ᠶᠠᠪᠣᠵᠣ ᠰᠠᠭᠣᠬᠣ( )
  
2022/12/9
      ᠮᠣᠩᠭᠣᠯᠴᠣᠳ ᠦᠷᠭᠡᠨ ᠠᠭᠣᠳ᠋ᠠᠮ ᠭᠠᠵᠠᠷ ᠤᠷᠤᠨ ᠳᠤ ᠨᠡᠭᠦᠳᠡᠯᠯᠡᠨ ᠮᠠᠯᠵᠢᠵᠤ ᠠᠮᠢᠳᠤᠷᠠᠬᠤ ᠳᠤ᠂ ᠮᠣᠷᠢ ᠤᠨᠣᠬᠣ ᠨᠢ ᠮᠣᠩᠭᠣᠯ ᠦᠨᠳ᠋ᠦᠰᠦᠳ᠋ᠡᠨ  ᠤ ᠨᠢᠭᠡ ᠶᠡᠬᠡ ᠤᠨᠴᠠᠯᠢᠭ ᠪᠣᠯᠣᠨ᠎ᠠ᠃ ᠣᠳᠣ ᠪᠣᠯᠳᠠᠯ᠎ᠠ ᠮᠠᠯᠵᠢᠬᠤ ᠤᠷᠣᠨ ᠳ᠋ᠤ ᠠᠷᠪᠠ ᠠᠴᠠ ᠵᠢᠷᠠᠨ ᠨᠠᠰᠣᠨ  ᠤ ᠡᠷᠡᠭᠳ᠋ᠡᠢ ᠡᠮᠡᠭᠳ᠋ᠡᠢ ᠭᠡᠰᠡᠨ ᠦᠭᠡᠢ ᠭᠠᠳ᠋ᠠᠭᠰᠢ ᠭᠠᠷᠬᠣ᠂ ᠰᠠᠳ᠋ᠣᠨ ᠲᠦᠷᠦᠯ  ᠢᠢᠠᠨ ᠡᠷᠬᠢᠬᠦ᠂ ᠮᠠᠯ ᠬᠠᠷᠢᠭᠣᠯᠬᠣ ᠳ᠋ᠤ ᠪᠦᠷ ᠮᠣᠷᠢ ᠤᠨᠣᠳ᠋ᠠᠭ᠃ ᠮᠠᠯᠴᠢᠳ ᠮᠣᠷᠢᠨ  ᠳᠦ ᠪᠡᠨ ᠬᠠᠶᠢᠷᠠᠲᠠᠢ ᠪᠠᠷ ᠪᠠᠷᠠᠬᠤ ᠦᠭᠡᠢ᠂ ᠮᠣᠷᠢᠨ ᠡᠳ᠋ᠯᠡᠯ ᠊᠊᠊ ᠡᠮᠡᠭᠡᠯ᠂ ᠨᠣᠭᠳ᠋ᠣ᠂ ᠬᠠᠵᠠᠭᠠᠷ᠂ ᠴᠢᠳ᠋ᠦᠷ᠂ ᠲᠠᠰᠢᠭᠤᠷ ᠪᠠ ᠤᠷᠭ᠎ᠠ ᠵᠡᠷᠭᠡ ᠨᠢ ᠴᠦ ᠮᠠᠯᠴᠢᠳ  ᠦᠨ ᠬᠠᠮᠣᠭ ᠬᠠᠶᠢᠷᠠᠳ᠋ᠠᠢ ᠵᠦᠢᠯᠡᠰ ᠪᠣᠯᠬᠤ ᠶᠤᠮ᠃ ᠡᠮᠡᠭᠡᠯ ᠨᠢ ᠪᠦᠭᠦᠷᠭᠡ᠂ ᠲᠤᠬᠤᠮ᠂ ᠲᠦᠷᠦᠬᠡ᠂ ᠵᠢᠷᠢᠮ᠂ ᠤᠯᠣᠩ᠂ ᠬᠦᠯᠢᠮ᠂ ᠭᠠᠨᠵᠣᠭ᠎ᠠ ᠵᠡᠷᠭᠡ ᠪᠠᠷ ᠪᠦᠷᠢᠯᠳ᠋ᠦᠨ᠎ᠠ᠃ ᠬᠠᠭᠣᠴᠢᠨ  ᠦ ᠦᠶ᠎ᠠ ᠳ᠋ᠤ ᠪᠢᠷᠠᠭᠣ ᠪᠠ ᠳ᠋ᠠᠪᠠᠨ  ᠤ ᠡᠮᠡᠭᠡᠯ ᠨᠢ ᠬᠠᠮᠣᠭ ᠡᠴᠠ ᠨᠡᠷᠡᠳ᠋ᠡᠢ ᠪᠠᠶᠢᠵᠠᠢ᠃ ᠨᠣᠭᠳ᠋ᠣ  ᠢᠢ ᠤᠯᠠᠭᠠᠨ᠂ ᠬᠦᠬᠡ᠂ ᠴᠠᠭᠠᠨ ᠭᠣᠷᠪᠠᠨ ᠦᠩᠭᠡ  ᠢᠢᠨ ᠰᠣᠷ  ᠢᠢᠠᠷ ᠬᠢᠵᠤ︽ᠭᠣᠷᠪᠠᠨ ᠦᠩᠭᠡ  ᠢᠢᠨ ᠨᠣᠭᠳ᠋ᠣ︾ ᠭᠡᠳ᠋ᠡᠭ᠃ ᠬᠠᠵᠠᠭᠠᠷ  ᠦᠨ ᠭᠠᠷᠠᠬ᠎ᠠ  ᠢᠢ ᠮᠦᠩᠬᠦ ᠪᠤᠶᠤ ᠭᠠᠣᠯᠢ ᠪᠠᠷ ᠬᠢᠵᠤ᠂ ᠵᠢᠯᠣᠭᠣ  ᠢᠢ ᠮᠢᠨᠳ᠋ᠠᠰᠣᠨ ᠳᠡᠭᠡᠰᠦ ᠪᠠᠷ ᠬᠢᠳᠡᠭ᠃ ᠴᠢᠳ᠋ᠦᠷ ‍ᠢ ᠤᠷᠢᠳᠤ ᠬᠣᠶᠠᠷ ᠬᠦᠯ ᠬᠣᠶᠢᠳ᠋ᠦ ᠨᠢᠭᠡ ᠬᠦᠯ ‍ᠢ ᠬᠤᠯᠪᠤᠵᠤ ᠲᠤᠰᠢᠬᠤ ᠶᠢ ᠴᠢᠳ᠋ᠦᠷ ᠭᠡᠵᠦ᠂ ᠡᠮᠦᠨ᠎ᠠ ᠬᠣᠶᠠᠷ ᠭᠦᠯ ‍ᠢ ᠬᠤᠯᠪᠤᠬᠤ ᠶᠢ ᠲᠤᠰᠢᠶ᠎ᠠ ᠭᠡᠵᠦ᠂ ᠡᠮᠦᠨ᠎ᠠ ᠨᠢᠭᠡ ᠬᠦᠯ ᠬᠣᠶᠢᠳ᠋ᠣ ᠨᠢᠭᠡ ᠬᠦᠯ ‍ᠢ ᠬᠤᠯᠪᠤᠵᠤ ᠲᠤᠰᠢᠬᠤ ᠶᠢ ᠦᠷᠦᠭᠡᠯ ᠬᠡᠳ᠋ᠡᠭ᠃ ᠴᠢᠳᠦᠷ ᠬᠢᠬᠦ ᠳᠦ ᠪᠦᠷ ᠰᠠᠶᠢᠨ ᠰᠤᠷ ᠢ ᠰᠤᠩᠭᠤᠨ ᠮᠤᠰᠬᠢᠳᠠᠭ᠃ ᠮᠣᠷᠢᠨ ᠳᠠᠰᠢᠭᠣᠷ ‍ᠢ ᠪᠠᠰᠠ ᠲᠡᠩᠰᠡᠨ ᠳᠠᠰᠢᠭᠣᠷ᠂ ᠭᠦᠷᠦᠮᠡᠯ ᠳᠠᠰᠢᠭᠣᠷ᠂ ᠮᠢᠯᠠᠭ᠎ᠠ ᠭᠡᠵᠦ ᠭᠣᠷᠪᠠᠨ ᠵᠦᠢᠯ ᠬᠤᠪᠢᠶᠠᠳᠠᠭ᠃ ᠤᠷᠭ᠎ᠠ ᠬᠢᠬᠦ ᠳ᠋ᠤ ᠨᠡᠩ ᠨᠠᠷᠢᠯᠢᠭ ᠪᠠᠶᠢᠳ᠋ᠠᠭ᠂ ᠤᠷᠭᠠᠨ ᠡᠰᠢ  ᠢᠢ ᠴᠢᠨᠠᠷ ᠰᠠᠶᠢᠳ᠋ᠠᠢ ᠬᠣᠰᠣ ᠮᠣᠳ᠋ᠣ ᠪᠣᠶᠣ ᠤᠳ᠋ᠠ ᠮᠣᠳ᠋ᠣ ᠪᠠᠷ ᠬᠢᠵᠤ᠂ ᠤᠷᠭᠠᠨ ᠦᠵᠦᠭᠦᠷ ᠢ ᠨᠠᠷᠢᠨ ᠠᠭᠠᠷᠣ ᠮᠣᠳ᠋ᠣ ᠪᠠᠷ ᠬᠢᠳᠡᠭ ᠪᠠ ᠤᠷᠭ᠎ᠠ  ᠢᠢᠨ ᠬᠤᠶᠢᠪᠢ ᠶᠢ ᠰᠣᠷ ᠪᠣᠶᠣ ᠬᠣᠨᠢᠨ ᠬᠡᠳ᠋ᠡᠰᠦ᠂ ᠦᠭᠡᠷ  ᠦᠨ ᠰᠢᠷᠪᠦᠰᠦ ᠪᠠᠷ ᠬᠢᠳ᠋ᠡᠭ᠂ ᠡᠨᠡ ᠨᠢ ᠤᠶᠠᠨ ᠬᠠᠳᠠᠨ ᠳᠠᠭᠠᠭᠠᠮᠠᠭᠠᠢ ᠴᠢᠨᠠᠷ ᠢᠶᠠᠷ  ᠰᠠᠶᠢᠨ ᠤᠳ᠋ᠠᠭᠠᠨ ᠬᠡᠷᠡᠭᠯᠡᠵᠦ ᠳᠡᠶᠢᠯᠳᠡᠭ᠃ ᠤᠷᠭ᠎ᠠ  ᠢᠢ ᠬᠡᠷᠡᠭᠯᠡᠬᠦ  ᠳᠤ ᠳᠠᠪᠣᠨ ᠴᠡᠭᠡᠷ ᠪᠠᠶᠢᠳ᠋ᠠᠭ ᠄  ᠨᠢᠭᠡ ᠳ᠋ᠤ᠂ ᠬᠡᠦᠬᠡᠳ  ᠢᠶᠠᠷ ᠨᠠᠭᠠᠳ᠋ᠣᠭᠣᠯᠬᠣ  ᠢᠢ ᠴᠡᠭᠡᠷᠯᠡᠨ᠎ᠠ᠂ ᠬᠣᠶᠠᠷ ᠲᠦ᠂ ᠠᠳ᠋ᠣᠭᠣᠴᠢᠨ ᠪᠢᠰᠢ ᠪᠣᠯ ᠬᠡᠷᠡᠭᠯᠡᠬᠦ  ᠢᠢ ᠴᠡᠭᠡᠷᠯᠡᠨ᠎ᠠ᠂ ᠭᠣᠷᠪᠠ ᠳ᠋ᠤ᠂ ᠭᠠᠵᠠᠷ ᠲᠡᠭᠡᠷ᠎ᠡ ᠬᠦᠨᠳᠡᠯᠡᠨ ᠬᠠᠶᠠᠬᠣ  ᠢᠢ ᠴᠡᠭᠡᠷᠯᠡᠨ᠎ᠠ᠂ ᠲᠦᠷᠪᠡ ᠳ᠋ᠤ᠂ ᠨᠣᠬᠠᠢ ᠤᠷᠭ᠎ᠠ  ᠶᠢ ᠬᠡᠮᠡᠯᠢᠬᠦ ᠢᠢ ᠴᠡᠭᠡᠷᠯᠡᠨ᠎ᠡ᠂ ᠳᠠᠪᠣ ᠳ᠋ᠤ᠂ ᠵᠢᠷᠮᠦᠰᠦᠨ ᠡᠭᠡᠨᠡᠷ ᠬᠡᠷᠡᠭᠯᠡᠬᠦ ᠶᠢ ᠴᠡᠭᠡᠷᠯᠡᠨ᠎ᠠ᠃        ᠮᠠᠯᠴᠢᠳ ᠤᠳ᠋ᠣᠷᠯᠠᠬᠣ᠂ ᠨᠡᠬᠦᠬᠦ᠂ ᠤᠰᠣ ᠲᠡᠭᠡᠭᠡᠬᠦ᠂ ᠡᠳ᠋ ᠪᠠᠷᠠᠭ᠎ᠠ ᠲᠡᠭᠡᠭᠡᠪᠦᠷᠢᠯᠡᠬᠦ ᠳ᠋ᠤ ᠬᠠᠰᠠᠭ ᠲᠡᠷᠭᠡ ᠬᠡᠷᠡᠭᠯᠡᠳ᠋ᠡᠭ᠃ ᠬᠠᠰᠠᠭ ᠲᠡᠷᠬᠡ  ᠢᠢ ᠭᠣᠷᠪᠠᠨ ᠵᠦᠢᠯ ᠬᠣᠪᠢᠶᠠᠨ᠎ᠠ᠃ ᠨᠢᠭᠡ᠂ ᠮᠣᠬᠣᠯᠠᠭ ᠲᠡᠷᠬᠡ᠄ ᠲᠡᠷᠭᠡᠨ ᠠᠷᠠᠯ ᠳᠡᠭᠡᠷ᠎ᠡ ᠮᠤᠳᠤ ᠪᠠᠷ ᠮᠦᠬᠡᠷᠤᠯᠵᠢᠨ ᠬᠡᠯᠪᠡᠷᠢᠳ᠋ᠠᠢ ᠨᠠᠷᠢᠯᠢᠭ ᠰᠠᠶᠢᠬᠠᠨ ᠦᠢᠯᠡᠳᠴᠦ᠂ ᠡᠪᠦᠯ ᠳ᠋ᠤ ᠪᠠᠨ ᠢᠰᠡᠭᠡᠢ ᠪᠠᠷ ᠪᠦᠳᠡᠭᠡᠵᠤ᠂ ᠬᠦᠢᠳ᠋ᠡᠨ   ᠡᠴᠡ ᠰᠡᠷᠭᠡᠶᠢᠯᠡᠬᠦ ᠵᠢᠴᠢ ᠴᠠᠰᠣ  ᠢᠢ ᠬᠠᠯᠬᠠᠯᠠᠬᠣ ᠪᠠᠷ ᠪᠠᠷᠠᠬᠣ ᠦᠭᠡᠢ᠂ ᠵᠣᠨ ᠳ᠋ᠤ ᠪᠠᠨ ᠬᠤᠯᠤᠰᠤᠨ ᠴᠢᠬᠢᠷᠰᠣ ᠪᠠᠷ ᠪᠦᠷᠬᠦᠨ ᠨᠠᠷᠠᠨ ᠳᠤ ᠰᠢᠷᠠᠭᠳᠠᠬᠤ ᠦᠭᠡᠢ ᠪᠣᠷᠤᠭᠠᠨ ᠳᠤ ᠨᠤᠷᠤᠭᠳᠠᠬᠤ ᠦᠭᠡᠢ ᠬᠠᠮ ᠲᠡᠷᠭᠡ ᠪᠣᠯᠣᠨ᠎ᠠ᠃ ᠡᠶᠢᠮᠦ ᠲᠡᠷᠭᠡ ᠨᠢ ᠬᠣᠯᠠ ᠠᠶᠠᠯᠠᠬᠣ ᠳ᠋ᠤ ᠲᠦᠷᠦᠬᠦᠴᠢ ᠲᠡᠷᠬᠡ ᠪᠣᠯᠬᠣ ᠪᠠᠷ ᠪᠠᠷᠠᠬᠣ ᠦᠭᠡᠢ᠂ ᠤᠯᠠᠩᠬᠢ ᠳ᠋ᠤ ᠪᠠᠨ ᠰᠠᠳ᠋ᠣᠨ ᠲᠦᠷᠦᠯ  ᠢᠢᠠᠨ ᠳᠣᠰᠴᠣ ᠬᠦᠷᠭᠡᠬᠦ᠂ ᠬᠣᠷᠢᠮ ᠬᠢᠵᠦ ᠪᠡᠷᠢ ᠪᠠᠭᠣᠯᠭᠠᠬᠣ ᠦᠶ᠎ᠠ ᠳ᠋ᠤ ᠬᠡᠷᠡᠭᠯᠡᠳᠡᠭ᠃ ᠬᠣᠶᠠᠷ᠂ ᠬᠦᠮᠦᠷᠭᠡᠨ ᠲᠡᠷᠭᠡ᠄ ᠡᠭᠦᠨ ᠢ ᠪᠠᠰᠠ ᠬᠠᠮ ᠲᠡᠷᠭᠡ᠂ ᠮᠤᠬᠤᠯᠠᠭ ᠲᠡᠷᠭᠡ ᠭᠡᠵᠤ ᠬᠡᠯᠡᠵᠤ ᠪᠣᠢ᠃ ᠡᠩ ᠦᠨ ᠦᠶ᠎ᠡ ᠳᠦ ᠬᠠᠰᠠᠭ ᠲᠡᠷᠭᠡ ᠪᠡᠨ ᠰᠠᠩ ᠬᠦᠮᠦᠷᠭᠡ ᠪᠣᠯᠭᠠᠵᠤ᠂ ᠠᠮᠤ ᠪᠤᠳᠠᠭ᠎ᠠ᠂ ᠢᠳᠡᠭᠡᠨ ᠦ ᠵᠦᠢᠯ᠂ ᠬᠤᠪᠴᠠᠰᠤ ᠬᠤᠨᠠᠷ᠂ ᠭᠡᠷ ᠦᠨ ᠡᠳ᠋ᠯᠡᠯ ᠢᠶᠡᠨ ᠬᠠᠳᠠᠭᠠᠯᠠᠵᠤ᠂ ᠨᠡᠭᠦᠵᠦ ᠪᠠᠭᠤᠬᠤ ᠪᠣᠶᠤ ᠭᠠᠳᠠᠭᠰᠢ ᠶᠠᠪᠤᠬᠤ  ᠳᠦ ᠪᠡᠨ ᠲᠡᠷᠭᠡ ᠪᠡᠨ ᠬᠦᠯᠢᠵᠦ ᠶᠠᠪᠤᠳᠠᠭ᠃ ᠲᠡᠷᠬᠡᠨ ᠪᠦᠷᠢᠶᠡᠰᠤ ᠶᠢ ᠮᠤᠳᠤ ᠪᠤᠶᠤ ᠲᠡᠮᠦᠷ᠂ ᠢᠰᠡᠭᠡᠢ ᠪᠡᠷ ᠤᠷᠳ᠋ᠦ ᠲᠦᠷᠪᠡᠯᠵᠢᠨ ᠬᠡᠯᠪᠡᠷᠢ ᠳᠠᠢ ᠬᠠᠵᠠᠭᠤ ᠲᠠᠯ᠎ᠠ ᠳ᠋ᠤᠨᠢ ᠵᠢᠵᠢᠭ ᠡᠭᠦᠳᠡ ᠲᠠᠢ ᠠᠪᠳᠠᠷ᠎ᠠ ᠮᠠᠶ᠋ᠢᠭᠳᠠᠢ ᠬᠢᠵᠦ ᠨᠢᠮᠬᠡᠨ ᠴᠠᠭᠠᠨ ᠲᠡᠮᠦᠷ ᠢᠢᠠᠷ ᠪᠡᠬᠢᠯᠡᠬᠦ ᠡᠰᠡᠭᠦᠯ᠎ᠠ ᠦᠭᠡᠷ  ᠦᠨ ᠠᠷᠠᠰᠣ ᠪᠠᠷ ᠪᠦᠳᠡᠭᠡᠵᠤ ᠰᠠᠯᠬᠢ᠂ ᠤᠰᠣ᠂ ᠴᠢᠭᠢᠭ ᠠᠴᠠ ᠰᠡᠷᠭᠡᠶᠢᠯᠡᠳᠡᠭ ᠮᠠᠯᠴᠢᠳ ᠤᠨ︽ᠨᠡᠭᠦᠳᠡᠯ ᠬᠦᠮᠦᠷᠭᠡ︾ᠪᠣᠯᠣᠨ᠎ᠠ᠃ ᠭᠣᠷᠪᠠ᠂ ᠤᠰᠣ ᠳᠡᠭᠡᠭᠡᠬᠦ ᠲᠡᠷᠬᠡ ᠄ ᠮᠠᠯᠴᠢᠳ ᠣᠳᠤᠷᠯᠠᠨ ᠮᠠᠯᠵᠢᠬᠤ  ᠳᠦ ᠪᠡᠨ ᠤᠰᠣ ᠴᠢᠬᠢᠭ ᠡᠴᠠ ᠰᠡᠷᠬᠡᠶᠢᠯᠡᠨ ᠤᠯᠠᠩᠬᠢ ᠳ᠋ᠤ ᠪᠠᠨ ᠠᠭᠣᠯᠠᠨ ᠬᠢᠷ᠎ᠠ ᠦᠨᠳ᠋ᠦᠷ ᠭᠠᠵᠠᠷ  ᠢᠢᠠᠷ ᠮᠣᠩᠭᠣᠯ ᠭᠡᠷ  ᠢᠢᠠᠨ ᠪᠠᠷᠢᠳ᠋ᠠᠭ᠂ ᠡᠶᠢᠮᠦ ᠡᠴᠠ ᠢᠳ᠋ᠡᠬᠦ ᠤᠰᠣ ᠪᠠᠨ ᠨᠡᠯᠢᠶᠠᠳ ᠬᠣᠯᠠ  ᠢᠢᠨ ᠭᠣᠣᠯ ᠭᠣᠷᠣᠬ᠎ᠠ ᠡᠴᠠ ᠵᠦᠭᠡᠭᠡᠪᠦᠷᠢᠯᠡᠳ᠋ᠡᠭ ᠤᠴᠢᠷ ᠳᠣᠰᠬᠠᠢ ᠤᠰᠣ ᠳᠡᠭᠡᠭᠡᠭᠦ ᠲᠡᠷᠭᠡ ᠪᠡᠯᠡᠳᠬᠡᠳ᠋ᠡᠭ᠃ ᠬᠠᠭᠣᠴᠢᠨ  ᠤ ᠦᠶ᠎ᠠ ᠳ᠋ᠤ ᠤᠰᠣ ᠳᠡᠭᠡᠭᠡᠬᠦ ᠲᠡᠷᠬᠡᠨ ᠳᠡᠭᠡᠷ᠎ᠠ ᠪᠠᠨ ᠦᠬᠡᠷ  ᠦᠨ ᠠᠷᠠᠰᠣᠨ ᠤᠭᠣᠳ᠋ᠠ ᠪᠣᠶᠣ ᠮᠣᠳ᠋ᠣᠨ ᠰᠠᠭᠣᠯᠭ᠎ᠠ ᠤᠭᠰᠠᠷᠠᠵᠣ᠂ ᠡᠮᠡᠭᠳ᠋ᠡᠶᠢᠴᠦᠳ ᠪᠣᠶᠣ ᠬᠡᠦᠬᠡᠳ ᠲᠡᠷᠬᠡ ᠪᠠᠨ ᠬᠦᠯᠢᠵᠦ ᠭᠣᠣᠯ ᠭᠣᠷᠣᠭ᠎ᠠ ᠡᠴᠠ ᠤᠰᠣ ᠵᠦᠭᠡᠭᠡᠳ᠋ᠡᠭ᠃
          