ᠬᠤᠪᠴᠠᠰᠣ ᠬᠤᠨᠠᠷ ᠬᠢᠲᠠᠳ ᠦᠨᠳᠦᠰᠦᠳᠠᠨ
  
2022/12/9
       ᠬᠤᠪᠴᠠᠰᠤ ᠵᠠᠰᠠᠯ ᠴᠢᠯᠦᠭᠡᠯᠡᠭᠳᠡᠬᠦ  ᠠᠴᠠ ᠡᠮᠦᠨᠡᠬᠢ ᠤᠯᠠᠭᠠᠨᠬᠠᠳᠠ ᠤᠷᠤᠨ ᠤ ᠬᠢᠲᠠᠳ ᠦᠨᠳᠦᠰᠦᠳᠠᠨ ᠤ ᠲᠤᠮᠳᠠ ᠲᠡᠯᠭᠡᠷᠡᠵᠤ ᠪᠠᠶᠢᠭᠰᠠᠨ ᠬᠤᠪᠴᠠᠰᠤ ᠬᠤᠨᠠᠷ ᠲᠤ ① ᠤᠷᠳᠤ ᠳᠡᠪᠡᠯ᠄ ᠦᠨᠳᠦᠷ ᠵᠠᠭᠠᠮ᠎ᠠ ᠲᠠᠢ᠂ ᠵᠡᠭᠦᠨ ᠲᠠᠯ᠎ᠠ  ᠳᠦ ᠪᠡᠨ ᠡᠩᠭᠡᠷ ᠭᠠᠷᠭᠠᠵᠤ᠂ ᠵᠠᠭᠠᠮ᠎ᠠ ᠠᠴᠠ ᠰᠤᠭᠤᠨ ᠳᠤ ᠪᠠᠨ ᠬᠦᠷᠳᠡᠯ᠎ᠠ ᠪᠦᠰᠡ ᠪᠠᠷ ᠵᠠᠩᠭᠢᠳᠤᠭᠰᠠᠨ ᠲᠠᠪᠤᠨ ᠲᠤᠪᠴᠢ ᠬᠠᠳᠠᠳᠠᠭ᠂ ᠵᠠᠩᠰᠢᠯ ᠢᠶᠠᠷ ᠰᠤᠮᠤᠨ ᠭᠠᠳᠠ ᠭᠡᠳᠡᠭ ︵ᠨᠠᠰᠤᠲᠠᠶᠢᠴᠤᠳ ᠤᠨ ᠤᠯᠠᠩᠬᠢ ᠨᠢ ᠰᠢᠷ᠎ᠠ ᠭᠠᠤᠯᠢᠨ ᠲᠣᠪᠴᠢ ᠬᠠᠳᠡᠳᠠᠭ︶᠃ ᠡᠪᠦᠯ  ᠳᠤ ᠪᠠᠨ ᠤᠯᠠᠩᠬᠢ ᠨᠢ ᠬᠠᠷ᠎ᠠ ᠦᠩᠭᠡᠲᠡᠢ ᠪᠣᠶᠤ ᠭᠦᠨ ᠬᠥᠬᠡ ᠦᠩᠭᠡᠳᠠᠢ ᠬᠦᠪᠦᠩ ᠳᠡᠪᠡᠯ ᠡᠮᠦᠰᠴᠦ᠂ ᠪᠠᠶᠠᠨ ᠠᠶᠢᠯ ᠨᠢ ᠨᠣᠣᠰᠤ ᠨᠣᠣᠯᠣᠭᠤᠷ ᠪᠣᠶᠤ ᠦᠰᠦᠳᠠᠢ ᠠᠷᠠᠰᠤ ᠪᠠᠷ ᠲᠤᠳᠤᠷᠯᠠᠳᠠᠭ᠃ ᠵᠤᠨ  ᠦ ᠴᠠᠭ ᠲᠤ ᠤᠯᠠᠩᠬᠢ ᠨᠢ ᠦᠨᠡᠰᠤᠨ ᠬᠥᠬᠡ ᠦᠩᠭᠡ ᠲᠠᠢ ᠴᠠᠮᠴᠠ ᠡᠮᠦᠰᠳᠡᠭ᠃ ᠬᠠᠪᠣᠷ ᠨᠠᠮᠤᠷ ᠤᠨ ᠤᠯᠠᠷᠢᠯ ᠳᠤ ᠤᠷᠳᠤ ᠲᠠᠪᠬᠤᠷ ᠴᠠᠮᠴᠠ ᠡᠮᠦᠰᠴᠦ᠂ ᠬᠠᠵᠠᠭᠤ ᠲᠠᠯ᠎ᠠ ᠶᠢᠨ ᠡᠪᠦᠳᠦᠭ ᠡᠴᠡ ᠲᠤᠭᠤᠭᠰᠢ ᠤᠨᠤᠭᠤ ᠭᠠᠷᠭᠠᠳᠠᠭ᠂ ᠡᠨᠡ ᠨᠢ ᠶᠠᠪᠤᠵᠤ ᠰᠠᠭᠤᠬᠤ ᠳᠤ ᠳᠦᠭᠦᠮ ᠪᠠᠶᠢᠳᠠᠭ᠃ ② ᠬᠦᠷᠮ᠎ᠡ᠄ ︵ᠴᠢᠩ ᠤᠯᠤᠰ ᠤᠨ ᠦᠶ᠎ᠡ ᠶᠢᠨ ᠮᠠᠨᠵᠤ ᠦᠨᠳᠦᠰᠦᠳᠡᠨ ᠦ ᠬᠤᠪᠴᠠᠰᠤ ᠵᠠᠰᠠᠯ ᠢ ᠲᠠᠭᠤᠷᠢᠶᠠᠵᠠᠢ︶᠃ ᠦᠨᠳᠦᠷ ᠵᠠᠭᠠᠮ᠎ᠠ ᠭᠤᠣᠯ ᠡᠩᠭᠡᠷ ᠲᠠᠢ᠂ ᠤᠯᠠᠩᠬᠢ  ᠳᠦ ᠪᠡᠨ ᠳᠡᠪᠡᠯ ᠪᠣᠶᠤ ᠴᠠᠮᠴᠠ ᠶᠢᠨ ᠭᠠᠳᠠᠭᠤᠷ ᠡᠮᠦᠰᠳᠡᠭ᠂ ᠶᠡᠷᠤᠳᠡᠭᠡᠨ ︽ᠳᠡᠪᠡᠯ ᠦᠨ ᠭᠠᠳᠠᠭᠤᠷ ᠬᠦᠷᠮ᠎ᠡ ᠳᠠᠪᠬᠤᠷᠯᠠᠨ ᠡᠮᠤᠰᠬᠦ ︾ ᠨᠢ ᠠᠷᠠᠳ ᠤᠨ ᠳᠤᠮᠳᠠᠬᠢ ᠶᠤᠰᠤᠯᠠᠯ ᠤᠨ ᠬᠤᠪᠴᠠᠰᠤ ᠵᠠᠰᠡᠯ ᠪᠣᠯᠬᠣ ᠶᠤᠮ᠃ ᠬᠦᠷᠮ᠎ᠡ ᠬᠢᠬᠦ ᠮᠠᠲ᠋ᠧᠷᠢᠶᠠᠯ ᠢ ᠠᠩᠬᠠᠷᠤᠨ ᠰᠤᠩᠭᠤᠵᠤ᠂ ᠨᠠᠷᠢᠯᠢᠭ ᠭᠤᠶᠤ ᠬᠢᠳᠡᠭ᠃ ③ ᠤᠭᠴᠤᠷ᠄ ᠬᠦᠳᠡᠯᠮᠦᠷᠢᠴᠢᠨ ᠠᠷᠠᠳ ᠤᠨ ᠦᠷᠬᠦᠯᠵᠢ ᠡᠮᠦᠰᠳᠡᠭ ᠠᠬᠤᠷ ᠬᠤᠪᠴᠠᠰᠤ ᠪᠣᠯᠣᠨ᠎ᠠ᠃ ᠪᠦᠰ ( ᠵᠠᠷᠢᠮ ᠨᠢ ᠭᠡᠷ ᠪᠦᠯᠢ ᠶᠢᠨ ᠦᠪᠡᠷᠳᠡᠭᠡᠨ ᠨᠡᠭᠡᠭᠡᠭᠰᠡᠨ ᠪᠥᠰ ) ᠢᠶᠡᠷ ᠬᠢᠳᠡᠭ᠃ ᠡᠷᠡᠭᠳᠡᠢ ᠶᠢᠨ ᠣᠭᠴᠣᠷ ᠨᠢ ᠭᠣᠣᠯ ᠡᠩᠭᠡᠷ ᠲᠠᠢ᠂ ᠡᠮᠡᠭᠳᠡᠢ ᠨᠠᠰᠤᠲᠠᠶᠢᠴᠤᠳ  ᠤᠨ ᠬᠢᠨᠢ ᠪᠠᠷᠠᠭᠤᠨ ᠲᠠᠯ᠎ᠠ  ᠳᠦ ᠪᠡᠨ ᠡᠩᠭᠡᠷ ᠲᠠᠢ ᠪᠠᠶᠢᠳᠠᠭ ᠪᠠ ᠬᠦᠪᠦᠩ ᠤᠭᠴᠤᠷ᠂ ᠲᠠᠪᠬᠤᠷ ᠤᠭᠴᠤᠷ᠂ ᠬᠠᠨᠳᠠᠭᠠᠰᠤ ᠭᠡᠵᠦ ᠤᠯᠠᠷᠢᠯ  ᠢ ᠲᠠᠭᠠᠨ ᠬᠤᠪᠴᠠᠰᠤ ᠪᠠᠨ ᠬᠠᠯᠠᠳᠠᠭ᠃ ᠬᠠᠷ᠎ᠠ᠂ ᠬᠥᠬᠡ᠂ ᠴᠠᠭᠠᠨ ᠦᠩᠬᠡ ᠡᠴᠡ ᠭᠠᠳᠠᠨ᠎ᠠ᠂ ᠡᠮᠡᠭᠲᠡᠶᠢᠴᠦᠳ ᠤᠨ ᠤᠯᠠᠩᠬᠢ ᠨᠢ ᠤᠯᠠᠭᠠᠨ᠂ ᠬᠦᠷᠡᠩ᠂ ᠶᠠᠭᠠᠨ᠂ ᠨᠣᠭᠣᠭᠠᠨ ᠡᠯ᠎ᠡ ᠵᠦᠢᠯ  ᠦᠨ ᠬᠤᠸᠠᠷ ᠲᠠᠢ ᠪᠦᠰ ᠢᠶᠡᠷ ᠬᠤᠪᠴᠠᠰᠤ ᠬᠢᠳᠡᠭ᠃ ④ ᠤᠤᠵᠢ᠄ ( ᠪᠠᠰᠠ ᠬᠠᠨᠵᠢᠶᠠᠷ ᠭᠡᠳᠡᠭ) ᠲᠦᠭᠦᠷᠢᠭᠡᠨ ᠵᠠᠭᠠᠮ᠎ᠠ ᠤᠬᠤᠵᠤ᠂ ᠬᠠᠨᠴᠤᠢ ᠦᠬᠡᠢ᠂ ᠤᠯᠠᠩᠬᠢ  ᠳᠦ ᠪᠡᠨ ᠲᠤᠳᠤᠷ ᠢᠶᠡᠨ ᠲᠠᠪᠬᠤᠷᠯᠠᠵᠤ ᠡᠮᠤᠰᠳᠡᠭ᠃ ⑤ ᠲᠠᠰᠢᠶᠠᠪᠴᠢ ᠲᠡᠪᠡᠯ᠄ ︵ᠴᠢᠩ ᠤᠯᠤᠰ ᠤᠨ ᠮᠠᠨᠵᠤ ᠦᠨᠳᠤᠰᠦᠳᠡᠨ ᠤ ᠡᠮᠡᠭᠲᠡᠶᠢᠴᠦᠳ ᠦᠨ ᠬᠤᠪᠴᠠᠰᠤᠨ ᠤ ᠬᠡᠯᠪᠡᠷᠢ ᠡᠴᠡ ᠢᠷᠡᠯᠲᠡ ᠲᠠᠢ︶ᠦᠨᠳᠦᠷ ᠪᠣᠰᠣᠭ᠎ᠠ ᠵᠠᠭᠠᠮ᠎ᠠ ᠲᠠᠢ᠂ ᠴᠡᠭᠡᠵᠢ ᠪᠠ ᠨᠢᠷᠤᠭᠤ ᠪᠠᠷ ᠨᠢ ᠪᠡᠶ᠎ᠡ ᠪᠠᠷᠢᠭᠰᠠᠨ᠂ ᠲᠠᠰᠢᠶᠠᠨ ᠤ ᠬᠡᠰᠡᠭ  ᠲᠦ ᠪᠠᠭ᠎ᠠ ᠠᠭᠤᠵᠢᠮ᠂ ᠪᠡᠶ᠎ᠡ  ᠶᠢᠨ ᠭᠠᠳᠠᠷ ᠭᠠᠯᠪᠢᠷ ᠲᠥᠷᠬᠦ ᠶᠢ ᠢᠯᠡᠷᠡᠬᠦᠯᠵᠤ ᠲᠡᠶᠢᠯᠳᠡᠭ᠃ ᠤᠷᠳᠤ ᠨᠢ ᠡᠪᠦᠳᠦᠭ ᠦᠨ ᠲᠤᠤᠭᠤᠷ ᠬᠦᠷᠴᠦ᠂ ᠬᠠᠨᠴᠦᠢ ᠨᠢ ᠴᠢᠬᠤᠯ ᠪᠠᠶᠢᠳᠠᠭ᠃ ᠡᠪᠣᠯ ᠤᠨ ᠬᠤᠪᠴᠠᠰᠤ ᠨᠢ ᠤᠷᠳᠤ ᠬᠠᠨᠴᠤᠢ ᠲᠠᠢ᠂ ᠵᠤᠨ ᠤ ᠬᠤᠪᠴᠠᠰᠤ ᠨᠢ ᠪᠣᠭᠤᠨᠢ ᠬᠠᠨᠴᠤᠢ ᠲᠠᠢ᠂ ᠪᠠᠶᠠᠨ ᠠᠶᠢᠯ ᠪᠣᠶᠣ ᠬᠤᠳᠠ ᠪᠠᠯᠭᠠᠰᠤᠨ ᠤ ᠲᠦᠷᠦ ᠱᠠᠰᠢᠨ ᠤ ᠡᠲᠡᠭᠡᠳ ᠦᠨ ᠡᠮᠡᠭᠲᠡᠶᠢᠴᠦᠳ ᠨᠢ ᠲᠠᠰᠢᠶᠠᠪᠴᠢ ᠲᠡᠪᠡᠯ ᠡᠮᠦᠰᠬᠦ ᠨᠢ ᠤᠯᠠᠨ ᠰᠢᠭ ᠪᠠᠶᠢᠳᠠᠭ᠃ ⑥ ᠪᠠᠩᠵᠠᠯ᠄ ᠬᠠᠷᠢ ᠳᠤ ᠮᠤᠷᠳᠠᠬᠤ ᠪᠣᠶᠣ ᠨᠣᠶᠠᠳ ᠲᠦᠰᠢᠮᠡᠳ ᠦᠨ ᠭᠡᠷ ᠪᠦᠯᠢ ᠶᠢᠨ ᠡᠮᠡᠭᠲᠡᠶᠢᠴᠦᠳ ᠡᠮᠦᠰᠴᠦ᠂ ᠠᠷᠠᠳ ᠤᠨ ᠳᠤᠮᠳᠠ ᠡᠮᠦᠰᠬᠦ ᠨᠢ ᠲᠦᠢᠯ ᠦᠨ ᠴᠦᠭᠡᠨ ᠪᠠᠶᠢᠳᠠᠭ᠃ ⑦ ᠦᠮᠦᠳᠦᠨ ᠦ ᠲᠥᠷᠥᠯ ᠵᠦᠢᠯ᠄ ᠢᠷᠭᠡᠨ ᠤᠯᠤᠰ ᠡᠴᠡ ᠡᠮᠤᠨ᠎ᠠ ᠤᠯᠠᠩᠬᠢ ᠨᠢ ᠵᠠᠬ᠎ᠠ ᠨᠢ ᠤᠷᠳᠤ ᠦᠮᠦᠳᠦ ᠡᠮᠦᠰᠴᠦ᠂ ᠭᠤᠴᠢᠭᠠᠳ ᠣᠨ ᠠᠴᠠ ᠰᠡᠭᠦᠯᠡᠷ ᠬᠤᠳᠠ ᠪᠠᠯᠭᠠᠰᠤᠨ ᠳᠤ ᠳᠦᠷᠢᠮᠵᠢᠲᠦ ᠦᠮᠦᠳᠤ︵ᠡᠸᠦ᠋ᠷᠦᠫᠡ ᠥᠮᠥᠳᠦ︶ᠡᠮᠦᠰᠬᠦ ᠪᠣᠯᠵᠠᠢ᠃ ᠡᠷᠡᠭᠲᠡᠶᠢᠴᠦᠳ ᠡᠮᠦᠨ᠎ᠡ ᠲᠠᠯ᠎ᠠ  ᠳᠦ ᠪᠡᠨ ᠵᠠᠶᠢᠴᠠ ᠲᠠᠢ ᠦᠮᠦᠳᠦ ᠡᠮᠦᠰᠴᠦ᠂ ᠡᠮᠡᠭᠲᠡᠶᠢᠴᠦᠳ ᠨᠢ ᠬᠠᠵᠠᠭᠤ  ᠳᠦ ᠪᠡᠨ ᠵᠠᠶᠢᠴᠠ ᠲᠠᠢ ᠦᠮᠦᠳᠦ ᠡᠮᠦᠰᠳᠡᠭ᠃ ⑧ ᠰᠤᠷᠤᠭᠴᠢ ᠶᠢᠨ ᠬᠤᠪᠴᠠᠰᠤ᠄ ᠬᠥᠬᠡ᠂ ᠴᠠᠩᠬᠡᠷ᠂ ᠴᠠᠭᠠᠨ᠂ ᠴᠠᠶᠢᠪᠤᠷ ᠦᠩᠬᠡ ᠶᠢᠨ ᠬᠤᠪᠴᠠᠰᠤ ᠤᠯᠠᠩᠬᠢ ᠶᠢ ᠡᠵᠡᠯᠡᠵᠦ᠂ ᠪᠣᠰᠤᠭ᠎ᠠ ᠵᠠᠭᠠᠮ᠎ᠠ ᠭᠣᠣᠯ ᠡᠩᠭᠡᠷ ᠲᠠᠢ᠂ ᠵᠡᠭᠦᠨ ᠡᠩᠭᠡᠷ ᠦᠨ ᠴᠡᠭᠡᠵᠢᠨ ᠬᠡᠰᠡᠭ ᠢᠶᠡᠷ ᠬᠠᠷᠮᠠᠨ ᠭᠠᠷᠭᠠᠵᠤ᠂ ᠡᠩᠭᠡᠷ ᠦᠨ ᠲᠤᠤᠷ᠎ᠠ ᠲᠠᠯ᠎ᠠ ᠶᠢᠨ ᠵᠡᠭᠦᠨ ᠪᠠᠷᠠᠭᠤᠨ ᠬᠡᠰᠡᠭ ᠲᠦ ᠲᠤᠰᠪᠤᠷᠢ ᠨᠢᠭᠡᠨ ᠲᠠᠷᠤᠪᠴᠢ ᠲᠠᠢ ᠳᠣᠲᠤᠷ ᠬᠠᠷᠮᠠᠨ ᠭᠠᠷᠭᠠᠳᠠᠭ᠃        ᠴᠢᠯᠦᠭᠡᠯᠡᠭᠳᠡᠭᠰᠡᠨ ᠦ ᠲᠠᠷᠠᠭ᠎ᠠ᠂ ᠳᠡᠪᠡᠯ ᠴᠠᠮᠴᠠ ᠡᠮᠦᠰᠬᠦ ᠬᠦᠮᠦᠨ ᠠᠭᠠᠵᠢᠮ ᠢᠶᠠᠷ ᠦᠭᠡᠢ ᠪᠣᠯᠵᠤ᠂ ᠳᠦᠷᠢᠮᠵᠢᠲᠦ ᠬᠤᠪᠴᠠᠰᠤᠨ ᠤ ᠬᠡᠯᠪᠡᠷᠢ ᠪᠦᠬᠦᠢ ᠬᠤᠪᠴᠠᠰᠤ ᠵᠠᠰᠠᠯ ᠨᠢ ᠬᠤᠳᠠ ᠪᠠᠯᠭᠠᠰᠤᠨ ᠳᠤ ᠲᠦᠭᠡᠮᠡᠯᠵᠢᠪᠡ᠃ ᠡᠷᠡᠭᠳᠡᠢ ᠬᠦᠮᠦᠨ ᠦ ᠬᠤᠪᠴᠠᠰᠤ ᠳᠤ ᠰᠤᠷᠤᠭᠴᠢ ᠶᠢᠨ ᠬᠤᠪᠴᠠᠰᠤ᠂ ᠵᠦᠩᠱᠠᠨ ᠬᠤᠪᠴᠠᠰᠤ᠂ ᠪᠠᠷᠢᠯᠭ᠎ᠠ ᠶᠢᠨ ᠬᠤᠪᠴᠠᠰᠤ᠂ ᠴᠡᠷᠢᠭ ᠦᠨ ᠬᠤᠪᠴᠠᠰᠤ᠂ ᠵᠠᠯᠠᠭᠤᠴᠤᠳ ᠤᠨ ᠬᠤᠪᠴᠠᠰᠤ ᠨᠤᠭᠤᠳ ᠪᠠᠶᠢᠳᠠᠭ᠃ ᠡᠮᠡᠭᠲᠡᠶᠢᠴᠦᠳ ᠦᠨ ᠬᠤᠪᠴᠠᠰᠤ ᠳᠤ ᠬᠠᠪᠤᠷ ᠨᠠᠮᠤᠷ ᠤᠨ ᠬᠤᠪᠴᠠᠰᠤ᠂ ᠬᠤᠶᠠᠷ ᠬᠡᠷᠡᠭᠴᠡᠭᠡᠳᠦ ᠬᠤᠪᠴᠠᠰᠤ᠂ ᠲᠠᠲᠠᠮᠠᠯ ᠲᠤᠪᠴᠢᠯᠠᠭᠤᠷᠲᠤ ᠬᠤᠪᠴᠠᠰᠦ᠂ ᠲᠠᠰᠢᠨᠵᠠ ᠵᠡᠷᠭᠡ ᠪᠠᠶᠢᠳᠠᠭ᠃ ᠡᠷᠡᠭᠲᠡᠢ ᠡᠮᠡᠭᠲᠡᠢ ᠶᠢᠨ ᠰᠢᠨ᠎ᠡ ᠮᠠᠶ᠋ᠢᠭ ᠤᠨ ᠬᠤᠪᠴᠠᠰᠤ ᠬᠤᠨᠠᠷ ᠲᠠᠰᠤᠷᠠᠯᠲᠠ ᠦᠭᠡᠢ ᠢᠯᠡᠷᠡᠵᠤ᠂ ᠡᠷᠡᠭᠲᠡᠶᠢᠴᠦᠳ ᠨᠢ ᠵᠦᠩᠱᠠᠨ ᠬᠤᠪᠴᠠᠰᠤ᠂ ᠵᠠᠺᠸ‍ᠲ ᠬᠤᠪᠴᠠᠰᠤ᠂ ᠡᠸᠦ᠋ᠷᠦᠫᠡ ᠬᠤᠪᠴᠠᠰᠤ᠂ ᠠᠩᠴᠢᠨ ᠤ ᠬᠤᠪᠴᠠᠰᠤ ᠶᠢ ᠪᠠᠬᠠᠷᠬᠠᠵᠤ᠂ ᠬᠠᠪᠤᠷ ᠨᠠᠮᠤᠷ  ᠰᠠᠯᠬᠢᠨ ᠦ ᠴᠤᠪᠠ ᠨᠦᠮᠦᠷᠦᠨ᠂ ᠵᠤᠨ  ᠪᠣᠯᠬᠤ ᠳᠤ ᠣᠬᠣᠷ ᠬᠠᠨᠴᠦᠢ ᠲᠠᠢ ᠤᠷᠪᠠᠭᠤᠯᠤᠭᠰᠠᠨ ᠵᠠᠭᠠᠮ᠎ᠠ ᠲᠠᠢ ᠬᠠᠨᠳᠠᠭᠠᠰᠤ ᠡᠮᠦᠰᠳᠡᠭ᠃ ᠬᠤᠳᠠ ᠪᠠᠯᠭᠠᠰᠤᠨ ᠳᠦ ᠵᠤᠨ  ᠳᠦ ᠪᠡᠨ ᠪᠠᠩᠵᠠᠯ ᠡᠮᠤᠰᠬᠦ ᠡᠮᠡᠭᠲᠡᠶᠢᠴᠦᠳ ᠤᠯᠠᠮ ᠠᠴᠠ ᠤᠯᠠᠮ ᠤᠯᠠᠰᠢᠷᠠᠵᠤ᠂ ᠡᠸᠦ᠋ᠷᠦᠫᠡ ᠬᠤᠪᠴᠠᠰᠤᠨ ᠪᠠᠩᠵᠠᠯ᠂ ᠥᠪᠴᠢ ᠪᠠᠩᠵᠠᠯ᠂ ᠤᠯᠠᠨ ᠬᠤᠨᠢᠶᠠᠰᠤᠳᠦ ᠪᠠᠩᠵᠠᠯ᠂ ᠲᠠᠰᠢᠨᠵᠠ᠂ ᠮᠦᠷᠦᠪᠴᠢᠳᠦ ᠪᠠᠩᠵᠠᠯ᠂ ᠪᠦᠷᠢᠶᠠᠨ ᠪᠠᠩᠵᠠᠯ ᠵᠡᠷᠭᠡ ᠤᠯᠠᠨ ᠵᠦᠢᠯ ᠤᠨ ᠪᠠᠩᠵᠠᠯ ᠤᠳ ᠪᠠᠶᠢᠳᠠᠭ᠃ ᠬᠤᠪᠴᠠᠰᠤᠨ ᠤ ᠮᠠᠲ᠋ᠧᠷᠢᠶᠠᠯ ᠤᠨ ᠲᠦᠷᠦᠯ ᠵᠦᠢᠯ ᠤᠯᠠᠰᠢᠷᠠᠵᠤ᠂ ᠬᠦᠪᠦᠩ᠂ ᠤᠯᠤᠰᠤ᠂ ᠬᠢᠮᠢ  ᠶᠢᠨ ᠰᠢᠷᠬᠡᠭᠯᠢᠭ ᠵᠡᠷᠭᠡ ᠡᠳ᠋ ᠪᠠᠶᠢᠳᠠᠭ ᠪᠦᠭᠡᠳ ᠪᠠᠰᠠ ᠲᠣᠷᠭ᠎ᠠ ᠲᠣᠷᠳᠤᠩ᠂ ᠨᠢᠷᠦ᠋ᠩ᠂ ᠨᠣᠣᠰᠣᠨ ᠨᠡᠬᠡᠮᠡᠯ ᠴᠦ ᠪᠠᠶᠢᠳᠠᠭ᠃      ᠮᠠᠯᠠᠭᠠᠢ ᠠᠯᠴᠢᠭᠤᠷ᠄ ᠬᠠᠭᠤᠴᠢᠨ ᠤ ᠦᠶ᠎ᠡ ᠳᠦ ᠡᠷᠡᠭᠲᠡᠶᠢᠴᠦᠳ ᠦᠨ ᠤᠯᠠᠩᠬᠢ ᠨᠢ ᠢᠰᠡᠭᠡᠢ ᠮᠠᠯᠠᠭᠠᠢ᠂ ᠴᠢᠬᠢ ᠲᠠᠢ ᠠᠷᠠᠰᠤᠨ ᠮᠠᠯᠠᠭᠠᠢ ᠡᠮᠤᠰᠳᠡᠭ ᠪᠠ ᠵᠤᠨ  ᠳᠦ ᠪᠡᠨ ᠨᠠᠢᠮᠠᠨ  ᠲᠠᠯ᠎ᠠ ᠲᠠᠢ ᠲᠣᠷᠭ᠎ᠠ ᠴᠡᠯᠮᠡᠨ ᠪᠥᠰ ᠢᠶᠡᠷ ᠤᠶᠤᠭᠰᠠᠨ ᠤᠷᠤᠢ  ᠲᠡᠭᠡᠷ᠎ᠡ ᠨᠢ ᠴᠡᠯᠮᠡᠨ ᠪᠦᠮᠪᠦᠭᠡ︵ᠴᠢᠩ ᠤᠯᠤᠰ ᠤᠨ ᠮᠠᠨᠵᠤ ᠦᠨᠳᠦᠰᠦᠳᠡᠨ ᠦ ᠮᠠᠯᠠᠭᠠᠢ ᠶᠢᠨ ᠬᠡᠯᠪᠡᠷᠢ︶ᠲᠠᠢ ᠲᠤᠭᠤᠷᠴᠠᠭ ᠮᠠᠯᠠᠭᠠᠢ ᠡᠮᠤᠰᠳᠡᠭ᠃ ᠢᠷᠭᠡᠨ ᠤᠯᠤᠰ ᠤᠨ ᠦᠶ᠎ᠡ ᠳᠦ᠂ ᠪᠠᠶᠠᠴᠤᠤᠯ ᠨᠢ ᠬᠡᠷᠡᠮᠦ ᠶᠢᠨ ᠠᠷᠠᠰᠤ ᠪᠡᠷ ᠬᠢᠭᠰᠡᠨ᠂ ᠬᠦᠪᠡᠭᠡ  ᠶᠢ ᠨᠢ ᠠᠯᠳᠠᠨ ᠤᠳᠠᠰᠤ ᠪᠠᠷ ᠪᠤᠷᠤᠤᠯᠠᠵᠤ᠂ ᠮᠠᠩᠨᠠᠢ ᠶᠢᠨ ᠬᠡᠰᠡᠭ ᠲᠤᠨᠢ ᠬᠤᠶᠠᠷ ᠴᠠᠴᠤᠭ ᠲᠠᠢ᠂ ᠨᠠᠷᠢᠨ ᠠᠯᠳᠠᠨ ᠬᠦᠪᠡᠭᠡᠳᠦ ᠲᠤᠮᠤ ᠠᠯᠳᠠᠨ ᠤᠷᠤᠶᠢᠳᠦ ᠮᠠᠯᠠᠭᠠᠢ ᠡᠮᠦᠰᠳᠡᠭ᠃ ᠬᠡᠤᠬᠡᠳ ᠤᠳ ᠴᠠᠰᠤ ᠰᠢᠭᠤᠷᠭ᠎ᠠ ᠶᠢᠨ ᠮᠠᠯᠠᠭᠠᠢ᠂ ︽ᠪᠠᠷᠰ︾᠂ ︽ᠮᠤᠤᠷ︾ ᠤᠨ ᠮᠠᠯᠠᠭᠠᠢ ᠪᠣᠯᠣᠨ ᠲᠦᠩᠰᠡ ᠬᠡᠯᠪᠡᠷᠢᠲᠦ ᠨᠡᠬᠡᠮᠡᠯ ᠮᠠᠯᠠᠭᠠᠢ ᠵᠡᠭᠦᠳᠡᠭ᠃ ᠶᠠᠫᠤᠨ ᠬᠠᠭᠤᠷᠮᠠᠭ ᠮᠠᠨᠵᠤ ᠶᠢᠨ ᠦᠶ᠎ᠡ ᠳᠦ ᠬᠥᠬᠡ᠂ ᠴᠡᠩᠬᠡᠷ᠂ ᠬᠠᠷ᠎ᠠ᠂ ᠴᠠᠶᠢᠪᠣᠷ ᠵᠡᠷᠭᠡ ᠤᠯᠠᠨ ᠶᠠᠩᠵᠣ ᠶᠢᠨ ᠦᠩᠭᠡ ᠲᠠᠢ ᠶᠣᠰᠣᠯᠠᠯ ᠤᠨ ᠮᠠᠯᠠᠭᠠᠢ ᠲᠡᠯᠭᠡᠷᠡᠵ‍ᠠᠢ᠃ ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠡᠷᠡᠭᠲᠡᠶᠢᠴᠦᠳ ᠦᠨ ᠤᠯᠠᠩᠬᠢ ᠨᠢ ᠤᠷᠤᠭᠰᠢᠯᠠᠭᠰᠠᠨ ᠮᠠᠯᠠᠭᠠᠢ ᠪᠣᠯᠣᠨ ᠴᠡᠷᠢᠭ ᠦᠨ ᠨᠣᠭᠤᠭᠠᠨ ᠮᠠᠯᠠᠭᠠᠢ︵ᠳ᠋ᠠᠩ ᠮᠠᠯᠠᠭᠠᠢ ᠪᠣᠯᠣᠨ ᠥᠰᠥᠳᠠᠢ ᠮᠠᠯᠠᠭᠠᠢ︶ᠡᠮᠤᠰᠬᠦ ᠦᠷᠨᠢᠯ ᠭᠠᠷᠴ‍ᠤ᠂ ᠨᠠᠶᠠᠭᠠᠳ ᠣᠨ ᠤ ᠦᠶ᠎ᠡ ᠳᠦ ᠳ᠋ᠤᠺᠲ᠋ᠤᠷ ᠮᠠᠯᠠᠭᠠᠢ᠂ ᠶᠤᠰᠤᠯᠠᠯ ᠤᠨ ᠮᠠᠯᠠᠭᠠᠢ ᠲᠡᠯᠭᠡᠷᠡᠭᠰᠡᠨ ᠪᠠᠶᠢᠨ᠎ᠠ᠃ ᠡᠮᠡᠭᠲᠡᠶᠢᠴᠦᠳ ᠨᠢ ᠡᠯ᠎ᠡ ᠵᠦᠢᠯ ᠤᠨ ᠬᠦᠪᠣᠩ᠂ ᠰᠠᠮᠠᠳᠠᠰᠤ᠂ ᠨᠣᠣᠰᠤᠨ ᠠᠯᠴᠢᠭᠤᠷ ᠵᠡᠭᠦᠵᠤ᠂ ᠡᠷᠡᠭᠲᠡᠶᠢᠴᠦᠳ ᠨᠢ ᠪᠠᠰᠠ ᠡᠪᠦᠯ ᠦᠨ ᠤᠯᠠᠷᠢᠯ ᠳᠤ ᠤᠯᠠᠩᠬᠢ ᠨᠢ ᠤᠷᠳᠤ ᠬᠦᠵᠦᠭᠦᠨ ᠦ ᠣᠷᠢᠶᠠᠯᠲᠠ ᠤᠷᠢᠶᠠᠬᠤ ᠪᠣᠯᠵᠠᠢ᠃      ᠱᠠᠬᠠᠢ ᠦᠢᠮᠤᠰᠤ ᠄ ᠴᠢᠩ ᠤᠯᠤᠰ ᠤᠨ ᠪᠣᠯᠣᠨ ᠢᠷᠭᠡᠨ ᠤᠯᠤᠰ ᠤᠨ ᠦᠶ᠎ᠡ ᠳᠦ᠂ ᠪᠠᠶᠠᠴᠤᠳ ᠤᠨ ᠤᠯᠠᠩᠬᠢ ᠨᠢ ᠪᠥᠰ ᠭᠤᠳᠣᠯ᠂ ᠠᠷᠠᠰᠤᠨ ᠭᠤᠲᠦᠯ︵ᠦᠬᠡᠷ ᠦᠨ ᠠᠷᠠᠰᠤᠨ ᠭᠤᠲᠤᠯ ᠢ ᠬᠠᠮᠤᠭ ᠡᠷᠬᠢᠮᠯᠡᠳᠡᠭ︶ᠡᠮᠦᠰᠳᠡᠭ᠃ ᠶᠠᠳᠠᠭᠤᠴᠤᠤᠯ ᠨᠢ ᠤᠯᠠ ᠵᠤᠯᠤᠭ ᠢ ᠨᠢ ᠴᠢᠩᠭ᠎ᠠ ᠤᠶᠤᠭᠰᠠᠨ︵ᠤᠯᠠ  ᠶᠢ ᠨᠢ ᠤᠯᠤᠰᠤᠨ ᠤᠲᠠᠰᠤ  ᠪᠡᠷ ᠤᠶᠤᠳᠠᠭ︶ᠲᠠᠩ ᠵᠤᠯᠤᠭ ᠪᠣᠶᠤ ᠬᠤᠤᠰ ᠵᠤᠯᠤᠭ ᠲᠠᠢ ᠪᠦᠰ ᠱᠠᠬᠠᠢ ᠡᠮᠦᠰᠳᠡᠭ᠃ ᠬᠡᠤᠬᠡᠳ ᠤᠳ ᠨᠢ ᠪᠠᠷᠰ ᠮᠤᠤᠷ ᠤᠨ ᠲᠤᠯᠤᠭᠠᠢ ᠲᠠᠢ ᠬᠤᠸᠠᠷ ᠲᠠᠢ ᠱᠠᠬᠠᠢ ᠡᠮᠤᠰᠳᠡᠭ᠃ ᠶᠠᠫᠤᠨ ᠬᠠᠭᠤᠷᠮᠠᠭ ᠮᠠᠨᠵᠤ ᠶᠢᠨ ᠦᠶ᠎ᠡ ᠳᠦ ᠡᠷᠡᠭᠲᠡᠶᠢᠴᠦᠳ ᠨᠢ ᠬᠤᠤᠰ ᠵᠤᠯᠤᠭ ᠲᠠᠢ ᠪᠦᠰ ᠱᠠᠬᠠᠢ ᠪᠠ ᠪᠦᠭᠡᠷᠡᠩᠬᠡᠢ ᠠᠮᠠᠰᠠᠷ ᠲᠠᠢ ᠪᠦᠰ ᠱᠠᠬᠠᠢ ᠡᠮᠦᠰᠬᠦ ᠨᠢ ᠠᠭᠠᠵᠢᠮ ᠢᠶᠠᠷ ᠤᠯᠠᠰᠢᠷᠠᠵᠤ᠂ ᠱᠠᠬᠠᠢ ᠶᠢᠨ ᠵᠤᠯᠤᠭ ᠲᠤᠨᠢ ᠡᠭᠦᠯᠡᠨ ᠬᠡ ᠪᠣᠶᠤ ᠲᠦᠷᠪᠡᠯᠵᠢᠨ ᠬᠡᠯᠪᠡᠷᠢᠳᠦ ᠵᠢᠷᠤᠭ ᠲᠦᠷᠰᠦ ᠤᠶᠤᠳᠠᠭ᠃ ᠬᠤᠳᠠ ᠪᠠᠯᠭᠠᠰᠤᠨ ᠤ ᠬᠦᠮᠦᠰ ᠤᠯᠠᠩᠬᠢ ᠨᠢ ᠬᠦᠯᠢᠭᠡᠷ ᠠᠷᠠᠰᠤᠨ ᠱᠠᠬᠠᠢ ᠡᠮᠦᠰᠳᠡᠭ᠃ ᠡᠮᠡᠭᠲᠡᠶᠢᠴᠦᠳ ᠦᠨ ᠱᠠᠬᠠᠢ ᠶᠢᠨ ᠵᠤᠯᠤᠭ ᠲᠤ ᠬᠤᠸᠠᠷ ᠴᠡᠴᠡᠭ ᠬᠠᠳᠬᠤᠳᠠᠭ᠃ ᠡᠷᠡᠭᠲᠡᠢ ᠡᠮᠡᠭᠲᠡᠢ ᠶᠢᠨ ᠦᠢᠮᠤᠰᠤ ᠶᠢ ᠶᠡᠷᠤᠨᠢ ᠬᠦᠪᠦᠩ ᠪᠦᠰ  ᠢᠶᠡᠷ ᠤᠶᠤᠵᠤ ᠬᠢᠳᠡᠭ᠃ ᠴᠢᠯᠦᠭᠡᠯᠡᠭᠳᠡᠭᠰᠡᠨ ᠦ ᠳᠠᠷᠠᠭ᠎ᠠ᠂ ᠱᠠᠬᠠᠢ ᠣᠶᠢᠮᠤᠰᠤ ᠶᠢᠨ ᠲᠦᠷᠦᠯ ᠵᠦᠢᠯ ᠤᠯᠠᠰᠢᠷᠠᠵᠤ᠂ ᠡᠯ᠎ᠡ ᠵᠦᠢᠯ ᠦᠨ ᠪᠦᠭᠡᠷᠡᠩᠬᠡᠢ ᠠᠮᠠᠰᠠᠷ ᠲᠠᠢ᠂ ᠲᠦᠷᠪᠡᠯᠵᠢᠨ᠂ ᠰᠢᠬᠠᠭᠤ ᠠᠮᠠᠰᠠᠷ ᠲᠠᠢ ᠪᠥᠰ ᠱᠠᠬᠠᠢ ᠠᠴᠠ ᠭᠠᠳᠠᠨ᠎ᠠ᠂ ᠠᠷᠠᠰᠤ‍ᠨ ᠱᠠᠬᠠᠢ᠂ ᠭᠤᠮ ᠱᠠᠬᠠᠢ᠂ ᠬᠢᠮᠡᠯ ᠠᠷᠠᠰᠣ‍ᠨ ᠱᠠᠬᠠᠢ᠂ ᠰᠦᠯᠢᠶᠤᠤ ᠶᠢ ᠳᠠᠷᠤᠰᠢᠭᠤᠯᠤᠨ ᠬᠢᠭᠰᠡᠨ ᠱᠠᠬᠠᠢ ᠲᠦᠭᠡᠮᠡᠯᠵᠢᠭᠰᠡᠨ ᠪᠠᠶᠢᠨ᠎ᠠ᠃ ᠪᠥᠰ ᠣᠶᠢᠮᠤᠰᠤ ᠴᠠᠭ ᠦᠶ᠎ᠡ ᠡᠴᠡ ᠬᠤᠴᠤᠷᠴᠤ᠂ ᠰᠢᠯᠤᠨ ᠦᠢᠮᠦᠰᠥ᠂ ᠨᠢᠯᠦᠨ ᠦᠢᠮᠦᠰᠥ᠂ ᠵᠢᠨᠯᠦ᠋ᠨ ᠦᠢᠮᠦᠰᠥ  ᠪᠡᠷ ᠣᠷᠣᠯᠠᠭᠳᠠᠵᠤ ᠡᠮᠦᠰᠬᠦ ᠳᠤ ᠲᠠᠭᠠᠯᠠᠮᠵᠢᠲᠠᠢ ᠭᠤᠶᠤ ᠰᠠᠶᠢᠬᠠᠨ ᠪᠠᠶᠢᠳᠠᠭ᠃       ᠦᠰᠦ ᠭᠡᠵᠢᠭᠡ ᠶᠢᠨ ᠵᠠᠰᠠᠯ᠄ ᠴᠢᠩ ᠤᠯᠤᠰ ᠪᠣᠯᠣᠨ ᠢᠷᠭᠡᠨ ᠤᠯᠤᠰ ᠤᠨ ᠦᠶ᠎ᠡ  ᠳᠤ ᠬᠢᠲᠠᠳ ᠥᠨᠳᠦᠰᠦᠳᠡᠨ ᠦ ᠡᠮᠡᠭᠲᠡᠶᠢᠴᠦᠳ ᠦᠨ ᠬᠦᠮᠦᠨ ᠪᠣᠯᠭᠠᠨ ᠤ ᠲᠤᠯᠤᠭᠠᠢ ᠶᠢᠨ ᠵᠠᠰᠠᠯ ᠴᠢᠮᠡᠭᠯᠡᠯ ᠭᠡᠵᠢᠭᠡᠨ ᠬᠡᠯᠪᠡᠷᠢ ᠨᠢ ᠠᠳᠠᠯᠢ ᠪᠣᠰᠤ ᠪᠠᠶᠢᠳᠠᠭ᠃ ᠬᠡᠤᠬᠡᠨᠴᠤᠳ ᠤᠨ ᠤᠯᠠᠩᠬᠢ ᠨᠢ ᠠᠷᠤ  ᠳᠦ ᠪᠡᠨ ᠨᠢᠭᠡᠨ ᠤᠷᠳᠤ ᠭᠡᠵᠢᠭᠡ ᠭᠦᠷᠦᠵᠦ᠂ ᠡᠭᠡᠮᠦᠭ ᠪᠠᠭᠤᠤ ᠵᠡᠭᠦᠳᠡᠭ᠃ ᠬᠤᠷᠢᠮᠯᠠᠭᠰᠠᠨ ᠡᠮᠡᠭᠲᠡᠶᠢᠴᠦᠳ ᠨᠢ ᠭᠡᠵᠢᠭᠡ ᠪᠡᠨ ᠤᠷᠢᠶᠠᠵᠤ ᠬᠠᠳᠬᠤᠭᠤᠷ ᠵᠡᠭᠦᠳᠡᠭ᠃ ᠠᠬᠢᠮᠠᠭ ᠨᠠᠰᠤᠨ ᠤ ᠡᠮᠡᠭᠲᠡᠢ ᠨᠢ ᠬᠡᠵᠢᠭᠡ ᠪᠡᠨ ᠰᠠᠶᠢᠬᠠᠨ ᠰᠠᠮᠨᠠᠭᠰᠠᠨ ᠤ ᠲᠠᠷᠠᠭ᠎ᠠ ᠱᠠᠩᠬᠤᠯᠠᠨ ᠤᠷᠢᠶᠠᠳᠠᠭ᠃ ᠴᠢᠯᠦᠭᠡᠯᠡᠭᠳᠡᠭᠰᠡᠨ ᠦ ᠡᠬᠢᠨ ᠦ ᠦᠶ᠎ᠡ ᠳᠦ᠂ ᠡᠮᠡᠭᠲᠡᠢ ᠪᠠᠶᠢᠯᠳᠤᠭᠴᠢᠳ ᠵᠢᠴᠢ ᠡᠮᠡᠭᠲᠡᠢ ᠠᠵᠢᠯᠳᠠᠳ ᠣᠬᠣᠷ ᠭᠡᠵᠢᠭᠡ ᠲᠠᠯᠪᠢᠵᠤ᠂ ᠵᠠᠯᠠᠭᠤ ᠬᠡᠤᠬᠡᠨᠴᠤᠳ ᠨᠢ ᠤᠷᠳᠤ ᠬᠡᠵᠢᠭᠡ ᠪᠡᠨ ᠣᠬᠤᠷ ᠬᠡᠵᠢᠭᠡ ᠪᠤᠯᠭᠠᠨ ᠬᠠᠶᠢᠴᠢᠯᠠᠳᠠᠭ᠃ ᠨᠠᠶᠠᠭᠠᠳ ᠤᠨ ᠦ ᠦᠶ᠎ᠡ ᠡᠴᠡ ᠡᠬᠢᠯᠡᠨ ᠬᠡᠵᠢᠭᠡ ᠠᠲᠤᠷᠢᠭᠤᠯᠬᠤ ᠲᠡᠯᠭᠡᠷᠡᠭᠰᠡᠨ ᠮᠦᠷᠲᠡᠭᠡᠨ ᠭᠡᠵᠢᠭᠡ ᠶᠢᠨ ᠶᠠᠩᠵᠤ ᠬᠡᠯᠪᠡᠷᠢ ᠶᠢ ᠠᠩᠬᠠᠷᠴᠤ᠂ ᠤᠯᠠᠨ ᠶᠠᠩᠵᠤ ᠪᠠᠷ ᠶᠠᠩᠵᠤᠯᠠᠬᠤ ᠪᠣᠯᠵᠠᠢ᠃ ᠡᠮᠡᠭᠲᠡᠶᠢᠴᠦᠳ ᠠᠯᠳᠠ ᠮᠦᠩᠭᠦᠨ ᠡᠳ᠋ᠯᠡᠯ ᠢ ᠵᠡᠭᠦᠬᠦ ᠨᠢ ᠠᠭᠠᠵᠢᠮ ᠢᠶᠠᠷ ᠤᠯᠠᠰᠢᠷᠠᠵᠤ᠂ ᠡᠭᠡᠮᠦᠭ ᠰᠤᠨᠳᠤᠷ ᠪᠦᠭᠡᠵᠢ ᠵᠡᠬᠦᠳᠡᠭ᠃ ᠴᠢᠩ ᠤᠯᠤᠰ ᠤᠨ ᠦᠶ᠎ᠡ ᠳᠦ ᠡᠷᠡᠭᠲᠡᠶᠢᠴᠦᠳ ᠭᠡᠵᠢᠭᠡ ᠬᠦᠷᠦᠵᠤ᠂ ᠢᠷᠭᠡᠨ ᠤᠯᠤᠰ  ᠤᠨ ᠦᠶ᠎ᠡ ᠳᠦ ᠡᠷᠡᠭᠲᠡᠶᠢᠴᠦᠳ ᠮᠣᠬᠣᠷ ᠲᠤᠯᠤᠭᠠᠢ  ᠲᠠᠯᠪᠢᠳᠠᠭ᠃ ᠲᠦᠴᠢᠭᠡᠳ ᠣᠨ ᠤ ᠦᠶ᠎ᠡ  ᠡᠴᠡ ᠡᠬᠢᠯᠡᠨ ᠬᠤᠲᠠ ᠪᠠᠯᠭᠠᠰᠤᠨ ᠳᠤ ︽ᠠᠬᠠᠷ ᠬᠡᠷᠪᠢᠭᠰᠡᠨ ᠳᠡᠪᠰᠡᠭ ᠬᠡᠵᠢᠭᠡ︾᠂ ︽ᠭᠣᠣᠯ ᠢᠶᠠᠷ ᠨᠢ ᠵᠠᠭᠠᠭᠯᠠᠭᠰᠠᠨ ᠲᠡᠪᠲᠡᠷ ᠭᠡᠵᠢᠭᠡ︾᠂ ︽ᠭᠤᠷᠪᠠ ᠲᠤᠯᠤᠭ᠎ᠠ ᠶᠢᠨ ᠵᠢᠰᠢᠭᠦᠤ ᠭᠡᠵᠢᠭᠡ︾᠂ ︽ᠠᠷᠤᠨᠰᠢ ᠪᠠᠨ ᠰᠠᠮᠨᠠᠭᠰᠠᠨ ᠪᠢᠲᠡᠭᠦᠤ ᠭᠡᠵᠢᠭᠡ︾ ᠲᠠᠯᠪᠢᠬᠤ ᠪᠣᠯᠵᠠᠢ᠃ ᠨᠠᠰᠤᠲᠠᠶᠢᠴᠤᠳ ᠨᠢ ᠰᠠᠬᠠᠯ ᠬᠣᠣᠵᠠ ᠲᠠᠯᠪᠢᠳᠠᠭ᠃ ᠤᠯᠤᠰ ᠪᠠᠶᠢᠭᠤᠯᠤᠭᠳᠠᠭᠰᠠᠨ ᠤ ᠲᠠᠷᠠᠭ᠎ᠠ ᠲᠡᠮᠡᠢ ᠶᠡᠭᠡ ᠬᠤᠪᠢᠷᠠᠯᠳᠠ ᠦᠭᠡᠢ᠂ ᠨᠠᠶᠠᠭᠠᠳ ᠣᠨ ᠤ ᠦᠶ᠎ᠡ ᠳᠦ ᠵᠠᠷᠢᠮ ᠵᠠᠯᠠᠭᠤᠴᠤᠳ ᠤᠷᠳᠤ ᠬᠡᠵᠢᠭᠡ ᠲᠠᠯᠪᠢᠵᠣ᠂ ᠦᠰᠦ ᠪᠡᠨ ᠠᠲᠤᠷᠢᠭᠤᠯᠵᠤ᠂ ᠪᠦᠯᠡᠵᠡᠭ ᠵᠡᠬᠦᠬᠦ ᠪᠣᠶᠣ ᠬᠠᠷ᠎ᠠ ᠨᠢᠳᠦᠨ ᠰᠢᠯ ᠵᠡᠭᠦᠳᠡᠭ᠃
          