ᠣᠷᠣᠨ ᠰᠠᠭᠤᠴᠠ  
  
2022/12/9
      ᠴᠢᠯᠤᠭᠡᠯᠡᠭᠳᠡᠬᠦ ᠠᠴᠠ ᠡᠮᠤᠨ᠎ᠠ᠂ ᠨᠤᠶᠠ‍ᠤᠨ ᠬᠤᠳᠠᠯᠳᠤᠭᠠᠴᠢ‍ᠣᠨ ᠪᠠᠶᠠᠨ ᠠᠶᠢᠯ ᠨᠢ ᠶᠡᠷᠤᠳᠡᠭᠡᠨ ᠮᠠᠨᠵᠤ ᠮᠠᠶ᠋ᠢᠭ ᠤᠨ ᠪᠢᠳᠡᠭᠦᠤ ᠲᠦᠷᠪᠡᠯᠡᠭᠰᠡᠨ ᠬᠦᠷᠢᠶ᠎ᠡ ᠳᠦ ᠰᠠᠭᠤᠬᠤ ᠶᠢ ᠡᠷᠬᠢᠮᠯᠡᠵᠤ᠂ ᠭᠡᠷ ᠪᠠᠶᠢᠰᠢᠩ  ᠨᠢ ᠲᠤᠭᠤᠰᠬ᠎ᠠ ᠮᠤᠳᠤᠨ ᠤ ᠪᠦᠳᠦᠴᠠ ᠲᠠᠢ᠂ ᠬᠦᠬᠡ ᠤᠷᠤᠢ ᠲᠠᠢ ᠸᠠᠭᠠᠷ ᠤᠨ ᠪᠠᠶᠢᠰᠢᠩ ᠪᠠᠶᠢᠳᠠᠭ᠃ ᠭᠡᠷ ᠦᠨ ᠠᠬᠠᠮᠠᠳ ᠪᠣᠶᠤ ᠨᠠᠰᠤᠳᠠᠶᠢᠴᠤᠳ ᠨᠢ ᠭᠤᠣᠯ ᠭᠡᠷ ᠦᠨ ᠢᠶᠡᠨ ᠵᠡᠭᠦᠨ ᠭᠡᠷ ᠲᠤᠨᠢ ᠰᠠᠭᠤᠵᠤ᠂ ᠡᠷᠬᠢᠮ ᠬᠦᠨᠳᠤᠳᠠᠢ ᠪᠠᠶᠢᠬᠤ ᠪᠠᠨ ᠢᠯᠡᠷᠡᠭᠦᠯᠳᠡᠭ ᠪᠠ ᠪᠣᠰᠤᠳ ᠨᠢ ᠦᠶ᠎ᠡ ᠬᠤᠷᠠᠭ  ᠦᠨ ᠪᠠᠶᠢᠳᠠᠯ ᠢᠶᠡᠨ ᠦᠨᠳᠤᠰᠤᠯᠠᠨ ᠰᠠᠭᠤᠬᠤ ᠥᠷᠦᠭᠡ ᠪᠠᠨ ᠲᠣᠬᠢᠷᠠᠭᠣᠯᠳᠠᠭ᠃ ᠡᠩ ᠦᠨ ᠠᠷᠠᠳ ᠢᠷᠭᠡᠳ ᠤᠪᠤᠬᠠᠢ ᠪᠣᠶᠣ ᠰᠢᠷᠤᠢ ᠶᠢᠨ ᠭᠡᠷ ᠲᠦ ᠰᠠᠭᠤᠳᠠᠭ᠃ ᠶᠠᠳᠠᠭᠤᠴᠤᠳ ᠨᠢ ᠬᠠᠷᠢᠨ ᠠᠭᠤᠢ᠂ ᠨᠦᠭᠡᠨ ᠭᠡᠷ᠂ ᠦᠪᠤᠩ ᠵᠡᠷᠭᠡ ᠲᠦᠭᠦᠮ ᠪᠦᠳᠦᠭᠦᠯᠢᠭ ᠭᠡᠷ ᠲᠦ ᠰᠠᠭᠤᠵᠤ᠂ ᠡᠭᠦᠳᠡ ᠴᠤᠩᠬᠤ ᠪᠠᠨ ᠴᠠᠭᠠᠰᠤ ᠪᠠᠷ ᠨᠠᠭᠠᠵᠤ᠂ ᠪᠦᠬᠦ ᠭᠡᠷ ᠦᠨ ᠬᠡᠳᠦᠨ ᠦᠶ᠎ᠡ ᠪᠡᠷ ᠢᠶᠡᠨ ᠨᠢᠭᠡ ᠬᠠᠨᠵᠤᠨ ᠲᠡᠭᠡᠷ᠎ᠠ ᠬᠣᠨᠤᠳᠠᠭ ᠦᠵᠡᠭᠳᠡᠯ ᠤᠯᠠᠨ ᠪᠠᠶᠢᠳᠠᠭ᠃      ᠤᠯᠠᠭᠠᠨᠬᠠᠳᠠ ᠤᠷᠤᠨ  ᠦ ᠬᠢᠳᠡᠳ ᠦᠨᠳᠦᠰᠦᠳᠡᠨ ᠦ ᠤᠷᠤᠨ ᠰᠠᠭᠤᠴᠠ ᠭᠡᠷ ᠪᠠᠶᠢᠰᠢᠩ ᠨᠢ ᠬᠡᠳᠦ ᠤᠳᠠᠭᠠᠨ  ᠦ ᠬᠤᠪᠢᠷᠠᠯ ᠤᠨ ᠶᠠᠪᠣᠴᠠ ᠶᠢ ᠦᠩᠭᠡᠷᠡᠭᠡᠵᠠᠢ᠃ ᠲᠦᠴᠢᠭᠡᠳ ᠣᠨ ᠠᠴᠠ ᠡᠮᠦᠨ᠎ᠠ᠂ ᠠᠭᠤᠯᠠᠷᠬᠠᠭ ᠤᠷᠤᠨ ᠤ ᠶᠠᠳᠠᠭᠤ ᠵᠦᠳᠡᠭᠦᠦ ᠠᠷᠠᠳ ᠨᠢ ᠭᠠᠵᠠᠷ ᠵᠦᠢ ᠶᠢᠨ ᠨᠦᠭᠦᠴᠡᠯ ᠪᠣᠯᠣᠯᠴᠠᠭ᠎ᠠ ᠳᠤ ᠲᠦᠰᠢᠭᠯᠡᠨ ᠳᠦᠭᠦᠮ ᠪᠦᠳᠦᠭᠦᠯᠢᠭ ᠰᠢᠷᠭᠤᠵᠤ ᠪᠣᠯᠬᠤᠶᠢᠴᠠ ᠭᠠᠵᠠᠷ ᠠᠮᠢᠳᠤᠷᠠᠳᠠᠭ᠂ ᠠᠭᠤᠯᠠ ᠶᠢ ᠲᠦᠰᠢᠨ ᠠᠮᠢᠳᠤᠷᠠᠭᠴᠢᠳ ᠨᠢ ᠠᠭᠤᠯᠠ ᠶᠢ ᠠᠭᠤᠶᠢᠯᠠᠨ ᠰᠠᠭᠤᠳᠠᠭ᠃ ᠡᠬᠦᠨ ᠢ ︽ᠨᠦᠬᠡᠨ ᠭᠡᠷ︾ ᠭᠡᠳᠡᠭ᠃ ᠲᠠᠯ᠎ᠠ ᠭᠠᠵᠠᠷ ᠭᠤᠣᠯ ᠮᠦᠷᠡᠨ ᠡᠯᠡᠰᠦ ᠮᠠᠩᠬᠠᠨ ᠤᠷᠤᠨ ᠤ ᠬᠦᠮᠦᠰ ᠨᠢ ᠡᠪᠡᠰᠦ ᠶᠢ ᠪᠣᠭᠣᠵᠢᠯᠠᠨ ᠭᠡᠷ ᠪᠠᠷᠢᠨ ᠰᠠᠭᠤᠳᠠᠭ᠂ ᠡᠭᠦᠨ ᠢ ︽ᠦᠪᠤᠩ︾ ᠭᠡᠳᠡᠭ᠃ ᠬᠠᠭᠤᠴᠢᠨ ᠤ ᠦᠶ᠎ᠡ ᠳᠦ᠂ ᠲᠠᠷᠢᠶᠠᠴᠢᠳ ᠡᠪᠡᠰᠤᠨ ᠤᠪᠤᠬᠠᠢ᠂ ᠰᠢᠷᠦᠢ ᠴᠢᠯᠠᠭᠤ  ᠶᠢ ᠵᠡᠷᠭᠡᠯᠡᠭᠰᠡᠨ ᠡᠪᠡᠰᠦᠨ ᠣᠷᠤᠢ ᠲᠠᠢ ᠤᠯᠠᠯᠵᠢᠨ ᠭᠡᠷ᠂ ᠠᠭᠤᠯᠠ ᠶᠢ ᠨᠦᠬᠡᠯᠡᠨ ᠵᠢᠵᠢᠭ ᠡᠭᠦᠳᠡ ᠴᠤᠩᠬᠤ ᠭᠠᠷᠭᠠᠨ᠂ ᠬᠠᠨᠵᠤ ᠵᠤᠤᠬ᠎ᠠ ᠨᠢ ᠬᠠᠷᠢᠯᠴᠠᠨ ᠵᠠᠯᠭᠠᠯᠳᠤᠵᠤ ᠤᠳᠤᠭ᠎ᠠ ᠲᠤᠭᠤᠰᠤᠨ ᠳᠤ ᠲᠠᠷᠤᠭᠳᠠ‍ᠭᠰᠠᠨ ᠡᠶᠢᠮᠦᠷᠬᠦ ᠭᠡᠷ ᠦᠳ ᠢᠶᠡᠷ ᠤᠷᠳᠤ ᠤᠳᠠᠭᠠᠨ ᠵᠢᠯ ᠢᠶᠡᠷ ᠠᠮᠢᠳᠤᠷᠠᠵᠤ᠂ ᠭᠠᠯ ᠭᠤᠯᠤᠮᠳᠠ ᠪᠠᠨ ᠵᠠᠯᠭᠠᠭᠤᠯᠤᠭᠰᠠᠭᠠᠷ ᠢᠷᠡᠵᠡᠢ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠡᠬᠢᠨ ᠦ ᠦᠶ᠎ᠡ ᠳᠦ ᠲᠠᠷᠢᠶᠠᠴᠢᠳ ᠦᠨ ᠤᠯᠠᠩᠬᠢ ᠨᠢ ᠰᠢᠷᠤᠢ ᠶᠢᠨ ᠭᠡᠷ ᠲᠦ ᠰᠠᠭᠤᠳᠠᠭ᠃ ᠡᠶᠢᠮᠦᠷᠬᠦ ᠭᠡᠷ ᠢ ᠪᠠᠷᠢᠬᠤ ᠳᠠᠭᠠᠨ ᠭᠡᠷ ᠦᠨ ᠬᠠᠶᠠᠭ᠎ᠠ ᠶᠢ ᠨᠢ ᠬᠠᠩᠳᠠᠨ ᠪᠠᠷᠢᠵᠤ᠂ ᠲᠡᠭᠡᠷ᠎ᠡ ᠨᠢ ᠲᠤᠯᠤᠭ᠎ᠠ ᠠᠴᠠ ᠶᠢᠰᠤᠨ ᠨᠢᠷᠤᠭᠤ ᠭᠠᠷᠭᠠᠨ᠂ ᠠᠳᠠᠭᠠᠷ ᠲᠠᠯᠪᠢᠨ ᠰᠢᠪᠠᠷ ᠢᠶᠠᠷ ᠰᠢᠪᠠᠳᠠᠭ᠃ ᠤᠯᠠᠩᠬᠢ ᠨᠢ ᠭᠤᠷᠪᠠᠨ ᠲᠠᠰᠤᠯᠭ᠎ᠠ ᠪᠠᠷ ᠪᠦᠳᠦᠵᠣ᠂ ᠭᠡᠷ ᠦᠨ ᠤᠷᠤᠢ ᠨᠢ ᠬᠠᠭᠠᠰ ᠲᠤᠭᠤᠷᠢᠭ ᠬᠡᠯᠪᠡᠷᠢ ᠲᠠᠢ᠂︵ᠵᠠᠷᠢᠮ ᠨᠢ ᠪᠣᠰᠤᠭ᠎ᠠ ᠤᠷᠤᠢ ᠭᠠᠷᠭᠠᠳᠠᠭ︶᠂ ᠨᠢᠭᠡ ᠬᠣᠶᠠᠷ ᠵᠢᠯ ᠪᠣᠯᠪᠠᠯ ᠨᠢᠭᠡ ᠤᠳᠠᠭ᠎ᠠ ᠰᠢᠪᠠᠷ ᠢᠶᠠᠷ ᠰᠢᠪᠠᠵᠤ᠂ ᠭᠤᠭᠤᠵᠢᠬᠤ ᠠᠴᠠ ᠰᠡᠷᠭᠡᠶᠢᠯᠡᠬᠦ ᠮᠦᠷᠳᠡᠭᠡᠨ  ᠳᠤᠯᠠᠭᠠᠨ ᠢ ᠬᠠᠮᠠᠭᠠᠯᠠᠳᠠᠭ᠃ ᠲᠠᠪᠢ ᠵᠢᠷᠠᠭᠠᠳ ᠣᠨ ᠤ ᠦᠶ᠎ᠡ ᠳᠦ᠂ ᠠᠷᠠᠳ ᠤᠨ ᠭᠡᠷ ᠪᠠᠶᠢᠰᠢᠩ ᠤᠨ ᠤᠯᠠᠩᠬᠢ ᠨᠢ ᠪᠣᠰᠤᠭ᠎ᠠ ᠤᠷᠤᠢ ᠭᠠᠷᠭᠠᠨ ᠡᠪᠡᠰᠤ ᠲᠠᠯᠪᠢᠳᠠᠭ ᠪᠠ ᠲᠤᠳᠤᠷ᠎ᠠ ᠲᠠᠯ᠎ᠠ ᠶᠢᠨ ᠪᠦᠳᠦᠴᠠ ᠨᠢ ᠰᠢᠷᠤᠢ ᠶᠢᠨ ᠬᠡᠷ ᠤᠨ ᠪᠦᠳᠦᠴᠠ ᠲᠠᠢ ᠠᠳᠠᠯᠢᠪᠳᠦᠷ ᠪᠠᠶᠢᠳᠠᠭ᠃ ᠲᠠᠯᠠᠭᠠᠳ ᠣᠨ ᠤ ᠡᠬᠢᠨ ᠳᠦ ᠪᠣᠰᠤᠭ᠎ᠠ ᠤᠷᠤᠶ ᠲᠠᠢ ᠸᠠᠭᠠᠷ ᠤᠨ ᠭᠡᠷ ᠠᠭᠠᠵᠢᠮ ᠢᠶᠠᠷ ᠣᠯᠠᠰᠢᠷᠠᠵᠠᠢ᠃ ᠸᠠᠭᠠᠷ ᠤᠨ ᠭᠡᠷ ᠨᠢ ᠲᠦᠷᠪᠡᠨ ᠳᠠᠮ ᠨᠢᠷᠤᠭᠤ ᠨᠠᠢᠮᠠᠨ ᠪᠠᠭᠠᠨᠠᠨ ᠤᠷᠤᠢ ᠲᠠᠢ᠂ ᠲᠤᠭᠤᠰᠬ᠎ᠠ ᠴᠢᠯᠠᠭᠤᠨ ᠪᠦᠳᠦᠴᠠ ᠲᠠᠢ ᠭᠤᠷᠪᠠ ᠠᠴᠠ ᠲᠠᠪᠤᠨ ᠲᠠᠰᠤᠯᠭ᠎ᠠ ᠲᠠᠰᠤᠯᠵᠤ᠂ ᠨᠢᠭᠡ ᠠᠶᠢᠯ ᠨᠢᠭᠡ ᠬᠦᠷᠢᠶ᠎ᠡ ᠪᠠᠶᠢᠭᠤᠯᠵᠤ ᠰᠠᠭᠤᠳᠠᠭ᠃ ᠨᠠᠶᠠᠭᠠᠳ ᠣᠨ ᠠᠴᠠ ᠰᠡᠭᠦᠯᠡᠷ᠂ ᠭᠡᠷ ᠪᠠᠷᠢᠬᠤ ᠶᠤᠰᠤ ᠤᠴᠢᠷ ᠢ ᠨᠡᠩ ᠢᠯᠡᠭᠦᠦ ᠠᠩᠬᠠᠷᠬᠤ ᠪᠣᠯᠵᠣ᠂ ᠦᠨᠳᠦᠷ ᠰᠦᠷᠯᠢᠭ ᠠᠰᠠᠷ ᠲᠠᠭᠲᠤ ᠪᠠᠶᠢᠭᠤᠯᠬᠤ ᠨᠢ ᠳᠡᠮᠡᠢ ᠰᠤᠨᠢᠨ ᠰᠡᠪᠡᠬᠦᠨ ᠵᠦᠢᠯ ᠪᠢᠰᠢ ᠪᠣᠯᠵᠠᠢ᠃
          