ᠰᠠᠷᠠ ᠲᠡᠷᠭᠡᠯᠰᠢᠬᠦ ᠪᠠᠶᠠᠷ
  
2022/12/9
       ᠪᠢᠯᠢᠭ ᠦᠨ ᠤᠯᠠᠷᠢᠯ ᠦᠨ ᠴᠠᠭᠠᠨ ᠰᠠᠷ᠎ᠠ ᠶᠢᠨ ᠠᠷᠪᠠᠨ ᠲᠠᠪᠤᠨ ᠤ ᠡᠳᠦᠷ᠂ ᠬᠠᠭᠤᠴᠢᠨ ᠳᠤ ᠪᠠᠨ ᠦᠯᠵᠠᠶᠢᠳᠦ ᠡᠳᠦᠷ ᠭᠡᠬᠦ ᠪᠣᠶᠣ ᠳ᠋ᠧᠩᠯᠦ ᠶᠢᠨ ᠪᠠᠶᠠᠷ ᠭᠡᠵᠤ ᠨᠡᠷᠡᠶᠢᠳᠳᠡᠭ᠃ ᠨᠢᠭᠡ ᠵᠢᠯ ᠦᠨ ᠲᠤᠳᠤᠷᠠᠬᠢ ᠪᠢᠯᠢᠭ  ᠦᠨ ᠤᠯᠠᠷᠢᠯ ᠤᠨ ᠠᠩᠬᠠᠳᠠᠭᠴᠢ ᠰᠠᠷᠠ ᠲᠡᠷᠭᠡᠯᠰᠢᠬᠦ ᠡᠳᠦᠷ ᠪᠣᠯᠣᠨ᠎ᠠ᠃ ᠡᠨᠡ ᠡᠳᠦᠷ ᠠᠶᠢᠯ ᠪᠣᠯᠭᠠᠨ ᠳ᠋ᠧᠩᠯᠦ ᠡᠯᠭᠦᠵᠤ ᠦᠯᠵᠡᠶᠢᠳᠦ ᠪᠣᠤᠪᠣ ᠢᠳᠡᠳᠡᠭ᠃ ᠶᠡᠷᠤᠳᠡᠭᠡᠨ ᠠᠷᠪᠠᠨ ᠲᠦᠷᠪᠡᠨ ᠡᠴᠡ ᠠᠷᠪᠠᠨ ᠵᠢᠷᠭᠤᠭᠠᠨ ᠪᠣᠯᠳᠠᠯ᠎ᠠ ᠭᠤᠷᠪᠠᠨ ᠡᠳᠦᠷ ᠳ᠋ᠧᠩ ᠦᠨ ᠴᠤᠭᠯᠠᠭᠠᠨ ᠪᠣᠯᠳᠠᠭ  ᠤᠯᠠᠮᠵᠢᠯᠠᠯ ᠲᠠᠢ᠃ ᠰᠢᠨ᠎ᠡ ᠶᠢᠨ ᠵᠢᠷᠭᠤᠭᠠᠨ ᠠᠴᠠ ᠡᠬᠢᠯᠡᠭᠡᠳ ᠦᠯᠵᠡᠶᠢᠳᠦ ᠡᠳᠦᠷ  ᠦᠨ ᠤᠷᠠᠨ ᠰᠠᠶᠢᠬᠠᠨ ᠤ ᠬᠦᠳᠡᠯᠭᠡᠭᠡᠨ ᠪᠡᠯᠡᠳᠭᠡᠨ᠂  ᠴᠤᠭᠯᠠᠭᠠᠨ ᠤ ᠲᠦᠷᠦᠭᠦᠦ ᠪᠡᠨ ᠰᠤᠩᠭᠤᠨ ᠲᠣᠭᠯᠠᠭᠴᠢ ᠪᠠᠨ ᠲᠤᠭᠳᠠᠭᠠᠨ᠂ ᠶᠠᠩᠭᠠᠷ᠂ ᠮᠤᠳᠤᠨ ᠬᠦᠯᠳᠤ᠂ ᠪᠸᠢ ᠭᠧ᠂ ᠲᠠᠮᠨᠠᠭᠤᠷᠴᠢ ᠠᠭᠡ᠂ ᠵᠢᠵᠢᠭ ᠲᠡᠷᠭᠡ᠂ ᠠᠷᠰᠯᠠᠨ᠂ ᠣᠩᠭᠤᠴᠠ᠂ ᠯᠤᠤᠳᠦ ᠳ᠋ᠧᠩ᠂ ᠵᠡᠪᠰᠡᠭ ᠦᠨ ᠡᠷᠳᠡᠮ ᠵᠡᠷᠭᠡ ᠲᠤᠭᠯᠠᠯᠳᠠ ᠪᠣᠯᠪᠠᠰᠤᠷᠠᠳᠠᠭ᠃ ᠤᠤᠯ  ᠳᠦ ᠪᠡᠨ ᠡᠯ᠎ᠡ ᠠᠵᠢᠯ ᠲᠦᠷᠦᠯ ᠦᠨ ᠬᠢᠨ ᠴᠦᠮ ᠠᠮᠠᠷᠠᠵᠤ ᠲᠡᠯᠭᠡᠭᠦᠷ ᠡᠭᠦᠳᠡ ᠪᠡᠨ ᠬᠠᠭᠠᠵᠤ᠂ ᠡᠷᠡᠭᠲᠡᠢ ᠡᠮᠡᠭᠲᠡᠢ ᠬᠦᠭᠰᠢᠨ ᠨᠢᠯᠬᠠᠰ ᠭᠡᠰᠡᠨ ᠦᠭᠡᠢ ᠴᠦᠮ ᠳ᠋ᠧᠩᠯᠦ ᠰᠣᠨᠢᠷᠬᠠᠳᠠᠭ᠃ ᠲᠠᠷᠢᠶᠠᠯᠠᠬᠤ ᠲᠤᠰᠬᠤᠨ ᠳᠤ ᠳ᠋ᠸᠩ ᠠᠰᠠᠭᠠᠬᠤ ᠪᠠᠷ ᠭᠣᠣᠯ ᠪᠤᠯᠭᠠᠵᠤ᠂ ᠮᠣᠳᠣᠨ ᠬᠢᠷᠦᠭᠡᠳᠡᠰᠦ᠂ ᠨᠠᠷᠢᠮᠦ ᠶᠢᠨ ᠠᠭᠠᠭ ᠢ ᠮᠠᠭᠠᠵᠢ ᠶᠢᠨ ᠲᠤᠰᠤᠨ ᠳᠤ ᠬᠣᠯᠢᠵᠤ ᠴᠠᠭᠠᠰᠤ ᠪᠠᠷ ᠪᠠᠭᠯᠠᠭᠠᠳ ᠲᠤᠰᠤ ᠳᠤᠰᠤᠯᠠᠬᠤ ᠦᠭᠡᠢ ᠪᠣᠯᠭᠠᠨ᠎ᠠ᠃ ᠡᠬᠦᠨ ᠢ ᠳ᠋ᠧᠩ ᠪᠣᠭᠣᠬᠤ ᠭᠡᠳᠡᠭ᠃ ᠡᠬᠦᠨ ᠢ ᠳ᠋ᠧᠩ ᠦᠨ ᠬᠤᠷᠠᠯ ᠤᠨ ᠭᠤᠷᠪᠠᠨ ᠤᠷᠤᠢ ᠵᠠᠮ ᠳᠠᠭᠤ ᠭᠣᠣᠯ ᠮᠦᠷᠡᠨ ᠠᠭᠤᠯᠠᠨ ᠬᠢᠷ᠎ᠠ ᠵᠡᠷᠭᠡ ᠭᠠᠵᠠᠷ ᠪᠣᠯᠭᠠᠨ ᠳᠤ  ᠠᠰᠠᠭᠠᠵᠤ ᠲᠠᠯᠪᠢᠨ᠎ᠠ᠃ ᠡᠨᠡ ᠨᠢ ᠲᠣᠭ᠎ᠠ ᠲᠣᠮᠰᠢ ᠦᠭᠡᠢ ᠤᠳᠤᠨ ᠮᠡᠴᠢᠳ ᠰᠢᠭ ᠭᠢᠯᠠᠯᠵᠠᠨ ᠭᠡᠷᠡᠯᠳᠤᠵᠤ ᠤᠨᠴᠠᠭᠠᠶ ᠭᠤᠶᠢᠳᠠ ᠰᠠᠶᠢᠬᠠᠨ ᠬᠠᠷᠠᠭᠳᠠᠳᠠᠭ᠂ ᠡᠭᠦᠨ ᠢ ᠳ᠋ᠧᠩ ᠠᠰᠠᠭᠠᠬᠤ ᠭᠡᠳᠡᠭ᠃ ᠪᠠᠰᠠ ᠲᠡᠭᠡᠳᠦᠰ ᠦᠨ ᠢᠶᠡᠨ ᠬᠡᠭᠦᠷ ᠲᠦ ᠳ᠋ᠸᠩ ᠬᠦᠷᠭᠡᠵᠦ ᠨᠤᠴᠤᠭᠠᠳᠠᠭ᠃ ᠤᠯᠠᠮᠵᠢᠯᠡᠯ ᠶᠠᠷᠢᠶᠠᠨ  ᠳᠦ ᠡᠭᠦᠨ ᠢ ᠴᠢᠳᠬᠥᠷ ᠦᠨ ᠰᠦᠨᠡᠰᠦᠨ ᠳᠦ ᠠᠰᠠᠭᠠᠨ ᠥᠭᠴᠦ ᠰᠦᠨᠡᠰᠦ ᠶᠢ ᠨᠢ ᠭᠡᠳᠦᠯᠭᠡᠵᠤ ᠪᠠᠶᠢᠨ᠎ᠠ ᠭᠡᠳᠡᠭ᠃ ᠴᠢᠯᠦᠭᠡᠯᠡᠭᠳᠡᠭᠰᠡᠨ ᠦ ᠲᠠᠷᠠᠭ᠎ᠠ᠂ ᠭᠠᠯ ᠤᠨ ᠠᠶᠤᠯ ᠠᠴᠠ ᠰᠡᠷᠭᠡᠶᠢᠯᠡᠨ ᠲᠠᠷᠢᠶᠠᠯᠠᠬᠤ ᠤᠷᠤᠨ ᠦ ᠳ᠋ᠧᠩ ᠠᠰᠠᠭᠠᠬᠤ ᠶᠢ ᠵᠤᠭᠰᠤᠭᠠᠭᠰᠠᠨ ᠪᠠᠶᠢᠨ᠎ᠠ᠃ ᠤᠯᠠᠭᠠᠨᠬᠠᠳᠠ᠂  ᠰᠢᠨᠾᠦ᠋ᠢ᠂ ᠪᠣᠷᠤᠬᠤᠳᠠ᠂ ᠪᠢᠷᠠᠭᠤ ᠵᠡᠷᠭᠡ ᠭᠠᠵᠠᠷ ᠨᠢ ᠳ᠋ᠧᠩ ᠦᠨ  ᠴᠤᠭᠯᠠᠭᠠᠨ  ᠳᠦ ᠪᠡᠨ ᠠᠷᠠᠳ ᠤᠨ ᠤᠷᠠᠯᠢᠭᠴᠢᠳ ᠤᠨ ᠤᠷᠠᠨ ᠰᠠᠶᠢᠬᠠᠨ ᠤ ᠲᠤᠭᠯᠠᠯᠳᠠ ᠰᠤᠨᠢᠷᠬᠠᠳᠠᠭ ᠠᠴᠠ ᠭᠠᠳᠠᠨ᠎ᠠ᠂ ᠳ᠋ᠧᠩᠯᠦ ᠶᠢᠨ ᠦᠵᠡᠬᠦᠯᠦᠯᠭᠡ ᠶᠢ ᠨᠡᠮᠡᠭᠰᠡᠨ ᠡᠴᠡ ᠳ᠋ᠧᠩᠯᠦ ᠰᠤᠨᠢᠷᠬᠠᠨ ᠤᠨᠢᠰᠤᠭ᠎ᠠ ᠲᠠᠭᠠᠭᠠᠬᠣ ᠬᠦᠮᠦᠰ ᠳᠠᠯᠠᠢ ᠮᠡᠳᠤ ᠲᠦᠯᠬᠢᠯᠡᠨ ᠰᠦᠨᠢᠵᠢᠨ ᠤᠨᠲᠠᠬᠤ ᠦᠭᠡᠢ ᠪᠠᠶᠢᠳᠠᠭ᠃
      