ᠭᠠᠯ ᠲᠠᠬᠢᠬᠤ
  
2022/12/9
      ᠮᠣᠩᠭᠣᠯ ᠦᠨᠳᠦᠰᠦᠳᠡᠨ ᠠᠯᠢ ᠡᠷᠲᠡᠨ ᠡᠴᠡ ᠪᠡᠨ ᠵᠢᠯ ᠵᠢᠯ ᠦᠨ ᠪᠢᠯᠢᠭ ᠦᠨ ᠤᠯᠠᠷᠢᠯ ᠤᠨ ᠬᠥᠬᠡᠭᠡ ᠰᠠᠷ᠎ᠠ ᠶᠢᠨ ᠬᠤᠷᠢᠨ ᠭᠤᠷᠪᠠᠨ ᠳᠤ ᠭᠠᠯ ᠲᠠᠬᠢᠬᠤ ᠤᠯᠠᠮᠵᠢᠯᠠᠯᠳᠤ ᠵᠠᠩᠰᠢᠯ ᠲᠠᠢ ᠶᠤᠮ᠃ ᠭᠠᠯ ᠲᠠᠬᠢᠯᠭ᠎ᠠ ᠨᠢ ᠮᠤᠩᠭᠤᠯᠴᠤᠳ ᠤᠨ ᠬᠠᠮᠤᠭ ᠠᠩᠬᠠᠷᠤᠨ ᠴᠢᠬᠤᠯᠠᠴᠢᠯᠠᠳᠠᠭ ᠪᠠᠶᠠᠷ ᠲᠤᠷᠠᠰᠬᠠᠯ ᠤᠨ ᠡᠳᠦᠷ ᠤᠨ ᠨᠢᠭᠡ ᠪᠣᠯᠣᠨ᠎ᠠ᠃ ᠨᠠᠷᠠ ᠵᠢᠷᠭᠠᠵᠤ ᠤᠳᠤᠨ ᠮᠡᠴᠢᠳ ᠵᠢᠷᠭᠠᠬᠤ ᠦᠶᠡᠰ ᠭᠠᠯ ᠢᠶᠠᠨ ᠲᠠᠬᠢᠨ᠎ᠠ᠃ ᠭᠠᠯ ᠲᠠᠬᠢᠬᠤ ᠳᠦ ᠶᠠᠭᠤᠨ ᠤ ᠡᠮᠤᠨ᠎ᠠ ᠮᠤᠩᠭᠤᠯ ᠭᠡᠷ  ᠢᠶᠠᠨ ᠱᠦᠭᠦᠷᠳᠡᠵᠤ᠂ ᠬᠣᠪᠤᠩ ᠲᠤᠯᠭ᠎ᠠ  ᠪᠠᠨ ᠴᠡᠮᠴᠡᠭᠡᠷ ᠪᠣᠯᠭᠠᠨ᠂ ᠡᠳᠦᠷ ᠨᠢ ᠭᠠᠯ ᠲᠠᠬᠢᠬᠤ ᠳᠤ ᠬᠡᠷᠡᠭᠯᠡᠬᠦ ᠬᠤᠨᠢᠨ ᠡᠪᠴᠢᠭᠦᠦ ᠪᠡᠨ ᠴᠢᠨᠠᠵᠤ ᠶᠠᠰᠤ ᠮᠢᠬ᠎ᠠ ᠶᠢ ᠨᠢ ᠰᠠᠯᠭᠠᠭᠠᠳ ᠡᠪᠴᠢᠬᠦᠨ ᠦ ᠬᠤᠷᠮᠤᠢ ᠠᠴᠠ ᠨᠢᠭᠡ ᠬᠡᠰᠡᠭ ᠵᠦᠰᠦᠨ ᠡᠪᠴᠢᠭᠦᠦ ᠶᠠᠰᠤᠨ ᠤ ᠪᠦᠳᠦᠷᠬᠡᠢ ᠳ᠋ᠤᠨᠢ ᠭᠤᠬᠠᠳᠠᠵᠤ ᠲᠤᠳᠤᠷ᠎ᠠ ᠨᠢ ᠴᠡᠪᠡᠷ ᠠᠷᠢᠭᠤᠨ ᠠᠬᠢ ᠬᠢᠯᠭᠠᠨ᠎ᠠ ᠰᠡᠮᠡᠵᠡᠨ ᠥᠭᠡᠬᠦ ᠵᠡᠷᠭᠡ ᠶᠢ ᠴᠢᠬᠢᠵᠤ ᠰᠢᠷ᠎ᠠ ᠲᠤᠰᠤ ᠲᠦᠷᠬᠢᠨ ᠲᠠᠬᠢᠯᠭ᠎ᠠ ᠶᠢᠨ ᠰᠢᠷᠡᠭᠡᠨ ᠲᠡᠭᠡᠷ᠎ᠠ ᠲᠠᠯᠪᠢᠬᠤ ᠪᠦᠭᠡᠳ ᠪᠠᠰᠠ ᠰᠢᠷ᠎ᠠ ᠲᠣᠰᠣ᠂ ᠬᠠᠷ᠎ᠠ ᠠᠷᠢᠬᠢ᠂ ᠠᠷᠴᠠ᠂ ᠬᠠᠭᠤᠷᠠᠢ ᠪᠤᠳᠠᠭ᠎ᠠ᠂ ᠬᠡᠪ ᠦᠨ ᠴᠠᠢ ᠵᠡᠷᠭᠡ ᠭᠠᠯ ᠲᠠᠬᠢᠬᠤ ᠳᠤ ᠬᠡᠷᠡᠭᠯᠡᠬᠦ ᠪᠣᠰᠤᠳ ᠵᠦᠢᠯ ᠦᠨ ᠶᠠᠭᠤᠮ᠎ᠠ ᠶᠢ ᠪᠠᠯᠠᠳᠬᠡᠵᠤ ᠲᠠᠯᠪᠢᠨ᠎ᠠ᠃ ᠡᠬᠦᠨ ᠦ ᠲᠠᠷᠠᠭ᠎ᠠ ᠲᠤᠯᠭ᠎ᠠ ᠪᠠᠨ ᠵᠠᠰᠠᠵᠤ ᠴᠢᠮᠡᠭᠯᠡᠨ᠎ᠡ᠃ ᠥᠭᠡᠷ᠎ᠡ ᠪᠡᠷ ᠬᠡᠯᠡᠪᠡᠯ ᠬᠥᠬᠡ᠂ ᠴᠠᠭᠠᠨ᠂ ᠰᠢᠷ᠎ᠠ᠂ ᠤᠯᠠᠭᠠᠨ᠂ ᠨᠤᠭᠤᠭᠠᠨ ᠵᠡᠷᠭᠡ ᠲᠠᠪᠣᠨ ᠦᠩᠭᠡ  ᠶᠢᠨ ᠲᠣᠷᠭᠠᠨ ᠦᠭᠡᠳᠡᠰᠤ ᠶᠢ ᠨᠠᠷᠢᠨ ᠬᠠᠶᠢᠴᠢᠯᠠᠵᠤ ᠳᠡᠰ ᠳᠠᠷᠠᠭᠠᠯᠠᠯ ᠢᠶᠠᠷ ᠨᠢ ᠳᠠᠪᠬᠤᠷᠯᠠᠨ ᠴᠠᠭᠠᠨ ᠤᠳᠠᠰᠤ ᠪᠠᠷ ᠨᠢᠭᠡ ᠦᠵᠤᠬᠦᠷ  ᠢ ᠨᠢ ᠤᠶᠤᠭᠰᠠᠨ ᠤ ᠲᠠᠷᠠᠭ᠎ᠠ ᠲᠤᠯᠭ᠎ᠠ ᠶᠢᠨ ᠲᠦᠷᠪᠡᠨ ᠣᠴᠤᠭ ᠲᠡᠭᠡᠷ᠎ᠠ ᠨᠢ ᠨᠢᠵᠡᠭᠡᠳ ᠢ ᠡᠯᠬᠦᠵᠤ ᠲᠠᠯᠪᠢᠨ᠎ᠠ᠃ ᠲᠠᠪᠣᠨ ᠦᠩᠭᠡ ᠶᠢᠨ ᠪᠥᠰ ᠨᠢ ᠲᠤᠰᠪᠤᠷᠢ ᠬᠥᠬᠡ ᠲᠡᠭᠷᠢ᠂ ᠴᠠᠭᠠᠨ ᠡᠭᠦᠯᠡ᠂ ᠰᠢᠷ᠎ᠠ ᠶᠢᠨ ᠱᠠᠰᠢᠨ᠂ ᠤᠯᠠᠭᠠᠨ ᠭᠠᠯ᠂ ᠨᠤᠭᠤᠭᠠᠨ ᠪᠡᠯᠴᠢᠭᠡᠷ ᠢ ᠲᠦᠯᠦᠭᠡᠯᠡᠳᠡᠭ᠃ ᠭᠠᠯ ᠲᠠᠬᠢᠬᠤ ᠳᠤ ᠪᠠᠰᠠ ᠲᠠᠯᠠᠯᠠᠭ᠎ᠠ ᠶᠢᠨ ᠶᠠᠭᠤᠮ᠎ᠠ ᠪᠡᠯᠡᠳᠬᠡᠨ᠎ᠠ᠃ ᠭᠤᠤᠯᠳᠠᠭᠤ ᠬᠤᠨᠢᠨ ᠤ ᠬᠦᠵᠦᠭᠦᠦ᠂ ᠲᠦᠷᠪᠡᠨ ᠬᠠᠪᠢᠷᠭ᠎ᠠ ᠶᠢ ᠲᠤᠤᠷ᠎ᠠ ᠨᠢ ᠲᠠᠯᠪᠢᠵᠤ᠂ ᠴᠢᠳᠬᠤᠭᠰᠠᠨ ᠭᠡᠳᠡᠰᠤ ᠪᠠᠨ ᠲᠤᠮᠳᠠ ᠨᠢ ᠲᠠᠯᠪᠢᠵᠣ᠂ ᠲᠡᠭᠡᠷ᠎ᠡ ᠨᠢ ᠡᠪᠴᠢᠭᠦᠦ ᠪᠠᠨ ᠲᠠᠯᠪᠢᠵᠤ᠂ ᠬᠠᠮᠤᠭ ᠰᠡᠭᠦᠯ ᠳ᠋ᠤᠨᠢ ᠪᠦᠬᠦᠯᠢ ᠰᠡᠭᠦᠯ ᠢᠶᠠᠷ ᠲᠠᠷᠤᠵᠤ ᠲᠠᠯᠪᠢᠨ᠎ᠠ᠃ ᠲᠤᠯᠭ᠎ᠠ ᠶᠢᠨ ᠬᠤᠪᠤᠩ ᠤᠨ ᠲᠦᠷᠪᠡᠨ ᠦᠨᠴᠦᠭ ᠲᠦ ᠲᠤᠰ ᠪᠦᠷᠢ ᠨᠢᠭᠡᠨ ᠠᠶᠠᠭ᠎ᠠ ᠠᠮᠤᠰᠤ︵ᠴᠢᠪᠠᠭ᠎ᠠ ᠲᠠᠢ ᠠᠮᠤᠰᠤ︶ᠲᠠᠯᠪᠢᠳᠠᠭ᠃ ᠲᠡᠭᠡᠷᠡᠬᠢ ᠪᠡᠯᠡᠳᠬᠡᠯ ᠢ ᠬᠢᠵᠤ ᠪᠠᠷᠠᠭᠰᠠᠨ ᠤ ᠲᠠᠷᠠᠭ᠎ᠠ ᠣᠳᠤ ᠪᠦᠷᠢᠯᠳᠦᠬᠦ ᠦᠶ᠎ᠡ ᠳᠦ ᠲᠠᠬᠢᠯᠭ᠎ᠠ ᠡᠬᠢᠯᠡᠳᠡᠭ᠃ ᠭᠠᠯ ᠲᠠᠬᠢᠬᠤ  ᠯᠠᠮᠠ ᠬᠤᠶᠢᠮᠦᠷ ᠰᠠᠭᠤᠵᠤ ᠭᠠᠯ ᠤᠨ ᠲᠠᠬᠢᠯᠭ᠎ᠠ ᠶᠢᠨ ᠨᠣᠮ ᠤᠩᠰᠢᠨ᠎ᠠ᠃︽ᠡᠵᠡᠨ ᠪᠣᠭᠳᠠ ᠶᠢᠨ ᠴᠠᠬᠢᠭᠰᠠᠨ᠂ ᠡᠰᠢ ᠬᠠᠳᠤᠨ ᠤ ᠦᠯᠢᠶᠡᠭᠰᠡᠨ ᠬᠠᠳᠠᠨ ᠲᠡᠮᠦᠷ ᠡᠴᠢᠭᠡᠲᠦ᠂ ᠬᠠᠳᠠ ᠴᠢᠯᠠᠭᠤᠨ ᠡᠬᠡᠳᠦ᠂ ᠬᠠᠶᠢᠯᠠᠰᠤᠨ ᠮᠤᠳᠤᠨ ᠠᠮᠢᠳᠤ ᠬᠠᠨ ᠮᠢᠷᠠᠯᠵᠠ ᠭᠠᠯ ᠤᠨ ᠡᠬᠡ  ᠳᠤ ᠪᠠᠨ ᠬᠠᠯᠢᠮ ᠦᠭᠡᠬᠦᠨ ᠰᠢᠷ᠎ᠠ ᠲᠤᠰᠤᠨ ᠢᠶᠠᠨ ᠡᠷᠭᠦᠨᠡᠮ︾ᠭᠡᠵᠤ ᠭᠠᠯ ᠤᠨ ᠢᠷᠤᠬᠡᠯ ᠬᠡᠯᠡᠬᠦ ᠪᠦᠭᠡᠳ ︽ᠰᠢᠳᠤᠷᠭᠤ ᠡᠯᠪᠡᠷᠢᠯᠲᠦ ᠬᠦᠪᠡᠭᠦᠨ ᠲᠠᠢ ᠪᠣᠯᠭ᠎ᠠ᠂ ᠰᠡᠳᠬᠢᠯ ᠴᠢᠭᠡᠴᠢ ᠪᠡᠷᠢ ᠲᠠᠢ ᠪᠣᠯᠭ᠎ᠠ᠂ ᠰᠢᠯᠤᠭᠤᠨ ᠰᠠᠶᠢᠬᠠᠨ ᠬᠡᠤᠬᠡᠨ ᠲᠠᠢ ᠪᠣᠯᠭ᠎ᠠ᠂ ᠰᠢᠯᠢ ᠰᠠᠶᠢᠳᠤ ᠬᠦᠷᠭᠡᠨ ᠲᠠᠢ ᠪᠣᠯᠭ᠎ᠠ︾ᠭᠡᠵᠤ ᠲᠠᠭᠠᠳᠬᠠᠵᠤ᠂ ᠲᠠᠷᠠᠭ᠎ᠠ ᠨᠢ ︽ᠰᠦᠮᠪᠦᠷ ᠠᠭᠤᠯᠠ ᠮᠡᠳᠤ ᠡᠪᠳᠡᠷᠡᠰᠢ ᠦᠭᠡᠢ᠂ ᠰᠦᠨ ᠲᠠᠯᠠᠢ ᠮᠡᠳᠦ ᠰᠢᠷᠭᠢᠰᠢ ᠦᠭᠡᠢ᠂ ᠬᠡᠵᠢᠶ᠎ᠡ ᠡᠬᠦᠷᠢᠳᠡ ᠪᠠᠷᠠᠭᠳᠠᠰᠢ ᠦᠭᠡᠢ᠂ ᠬᠡᠮᠵᠢᠶᠡᠯᠡᠰᠢ ᠦᠭᠡᠢ ᠪᠤᠶᠠᠨ ᠬᠡᠰᠢᠭ ᠢ ᠭᠤᠶᠤᠨᠠᠮ︾᠂ ︽ᠠᠷᠠᠳ ᠢᠷᠭᠡᠳ ᠠᠮᠤᠷ ᠮᠠᠨᠳᠦ ᠪᠣᠯᠳᠤᠭᠠᠢ᠂ ᠠᠳᠤᠭᠤ ᠮᠠᠯ ᠪᠤᠮ ᠲᠦᠮᠡ ᠪᠣᠯᠳᠤᠭᠠᠢ᠂ ᠠᠮᠢ ᠨᠠᠰᠤ ᠪᠠᠲᠤ ᠪᠡᠬᠢ ᠪᠣᠯᠳᠤᠭᠠᠢ᠂ ᠠᠯᠢᠪᠠ ᠬᠡᠷᠡᠭ ᠰᠠᠨᠠᠭᠰᠠᠨ ᠶᠤᠰᠤᠭᠠᠷ ᠪᠣᠯᠳᠤᠭᠠᠢ︾᠂ ︽ᠠᠷᠪᠢᠨ ᠬᠡᠰᠢᠭ ᠰᠦᠨ ᠳᠠᠯᠠᠢ ᠮᠡᠲᠦ ᠭᠦᠨ ᠪᠣᠯᠲᠤᠭᠠᠢ᠂ ᠠᠯᠳᠠᠷ ᠰᠦᠯᠳᠡ ᠰᠦᠮᠪᠦᠷ ᠠᠭᠤᠯᠠ ᠮᠡᠲᠦ ᠮᠦᠩᠬᠡ ᠪᠣᠯᠲᠤᠭᠠᠢ ᠬᠤᠷᠤᠢ᠂ ᠬᠤᠷᠤᠢ᠂ ᠬᠤᠷᠤᠢ︕︾ ᠭᠡᠵᠤ ᠢᠷᠤᠭᠡᠨ ᠲᠠᠭᠠᠳᠬᠠᠳᠠᠭ᠃ ᠡᠨᠡ ᠦᠶ᠎ᠡ ᠳᠦ ᠡᠷᠤᠬᠡ ᠶᠢᠨ ᠡᠵᠡᠨ ᠨᠢ ᠰᠦᠭᠦᠳᠦᠨ ᠰᠠᠭᠤᠵᠤ᠂ ᠲᠤᠮᠤ ᠲᠠᠪᠠᠭ ᠲᠠᠢ ᠲᠠᠬᠢᠯᠭ᠎ᠠ ᠶᠢᠨ ᠵᠦᠢᠯ ᠢ ᠬᠤᠶᠠᠷ ᠭᠠᠷ ᠢᠶᠠᠷ ᠢᠶᠠᠨ ᠡᠷᠭᠦᠨ ᠪᠠᠷᠢᠵᠤ ︽ᠬᠤᠷᠤᠢ᠂ ᠬᠤᠷᠤᠢ᠂ ᠬᠤᠷᠤᠢ︾ ᠭᠡᠵᠤ ᠬᠤᠷᠤᠶᠢᠯᠠᠬᠤ ᠳᠤ᠂ ᠡᠷᠤᠭᠡ  ᠶᠢᠨ ᠴᠢᠬᠤᠯᠠ ᠪᠦᠷᠢᠯᠳᠤᠬᠦᠨ ᠪᠣᠯᠬᠣ ᠬᠦᠮᠦᠨ ᠨᠢ ᠽᠠᠨᠳᠠᠨ ᠮᠦᠰᠦ ᠲᠠᠢ᠂ ᠬᠦᠷᠠᠩ ᠵᠠᠪᠠ ᠲᠠᠢ᠂ ᠲᠠᠪᠣᠨ ᠦᠩᠬᠡ ᠶᠢᠨ ᠲᠣᠷᠭᠠᠨ ᠦᠭᠡᠳᠡᠰᠤ᠂ ᠱᠢᠷᠦ ᠰᠣᠪᠤᠳ᠂ ᠮᠦᠩᠭᠦᠨ ᠢᠯᠲᠡᠰᠦ᠂ ᠭᠠᠤᠯᠢᠨ ᠵᠤᠭᠤᠰ ᠢᠶᠠᠷ ᠴᠢᠮᠡᠭᠰᠡᠨ ᠲᠠᠯᠠᠯᠭᠠᠨ ᠰᠤᠮᠤ ᠪᠠᠷᠢᠵᠤ ᠬᠤᠷᠤᠶᠢᠯᠠᠨ ᠲᠠᠯᠠᠯᠠᠭ᠎ᠠ ᠠᠪᠳᠠᠭ᠃ ᠪᠣᠰᠤᠳ ᠬᠦᠮᠦᠰ ᠨᠢ ᠲᠤᠰ ᠪᠦᠷᠢ ᠠᠮᠤᠰᠤ ᠪᠠ ᠴᠠᠭᠠᠨ ᠢᠳᠡᠭᠡ ᠬᠢᠭᠰᠡᠨ ᠮᠤᠳᠤᠨ ᠠᠶᠠᠭ᠎ᠠ ᠶᠢ ᠡᠷᠭᠦᠨ ᠪᠠᠷᠢᠵᠤ ᠭᠠᠵᠠᠷ ᠰᠦᠭᠦᠳᠦᠨ ᠲᠠᠯᠠᠯᠠᠭ᠎ᠠ ᠬᠢᠬᠦ ᠪᠡᠷ ᠪᠡᠯᠡᠳᠬᠡᠨ᠎ᠠ᠃ ᠡᠬᠦᠨ ᠦ  ᠵᠡᠷᠭᠡ ᠪᠡᠷ᠂ ᠲᠤᠯᠭ᠎ᠠ ᠶᠢᠨ ᠲᠤᠳᠤᠷ᠎ᠠ ᠵᠡᠷᠭᠡᠯᠡᠭᠰᠡᠨ ᠲᠦᠯᠡᠬᠡ ᠶᠢ ᠨᠣᠴᠤᠭᠠᠵᠤ᠂ ᠵᠠᠯᠠᠭᠰᠠᠨ ᠯᠠᠮᠠ ᠲᠠᠬᠢᠯᠭ᠎ᠠ ᠡᠷᠭᠦᠭᠦ ᠨᠤᠮ ᠣᠩᠰᠢᠭᠰᠠᠨ ᠤ ᠲᠠᠷᠠᠭ᠎ᠠ᠂ ᠤᠷᠢᠳᠠᠪᠠᠷ᠎ ᠬᠤᠨᠢᠨ ᠡᠪᠴᠢᠭᠦᠣ ᠶᠢ ᠬᠦᠭᠵᠢᠵᠦ ᠪᠠᠶᠢᠭ᠎ᠠ ᠭᠠᠯ  ᠳᠦ ᠡᠷᠭᠦᠵᠤ᠂ ᠳᠠᠷᠠᠭ᠎ᠠ ᠨᠢ ᠰᠢᠷ᠎ᠠ ᠲᠤᠰᠤ᠂ ᠠᠷᠢᠬᠢ᠂ ᠴᠠᠢ ᠶᠢᠨ ᠵᠦᠢᠯ ᠢ ᠭᠠᠯ  ᠳᠦ ᠪᠡᠨ ᠡᠷᠬᠦᠨ᠎ᠠ᠃ ᠤᠯᠠᠨ ᠢᠶᠠᠷ ᠢᠶᠠᠨ ᠲᠠᠬᠢᠯᠭ᠎ᠠ ᠶᠢᠨ ᠶᠠᠭᠤᠮᠠᠰ ᠢ ᠬᠤᠶᠠᠷ ᠭᠠᠷ ᠢᠶᠠᠷ ᠢᠶᠠᠨ ᠳᠡᠭᠡᠷ᠎ᠡ ᠡᠷᠭᠦᠨ ︽ᠬᠤᠷᠦᠢ᠂ ᠬᠤᠷᠦᠢ᠂ ᠬᠤᠷᠦᠢ︕︾ᠭᠡᠵᠤ ᠠᠶᠠᠰ ᠲᠠᠳᠡᠨ ᠵᠥᠪ  ᠪᠡᠷ ᠬᠤᠷᠤᠶᠢᠯᠠᠨ᠎ᠠ᠃ ᠲᠠᠬᠢᠯᠭ᠎ᠠ ᠶᠢᠨ ᠨᠣᠮ ᠤᠩᠰᠢᠳᠠᠭ ᠯᠠᠮᠠ︽ᠪᠣᠶᠠᠨ ᠬᠡᠰᠢᠭ ᠢᠷᠡᠪᠡᠤ︖︾ ᠭᠡᠵᠤ ᠠᠰᠠᠭᠤᠬᠤ ᠳᠤ ᠤᠯᠠᠨ ᠢᠶᠠᠷ  ᠢᠶᠠᠨ︽ᠪᠣᠶᠠᠨ ᠬᠡᠰᠢᠭ ᠢᠷᠡᠵᠡᠢ︕ ᠢᠷᠡᠵᠡᠢ︕ ᠢᠷᠡᠵᠡᠢ︕︾ ᠭᠡᠵᠤ ᠬᠠᠷᠢᠭᠤᠯᠤᠭᠠᠳ ᠭᠠᠯ   ᠳᠦ ᠪᠡᠨ ᠮᠦᠷᠬᠦᠵᠤ᠂ ᠭᠡᠷ ᠦᠨ ᠡᠵᠡᠨ ᠨᠢ ᠲᠠᠪᠠᠭ ᠲᠠᠢ ᠠᠮᠤᠰᠤ ᠠᠴᠠ ᠨᠢᠭᠡ ᠮᠤᠳᠤᠨ ᠬᠠᠯᠪᠠᠭ᠎ᠠ ᠠᠪᠴᠤ ᠬᠠᠯᠪᠠᠭ᠎ᠠ ᠲᠠᠢ ᠨᠢ ᠬᠠᠮᠳᠤ ᠭᠠᠯ ᠳᠤ ᠡᠷᠭᠦᠳᠡᠭ᠃ ᠲᠠᠷᠠᠭᠠᠬᠢ ᠬᠦᠮᠦᠨ ᠨᠢ ᠰᠡᠳᠡᠷᠯᠡᠭᠰᠡᠨ︵ᠦᠩᠭᠡᠳᠤ ᠭᠬᠢᠪ ᠵᠡᠭᠦᠯᠭᠡᠭᠰᠡᠨ︶ᠬᠤᠨᠢ  ᠶᠢ ᠮᠤᠩᠭᠤᠯ ᠭᠡᠷ ᠲᠦ ᠬᠦᠳᠦᠯᠦᠨ ᠤᠷᠤᠭᠤᠯᠵᠤ᠂ ᠲᠠᠬᠢᠨ ᠰᠢᠨ᠎ᠡ ᠭᠬᠢᠪ︵ᠰᠡᠳᠡᠷ︶ᠰᠤᠯᠢᠵᠤ ᠵᠡᠭᠦᠯᠭᠡᠭᠰᠡᠨ ᠦ ᠳᠠᠷᠠᠭ᠎ᠠ ᠬᠤᠨᠢᠨ ᠰᠦᠷᠦᠭ ᠲᠤᠨᠢ ᠲᠠᠯᠪᠢᠳᠠᠭ᠃ ᠢᠩᠬᠢᠪᠡᠯ ᠴᠢᠨ᠋ᠸ᠎ᠠ ᠬᠣᠨᠢ ᠶᠢ ᠰᠦᠢᠳᠭᠡᠬᠦ ᠦᠭᠡᠢ ᠪᠣᠯᠣᠨ᠎ᠠ ᠭᠡᠵᠤ ᠦᠵᠡᠳᠡᠭ᠃ ᠭᠠᠯ ᠲᠠᠬᠢᠭᠰᠠᠨ ᠠᠴᠠ ᠬᠤᠶᠢᠰᠢᠬᠢ ᠭᠤᠷᠪᠠᠨ ᠡᠳᠦᠷ ᠳᠤᠲᠤᠷ᠎ᠠ ᠪᠣᠰᠤᠳ ᠲᠤ ᠶᠠᠭᠤᠮ᠎ᠠ ᠵᠢᠭᠡᠯᠡᠬᠦᠯᠬᠦ᠂ ᠲᠤᠯᠭ᠎ᠠ ᠲᠣᠭᠤᠭ᠎ᠠ ᠪᠠᠨ ᠲᠤᠭᠰᠢᠬᠤ᠂ ᠭᠠᠯ ᠭᠤᠯᠤᠮᠳᠠ ᠳᠤ ᠪᠤᠵᠠᠷ ᠶᠠᠭᠤᠮ᠎ᠠ ᠤᠷᠤᠭᠤᠯᠬᠤ ᠶᠢ ᠣᠨᠴᠠ ᠴᠡᠭᠡᠷᠯᠡᠨ᠎ᠠ᠃ ᠲᠡᠷᠡᠴᠢᠯᠠᠨ ᠲᠠᠬᠢᠯᠭ᠎ᠠ ᠶᠢᠨ ᠶᠠᠭᠤᠮ᠎ᠠ ᠶᠢ ᠠᠶᠢᠯ ᠳᠤ ᠮᠤᠷᠳᠠᠭᠰᠠᠨ ᠬᠡᠤᠭᠡᠨ  ᠳᠦ ᠢᠳᠡᠭᠦᠯᠳᠡᠭ ᠦᠭᠡᠢ᠂ ᠢᠳᠡᠭᠦᠯᠪᠡᠯ ᠳᠠᠯᠠᠯᠵᠤ ᠠᠪᠴᠢᠷᠠᠭᠰᠠᠨ ᠪᠣᠶᠠᠨ ᠬᠡᠰᠢᠭ ᠨᠢ ᠦᠭᠡᠷ᠎ᠠ ᠠᠶᠢᠯ ᠳᠤ ᠰᠢᠯᠵᠢᠬᠦ ᠡᠴᠡ ᠬᠢᠴᠢᠶᠡᠳᠡᠭ ᠭᠡᠳᠡᠭ᠃
      