ᠰᠢᠨ᠎ᠡ ᠵᠢᠯ ᠦᠨ ᠪᠠᠶᠠᠷ
  
2022/12/9
      ᠶᠡᠷᠤᠳᠡᠭᠡᠨ ᠰᠢᠨᠡᠯᠡᠬᠦ ᠭᠡᠳᠡᠭ᠂ ᠬᠢᠲᠠᠳ ᠦᠨᠳᠦᠰᠦᠳᠠᠨ ᠤ ᠬᠠᠮᠤᠭ ᠦᠪᠡᠳᠡᠭᠰᠢ ᠤᠯᠠᠮᠵᠢᠯᠠᠯᠳᠤ ᠪᠠᠶᠠᠷ ᠲᠤᠷᠠᠰᠬᠠᠯ ᠤᠨ ᠡᠳᠦᠷ ᠪᠣᠯᠣᠨ᠎ᠠ᠃ ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠭᠳᠠᠵᠤ᠂ ᠪᠢᠯᠢᠭ ᠦᠨ ᠤᠯᠠᠷᠢᠯ ᠤᠨ ᠨᠢᠭᠡᠳᠦᠭᠡᠷ ᠰᠠᠷ᠎ᠠ ᠶᠢᠨ ᠰᠢᠨ᠎ᠡ ᠶᠢᠨ ᠨᠢᠭᠡᠨ ᠢ ᠵᠢᠩᠬᠢᠨᠢ ᠪᠡᠷ ᠰᠢᠨ᠎ᠡ ᠵᠢᠯ ᠦᠨ ᠪᠠᠶᠠᠷ ᠭᠡᠵᠤ ᠦᠭᠡᠷᠡᠴᠢᠯᠡᠪᠡ᠃ ᠬᠠᠭᠤᠴᠢᠨ ᠤ ᠦᠶ᠎ᠡ ᠳᠦ ᠬᠦᠬᠡᠬᠡ ᠰᠠᠷ᠎ᠠ ᠶᠢᠨ ᠲᠤᠤᠷ᠎ᠠ ᠬᠠᠭᠠᠰ ᠰᠠᠷ᠎ᠠ ᠡᠴᠡ  ᠡᠬᠢᠯᠡᠨ ᠶᠠᠭᠠᠷᠠᠵᠤ᠂ ᠠᠶᠢᠯ ᠪᠣᠯᠭᠠᠨ ᠭᠠᠬᠠᠢ ᠲᠠᠬᠢᠶ᠎ᠠ ᠠᠯᠠᠵᠤ᠂ ᠪᠤᠳᠠᠭ᠎ᠠ ᠢᠩᠳᠡᠨ ᠭᠤᠯᠢᠷ ᠲᠠᠯᠬᠠᠳᠠᠨ ᠵᠢᠯ ᠦᠨ ᠪᠠᠷᠠᠭ᠎ᠠ ᠪᠠᠨ ᠪᠡᠯᠡᠳᠬᠡᠳᠡᠭ᠃ ᠬᠦᠬᠡᠭᠡ ᠰᠠᠷ᠎ᠠ ᠶᠢᠨ ᠬᠣᠷᠢᠳ ᠠᠴᠠ ᠰᠡᠭᠦᠯᠡᠷ ᠳ᠋ᠸᠤᠹᠦ᠋᠂ ᠨᠠᠩᠭᠢ ᠪᠤᠣᠪᠤ᠂ ᠪᠣᠷᠴᠠᠭ ᠲᠠᠢ ᠰᠢᠯᠦᠭᠡᠢ ᠶᠢᠨ ᠪᠤᠣᠪᠤ᠂ ᠮᠠᠨᠲᠸᠤ ᠵᠡᠷᠭᠡ ᠢᠳᠡᠭᠡᠨ ᠢᠶᠡᠨ ᠪᠡᠯᠡᠳᠬᠡᠵᠤ ᠲᠠᠯᠪᠢᠳᠠᠭ᠃ ᠡᠳᠦᠷ ᠰᠤᠩᠭᠤᠨ ᠤᠷᠤᠨ ᠰᠠᠭᠤᠴᠠ᠂ ᠬᠡᠷ ᠦᠷᠭᠦᠭᠡ᠂ ᠬᠦᠷᠢᠶ᠎ᠠ ᠬᠠᠰᠢᠶ᠎ᠠ ᠪᠠᠨ ᠴᠡᠪᠡᠷᠯᠡᠵᠤ᠂ ᠤᠳᠤᠭ᠎ᠠ ᠲᠤᠭᠤᠰᠤ ᠪᠠᠨ ᠠᠷᠢᠯᠭᠠᠳᠠᠭ᠃ ᠪᠢᠳᠡᠬᠦᠨ ᠦ ᠡᠮᠤᠨ᠎ᠠ ᠡᠳᠦᠷ ᠬᠤᠤᠰ ᠤᠶᠠᠩᠭ᠎ᠠ᠂ ᠬᠠᠶᠢᠴᠢᠯᠠᠮᠠᠯ ᠵᠤᠭᠤᠰ ᠨᠠᠭᠠᠵᠤ᠂ ᠡᠬᠦᠨ ᠢ ᠪᠠᠨ︽ ᠪᠡᠯᠭᠡᠳᠡᠯ︾ ᠭᠡᠵᠤ ᠨᠡᠷᠡᠶᠢᠳᠳᠡᠭ᠃ ᠪᠢᠳᠡᠬᠦᠨ ᠦ ᠡᠳᠦᠷ ᠦᠨ ᠦᠳᠡ ᠶᠢᠨ ᠡᠮᠦᠨ᠎ᠠ᠂ ᠬᠡᠷ  ᠲᠦ ᠪᠡᠨ ᠲᠠᠬᠢᠳᠠᠭ ᠪᠣᠷᠬᠠᠨ ᠰᠠᠬᠢᠭᠤᠯᠰᠤᠨ ᠡᠪᠤᠭᠡ ᠲᠡᠭᠡᠳᠦᠰ ᠰᠠᠬᠢᠭᠤᠯᠰᠤᠨ ᠪᠣᠯᠣᠨ ᠲᠡᠭᠷᠢ ᠭᠠᠵᠠᠷ᠂ ᠭᠠᠯ ᠤᠨ ᠪᠣᠷᠬᠠᠨ ᠢᠶᠠᠨ ᠤᠷᠤᠨ ᠪᠠᠶᠢᠷᠢᠨ ᠳ᠋ᠤᠨᠢ ᠲᠤᠬᠢᠷᠠᠭᠤᠯᠵᠤ᠂ ᠲᠠᠬᠢᠯᠭ᠎ᠠ ᠶᠢᠨ ᠡᠳ᠋ ᠢ ᠨᠢ ᠡᠮᠤᠨ᠎ᠠ ᠨᠢ ᠲᠠᠯᠪᠢᠳᠠᠭ᠃ ᠡᠬᠦᠨ ᠢ ︽ᠰᠠᠬᠢᠭᠤᠯᠰᠤᠨ ᠢ ᠲᠥᠪᠬᠢᠨᠡᠭᠦᠯᠬᠦ︾ᠭᠡᠳᠡᠭ᠃ ᠰᠦᠨᠢ ᠪᠢᠲᠡᠭᠦᠯᠡᠨ ᠬᠡᠷ ᠪᠦᠬᠦᠨ ᠳᠦ ᠪᠡᠨ ᠳ᠋ᠸᠩ ᠵᠤᠯᠠ  ᠭᠡᠷᠡᠯᠳᠦᠭᠦᠯᠦᠨ᠂ ᠰᠦᠨᠢᠵᠢᠨ ᠤᠨᠳᠠᠳᠠᠭ ᠦᠭᠡᠢ ᠮᠦᠷᠳᠡᠭᠡᠨ ᠤᠯᠠᠨ ᠵᠦᠢᠯ ᠦᠨ ᠶᠤᠰᠤ ᠤᠴᠢᠷ  ᠢ ᠠᠩᠬᠠᠷᠤᠨ ᠬᠦᠢᠴᠡᠳᠬᠡᠳᠡᠭ᠄ ᠬᠦᠷᠢᠶᠠᠨ ᠤ ᠪᠠᠨ ᠡᠬᠦᠳᠡᠨ ᠳᠦ ᠬᠥᠨᠳᠡᠯᠡᠨ ᠮᠤᠳᠤ ᠲᠠᠯᠪᠢᠵᠤ᠂ ᠠᠳᠠ ᠴᠢᠳᠬᠦᠷ ᠤᠷᠤᠵᠤ ᠢᠷᠡᠬᠦ ᠶᠢ ᠰᠡᠷᠭᠡᠶᠢᠯᠡᠳᠡᠭ᠂ ᠬᠦᠷᠢᠶᠡᠨ   ᠳᠤ ᠪᠠᠨ ᠨᠠᠷᠢᠮᠤ ᠶᠢᠨ ᠰᠦᠷᠡᠯ᠂ ᠰᠢᠰᠢ ᠶᠢᠨ ᠮᠤᠳᠤ᠂ ᠮᠠᠭᠠᠵᠢ ᠶᠢᠨ ᠡᠰᠢ ᠵᠡᠷᠭᠡ ᠶᠢ ᠬᠠᠶᠠᠵᠤ ᠠᠯᠳᠠᠨ ᠤᠨᠠᠭ᠎ᠠ  ᠶᠢ ᠵᠠᠯᠠᠵᠤ ᠢᠳᠡᠭᠦᠯᠬᠦ ᠭᠡᠳᠡᠭ᠂ ᠦᠷᠦᠭᠡ ᠪᠦᠬᠦᠨ  ᠳᠤ ᠪᠠᠨ ᠳ᠋ᠧᠩ ᠯᠠᠪᠠᠢ ᠠᠰᠠᠭᠠᠵᠤ ᠭᠡᠭᠡᠨ ᠰᠠᠷᠠᠭᠤᠯ ᠢ ᠢᠯᠡᠷᠬᠡᠶᠢᠯᠡᠳᠡᠭ ᠮᠦᠷᠳᠡᠭᠡᠨ ᠪᠡᠯᠭᠡ ᠮᠠᠭᠤᠲᠠᠢ ᠦᠭᠡ ᠬᠡᠯᠡᠬᠦ  ᠶᠢ ᠴᠡᠭᠡᠷᠯᠡᠬᠦ᠂ ᠪᠠᠭᠠᠵᠢ ᠬᠡᠷᠡᠭᠰᠡᠯ ᠢᠶᠡᠨ ᠡᠪᠳᠡᠯᠡᠵᠤ ᠬᠠᠭᠠᠯᠬᠤ ᠶᠢ ᠴᠡᠭᠡᠷᠯᠡᠬᠦ᠂ ᠡᠮᠡᠭᠲᠡᠶᠢᠴᠦᠳ ᠵᠡᠭᠦᠦ ᠤᠲᠠᠰᠤ ᠬᠦᠳᠡᠯᠭᠡᠬᠦ ᠶᠢ ᠴᠡᠭᠡᠷᠯᠡᠬᠦ ᠪᠠᠶᠢᠵᠠᠢ᠂ ᠰᠦᠨᠢ ᠲᠤᠮᠳᠠ ᠶᠢᠨ ᠬᠤᠯᠤᠭᠠᠨ᠎ᠠ ᠴᠠᠭ ᠤᠨ ᠦᠶ᠎ᠡ  ᠳᠦ ᠭᠦᠷᠢᠶᠠᠨ ᠠᠴᠠ ᠪᠠᠨ ᠲᠠᠬᠢᠯᠭ᠎ᠠ ᠶᠢᠨ ᠴᠠᠭᠠᠰᠤ ᠰᠢᠳᠠᠭᠠᠵᠤ ᠲᠦᠷᠪᠡᠨ ᠵᠦᠭ ᠲᠦ ᠮᠦᠷᠭᠦᠵᠦ︵ᠡᠬᠦᠨ ᠢ ᠲᠠᠬᠢᠵᠤ ᠪᠠᠶᠢᠭ᠎ᠠ ᠪᠣᠷᠬᠠᠨ ᠰᠠᠬᠢᠭᠤᠯᠰᠤᠨ  ᠳᠦ ᠪᠡᠨ ᠴᠠᠭᠠᠰᠤ ᠲᠦᠭᠡᠭᠡᠨ᠎ᠠ ᠭᠡᠵᠤ ᠬᠡᠯᠡᠳᠡᠭ︶᠂ ᠬᠦᠷᠢᠶᠠᠨ ᠲᠤᠳᠤᠷ᠎ᠠ ᠪᠠᠨ ᠭᠠᠯ ᠨᠤᠴᠤᠭᠠᠵᠤ ᠫᠤᠤᠵᠢᠩ ᠲᠠᠯᠪᠢᠳᠠᠭ᠃ ᠦᠷ᠎ᠡ ᠠᠴᠢ ᠨᠠᠷ ᠨᠢ ᠠᠬᠠᠮᠠᠳ ᠨᠠᠰᠤᠳᠡᠨ   ᠳᠦ ᠪᠡᠨ ᠮᠦᠷᠭᠦᠨ ᠵᠣᠯᠭᠠᠵᠤ ᠵᠢᠯ ᠦᠨ ᠶᠤᠰᠤ ᠬᠢᠭᠰᠡᠨ ᠦ ᠲᠠᠷᠠᠭ᠎ᠠ᠂ ᠪᠦᠬᠦ ᠭᠡᠷ ᠬᠤᠲᠠᠯᠠᠭᠠᠷ ᠢᠶᠠᠷ ᠢᠶᠠᠨ ᠪᠠᠩᠰᠢ ᠢᠳᠡᠳᠡᠭ᠃ ᠰᠢᠨ᠎ᠡ ᠵᠢᠯ ᠦᠨ ᠪᠠᠩᠰᠢ ᠪᠠᠷᠢᠬᠤ  ᠳᠦ ᠪᠡᠨ ᠪᠠᠩᠰᠢ ᠶᠢᠨ ᠲᠤᠳᠤᠷ᠎ᠠ ᠨᠢ ᠭᠠᠤᠯᠢᠨ ᠵᠤᠭᠤᠰ ᠬᠢᠵᠤ᠂ ᠬᠡᠨ ᠡᠭᠦᠨ ᠢ ᠣᠯᠵᠣ ᠢᠳᠡᠪᠡᠯ ᠰᠢᠨ᠎ᠡ ᠵᠢᠯ  ᠳᠤ ᠪᠠᠨ ᠠᠵᠢᠯ ᠶᠠᠪᠤᠳᠠᠯ ᠨᠢ ᠤᠷᠤᠭᠰᠢᠳᠠᠢ ᠪᠠᠶᠢᠳᠠᠭ ᠭᠡᠨ᠎ᠠ᠃         ᠰᠢᠨ᠎ᠡ ᠶᠢᠨ ᠨᠢᠭᠡᠨ ᠳᠦ ᠵᠠᠯᠠᠭᠤᠴᠤᠳ ᠰᠢᠨ᠎ᠡ ᠬᠤᠪᠴᠠᠰᠤ ᠡᠮᠦᠰᠴᠦ ᠬᠡᠳᠦ ᠬᠡᠳᠦᠭᠦᠯᠡ ᠪᠡᠨ ᠨᠡᠶᠢᠯᠡᠨ ᠠᠶᠢᠯ ᠳᠠᠷᠠᠭᠠᠯᠠᠨ ᠲᠤᠭᠤᠷᠢᠵᠤ ᠰᠢᠨ᠎ᠡ ᠶᠢᠨ ᠵᠤᠯᠭᠠᠯᠳᠠ ᠬᠢᠵᠤ᠂ ᠠᠬᠠᠮᠠᠳ ᠨᠠᠰᠤᠳᠠᠨ ᠳᠤ ᠮᠦᠷᠭᠦᠵᠦ ᠦᠶ᠎ᠡ ᠬᠤᠷᠠᠭ ᠤᠨ ᠬᠢᠨ ᠲᠡᠢ ᠪᠡᠨ ᠬᠠᠷᠢᠯᠴᠠᠨ ᠮᠡᠨᠳᠦᠯᠡᠳᠡᠭ᠃ ᠭᠡᠷ ᠦᠨ ᠡᠵᠡᠨ ᠨᠢ ᠤᠷᠢᠳᠴᠢᠯᠠᠨ ᠦᠵᠡᠭᠦᠯᠦᠭᠰᠡᠨ ᠲᠥᠯᠭᠡ  ᠪᠠᠷ ᠰᠠᠶᠢᠨ ᠵᠦᠭ ᠲᠦ ᠦᠭᠡᠷ ᠮᠣᠷᠢ ᠡᠯᠵᠢᠭᠡ ᠯᠠᠭᠤᠰᠠ ᠠᠳᠤᠭᠤᠰᠤ ᠮᠠᠯ ᠢᠶᠠᠨ ᠬᠦᠭᠡᠭᠡᠨ ︽ᠪᠠᠶᠠᠷ ᠤᠨ ᠰᠠᠬᠢᠭᠤᠯᠰᠤᠨ ᠢᠶᠠᠨ ᠤᠭᠳᠤᠳᠠᠭ︾᠃       ᠰᠢᠨ᠎ᠡ ᠶᠢᠨ ᠲᠠᠪᠣᠨ ᠢ ᠪᠠᠰᠠ ᠬᠠᠭᠠᠷᠬᠠᠢ ᠲᠠᠪᠣ ᠭᠡᠳᠡᠭ᠂ ᠤᠷᠤᠢ  ᠳᠦ ᠪᠡᠨ ᠪᠠᠩᠰᠢ ᠢᠳᠡᠵᠤ᠂ ᠡᠮᠡᠭᠲᠡᠶᠢᠴᠦᠳ ᠵᠡᠭᠦᠦ ᠤᠲᠠᠰᠤ ᠪᠠᠨ ᠡᠬᠢᠯᠡᠨ ᠬᠦᠳᠡᠯᠭᠡᠳᠡᠭ ᠮᠦᠷᠳᠡᠭᠡᠨ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠡᠴᠡ ᠠᠷᠪᠠᠨ ᠪᠣᠯᠳᠠᠯᠠᠬᠢ ᠡᠳᠦᠷ ᠢ ᠲᠤᠰ ᠪᠦᠷᠢ ᠨᠢᠭᠡ ᠵᠦᠢᠯ ᠦᠨ ᠠᠮᠢᠲᠠᠨ ᠤᠷᠭᠤᠮᠠᠯ ᠢᠶᠠᠷ ᠲᠦᠯᠦᠭᠡᠯᠡᠭᠦᠯᠳᠡᠭ᠃ ᠲᠤᠬᠠᠶᠢᠯᠠᠪᠠᠯ ᠰᠢᠨ᠎ᠡ ᠶᠢᠨ ᠨᠢᠭᠡᠨ ᠢ ᠨᠢ ᠲᠠᠬᠢᠶ᠎ᠠ᠂ ᠬᠤᠶᠠᠷ ᠨᠢ ᠨᠤᠬᠠᠢ᠂ ᠭᠤᠷᠪᠠ ᠨᠢ ᠮᠤᠤᠷ᠂ ᠲᠥᠷᠪᠡ ᠨᠢ ᠬᠤᠯᠤᠭᠠᠨ᠎ᠠ᠂ ᠲᠠᠪᠣ ᠨᠢ ᠮᠣᠷᠢ᠂ ᠵᠢᠷᠭᠤᠭ᠎ᠠ ᠨᠢ ᠬᠤᠨᠢ᠂ ᠲᠤᠯᠤᠭ᠎ᠠ ᠨᠢ ᠬᠦᠮᠦᠨ᠂ ᠨᠠᠢᠮᠠ ᠨᠢ  ᠠᠮᠤ᠂ ᠶᠢᠰᠤᠨ ᠨᠢ ᠵᠢᠮᠢᠰ᠂ ᠠᠷᠪᠠ ᠨᠢ ᠨᠣᠭᠤᠭ᠎ᠠ ᠶᠢᠨ ᠡᠳᠦᠷ ᠭᠡᠳᠡᠭ᠃ ᠡᠳᠦᠷ ᠪᠦᠷᠢ ᠶᠢᠨ ᠠᠭᠤᠷ ᠠᠮᠢᠰᠬᠤᠯ ᠤᠨ ᠲᠤᠩᠭᠠᠯᠠᠭ ᠡᠰᠡᠬᠦ ᠶᠢ ᠦᠵᠡᠵᠤ᠂ ᠲᠤᠰ ᠵᠢᠯ ᠤᠨ ᠲᠡᠷᠡ ᠨᠢᠭᠡ ᠵᠦᠢᠯ ᠨᠢ ᠰᠠᠶᠢᠨ ᠮᠠᠭᠤ᠂ ᠠᠮᠤᠷ ᠲᠠᠶᠢᠪᠣᠩ᠂ ᠠᠶᠤᠯ ᠲᠦᠭᠰᠢᠭᠦᠷᠢ᠂ ᠡᠯᠪᠡᠭ ᠬᠤᠷᠢᠶᠠᠯᠲᠠ ᠵᠡᠷᠭᠡ ᠶᠢ ᠤᠷᠢᠳᠴᠢᠯᠡᠨ ᠲᠦᠰᠦᠭᠡᠯᠡᠳᠡᠭ᠃       ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠰᠢᠨ᠎ᠡ  ᠵᠢᠯ ᠤᠨ ᠪᠠᠶᠠᠷ ᠲᠤ ᠭᠤᠷᠪᠠᠨ ᠡᠳᠦᠷ ᠦᠨ ᠠᠮᠠᠷᠠᠯᠳᠠ ᠲᠠᠯᠪᠢᠬᠤ ᠪᠠᠷ ᠲᠤᠭᠳᠠᠭᠠᠵᠤ᠂ ᠴᠡᠪᠡᠷᠯᠡᠭᠡ ᠬᠢᠵᠤ ᠪᠢᠳᠡᠭᠦᠨ ᠳᠦ ᠬᠠᠮᠳᠤ ᠪᠠᠷ ᠴᠤᠭᠯᠠᠨ ᠪᠤᠳᠠᠭ᠎ᠠ ᠢᠳᠡᠵᠤ᠂ ᠰᠢᠨ᠎ᠡ ᠵᠢᠯ ᠢᠶᠡᠨ ᠪᠡᠯᠭᠡᠯᠡᠨ ᠤᠭᠳᠤᠬᠤ ᠪᠠ ᠬᠠᠷᠢᠯᠴᠠᠨ ᠵᠤᠯᠭᠠᠬᠤ ᠲᠠᠳᠬᠠᠯ ᠬᠤᠪᠢᠷᠠᠭᠰᠠᠨ ᠦᠭᠡᠢ ᠪᠤᠯᠪᠠᠴᠤ᠂ ᠨᠢᠭᠡ ᠪᠦᠯᠦᠭ ᠹᠧᠣᠳᠠᠯ ᠤᠨ ᠮᠤᠬᠤᠷ ᠪᠢᠰᠢᠷᠡᠯ ᠦᠨ ᠠᠵᠢᠯᠯᠠᠭᠠᠨ ᠢ ᠨᠢᠭᠡᠨᠳᠡ ᠠᠷᠢᠯᠭᠠᠭᠰᠠᠨ ᠪᠦᠭᠡᠳ ᠰᠢᠨ᠎ᠡ ᠵᠢᠯ ᠠᠴᠠ ᠡᠮᠤᠨ᠎ᠠ ᠴᠡᠷᠢᠭ ᠦᠨ ᠭᠡᠷ ᠪᠦᠯᠢ ᠶᠢ ᠲᠣᠬᠤᠨᠢᠭᠤᠯᠬᠤ᠂ ᠵᠠᠰᠠᠭ ᠢᠶᠠᠨ ᠬᠦᠷᠢᠶᠡᠯᠡᠨ ᠠᠷᠠᠳ ᠢᠶᠠᠨ ᠬᠠᠶᠢᠷᠠᠯᠠᠬᠤ᠂ ᠠᠬᠠᠮᠠᠳ ᠢᠶᠠᠨ ᠬᠦᠨᠳᠦᠯᠡᠵᠤ ᠡᠷᠳᠡᠮᠳᠡᠨ ᠢ ᠬᠦᠨᠳᠦᠳᠭᠡᠬᠦ ᠵᠡᠷᠭᠡ ᠠᠵᠢᠯᠯᠠᠭᠠᠨ ᠢ ᠥᠷᠭᠡᠨ ᠳᠡᠯᠭᠡᠷ ᠥᠷᠨᠢᠭᠦᠯᠳᠡᠭ᠃
          