ᠣᠷᠣᠨ ᠰᠠᠭᠤᠴᠠ( )
  
2022/12/9
      ᠮᠤᠩᠭᠤᠯᠴᠤᠳ ᠤᠯᠠᠨ ᠵᠢᠯ ᠦᠨ ᠲᠤᠷᠰᠢ᠂ ᠭᠣᠣᠯᠳᠠᠭᠤ ᠮᠣᠩᠭᠣᠯ ᠭᠡᠷ᠂ ᠪᠥᠮᠪᠦᠭᠡᠨ ᠭᠡᠷ᠂ ᠪᠦᠷᠭᠡ ᠭᠡᠷ ᠪᠠ ᠪᠠᠶᠢᠰᠢᠩ ᠭᠡᠷ ᠵᠡᠷᠭᠡ ᠤᠯᠠᠨ ᠵᠦᠢᠯ  ᠤᠨ ᠭᠡᠷ ᠦᠳ ᠲᠦ ᠤᠷᠤᠰᠢᠨ ᠠᠮᠢᠳᠤᠷᠠᠵᠤ ᠪᠠᠶᠢᠪᠠ᠃       ᠮᠣᠩᠭᠣᠯ ᠭᠡᠷ ᠄ ᠮᠣᠩᠭᠣᠯ ᠭᠡᠷ ‍ᠢ ᠪᠠᠰᠠ ᠤᠪᠣᠬᠠᠢ᠂ ᠢᠰᠡᠬᠡᠢ ᠭᠡᠷ᠂ ᠴᠠᠴᠠᠷ ᠭᠡᠵᠦ ᠨᠡᠷᠡᠯᠡᠳ᠋ᠡᠭ᠃ ᠮᠤᠩᠭᠤᠯ ᠭᠡᠷ ᠪᠦᠮᠪᠦᠷᠭᠡᠨ ᠬᠡᠯᠪᠡᠷᠢ ᠳᠠᠢ᠂ ᠮᠤᠩᠭᠤᠯ ᠭᠡᠷ ᠦᠨ ᠦᠨᠳᠤᠰᠤᠨ ᠪᠦᠳᠦᠴᠠ ᠨᠢ ᠭᠡᠷ ᠦᠨ ᠮᠤᠳᠤ᠂ ᠪᠦᠷᠢᠶᠠᠰᠤ᠂ ᠤᠭᠤᠰᠤᠷ᠂ ᠪᠦᠰᠡᠯᠡᠭᠦᠷ ᠵᠡᠷᠭᠡ  ᠪᠠᠷ ᠪᠦᠷᠢᠯᠳᠦᠳᠡᠭ ᠪᠠ ᠬᠤᠰᠤ ᠮᠤᠳᠤᠨ ᠪᠦᠳᠦᠴᠡ ᠲᠠᠢ᠂ ᠪᠦᠬᠦᠯᠢ ᠴᠤᠭᠴᠠ ᠶᠢ ᠤᠩᠭᠠᠰᠤ‍ᠨ ᠲᠡᠭᠡᠰᠦ᠂ ᠬᠢᠯᠭᠠᠰᠤ‍ᠨ ᠲᠡᠭᠡᠰᠦ ᠪᠤᠶᠤ ᠰᠤᠷ ᠤᠭᠤᠰᠤᠷ ᠪᠦᠰᠡᠯᠡᠭᠦᠷ ᠢᠶᠠᠷ ᠬᠤᠯᠪᠤᠨ ᠲᠤᠯᠭᠠᠭᠤᠷᠢᠯᠠᠨ ᠪᠣᠰᠬᠠᠳᠠᠭ᠃ ᠡᠪᠦᠯ  ᠳᠤ ᠪᠠᠨ ᠢᠰᠡᠬᠡᠢ ᠪᠦᠷᠢᠶᠡᠰᠤ ᠲᠠᠪᠬᠤᠷᠯᠠᠨ᠎ᠠ᠃ ᠭᠡᠷ  ᠤᠨ ᠤᠷᠣᠢ ᠳ᠋ᠤ ᠨᠢ ᠳᠣᠭᠣᠨᠣ ᠳᠠᠢ᠂ ᠡᠨᠡ ᠨᠢ ᠠᠭᠠᠷ ᠨᠡᠪᠲᠡᠷᠡᠬᠦ᠂ ᠤᠳ᠋ᠣᠭ᠎ᠠ ᠳᠣᠭᠣᠰᠣ ᠭᠠᠷᠬᠣ᠂ ᠨᠠᠷᠠᠨ  ᠤ ᠭᠡᠷᠡᠯ ᠳᠣᠰᠬᠣ ᠳ᠋ᠤ ᠠᠰᠢᠭᠳ᠋ᠠᠢ ᠪᠠᠶᠢᠳᠠᠭ᠃ ᠪᠦᠮᠪᠦᠷᠭᠡᠨ ᠬᠡᠯᠪᠡᠷᠢ ᠲᠠᠢ ᠪᠣᠯᠬᠣᠷ ᠶᠡᠬᠡ ᠴᠠᠰᠤ ᠰᠢᠭᠤᠷᠭᠠᠨ ᠳᠤ ᠭᠡᠷ ᠦᠨ ᠬᠠᠶᠠᠭ᠎ᠠ ᠶᠢ ᠰᠢᠷᠤᠢ ᠴᠠᠰᠤ ᠳᠠᠷᠤᠬᠤ ᠰᠠᠯᠬᠢ ᠨᠡᠪᠳᠡᠷᠡᠭᠦ ᠶᠢ ᠰᠡᠷᠭᠡᠶᠢᠯᠡᠳᠡᠭ᠃ ᠮᠤᠩᠭᠤᠯᠴᠤᠳ ᠤᠯᠠᠩᠬᠢ ᠳ᠋ᠤ ᠪᠠᠨ ᠠᠭᠤᠳᠠᠮ ᠰᠠᠷᠠᠭᠤᠯ ᠬᠠᠭᠤᠷᠠᠢ ᠦᠨᠳ᠋ᠦᠷ ᠰᠢᠭ ᠭᠠᠵᠠᠷ ‍ᠢ ᠰᠣᠩᠭᠣᠵᠣ ᠮᠤᠩᠭᠤᠯ ᠭᠡᠷ ᠢᠶᠡᠨ ᠡᠮᠦᠨᠡᠰᠢ ᠪᠣᠶᠤ ᠵᠡᠬᠦᠨ ᠡᠮᠦᠨᠡᠰᠢ ᠬᠠᠨᠳᠤᠭᠤᠯᠤᠨ ᠪᠣᠰᠬᠠᠳ᠋ᠠᠭ᠂ ᠡᠪᠦᠯ  ᠳᠤ ᠪᠠᠨ ᠳᠤᠯᠠᠭᠠᠨ ᠵᠤᠨ  ᠳᠦ ᠪᠡᠨ ᠰᠡᠷᠢᠭᠦᠨ᠂ ᠡᠷᠤᠬᠡ ᠪᠠᠨ ᠲᠠᠲᠠᠪᠠᠯ ᠰᠡᠷᠢᠭᠦᠨ ᠲᠠᠭᠠᠯᠠᠮᠵᠢᠳᠠᠢ ᠪᠠᠶᠢᠳ᠋ᠠᠭ᠃ ᠮᠣᠩᠭᠣᠯ ᠭᠡᠷ ᠨᠢ ᠡᠷᠦᠬᠡ᠂ ᠳᠣᠭᠣᠨᠣ᠂ ᠤᠨᠢ᠂ ᠬᠠᠨ᠎ᠠ᠂ ᠬᠠᠭᠠᠯᠭ᠎ᠠ ᠵᠡᠷᠬᠡ ᠳᠠᠪᠣᠨ ᠬᠡᠰᠡᠭ  ᠢᠢᠠᠷ ᠪᠦᠷᠢᠯᠳᠦᠵᠤ᠂ ᠬᠠᠨ᠎ᠠ ᠪᠠᠷ ᠭᠣᠣᠯ ᠴᠤᠭᠴᠠ ᠪᠣᠯᠭᠠᠳᠠᠭ᠃ ᠮᠣᠩᠭᠣᠯ ᠭᠡᠷ  ᠢ ᠶᠡᠷᠤᠳᠡᠭᠡᠨ ᠠᠷᠪᠠᠨ ᠬᠤᠶᠠᠷ ᠬᠠᠨ᠎ᠠ ᠲᠠᠢ᠂ ᠨᠠᠢᠮᠠᠨ ᠬᠠᠨ᠎ᠠ ᠲᠠᠢ᠂ ᠵᠢᠷᠭᠤᠭᠠᠨ ᠬᠠᠨ᠎ᠠ ᠲᠠᠢ᠂ ᠲᠦᠷᠪᠡᠨ ᠬᠠᠨ᠎ᠠ ᠲᠠᠢ ᠭᠡᠵᠤ ᠬᠤᠪᠢᠶᠠᠨ᠂ ᠬᠠᠨ᠎ᠠ ᠶᠢᠨ ᠲᠣᠭ᠎ᠠ ᠶᠢᠨ ᠠᠳᠠᠯᠢ ᠪᠣᠰᠤ ᠪᠠᠷ ᠮᠤᠩᠭᠤᠯ ᠭᠡᠷ ᠦᠨ ᠶᠡᠭᠡ ᠪᠠᠭ᠎ᠠ ᠲᠤᠭᠲᠠᠭᠠᠭᠳᠠᠳᠠᠭ᠃ ᠬᠠᠨ᠎ᠠ  ᠢᠢ ᠪᠠᠭᠤᠯᠭᠠᠪᠠᠯ ᠡᠪᠬᠡᠵᠤ ᠪᠣᠯᠬᠤ ᠮᠥᠷᠳᠡᠭᠡᠨ ᠨᠡᠬᠦᠬᠦ ᠪᠠᠭᠤᠬᠤ  ᠳᠦ ᠲᠡᠷᠬᠡᠨ  ᠤ ᠳᠡᠪᠢᠰᠭᠡᠷ ᠬᠢᠵᠦ ᠪᠣᠯᠣᠨ᠎ᠠ᠃ ᠡᠩ  ᠦᠨ ᠮᠣᠩᠭᠣᠯ ᠭᠡᠷ  ᠦᠨ ᠦᠨᠳ᠋ᠦᠷ ᠨᠢ ᠪᠠᠷᠣᠭ ᠠᠷᠪᠠᠨ ᠭᠣᠷᠪᠠ ᠡᠴᠠ ᠠᠷᠪᠠᠨ ᠲᠦᠷᠪᠡᠨ ᠳᠣᠬᠣᠢ᠂ ᠮᠣᠩᠭᠣᠯ ᠭᠡᠷ  ᠦᠨ ᠬᠠᠭᠠᠯᠭ᠎ᠠ  ᠶᠢᠨ ᠦᠨᠳᠦᠷ ᠨᠢ ᠪᠠᠷᠣᠭ ᠭᠣᠷᠪᠠᠨ ᠳᠣᠬᠣᠢ ᠳᠠᠪᠣ ᠵᠢᠷᠭᠣᠭᠠᠨ ᠢᠮᠠᠬᠣ ᠪᠠᠶᠢᠳᠠᠭ᠃ ᠮᠣᠩᠭᠣᠯ ᠭᠡᠷ  ᠦᠨ ᠭᠣᠣᠯ ᠳᠣᠮᠳ᠋ᠠ ᠳᠣᠯᠭ᠎ᠠ ᠳᠠᠯᠪᠢᠵᠣ ᠠᠷᠭᠠᠯ ᠲᠦᠯᠡᠨ ᠳᠣᠯᠠᠭᠠᠯᠠᠬᠣ ᠪᠠᠷ ᠪᠠᠷᠠᠬᠣ ᠦᠭᠡᠢ᠂ ᠴᠠᠢ ᠪᠣᠳ᠋ᠠᠭ᠎ᠠ  ᠪᠡᠨ ᠴᠢᠨᠠᠳᠠᠭ᠃ ᠵᠡᠬᠦᠨ ᠡᠮᠦᠨ᠎ᠡ ᠲᠠᠯ᠎ᠠ ᠳᠤ ᠢᠳᠡᠭᠡᠨ ᠤᠮᠳᠠᠭᠠᠨ ᠤ ᠰᠠᠪᠠ ᠰᠠᠭᠠᠯᠢ ᠪᠠᠭᠠᠵᠢ ᠬᠡᠷᠡᠭᠰᠡᠯ ᠢ ᠲᠠᠯᠪᠢᠵᠤ᠂ ᠪᠠᠷᠠᠭᠤᠨ᠂ ᠬᠤᠶᠢᠳᠤ᠂ ᠵᠡᠬᠦᠨ ᠲᠠᠯ᠎ᠠ ᠪᠠᠷ ᠮᠤᠳᠤᠨ ᠣᠷᠣ ᠲᠠᠯᠪᠢᠳᠠᠭ᠃ ᠪᠠᠷᠠᠭᠣᠨ ᠬᠣᠶᠢᠳ᠋ᠣ ᠲᠠᠯ᠎ᠠ ᠶᠢ ᠲᠡᠬᠡᠳ᠋ᠦᠯᠡᠨ ᠦᠵᠡᠵᠦ ᠪᠣᠷᠬᠠᠨ ᠭᠥᠩᠭᠠᠷᠠᠪᠠ ᠪᠠᠨ ᠲᠠᠯᠪᠢᠳᠠᠭ ᠪᠠ ᠬᠤᠶᠢᠳᠦ ᠲᠠᠯ᠎ᠠ  ᠪᠡᠷ ᠨᠢ ᠬᠤᠪᠴᠠᠰᠤ ᠬᠤᠨᠠᠷ ᠬᠤᠴᠢᠯᠭ᠎ᠠ ᠲᠡᠪᠢᠰᠭᠡᠷ ᠢᠶᠡᠨ ᠬᠤᠷᠢᠶᠠᠳᠠᠭ᠃        ᠪᠦᠮᠪᠦᠭᠡᠨ ᠭᠡᠷ ᠄ ᠶᠡᠷᠤᠳᠡᠭᠡᠨ ᠪᠦᠮᠪᠦᠩ ᠴᠤ ᠭᠡᠳ᠋ᠡᠭ᠃ ᠮᠣᠩᠭᠣᠯ ᠭᠡᠷ  ᠤᠨ ᠲᠦᠯᠦᠪᠲᠠᠢ ᠲᠦᠭᠦᠮ ᠭᠡᠷ ᠪᠣᠯᠣᠨ᠎ᠠ᠃ ᠮᠠᠲ᠋ᠧᠷᠢᠶᠠᠯ ᠪᠠᠭ᠎ᠠ ᠭᠡᠷᠡᠭᠯᠡᠵᠦ ᠪᠣᠰᠬᠠᠬᠤ ᠳᠤ ᠳᠦᠭᠦᠮ᠂ ᠲᠣᠶᠢᠫᠦ᠋ ᠪᠣᠯᠣᠨ ᠵᠢᠮ ᠢᠶᠡᠷ ᠵᠡᠷᠭᠡᠯᠡᠭᠡᠳ ᠲᠤᠳᠤᠷ᠎ᠠ ᠭᠠᠳᠠᠨ᠎ᠠ ᠠᠴᠠ ᠨᠢ ᠰᠢᠪᠠᠷ ᠢᠶᠠᠷ ᠰᠢᠪᠠᠵᠤ᠂ ᠤᠷᠤᠢ ᠶᠢ ᠨᠢ ᠡᠪᠡᠰᠦ︵ᠲᠡᠷᠡᠰᠤ︶ ᠪᠡᠷ ᠪᠦᠲᠡᠭᠡᠵᠤ᠂ ᠳᠣᠭᠣᠨᠣ ᠭᠠᠷᠭᠠᠨ᠎ᠠ᠃ ᠭᠡᠷ ᠳᠣᠳ᠋ᠣᠷ᠎ᠠ ᠨᠢ ᠬᠠᠭᠠᠰ ᠳᠣᠭᠣᠷᠢᠭ ᠬᠡᠯᠪᠡᠷᠢ  ᠢᠢᠨ ᠬᠠᠨᠵᠣ ᠪᠠᠷᠢᠪᠠᠯ ᠪᠣᠯᠴᠢᠬᠠᠨ᠎ᠠ᠃ ᠪᠠᠰᠠ ᠪᠣᠷᠭᠠᠰᠣ ᠪᠠᠷ ᠪᠠᠷᠢᠭᠰᠠᠨ ᠪᠦᠮᠪᠦᠬᠡᠨ ᠭᠡᠷ ᠴᠤ ᠪᠠᠶᠢᠳ᠋ᠠᠭ᠃ ᠤᠷᠢᠳ᠋ᠠᠪᠠᠷ ᠲᠡᠭᠰᠢᠬᠡᠨ ᠭᠠᠵᠠᠷ ᠳᠡᠭᠡᠷ᠎ᠡ ᠪᠦᠮᠪᠦᠬᠡᠨ ᠭᠡᠷ  ᠦᠨ ᠶᠡᠬᠡ ᠪᠠᠭ᠎ᠠ  ᠢᠢ ᠦᠨᠳ᠋ᠦᠰᠦᠯᠡᠨ ᠨᠢᠭᠡ ᠳᠣᠬᠣᠢ ᠬᠦᠨ ᠭᠣᠣ  ᠶᠢ ᠳᠣᠭᠣᠶᠢᠯᠠᠨ ᠤᠬᠣᠵᠣ᠂ ᠬᠠᠭᠠᠯᠭ᠎ᠠ  ᠢᠢᠨ ᠤᠷᠣ  ᠢᠢ ᠦᠯᠡᠳ᠋ᠡᠭᠡᠨ᠂ ᠠᠷᠪᠠᠨ ᠰᠡᠨᠲ᠋ᠢᠮᠧᠲ᠋ᠷ ᠪᠦᠷᠢ ᠳ᠋ᠤ ᠨᠢᠭᠡ ᠪᠣᠷᠭᠠᠰᠤ ᠬᠠᠳᠬᠤᠨ ᠰᠢᠷᠣᠢ ᠪᠠᠷ ᠪᠣᠯᠠᠵᠣ ᠲᠤᠭᠲᠠᠭᠠᠭᠰᠠᠨ ᠤ ᠲᠠᠷᠠᠭ᠎ᠠ᠂ ᠪᠣᠷᠭᠠᠰᠣ  ᠪᠠᠨ ᠳᠣᠯᠣᠭ᠎ᠠ ᠨᠠᠢᠮᠠᠨ ᠳᠣᠬᠣᠢ ᠦᠨᠳ᠋ᠦᠷ ᠬᠦᠷᠦᠵᠦ᠂ ᠤᠷᠣᠢ  ᠢᠢ ᠨᠢ ᠪᠠᠰᠠ ᠪᠣᠷᠭᠠᠰᠣ ᠪᠠᠷ ᠬᠦᠷᠦᠵᠦ ᠭᠠᠷᠭᠠᠳᠠᠭ᠃ ᠬᠦᠷᠦᠵᠦ ᠪᠠᠷᠠᠭᠰᠠᠨ  ᠤ ᠳᠠᠷᠠᠭ᠎ᠠ ᠭᠠᠳ᠋ᠠᠨ᠎ᠠ ᠳᠣᠳ᠋ᠣᠷ᠎ᠠ ᠡᠴᠠ ᠨᠢ ᠰᠢᠪᠠᠷ ᠪᠣᠶᠣ ᠰᠢᠩᠭᠡᠨ ᠦᠭᠡᠷ  ᠦᠨ ᠪᠠᠭᠠᠰᠣ ᠪᠠᠷ ᠳᠣᠯᠣᠭ᠎ᠠ ᠨᠠᠢᠮᠨ ᠤᠳ᠋ᠠᠭ᠎ᠠ  ᠭᠥᠯᠢᠢᠲᠡᠯ᠎ᠡ ᠰᠠᠶᠢᠬᠠᠨ ᠰᠢᠪᠠᠵᠤ᠂ ᠬᠦᠢᠳ᠋ᠡᠨ  ᠠᠴᠠ ᠰᠡᠷᠭᠡᠶᠢᠯᠡᠳᠡᠭ᠃ ᠡᠬᠦᠨ ᠡᠴᠠ ᠭᠠᠳᠠᠨ᠎ᠠ ᠪᠠᠰᠠ ᠬᠦᠷᠦᠬᠦ ᠦᠭᠡᠢ ᠪᠠᠷ ᠰᠢᠭᠣᠳ ᠪᠦᠳ᠋ᠦᠭᠦᠨ ᠬᠤᠰᠤ᠂ ᠤᠯᠢᠶᠠᠰᠤ᠂ ᠤᠳᠠᠨ ᠮᠤᠳᠤ  ᠪᠡᠷ ᠪᠦᠮᠪᠦᠭᠡᠨ ᠭᠡᠷ ᠪᠠᠷᠢᠳᠠᠭ ᠴᠤ ᠪᠣᠢ᠃        ᠪᠦᠷᠭᠡ ᠄ ᠪᠦᠮᠪᠦᠭᠡᠨ ᠭᠡᠷ ᠳᠠᠢ ᠠᠳ᠋ᠠᠯᠢᠪᠳ᠋ᠣᠷ᠂ ᠪᠣᠷᠭᠠᠰᠤ ᠵᠡᠷᠭᠡ ᠪᠡᠷ ᠭᠦᠷᠦᠵᠤ ᠬᠢᠭᠰᠡᠨ ᠤᠷᠤᠢ ᠨᠢ ᠪᠦᠮᠪᠦᠭᠡᠷ᠂ ᠰᠢᠪᠠᠷ ᠪᠠᠷ ᠰᠢᠪᠠᠬᠣ ᠦᠭᠡᠢ ᠢᠰᠡᠭᠡᠢ ᠪᠣᠶᠤ ᠡᠪᠡᠰᠦ ᠪᠡᠷ ᠪᠦᠲᠡᠭᠡᠳᠡᠭ ᠰᠠᠭᠤᠴᠠ ᠪᠣᠯᠣᠨ᠎ᠠ᠃ ᠪᠠᠭᠣᠯᠭᠠᠬᠣ ᠳ᠋ᠤ ᠲᠦᠭᠦᠮ᠂ ᠮᠠᠯᠴᠢᠳ ᠵᠣᠰᠠᠯᠠᠩ ᠳ᠋ᠤ ᠭᠠᠷᠬᠣ᠂ ᠠᠪᠠ ᠬᠢᠬᠦ ᠦᠶ᠎ᠠ ᠳ᠋ᠤ ᠲᠦᠷ ᠵᠠᠭᠤᠷ᠎ᠠ ᠰᠠᠭᠣᠬᠣ ᠳ᠋ᠤ ᠭᠡᠷᠡᠭᠯᠡᠳ᠋ᠡᠭ᠃ ᠰᠠᠭᠣᠭᠠᠯᠢ ᠤᠷᠣᠨ ᠳ᠋ᠤ ᠪᠦᠷᠭᠡ ᠶᠢ ᠤᠯᠠᠩᠬᠢ  ᠳᠦ ᠪᠡᠨ ᠭᠠᠯ ᠳᠣᠭᠣᠭᠠᠨ  ᠤ ᠭᠡᠷ ᠪᠣᠶᠣ ᠰᠠᠩ ᠬᠦᠮᠦᠷᠬᠡ ᠪᠣᠯᠭᠠᠨ ᠭᠡᠷᠡᠭᠯᠡᠳ᠋ᠡᠭ᠃        ᠪᠠᠶᠢᠰᠢᠩ ᠭᠡᠷ ᠄ ᠴᠢᠯᠦᠭᠡᠯᠡᠭᠳ᠋ᠡᠬᠦ ᠡᠴᠠ ᠡᠮᠦᠨ᠎ᠠ ᠰᠦᠮ᠎ᠠ ᠬᠡᠶᠢᠳ ᠡᠴᠠ ᠭᠠᠳ᠋ᠠᠨ᠎ᠠ᠂ ᠸᠠᠩ ᠬᠦᠩ᠂ ᠢᠵᠠᠭᠣᠷᠳ᠋ᠠᠨ᠂ ᠪᠠᠶᠠᠨ ᠡᠷᠦᠭᠡ ᠰᠠᠶ᠋ᠢ ᠪᠠᠶᠢᠰᠢᠩ ᠭᠡᠷ ᠲᠦ ᠰᠠᠭᠤᠳᠠᠭ᠃ ᠸᠠᠭᠠᠷ ᠲᠣᠭᠣᠰᠬ᠎ᠠ  ᠢᠢᠨ ᠪᠦᠳ᠋ᠦᠴᠡ ᠳᠠᠢ᠂ ᠤᠯᠠᠩᠬᠢ ᠨᠢ ᠮᠠᠨᠵᠣ ᠮᠠᠶ᠋ᠢᠭ ᠤᠨ ᠲᠦᠷᠪᠡᠯᠵᠢᠨ ᠬᠦᠷᠢᠶᠡᠯᠡᠩ ‍ᠢ ᠳᠠᠭᠣᠷᠢᠶᠠᠨ ᠪᠠᠷᠢᠵᠤ᠂ ᠭᠣᠣᠯ ᠲᠢᠩᠬᠢᠮ᠂ ᠤᠨᠲᠠᠬᠤ ᠦᠷᠦᠭᠡ ᠪᠣᠯᠣᠨ ᠭᠠᠯ ᠳᠣᠭᠣᠭᠠᠨ  ᠤ ᠦᠷᠦᠭᠡ ᠵᠡᠷᠭᠡ  ᠶᠢ ᠲᠤᠰᠠᠭᠠᠷ ᠲᠤᠬᠢᠷᠠᠭᠤᠯᠵᠤ ᠬᠡᠷᠡᠮ ᠬᠠᠰᠢᠶ᠎ᠠ ᠪᠠᠶᠢᠭᠤᠯᠵᠤ᠂ ᠭᠡᠷ ᠪᠠᠷᠢᠯᠭ᠎ᠠ ᠨᠢ ᠭᠣᠶᠣ ᠬᠡᠬᠡᠨᠴᠢᠷ ᠪᠠᠶᠢᠳ᠋ᠠᠭ᠃ ᠴᠢᠯᠦᠭᠡᠯᠡᠭᠳ᠋ᠡᠭᠰᠡᠨ  ᠤ ᠳᠠᠷᠠᠭ᠎ᠠ᠂ ᠤᠨᠴᠠᠭᠠᠶᠢᠯᠠᠨ ᠵᠢᠷᠠᠭᠠᠳ ᠤᠨ  ᠡᠴᠡ ᠰᠡᠭᠦᠯᠡᠷ ᠮᠠᠯᠴᠢᠳ ᠰᠠᠭᠤᠷᠢᠰᠢᠨ ᠠᠮᠢᠳᠤᠷᠠᠭᠰᠠᠨ ᠠᠴᠠ ᠪᠠᠶᠢᠰᠢᠩ ᠭᠡᠷ ᠤᠯᠠᠰᠢᠷᠠᠵᠤ᠂ ᠨᠠᠶᠠᠭᠠᠳ ᠤᠨ ᠪᠣᠯᠬᠣ ᠳ᠋ᠤ ᠮᠠᠯᠴᠢᠳ ᠸᠠᠭᠠᠷ ᠳᠣᠭᠣᠰᠬ᠎ᠠ ᠶᠢᠨ ᠪᠦᠳ᠋ᠦᠴᠡ ᠳᠠᠢ ᠪᠠᠶᠢᠰᠢᠩ ᠭᠡᠷ  ᠲᠦ ᠰᠠᠭᠤᠬᠤ ᠨᠢ ᠡᠩ ᠦᠨ ᠶᠠᠪᠣᠳᠠᠯ ᠪᠣᠯᠵᠠᠢ᠃
          