠦ᠂ ᠴᠠᠭᠠᠨ ᠭᠠᠤᠯᠢ᠂ ᠬᠦᠷᠡᠯ᠂ ᠳᠣᠯᠠᠨ ᠵᠢᠭᠠᠰᠣᠨ | ᠤ ᠠᠷᠠᠰᠣ ᠵᠡᠷᠭᠡ ᠪᠠᠷ ᠬᠢᠵᠦ᠂ ᠡᠪᠯᠢᠭ ᠰᠠᠶᠢᠬᠠᠨ ᠬᠡ ᠤᠭᠠᠯᠵᠠ | ᠰᠡᠶᠢᠯᠪᠦᠷᠢᠯᠠᠭ᠍ᠰᠡᠨ ᠪᠠᠶᠢᠳᠠᠭ᠃ ᠮᠣᠩᠭᠣᠯ ᠬᠢᠳ᠋ᠣᠭ᠎ᠠ ᠨᠢ | ᠲᠠᠯ᠎ᠠ ᠢᠷ ᠳᠠᠢ᠂ ᠤᠷᠳ᠋ᠣ ᠨᠢ 8 ᠢᠮᠠᠬᠣ᠂ ᠦᠷᠭᠡᠨ ᠨᠢ 5 ᠬᠤᠪᠢ᠂ | ᠬᠢᠳ᠋ᠣᠭ᠎ᠠ ᠢᠢᠨ ᠪᠠᠷᠢᠭᠣᠯ ᠨᠢ ᠠᠯᠳ᠋ᠠ ᠪᠣᠶᠣ ᠮᠦᠩᠭᠥᠨ | ᠰᠢᠭᠢᠳᠬᠡᠬᠡᠷᠢ ᠲᠠᠢ ᠪᠠᠶᠢᠳᠠᠭ ᠪᠠ ᠪᠠᠰᠠ ᠬᠠᠲᠠᠭᠤ ᠮᠣᠳ᠋ᠣ᠂ | ᠦᠭᠡᠷ ᠬᠣᠨᠢᠨ ᠤ ᠡᠪᠡᠷ ᠪᠣᠶᠤ ᠲᠡᠮᠡᠭᠡᠨ ᠶᠠᠰᠣ ᠪᠠᠷ ᠬᠢᠵᠤ᠂ | ᠪᠣᠷᠣᠭᠵᠢᠭᠣᠨ ᠶᠡᠭᠡᠮᠰᠦᠭ ᠭᠤᠶᠤ ᠰᠠᠶᠢᠬᠠᠨ ᠪᠠᠶᠢᠳᠠᠭ᠃ | ᠪᠠᠷᠠᠭᠤᠨ ᠲᠠᠰᠢᠶᠠᠨ ᠳᠦ ᠪᠡᠨ ᠬᠡᠳ᠋ᠡ ᠴᠠᠬᠢᠭᠣᠷ ᠵᠡᠭᠦᠵᠤ᠂ | ᠵᠡᠬᠦᠨ ᠲᠠᠯ᠎ᠠ ᠶᠢᠨ ᠤᠷᠢᠲᠠᠢ ᠪᠠᠨ ᠬᠦᠬᠦᠷ ᠬᠢᠳᠡᠭ ᠳᠠᠯᠢᠶᠠᠷ | ᠰᠦᠢᠷᠠᠳᠠᠭ᠃ ᠬᠡᠷᠪᠡ ᠭᠠᠩᠰᠠ ᠪᠣᠶᠣ ᠳᠠᠮᠠᠬᠢᠨ ᠤᠭᠣᠳ᠋ᠠ ᠳᠠᠢ | ᠪᠣᠯ ᠮᠦᠨ ᠨᠢᠷᠤᠭᠤᠨ ᠠᠷᠤ ᠲᠠᠯ᠎ᠠ ᠶᠢᠨ ᠵᠡᠬᠦᠨ ᠪᠠᠷᠠᠭᠣᠨ ᠳ᠋ᠤ | ᠪᠦᠰᠡᠯᠡᠭᠦᠷ ᠲᠤ ᠪᠠᠨ ᠬᠠᠪᠴᠢᠭᠣᠯᠣᠨ ᠵᠡᠬᠦᠳ᠋ᠡᠭ᠃ ᠬᠦᠬᠦᠷ ᠢ | ᠴᠢᠩ ᠤᠯᠣᠰ ᠦᠨ ᠦᠶ᠎ᠠ ᠳ᠋ᠤ ᠪᠦᠷ ᠦᠪᠡᠷ ᠢᠢᠠᠨ ᠬᠢᠳ᠋ᠡᠭ ᠪᠠ | ᠪᠦᠮᠪᠦᠭᠡᠨ ᠬᠡᠯᠪᠡᠷᠢᠳ᠋ᠠᠢ᠂ ᠪᠦᠭᠡᠷᠴᠡᠭ ᠬᠡᠯᠪᠡᠷᠢᠳ᠋ᠠᠢ᠂ | ᠵᠣᠣᠪᠠᠩ ᠬᠡᠯᠪᠡᠷᠢᠳ᠋ᠠᠢ᠂ ᠲᠦᠩᠰᠡ ᠬᠡᠯᠪᠡᠷᠢᠳ᠋ᠠᠢ᠂ | ᠭᠣᠷᠪᠠᠯᠵᠢᠨ ᠬᠡᠯᠪᠡᠷᠢᠳ᠋ᠠᠢ ᠶᠠᠩᠵᠣ ᠪᠦᠷᠢ ᠢᠢᠨ ᠪᠠᠶᠢᠳᠠᠭ᠃ | ᠬᠦᠬᠦᠷ ᠢ ᠮᠦᠩᠭᠦᠨ ᠬᠦᠢᠯᠡᠰᠦᠨ ᠮᠣᠳ᠋ᠣᠨ ᠤ ᠦᠨᠳ᠋ᠦᠰᠦ᠂ ᠪᠠᠯᠦ | ᠮᠤᠳᠤᠨ ᠤ ᠦᠨᠳ᠋ᠦᠰᠦ᠂ ᠦᠭᠡᠷ ᠦᠨ ᠡᠪᠡᠷ᠂ ᠬᠠᠰ᠂ ᠮᠠᠨᠣ᠂ | ᠪᠣᠯᠣᠷ᠂ ᠣᠭ᠍ᠶᠤ᠂ ᠨᠠᠷᠢᠯᠢᠭ ᠱᠠᠭᠠᠵᠠᠩ ᠵᠡᠷᠭᠡ | ᠮᠠᠲ᠋ᠧᠷᠢᠶᠠᠯ ᠢᠶᠠᠷ ᠬᠢᠳ᠋ᠡᠭ᠃ ᠦᠨᠡᠲᠦ ᠴᠢᠯᠠᠭᠤ ᠪᠠᠷ | ᠤᠷᠠᠯᠠᠵᠤ ᠪᠦᠳᠦᠭᠡᠭᠰᠡᠨ ᠠᠮᠠᠰᠠᠷ ᠲᠠᠢ ᠨᠢ ᠠᠶᠠᠨᠳᠠᠭᠠᠨ ᠵᠢᠵᠢᠭ | ᠬᠤᠳᠬᠤᠭᠤᠷ ᠵᠠᠯᠭᠠᠯᠳᠤᠵᠤ᠂ ᠬᠢᠴᠡ ᠤᠷᠠᠯᠠᠯ ᠨᠢ ᠤᠨᠴᠠᠭᠠᠢ | ᠭᠤᠶᠢᠳᠠ ᠪᠠᠶᠢᠳᠠᠭ᠃ | ᠲᠣᠯᠣᠭᠠᠢ ᠢᠢᠨ ᠵᠠᠰᠠᠯ ᠮᠣᠩᠭᠣᠯ ᠡᠮᠡᠭᠲᠡᠶᠢᠴᠦᠳ ᠦᠨ | ᠳᠣᠯᠣᠭᠠᠢ ᠢᠢᠨ ᠵᠠᠰᠠᠯ ᠦᠪᠡᠷᠮᠢᠴᠡ ᠤᠨᠴᠠᠯᠢᠭ ᠳᠠᠢ ᠃ | ᠬᠤᠷᠢᠮᠯᠠᠭᠰᠠᠨ ᠪᠦᠰᠡᠭᠦᠶᠢᠴᠦᠳ ᠤᠭ ᠪᠣᠭᠤᠬᠣ ᠪᠣᠶᠣ ᠬᠣᠶᠡᠷ | ᠤᠷᠲᠤ ᠭᠡᠵᠢᠭᠡ ᠬᠦᠷᠦᠵᠦ᠂ ᠬᠠᠪᠲᠠᠭᠠᠢ ᠬᠠᠳᠬᠤᠭᠤᠷ ᠬᠠᠳᠬᠤᠬᠤ | ᠪᠦᠭᠡᠳ ᠱᠢᠷᠦ᠂ ᠮᠠᠨᠣ᠂ ᠬᠠᠰ ᠳᠠᠳ᠋ᠠᠭᠣᠷ ᠲᠠᠲᠠᠵᠤ᠂ ᠭᠠᠳ᠋ᠠᠭᠣᠷ | ᠨᠢ ᠲᠣᠷᠭ᠎ᠠ ᠲᠣᠷᠳ᠋ᠣᠩ ᠢᠢᠠᠷ ᠤᠷᠢᠶᠠᠳ᠋ᠠᠭ᠃ 9 13 ᠨᠠᠰᠣᠨ ᠤ | ᠥᠬᠢᠳ ᠴᠢᠬᠢ ᠪᠠᠨ ᠬᠠᠳᠬᠤᠳᠠᠭ ᠪᠣᠯᠪᠠᠴᠤ ᠤᠷᠣᠭᠯᠠᠭᠰᠠᠨ ᠤ | ᠳᠠᠷᠠᠭ᠎ᠠ ᠰᠠᠶ᠋ᠢ ᠰᠦᠢᠬᠡ ᠵᠡᠬᠦᠵᠦ ᠪᠣᠯᠣᠨ᠎ᠠ᠃ ᠭᠠᠳ᠋ᠠᠷ | ᠬᠣᠪᠴᠠᠰᠣᠨ ᠤ ᠪᠠᠨ ᠡᠩᠭᠡᠷ ᠲᠣᠪᠴᠢ ᠳᠦ ᠤᠯᠠᠨ ᠵᠦᠢᠯ ᠦᠨ | ᠬᠠᠰ᠂ ᠣᠭ᠍ᠶᠤ᠂ ᠮᠠᠨᠣ᠂ ᠠᠯᠳ᠋ᠠ ᠮᠦᠩᠭᠦᠨ ᠴᠢᠮᠡᠭᠯᠡᠯ ᠦᠨ ᠡᠳ᠋ | ᠵᠡᠬᠦᠵᠦ᠂ ᠪᠠᠶᠠᠨ ᠡᠷᠬᠢᠮ ᠢᠢᠠᠨ ᠭᠠᠶᠢᠬᠠᠭᠣᠯᠳ᠋ᠠᠭ ᠴᠦ ᠪᠣᠢ᠃ | ᠬᠡᠦᠬᠡᠨᠴᠦᠳ ᠳᠣᠬᠣᠨ ᠠᠷᠤ ᠳᠦ ᠪᠡᠨ ᠨᠢᠭᠡ ᠯᠡ ᠬᠡᠵᠢᠭᠡ | ᠬᠦᠷᠦᠵᠦ᠂ ᠨᠠᠷᠢᠯᠢᠭ ᠠᠪᠰᠠᠷᠬᠠᠨ ᠭᠤᠶᠤᠮᠰᠤᠭ ᠲᠤᠯᠤᠭᠠᠢ ᠶᠢᠨ | ᠵᠠᠰᠠᠯ ᠵᠡᠬᠦᠳ᠋ᠡᠭ᠂ ᠰᠦᠢᠬᠡ ᠵᠡᠬᠦᠬᠦ ᠦᠭᠡᠢ᠃ ᠪᠦᠬᠡᠵᠢ ᠢᠢ | ᠵᠦᠪᠬᠡᠨ ᠢᠳ᠋ᠠᠮ ᠬᠣᠷᠣᠭᠣ ᠪᠣᠶᠣ ᠰᠢᠬᠡᠵᠢ ᠬᠣᠷᠣᠭᠣᠨ ᠳ᠋ᠤ | ᠵᠡᠬᠦᠵᠦ᠂ ᠳᠣᠮᠳ᠋ᠠ ᠬᠣᠷᠣᠭᠣᠨ ᠳ᠋ᠤ ᠪᠠᠨ ᠵᠡᠬᠦᠬᠦ ᠢᠢ | ᠴᠡᠬᠡᠷᠯᠡᠳ᠋ᠡᠭ᠃ ᠪᠠᠭᠣᠣ ᠢᠢ ᠵᠦᠪᠬᠡᠨ ᠵᠡᠬᠦᠨ ᠭᠠᠷ ᠦᠨ | ᠪᠠᠭᠤᠤ ᠳ᠋ᠤ ᠨᠢᠭᠡᠯᠬᠡᠨ ᠢ ᠵᠡᠬᠦᠳ᠋ᠡᠭ᠃ | ᠰᠢᠨ᠎ᠠ ᠳᠣᠮᠳ᠋ᠠᠳ᠋ᠣ ᠤᠯᠣᠰ ᠪᠠᠶᠢᠭᠣᠯᠣᠭᠳ᠋ᠠᠭᠰᠠᠨ ᠤ | ᠳᠠᠷᠠᠭ᠎ᠠ᠂ ᠤᠨᠴᠠᠭᠠᠶᠢᠯᠠᠨ ᠨᠠᠶᠠᠭᠠᠳ ᠤᠨ ᠡᠴᠠ ᠨᠠᠭᠠᠰᠢ | ᠮᠣᠩᠭᠣᠯ ᠦᠨᠳᠦᠰᠦᠲᠡᠨ ᠦ ᠬᠣᠪᠴᠠᠰᠣ ᠵᠠᠰᠠᠯ ᠴᠠᠭ ᠦᠨ ᠤᠷᠣᠰᠬᠠᠯ | ᠢ ᠳᠠᠭᠠᠨ ᠬᠣᠪᠢᠷᠠᠨ ᠦᠭᠡᠷᠡᠴᠢᠯᠡᠭᠳ᠋ᠡᠵᠦ᠂ ᠡᠸᠦ᠋ᠷᠦᠫᠡ | ᠬᠣᠪᠴᠠᠰᠣ᠂ ᠳᠣᠮᠳ᠋ᠠᠳ᠋ᠣ ᠮᠠᠶ᠋ᠢᠭ ᠤᠨ ᠬᠣᠪᠴᠠᠰᠣ ᠪᠠᠩᠵᠠᠯ | ᠡᠮᠦᠰᠦᠨ᠂ ᠭᠣᠳ᠋ᠣᠯ ᠡᠮᠦᠰᠬᠦ︵ᠡᠷᠡᠭᠳ᠋ᠡᠶᠢᠴᠦᠳ ᠨᠢ ᠳᠡᠭᠰᠢ | ᠦᠰᠦᠭᠡᠢ ᠳᠠᠢ᠂ ᠡᠮᠡᠭᠳ᠋ᠡᠶᠢᠴᠦᠳ ᠨᠢ ᠦᠨᠳ᠋ᠦᠷ ᠦᠰᠦᠭᠡᠢ ᠳᠠᠢ | ︶ᠬᠦᠮᠦᠨ ᠤᠯᠠᠮ ᠡᠴᠠ ᠤᠯᠠᠮ ᠤᠯᠠᠰᠢᠷᠠᠪᠠ᠃ | | |