ᠤᠷᠤᠭ ᠬᠤᠷᠢᠮ ᠤᠨ ᠶᠤᠰᠤᠨ ᠮᠤᠩᠭᠤᠯ ᠦᠨᠳᠦᠰᠦᠳᠡᠨ
  
2022/12/9
       ᠬᠠᠭᠤᠴᠢᠨ ᠤ ᠦᠶ᠎ᠡ ᠳᠦ᠂ᠮᠤᠩᠭᠤᠯ ᠦᠨᠳᠦᠰᠦᠳᠡᠨ ᠦ ᠡᠷᠡᠭᠲᠡᠢ ᠡᠮᠡᠭᠲᠡᠢ ᠵᠠᠯᠠᠭᠤᠴᠤᠳ ᠤᠨ ᠤᠷᠤᠭ ᠤᠨ ᠶᠠᠪᠤᠳᠠᠯ ᠢ ᠤᠯᠠᠩᠬᠢ  ᠳᠦ ᠪᠡᠨ ᠡᠴᠢᠭᠡ ᠡᠬᠡ ᠨᠢ ᠡᠵᠡᠨ ᠮᠡᠳᠡᠳᠡᠭ᠃ ᠴᠦᠭᠡᠨ ᠲᠣᠭᠠᠨ ᠤ ᠸᠠᠩ ᠭᠦᠩ ᠢᠵᠠᠭᠤᠷᠳᠠᠨ ᠠᠴᠠ ᠪᠣᠰᠣᠳ ᠨᠢ ᠪᠦᠷ ᠨᠢᠭᠡ ᠡᠷ᠎ᠡ ᠨᠢᠭᠡ ᠡᠮ᠎ᠡ ᠶᠢᠨ ᠲᠦᠷᠢᠮ ᠪᠠᠶᠢᠵᠤ᠂ ᠢᠵᠢᠯ ᠤᠪᠤᠭᠳᠠᠨ ᠬᠤᠭᠤᠷᠤᠨᠳᠤ ᠪᠠᠨ ᠤᠷᠤᠭᠯᠠᠵᠤ ᠪᠣᠯᠬᠣ ᠦᠭᠡᠢ ᠪᠠᠶᠢᠳᠠᠭ᠃ ᠤᠯᠠᠭᠠᠨᠬᠠᠳᠠ ᠤᠷᠤᠨ ᠤ ᠮᠤᠩᠭᠤᠯ ᠦᠨᠳᠦᠰᠦᠳᠡᠨ ᠦ ᠤᠷᠤᠭ ᠬᠤᠷᠢᠮ ᠤᠨ ᠵᠠᠩ ᠵᠠᠩᠰᠢᠯ ᠨᠢ ᠲᠤᠰ ᠦᠨᠳᠦᠰᠦᠳᠡᠨ ᠦ ᠪᠠᠨ ᠤᠯᠠᠮᠵᠢᠯᠠᠯᠳᠦ ᠵᠠᠩ ᠦᠢᠯᠡ ᠶᠢ ᠬᠠᠳᠠᠭᠠᠯᠠᠭᠰᠠᠨ ᠢᠶᠠᠷ ᠪᠠᠷᠠᠬᠤ ᠦᠭᠡᠢ᠂ ᠪᠠᠰᠠ ᠮᠠᠨᠵᠤ ᠬᠢᠳᠡᠳ ᠦᠨᠳᠦᠰᠦᠳᠡᠨ ᠦ ᠬᠡᠰᠡᠭ ᠪᠦᠯᠦᠭ ᠵᠠᠩ ᠦᠢᠯᠡ ᠶᠢ ᠰᠢᠩᠭᠡᠭᠡᠵᠤ᠂ ᠭᠠᠵᠠᠷ ᠤᠷᠤᠨ ᠤ ᠤᠨᠴᠠᠯᠢᠭ ᠪᠦᠬᠦᠢ ᠬᠤᠷᠢᠮ ᠶᠤᠰᠤᠯᠠᠯ ᠤᠨ ᠵᠢᠷᠤᠮ ᠭᠣᠷᠢᠮ ᠲᠠᠢ ᠪᠣᠯᠣᠭᠰᠠᠨ ᠪᠠᠶᠢᠨ᠎ᠠ᠃      ᠤᠷᠤᠭ ᠭᠤᠶᠤᠬᠤ᠄ ᠡᠩ ᠦᠨ ᠪᠠᠶᠢᠳᠠᠯ ᠳᠤ ᠬᠦᠦ ᠲᠠᠯ᠎ᠠ ᠶᠢᠨ ᠡᠴᠢᠭᠡ ᠡᠬᠡ ᠨᠢ ᠤᠷᠢᠳ ᠢᠶᠠᠷ ᠯᠠᠮᠠ ᠵᠠᠯᠠᠵᠤ ᠬᠦᠤ ᠶᠢᠨ ᠢᠶᠡᠨ ᠵᠠᠶᠠᠭ᠎ᠠ ᠲᠦᠭᠡᠷᠭᠡ ᠶᠢ ᠨᠢ ᠦᠵᠡᠬᠦᠯᠵᠤ᠂ ᠵᠠᠭᠤᠴᠢ ᠵᠠᠯᠠᠨ ᠡᠳᠦᠷ ᠦᠨ ᠥᠩᠭᠡ  ᠶᠢᠨ ᠰᠠᠶᠢᠨ ᠢ ᠰᠤᠩᠭᠤᠵᠤ᠂ ᠬᠡᠤᠭᠡᠨ ᠤ ᠭᠡᠷ  ᠲᠦ ︽ᠲᠠᠯ᠎ᠠ ᠶᠢᠨ ᠠᠷᠢᠬᠢ︾ ︵ᠤᠷᠤᠭ ᠭᠤᠶᠤᠬᠤ ᠠᠷᠢᠬᠢ︶ᠪᠠ ᠪᠣᠰᠤᠳ ᠪᠡᠯᠡᠭ ᠰᠡᠯᠲᠡ ᠲᠠᠢ ᠤᠷᠤᠭ ᠭᠤᠶᠤᠬᠤ ᠪᠠᠷ ᠣᠴᠢᠭᠤᠯᠤᠨ᠎ᠠ᠃ ᠤᠯᠠᠭᠠᠨᠬᠠᠳᠠ ᠤᠷᠤᠨ ᠳᠤ ᠡᠯ᠎ᠡ ᠭᠠᠵᠠᠷ ᠤᠨ ᠠᠪᠴᠤ ᠣᠴᠢᠬᠤ ᠪᠡᠯᠡᠭ ᠰᠡᠯᠲᠡ ᠨᠢ ᠬᠠᠳᠠᠭ ᠠᠴᠠ ᠭᠠᠳᠠᠨ᠎ᠠ᠂ ᠪᠣᠰᠤᠳ ᠲᠦᠷᠦᠯ ᠵᠦᠢᠯ᠂ ᠲᠣᠭ᠎ᠠ ᠬᠡᠮᠵᠢᠶ᠎ᠠ ᠨᠢ ᠪᠦᠷ ᠠᠳᠠᠯᠢ ᠦᠭᠡᠢ ᠪᠠᠶᠢᠳᠠᠭ᠃ ᠪᠠᠭᠠᠷᠢᠨ ᠤ ᠭᠠᠵᠠᠷ ᠤᠷᠤᠨ ᠤ ᠬᠢᠨ ᠬᠡᠳᠦᠨ ᠯᠤᠩᠬᠤ ᠠᠷᠢᠬᠢ ᠪᠡᠯᠡᠳᠬᠡᠨ᠎ᠠ᠃ ᠠᠷᠤ ᠬᠤᠷᠴᠢᠨ ᠤ ᠬᠢᠨ ᠤᠯᠠᠭᠠᠨ ᠲᠣᠷᠭᠠᠨ ᠤᠲᠠᠰᠤ ᠪᠠᠷ ᠬᠤᠯᠪᠤᠭᠰᠠᠨ ᠬᠤᠶᠠᠷ ᠯᠤᠩᠬᠣ ᠠᠷᠢᠬᠢ᠂ ᠴᠠᠢ ᠪᠠ ᠪᠣᠤᠪᠤ ᠪᠣᠭᠤᠷᠰᠤᠭ ᠪᠡᠯᠡᠳᠬᠡᠨ᠎ᠠ᠃ ᠬᠠᠷᠠᠴᠢᠨ ᠤ ᠬᠢᠨ ᠬᠠᠷᠢᠨ ᠠᠷᠢᠬᠢ᠂ ᠮᠢᠬ᠎ᠠ᠂ ᠹᠧᠨᠲ᠋ᠢᠶᠣᠤᠷ᠂ ᠭᠤᠯᠢᠷ ᠢ ᠲᠤᠰ ᠪᠦᠷᠢ ᠲᠦᠷᠪᠡᠨ ᠵᠢᠩ ᠢ ᠲᠦᠷᠪᠡᠨ ᠵᠢᠵᠢᠭ  ᠪᠡᠯᠡᠭ ᠤᠨ ᠬᠠᠶᠢᠷᠴᠠᠭ ᠲᠤ ᠬᠠᠶᠢᠷᠴᠠᠭᠯᠠᠵᠤ ᠬᠥᠷᠭᠡᠨ᠎ᠠ᠃ ᠵᠠᠭᠤᠴᠢ ᠨᠢ ᠭᠡᠭᠦᠦ ᠪᠣᠶᠤ ᠯᠠᠭᠤᠰᠠ ᠤᠨᠤᠵᠤ ᠪᠣᠯᠬᠣ ᠦᠭᠡᠢ ᠪᠦᠭᠡᠳ ᠬᠡᠷᠪᠡ ᠵᠠᠮ ᠳ᠋ᠤᠨᠢ ᠬᠣᠭᠤᠰᠤᠨ ᠰᠠᠭᠤᠯᠭ᠎ᠠ ᠲᠠᠮᠨᠠᠭᠰᠠᠳ ᠬᠠᠷᠭᠤᠪᠠᠯ ᠰᠠᠭᠤᠯᠭ᠎ᠠ ᠳ᠋ᠤᠨᠢ ᠴᠢᠯᠠᠭᠤ ᠬᠠᠶᠠᠵᠤ᠂ ᠭᠡᠳᠡᠷᠭᠦ ᠪᠣᠴᠠᠵᠤ ᠲᠠᠬᠢᠨ ᠡᠳᠦᠷ ᠰᠤᠩᠭᠤᠨ ᠣᠴᠢᠳᠠᠭ᠃ ᠵᠠᠭᠤᠴᠢ ᠨᠢ ᠬᠡᠤᠬᠡᠨ ᠤ ᠳᠤ ᠬᠦᠷᠦᠭᠰᠡᠨ ᠬᠤᠶᠢᠨ᠎ᠠ ᠡᠴᠢᠭᠡ ᠡᠬᠡ ᠳ᠋ᠤᠨᠢ ᠠᠷᠢᠬᠢ ᠬᠠᠳᠠᠭ ᠪᠠᠷᠢᠵᠤ ᠤᠷᠤᠰᠤᠮ᠎ᠠ ᠰᠠᠶᠢᠬᠠᠨ ᠤᠷᠠᠨ ᠦᠭᠡ ᠪᠡᠷ ᠤᠷᠤᠭ ᠤᠨ ᠶᠠᠪᠤᠳᠠᠯ ᠢ ᠲᠤᠷᠠᠳᠴᠤ ᠵᠦᠪᠳᠡᠳᠡᠭ᠃      ᠤᠷᠤᠭ ᠵᠦᠪᠰᠢᠶᠡᠷᠡᠬᠦ᠄ ᠤᠯᠠᠭᠠᠨᠬᠠᠳᠠ ᠬᠤᠳᠠ ᠶᠢᠨ ᠠᠷᠤ ᠬᠤᠷᠴᠢᠨ ᠪᠠᠭᠠᠷᠢᠨ ᠳᠤ ᠨᠢᠭᠡ ᠵᠦᠢᠯ ᠦᠨ︽ᠤᠯᠠᠨ ᠤᠳᠠᠭ᠎ᠠ ᠭᠤᠶᠤᠯᠭᠠᠪᠠᠯ ᠡᠷᠬᠢᠮᠯᠡᠭᠳᠡᠬᠦ᠂ ᠴᠦᠭᠡᠨ ᠭᠤᠶᠤᠯᠭᠠᠪᠠᠯ ᠲᠤᠷᠤᠮᠵᠢᠯᠠᠭᠳᠠᠬᠤ︾ᠭᠡᠳᠡᠭ ᠬᠡᠯᠡᠯᠭᠡ ᠤᠯᠠᠮᠵᠢᠯᠠᠭᠳᠠᠨ ᠢᠷᠡᠵᠡᠢ᠃ ᠤᠷᠤᠭ ᠭᠣᠶᠣᠭᠴᠢ ᠬᠡᠷᠪᠡ ᠦᠨᠡᠨ ᠰᠠᠨᠠᠭ᠎ᠠ ᠲᠠᠢ ᠪᠣᠯ ᠡᠷᠬᠡᠪᠰᠢ ︽ᠪᠣᠷᠤ ᠮᠣᠷᠢ ᠶᠢ ᠲᠤᠷᠠᠲᠠᠯ᠎ᠠ ᠨᠢ ᠶᠠᠪᠤᠭᠤᠯᠵᠤ᠂ ᠪᠤᠳᠤᠩ ᠲᠠᠢ ᠠᠷᠢᠬᠢ ᠶᠢ ᠪᠠᠷᠠᠲᠠᠯ᠎ᠠ ᠨᠢ ᠭᠤᠶᠤᠯᠭᠠᠨ︾ ᠪᠠᠶᠢᠵᠤ ᠪᠦᠳᠦᠳᠡᠭ᠃ ᠬᠡᠤᠭᠡᠨ ᠤ ᠭᠡᠷ  ᠦᠨ ᠠᠬᠠᠮᠠᠳ ᠨᠢ ᠬᠦᠷᠭᠡᠨ ᠦ ᠲᠠᠯ᠎ᠠ ᠶᠢᠨ ᠪᠠᠶᠢᠳᠠᠯ ᠢ ᠪᠦᠬᠦ ᠲᠠᠯ᠎ᠠ ᠪᠠᠷ ᠤᠶᠢᠯᠠᠭᠠᠭᠰᠠᠨ ᠤ ᠲᠠᠷᠠᠭ᠎ᠠ᠂ ᠬᠡᠷᠪᠡ ᠤᠷᠤᠭ ᠤᠨ ᠶᠠᠪᠤᠳᠠᠯ ᠢ ᠪᠦᠷᠢᠮᠤᠰᠤᠨ ᠵᠦᠪᠰᠢᠶᠡᠷᠡᠬᠦ ᠪᠡᠷ ᠰᠢᠭᠤᠳᠤᠭᠰᠠᠨ ᠦᠶ᠎ᠡ ᠳᠦ᠂ ᠵᠠᠭᠤᠴᠢ ᠲᠠᠬᠢᠨ ᠣᠴᠢᠬᠤ ᠳᠤ ᠲᠣᠳᠤᠷᠬᠠᠢ ᠵᠦᠪᠰᠢᠶᠡᠷᠡᠵᠤ ᠪᠠᠶᠢᠬᠤ ᠪᠠᠨ ᠢᠯᠡᠳᠬᠡᠬᠦ ᠮᠦᠷᠲᠡᠭᠡᠨ ᠵᠠᠭᠤᠴᠢ ᠶᠢ ᠠᠷᠢᠬᠢᠨ ᠰᠢᠷᠡᠭᠡ ᠪᠡᠯᠡᠳᠴᠦ ᠬᠦᠨᠳᠦ ᠪᠡᠷ ᠵᠤᠴᠢᠯᠠᠳᠠᠭ᠃ ᠡᠶᠢᠮᠦᠷᠬᠦ ᠠᠷᠢᠬᠢ ᠶᠢ ︽ᠵᠦᠪᠰᠢᠶᠡᠷᠡᠭᠰᠡᠨ ᠠᠷᠢᠬᠢ︾᠂︽ᠠᠮᠠᠨ ᠠᠷᠢᠬᠢ︾ᠪᠣᠶᠣ ︽ᠪᠠᠭ᠎ᠠ ᠠᠷᠢᠬᠢ︾︵ᠪᠠᠭ᠎ᠠ ᠠᠷᠢᠬᠢᠨ ᠬᠤᠷᠢᠮ︶ᠭᠡᠵᠤ ᠬᠡᠯᠡᠳᠡᠭ᠃ ᠡᠬᠦᠨ ᠡᠴᠡ ᠰᠡᠭᠦᠯᠡᠷ ᠰᠠᠶ᠋ᠢ ᠵᠠᠭᠤᠴᠢ ᠨᠢ ᠬᠡᠤᠬᠡᠨ ᠤ ᠲᠠᠯ᠎ᠠ ᠶᠢᠨ ᠭᠡᠷ ᠦᠨ ᠠᠬᠠᠮᠠᠳ ᠲᠠᠢ ᠬᠤᠷᠢᠮ ᠬᠢᠬᠦ ᠡᠳᠦᠷ ᠬᠤᠭᠤᠴᠠᠭ᠎ᠠ ᠪᠣᠯᠣᠨ ᠬᠠᠮᠢᠶ᠎ᠠ ᠪᠦᠬᠦᠢ ᠬᠡᠷᠡᠭ ᠤᠴᠢᠷ ᠢ ᠵᠦᠪᠳᠡᠯᠴᠡᠳᠡᠭ᠃      ᠤᠷᠤᠭ ᠲᠣᠭᠲᠠᠬᠤ᠄ ᠮᠣᠩᠭᠣᠯ ᠦᠨᠳᠦᠰᠦᠳᠡᠨ ᠦ ᠤᠷᠤᠭ ᠬᠤᠷᠢᠮ ᠤᠨ ᠶᠤᠰᠤᠨ ᠳᠤ ᠤᠷᠤᠭ ᠲᠤᠭᠲᠠᠬᠤ ᠪᠣᠯ ᠨᠢᠭᠡᠨ ᠡᠷᠬᠡᠪᠰᠢ ᠶᠠᠪᠤᠭᠳᠠᠬᠤ ᠶᠤᠰᠤᠯᠠᠯ ᠪᠣᠯᠣᠨ᠎ᠠ᠃ ᠤᠯᠠᠭᠠᠨᠬᠠᠳᠠ ᠬᠤᠳᠠ ᠶᠢᠨ ᠡᠯ᠎ᠡ ᠭᠠᠵᠠᠷ ᠤᠨ ᠬᠡᠯᠡᠬᠦ ᠬᠡᠯᠡᠯᠭᠡ ᠨᠢ ᠠᠳᠠᠯᠢ ᠦᠭᠡᠢ᠂ ᠠᠤᠬᠠᠨ ᠤ ᠮᠣᠩᠭᠤᠯᠴᠤᠳ ︽ᠬᠠᠳᠠᠭ ᠡᠯᠬᠦᠬᠦ︾︵ᠬᠠᠳᠠᠭ ᠲᠠᠯᠪᠢᠬᠤ︶ᠭᠡᠳᠡᠭ᠃ ᠪᠠᠭᠠᠷᠢᠨ ᠵᠡᠷᠭᠡ ᠭᠠᠵᠠᠷ ᠤᠨ ᠬᠢᠨ ᠬᠠᠷᠢᠨ ︽ᠶᠡᠭᠡ ᠠᠷᠢᠬᠢ ᠤᠤᠭᠤᠯᠭᠠᠬᠤ︾ (ᠶᠡᠬᠡ ᠠᠷᠢᠬᠢᠨ ᠬᠤᠷᠢᠮ︶ᠭᠡᠳᠡᠭ᠃ ᠡᠶᠢᠮᠦᠷᠬᠦᠦ ᠶᠤᠰᠤᠯᠠᠯ ᠨᠢ ᠦᠯᠵᠠᠶᠢᠳᠤ ᠡᠳᠦᠷ ᠢ ᠰᠤᠩᠭᠤᠨ ᠬᠡᠤᠬᠡᠨ ᠤ ᠲᠠᠯ᠎ᠠ ᠶᠢᠨ ᠭᠡᠷ  ᠲᠦ ᠶᠠᠪᠤᠭᠳᠠᠳᠠᠭ᠃ ᠬᠦᠷᠭᠡᠨ  ᠦ ᠲᠠᠯ᠎ᠠ ᠶᠢᠨ ᠭᠤᠣᠯ ᠮᠡᠳᠡᠭᠦ ᠲᠦᠷᠦᠭᠦᠦ ᠬᠢᠭᠡᠳ ᠵᠠᠭᠤᠴᠢ ᠰᠠᠳᠤᠨ ᠲᠦᠷᠦᠯ ᠦᠨ ᠲᠥᠷᠪᠡ ᠡᠴᠡ ᠲᠤᠯᠤᠭᠠᠨ ᠬᠦᠮᠦᠨ ᠬᠡᠤᠬᠡᠨ ᠤ ᠭᠡᠷ  ᠲᠦ ᠢᠷᠡᠨ᠂ ᠨᠢᠭᠡᠨ ᠵᠠᠯᠠᠭᠤ ᠬᠦᠷᠭᠡᠨ ᠢ ᠣᠷᠤᠯᠠᠵᠤ ᠠᠷᠢᠬᠢ ᠬᠠᠳᠠᠭ ᠪᠠᠷᠢᠳᠠᠭ᠃ ︵ᠮᠤᠩᠭᠤᠯ ᠦᠨᠳᠤᠰᠤᠳᠠᠨ ᠤ ᠵᠠᠯᠠᠭᠤ ᠡᠷᠡᠭᠳᠡᠢ ᠡᠮᠡᠭᠳᠡᠢ ᠤᠷᠤᠭ ᠲᠤᠭᠲᠠᠭᠰᠠᠨ ᠤ ᠲᠠᠷᠠᠭ᠎ᠠ ᠬᠠᠷᠢᠯᠴᠠᠨ ᠠᠭᠤᠯᠵᠠᠬᠤ ᠦᠭᠡᠢ ᠭᠡᠰᠡᠨ ᠡᠷᠲᠡᠨ ᠦ ᠵᠠᠩᠰᠢᠯ ᠲᠠᠢ)᠃ ᠬᠠᠷᠠᠴᠢᠨ ᠤ ᠬᠢᠨ ᠬᠡᠤᠭᠡᠨ   ᠳᠤ ᠪᠠᠨ ᠰᠦᠢᠭᠡ ᠪᠠᠭᠤᠤ ᠵᠢᠴᠢ ᠤᠷᠤᠭ ᠲᠣᠭᠲᠠᠬᠤ ᠬᠤᠪᠴᠠᠰᠤ ᠬᠤᠨᠠᠷ ᠬᠦᠷᠭᠡᠬᠦ ᠵᠠᠩᠰᠢᠯ ᠲᠠᠢ᠃ ᠬᠠᠭᠤᠴᠢᠨ ᠤ ᠦᠶ᠎ᠡ ᠳᠦ ᠪᠠᠰᠠ ᠪᠣᠷᠬᠠᠨ ᠤ ᠲᠠᠬᠢᠯᠭ᠎ᠠ ᠳᠤ ᠰᠢᠬᠦᠰᠦ︵ᠪᠦᠬᠦᠯᠢ ᠬᠤᠨᠢ︶ᠪᠣᠯᠣᠨ ᠵᠤᠯᠠ ᠠᠰᠠᠭᠠᠬᠤ ᠰᠢᠷ᠎ᠠ ᠲᠣᠰᠣ ᠵᠠᠷᠭᠡ ᠶᠢ ᠬᠦᠷᠭᠡᠳᠡᠭ᠃ ᠤᠷᠤᠭ ᠲᠣᠭᠲᠠᠬᠤ ᠶᠤᠰᠤᠯᠠᠯ ᠲᠡᠭᠡᠷ᠎ᠠ ᠬᠤᠶᠠᠷ ᠲᠠᠯ᠎ᠠ ᠪᠠᠷ ᠢᠶᠠᠨ ᠥᠭᠴᠦ ᠠᠪᠬᠤ ᠪᠡᠯᠡᠭ ᠦᠨ ᠲᠣᠭ᠎ᠠ᠂ ᠲᠦᠷᠦᠯ ᠵᠦᠢᠯ ᠪᠣᠯᠣᠨ ︽ᠰᠠᠭᠠᠯᠢ ᠪᠡᠯᠡᠭ ᠦᠨ ᠬᠤᠷᠢᠮ︾ ᠤᠨ ᠪᠣᠳᠠᠳᠠᠢ ᠡᠳᠦᠷ ᠬᠤᠭᠤᠴᠠᠭ᠎ᠠ  ᠶᠢ ᠬᠡᠯᠡᠯᠴᠠᠨ ᠲᠤᠭᠳᠠᠭᠠᠨ᠎ᠠ᠃ᠲᠦᠬᠦᠷᠠᠩ ᠪᠡᠯᠡᠭ ᠬᠦᠷᠬᠡᠭᠦ᠄ ᠪᠠᠰᠠ ︽ᠰᠠᠭᠠᠯᠢ ᠪᠡᠯᠡᠭ  ᠤᠨ ᠬᠤᠷᠢᠮ︾ᠭᠡᠵᠤ ᠬᠡᠯᠡᠳᠡᠭ᠂ ᠬᠦᠤ ᠶᠢᠨ ᠭᠡᠷ ᠲᠦ ᠠᠮᠠᠯᠠᠨ ᠲᠤᠭᠲᠠᠭᠰᠠᠨ ᠶᠤᠰᠤᠭᠠᠷ ᠰᠠᠭᠠᠯᠢ ᠪᠡᠯᠡᠭ ᠥᠭᠬᠦ ᠬᠤᠷᠢᠮ ᠬᠢᠨ᠎ᠡ᠃ ᠬᠡᠤᠬᠡᠨ ᠤ ᠲᠠᠯ᠎ᠠ ᠠᠴᠠ ᠲᠥᠷᠪᠡ ᠡᠴᠡ ᠵᠢᠷᠭᠤᠭᠠᠨ ᠬᠦᠮᠦᠨ ᠢᠷᠡᠳᠡᠭ ᠪᠠ ᠬᠦᠤ ᠶᠢᠨ ᠲᠠᠯ᠎ᠠ ᠶᠢᠨ ᠬᠢᠨ ᠴᠦ ᠰᠠᠳᠤᠨ ᠲᠦᠷᠦᠯ ᠨᠠᠶᠢᠵᠠ ᠨᠦᠭᠦᠳ ᠡᠴᠡ ᠪᠡᠨ ᠠᠳᠠᠯᠢᠬᠠᠨ ᠲᠣᠭᠠᠨ ᠤ ᠬᠦᠮᠦᠨ ᠢ ᠵᠠᠯᠠᠨ ᠠᠪᠴᠢᠷᠠᠵᠤ ᠢᠷᠡᠭᠰᠡᠨ ᠵᠣᠴᠢᠳ ᠢ ᠲᠠᠶᠢᠯᠠᠭᠤᠯᠳᠠᠭ᠃ ᠰᠠᠭᠠᠯᠢ ᠶᠢᠨ ᠪᠡᠯᠡᠭ ᠰᠡᠯᠲᠡ ᠶᠢ ᠭᠤᠤᠯᠳᠠᠭᠤ ᠸᠠᠩ ᠭᠦᠩ ᠦᠨ ᠭᠡᠷ ᠦᠨ ᠬᠢᠨᠢ ︽ᠶᠢᠰᠤ ᠶᠢᠰᠤ  ᠶᠢᠨ ᠪᠡᠯᠡᠭ ᠦᠨ ᠶᠤᠰᠤ︾᠂ ︽ᠶᠢᠰᠤ ᠲᠠᠪᠣ ᠶᠢᠨ ᠪᠡᠯᠡᠭ ᠦᠨ ᠶᠤᠰᠤ︾ ᠪᠠᠷ ᠮᠠᠯ ᠥᠭᠳᠡᠭ ᠪᠠ ︽ᠶᠢᠰᠤ ᠲᠠᠪᠣ ᠶᠢᠨ ᠪᠡᠯᠡᠭ ︾ ᠭᠡᠳᠡᠭ ᠨᠢ ᠠᠷᠪᠠᠨ ᠲᠦᠷᠪᠠᠨ ᠲᠤᠯᠤᠭᠠᠢ ᠮᠠᠯ ᠥᠭᠬᠦ᠂ ︽ᠶᠢᠰᠦ ᠶᠢᠰᠦ ᠶᠢᠨ ᠪᠡᠯᠡᠭ︾ ᠭᠡᠳᠡᠭ ᠨᠢ 126 ᠲᠤᠯᠤᠭᠠᠢ ᠪᠡᠯᠡᠭ ᠦᠨ ᠮᠠᠯ ᠥᠭᠳᠡᠭ᠃ ᠬᠠᠷᠠᠴᠤ ᠠᠷᠠᠳ  ᠤᠨ ᠬᠢᠨᠢ ᠬᠡᠳᠦᠶᠢᠪᠡᠷ ︽ᠶᠢᠰᠦ ᠲᠠᠪᠤ ᠶᠢᠨ ᠪᠡᠯᠡᠭ ᠦᠨ ᠶᠤᠰᠤ︾ ᠪᠠᠷ ᠥᠭᠭᠦᠨ᠎ᠡ ᠭᠡᠳᠡᠭ ᠪᠣᠯᠪᠠᠴᠤ ᠡᠨᠡ ᠨᠢ ᠵᠦᠪᠬᠡᠨ ᠪᠡᠯᠭᠡᠳᠡᠯ ᠦᠨ ᠲᠣᠭ᠎ᠠ ᠲᠡᠳᠦᠢ᠂ ᠭᠡᠷ ᠦᠨ ᠬᠢᠨᠢ ᠠᠮᠢᠳᠤᠷᠠᠯ ᠤᠨ ᠪᠠᠶᠢᠳᠠᠯ ᠢ ᠦᠵᠡᠨ ᠲᠣᠭᠲᠠᠭᠠᠳᠠᠭ᠃ ᠤᠴᠢᠷ ᠨᠢ ᠮᠣᠩᠭᠤᠯᠴᠤᠳ ᠶᠢᠰᠦ ᠶᠢ ᠥᠯᠵᠡᠢ ᠪᠡᠯᠭᠡᠳᠦ ᠲᠣᠭ᠎ᠠ ᠭᠡᠵᠤ ᠦᠵᠡᠳᠡᠭ᠃ ᠡᠬᠦᠨ ᠦ  ᠵᠡᠷᠭᠡ ᠪᠡᠷ ᠬᠡᠤᠭᠡᠨ ᠤ ᠲᠠᠯ᠎ᠠ ᠠᠴᠠ ᠬᠡᠤᠬᠡᠨ  ᠳᠤ ᠪᠠᠨ ︽ᠥᠬᠢᠨ ᠦ ᠥᠮᠴᠢ︾ ᠥᠭᠬᠦ ᠶᠢ ᠲᠤᠩ ᠠᠩᠬᠠᠷᠴᠤ᠂ ᠢᠨᠵᠢ ᠮᠠᠯ ᠥᠭᠬᠦ ᠴᠢᠨᠠᠭᠰᠢᠯᠠᠪᠠᠯ ᠪᠦᠷᠢᠨ ᠲᠦᠬᠦᠷ ᠭᠡᠷ ᠦᠨ ᠡᠳ᠋ᠯᠡᠯ ᠬᠡᠷᠡᠭᠰᠡᠯ ᠲᠠᠢ ᠮᠣᠩᠭᠣᠯ ᠭᠡᠷ ᠥᠭᠬᠦ᠂ ᠲᠤᠯᠤᠭᠠᠢ ᠶᠢᠨ ᠵᠠᠰᠠᠯ ᠴᠢᠮᠡᠭᠯᠡᠯ᠂ ᠮᠦᠷᠭᠦᠯᠳᠡ  ᠶᠢᠨ ᠡᠳ᠋ ᠪᠦᠷᠢᠨ ᠲᠠᠭᠠᠭᠤᠯᠵᠤ᠂ ᠦᠭᠡᠷ ᠬᠤᠨᠢ ᠵᠡᠷᠭᠡ ᠶᠢ ᠥᠭᠳᠡᠭ᠃ ︽ᠪᠡᠷᠢ  ᠪᠠᠭᠤᠯᠭᠠᠬᠤ ᠳᠤ ᠬᠢᠯᠪᠡᠷ ᠴᠦ᠂ ᠥᠬᠢᠨ ᠦ ᠥᠮᠴᠢ ᠶᠢ ᠥᠭᠭᠦᠬᠦᠶ᠎ᠡ ᠪᠡᠷᠭᠡ︾ᠭᠡᠳᠡᠭ ᠬᠡᠯᠡᠯᠭᠡ ᠪᠣᠢ᠃ ᠰᠠᠭᠠᠯᠢ ᠪᠡᠯᠡᠭ  ᠤᠨ ᠬᠤᠷᠢᠮ ᠲᠡᠭᠡᠷ᠎ᠠ ᠬᠤᠶᠠᠷ ᠲᠠᠯ᠎ᠠ ᠪᠠᠷ ᠢᠶᠠᠨ ᠬᠤᠷᠢᠮ ᠤᠨ ᠶᠤᠰᠤᠯᠠᠯ ᠤᠨ ᠡᠳᠦᠷ ᠬᠤᠭᠤᠴᠠᠭ᠎ᠠ ᠵᠡᠷᠭᠡ ᠬᠡᠷᠡᠭ ᠤᠴᠢᠷ ᠢᠶᠠᠨ ᠶᠠᠷᠢᠯᠴᠠᠨ ᠲᠤᠭᠲᠠᠭᠰᠠᠨ ᠤ ᠲᠠᠷᠠᠭ᠎ᠠ᠂ ᠬᠡᠤᠭᠡᠨ ᠤ ᠲᠠᠯ᠎ᠠ ᠶᠢᠨ ᠬᠢᠨ ᠰᠠᠭᠠᠯᠢ ᠪᠡᠯᠡᠭ ᠢᠶᠡᠨ ᠠᠪᠤᠭᠠᠳ ᠪᠣᠴᠠᠳᠠᠭ᠃      ᠬᠤᠷᠢᠮ ᠤᠨ ᠶᠤᠰᠤᠯᠠᠯ᠄ ᠪᠠᠰᠠ ᠶᠡᠭᠡ ᠬᠤᠷᠢᠮ ᠭᠡᠳᠡᠭ᠃ ᠬᠦᠤ ᠶᠢᠨ ᠲᠠᠯ᠎ᠠ ᠶᠢᠨ ᠬᠢᠨ ᠪᠡᠷᠢ ᠪᠠᠭᠤᠯᠭᠠᠬᠤ᠂ ᠬᠡᠤᠭᠡᠨ ᠤ ᠲᠠᠯ᠎ᠠ ᠶᠢᠨ ᠬᠢᠨ ᠬᠡᠤᠭᠡᠨ ᠮᠣᠷᠳᠠᠭᠤᠯᠬᠤ᠂ ᠬᠦᠤ ᠶᠢᠨ ᠲᠠᠯ᠎ᠠ ᠶᠢᠨ ᠬᠢᠨ ᠬᠤᠷᠢᠮ ᠤᠨ ᠳᠠᠶᠢᠯᠠᠯᠭ᠎ᠠ ᠬᠢᠬᠦ ᠵᠡᠷᠭᠡ ᠶᠢ ᠶᠡᠷᠤᠩᠬᠡᠶᠢᠯᠡᠨ ᠨᠡᠷᠡᠶᠢᠳᠳᠡᠭ᠃ ᠬᠡᠤᠬᠡᠨ ᠤ ᠭᠡᠷ ᠦᠨ ᠬᠢᠨ ᠡᠨᠡ ᠡᠳᠦᠷ ᠪᠣᠯᠪᠠᠯ ᠰᠡᠶ᠋ᠢ ᠬᠡᠤᠬᠡᠨ ᠳᠤ ᠪᠠᠨ ᠬᠠᠷᠢ ᠳᠤ ᠮᠤᠷᠳᠠᠬᠤ ᠤᠴᠢᠷ  ᠢ ᠵᠢᠩᠬᠢᠨᠢ ᠪᠡᠷ ᠬᠡᠯᠡᠵᠤ ᠥᠭᠳᠡᠭ ᠪᠦᠭᠡᠳ ᠨᠢᠭᠡᠨ ᠪᠡᠷᠭᠡᠨ ᠨᠢ ︽ᠮᠣᠷᠳᠠᠬᠤ ᠴᠠᠭ ᠪᠣᠯᠵᠠᠢ︾ ᠭᠡᠵᠤ ᠬᠡᠯᠡᠬᠦ ᠶᠢᠨ ᠳᠠᠭᠤ ᠤᠯᠠᠭᠠᠨ ᠲᠤᠷᠳᠤᠩ ᠠᠯᠴᠢᠭᠤᠷ ᠢᠶᠠᠷ ᠬᠡᠤᠭᠡᠨ ᠤ ᠲᠣᠯᠣᠭᠠᠢ  ᠶᠢ ᠪᠦᠳᠡᠭᠡᠵᠤ ᠥᠭᠳᠡᠭ᠃ ᠬᠡᠤᠭᠡᠨ ᠮᠤᠷᠲᠠᠬᠤ ᠲᠤᠷᠠᠳᠡᠢ ᠡᠰᠡᠬᠦ  ᠬᠠᠮᠢᠶ᠎ᠠ ᠦᠭᠡᠢ ᠡᠷᠬᠡᠪᠰᠢ ᠶᠡᠭᠡ ᠲᠠᠭᠤᠨ ᠢᠶᠠᠷ ᠤᠬᠢᠯᠠᠬᠤ ᠬᠡᠷᠡᠭᠳᠡᠢ᠂ ᠲᠡᠭᠡᠬᠦ ᠦᠭᠡᠢ ᠪᠣᠯ ᠪᠣᠰᠤᠳ ᠲᠤ ᠡᠯᠡᠭᠯᠡᠭᠳᠡᠳᠡᠭ᠃ ᠬᠠᠷᠠᠴᠢᠨ ᠤ ᠭᠠᠵᠠᠷ ᠤᠷᠤᠨ ᠤ ᠳᠠᠳᠬᠠᠯ ᠨᠢ ᠬᠠᠷᠢᠨ ᠬᠡᠤᠭᠡᠨ ᠤ ᠭᠡᠷ ᠦᠨ ᠬᠢᠨ ᠬᠡᠤᠭᠡᠨ  ᠳᠤ ᠪᠠᠨ ᠬᠠᠨᠢ ᠪᠣᠯᠭᠠᠬᠤ ᠶᠢᠨ ᠲᠦᠯᠦᠭᠡ᠂ ᠲᠤᠰᠬᠤᠨ ᠤ ᠪᠠᠨ ᠬᠡᠤᠭᠡᠨᠴᠤᠳ ᠪᠡᠷᠢᠶᠠᠳ ᠢ ᠵᠠᠯᠠᠨ ᠠᠪᠴᠢᠷᠠᠵᠤ ᠬᠤᠶᠠᠷ ᠠᠷᠢᠬᠢᠨ ᠰᠢᠷᠡᠭᠡ ᠵᠠᠰᠠᠳᠠᠭ᠃ ᠬᠠᠷᠢ ᠳᠤ ᠮᠤᠷᠳᠠᠬᠤ ᠬᠡᠤᠬᠡᠨ ᠨᠢ ᠰᠢᠷᠡᠬᠡᠨ ᠭᠤᠣᠯ ᠳᠤ ᠰᠠᠭᠤᠵᠤ᠂ ᠪᠣᠰᠣᠳ ᠨᠢ ᠢᠳᠡᠬᠦ ᠶᠢᠨ ᠲᠠᠭᠠᠤ ︽ᠬᠡᠤᠬᠡᠨ ᠢ ᠲᠠᠶᠢᠳᠬᠤᠷᠠᠭᠤᠯᠬᠤ ᠲᠠᠭᠤᠤ︾ᠳᠠᠭᠤᠯᠠᠳᠠᠭ᠃ ᠳᠠᠭᠤᠯᠠᠭᠰᠠᠭᠠᠷ ᠳᠠᠭᠤᠯᠠᠭᠰᠠᠭᠠᠷ ᠬᠠᠷᠢ ᠳᠤ ᠮᠣᠷᠳᠠᠬᠤ ᠬᠡᠤᠭᠡᠨ ᠰᠡᠳᠬᠢᠯ ᠡᠪᠬᠡᠷᠡᠨ ᠤᠬᠢᠯᠠᠵᠤ ᠰᠢᠷᠡᠭᠡᠨ ᠡᠴᠡ ᠪᠠᠭᠤᠨ᠂ ᠵᠣᠴᠢᠳ ᠤᠨ ᠠᠷᠤ ᠪᠠᠷ ᠲᠤᠯᠤᠭᠠᠢ ᠪᠠᠨ ᠪᠥᠲᠡᠬᠡᠨ ᠬᠡᠪᠲᠡᠳᠡᠭ᠃ ᠵᠡᠷᠢᠮ ᠭᠠᠵᠠᠷ ᠨᠢ ᠡᠶᠢᠮᠦᠷᠬᠦ ᠲᠠᠶᠢᠯᠠᠯᠭ᠎ᠠ ᠶᠢᠨ ᠰᠢᠷᠡᠭᠡ ᠶᠢ︽ᠰᠠᠭᠤᠳᠠᠯ ᠤᠨ ᠬᠤᠷᠢᠮ︾ ᠭᠡᠳᠡᠭ ᠪᠦᠭᠡᠳ ᠲᠠᠶᠢᠯᠠᠯᠭ᠎ᠠ ᠳᠤ ᠣᠷᠣᠯᠴᠠᠭᠴᠢ ᠨᠢ ᠭᠡᠷ ᠦᠨ ᠡᠵᠡᠨ ᠳᠦ ᠬᠤᠷᠢᠮ ᠤᠨ ᠨᠡᠮᠡᠷᠢ ᠥᠭᠬᠦ ᠪᠤᠶᠤ ᠡᠰᠡᠭᠦᠯ᠎ᠠ ᠬᠡᠤᠬᠡᠨ ᠳᠤ ᠪᠡᠯᠡᠭ ᠬᠦᠷᠭᠡᠳᠡᠭ᠃      ᠪᠠᠷᠢ ᠪᠠᠭᠤᠯᠭᠠᠬᠤ᠄ ᠬᠦᠤ ᠶᠢᠨ ᠭᠡᠷ ᠦᠨ ᠬᠢᠨ ᠤᠷᠢᠳᠠᠪᠠᠷ ᠳᠠᠶᠢᠯᠠᠯᠭ᠎ᠠ ᠶᠢᠨ ᠬᠤᠷᠢᠮ ᠪᠡᠯᠡᠳᠴᠤ ᠰᠦᠩ ᠵᠠᠰᠠᠵᠤ ᠰᠠᠭᠠᠳᠠᠭ ᠤᠨ ᠬᠦᠮᠦᠰ ᠢᠶᠡᠨ ᠳᠠᠶᠢᠯᠠᠳᠠᠭ᠃ ᠰᠠᠭᠠᠳᠠᠭ ᠮᠤᠷᠳᠠᠬᠤ ᠳᠤ ᠬᠤᠷᠢᠮ ᠤᠨ ᠲᠦᠷᠦᠭᠦᠦ ᠬᠤᠳᠠ᠂ ᠵᠠᠭᠤᠴᠢ᠂ ᠬᠦᠷᠭᠡᠨ ᠳᠠᠭᠠᠬᠤ ᠬᠦᠮᠦᠨ᠂ ᠬᠡᠯᠡᠵᠤ ᠶᠠᠷᠢᠬᠤ  ᠳᠦ ᠪᠡᠨ ᠰᠠᠶᠢᠨ ︽ᠬᠡᠯᠡᠮᠦᠷᠴᠢ︾︵ᠬᠤᠷᠢᠮ ᠤᠨ ᠶᠤᠰᠤᠯᠠᠯ ᠳᠤ ᠬᠤᠷᠰᠢᠶ᠎ᠠ ᠬᠤᠯᠪᠤᠭ᠎ᠠ ᠲᠠᠢ ᠠᠰᠠᠭᠤᠨ ᠬᠠᠷᠢᠭᠤᠯᠬᠤ ᠲᠠᠳᠬᠠᠯ ᠪᠠᠶᠢᠳᠠᠭ︶ᠪᠣᠯᠣᠨ ᠲᠤᠰᠬᠠᠶᠢᠯᠠᠨ ᠠᠷᠢᠬᠢ ᠬᠡᠮᠨᠡᠬᠦ ᠶᠢ ᠬᠠᠮᠢᠶᠠᠷᠬᠤ ︽ᠰᠦᠩᠴᠢ︾︵ᠪᠠᠰᠠ ᠵᠠᠷᠢᠮ ᠭᠠᠵᠡᠷ  ᠲᠤ ᠰᠦᠩ ᠦᠨ ᠬᠡᠦᠬᠡᠳ ᠭᠡᠵᠤ ᠬᠡᠯᠡᠳᠡᠭ᠂ ᠬᠤᠷᠢᠮ ᠤᠨ ᠰᠢᠷᠡᠭᠡᠨ ᠳᠦ ᠳᠠᠭᠤᠤ ᠳᠠᠭᠤᠯᠠᠬᠤ᠂ ᠠᠷᠢᠬᠢ ᠬᠡᠮᠨᠡᠨ ᠱᠠᠯᠠᠨ ᠤᠤᠭᠤᠯᠭᠠᠭᠴᠢ︶ᠨᠠᠷ ᠲᠠᠭᠠᠯᠳᠤᠵᠤ᠂ ᠴᠦᠭᠡᠨ  ᠳᠤ ᠪᠠᠨ ᠬᠡᠳᠦᠨ ᠠᠷᠪᠠᠨ ᠬᠦᠮᠦᠨ᠂ ᠤᠯᠠᠨ  ᠳᠦ ᠪᠡᠨ ᠵᠠᠭᠤᠨ ᠢᠯᠡᠭᠦᠤ ᠬᠦᠮᠦᠨ ᠠᠳᠠᠯᠢ ᠪᠣᠰᠤ ᠪᠠᠶᠢᠳᠠᠭ᠃ ᠡᠳᠡᠭᠡᠷ ᠬᠦᠮᠦᠰ ᠨᠢ ᠭᠤᠶᠤ ᠰᠠᠶᠢᠬᠠᠨ ᠬᠤᠪᠴᠠᠰᠤ ᠬᠤᠨᠠᠷ ᠡᠮᠦᠰᠴᠦ᠂ ᠰᠠᠶᠢᠨ ᠮᠣᠷᠢ ᠬᠣᠷᠳᠤᠨ ᠬᠦᠯᠦᠭ ᠤᠨᠤᠭᠰᠠᠨ ᠪᠠᠶᠢᠳᠠᠭ᠃ ᠬᠠᠭᠤᠴᠢᠨ ᠤ ᠦᠶ᠎ᠡ ᠳᠦ᠂ ᠰᠢᠨ᠎ᠡ ᠬᠦᠷᠭᠡᠨ ᠨᠢ ᠭᠤᠶᠤ ᠲᠡᠷᠯᠢᠭ ᠬᠢᠯᠡᠰᠤᠮ᠎ᠡ ᠤᠤᠵᠢ ᠡᠮᠦᠰᠴᠦ᠂ ᠲᠤᠭᠤᠶ ᠮᠠᠯᠠᠭᠠᠢ ᠵᠡᠬᠦᠨ︵ᠬᠡᠷᠪᠡ ᠢᠵᠠᠭᠤᠷᠳᠠᠨ ᠪᠤᠯ ᠪᠠᠰᠠ ᠤᠴᠤᠭᠲᠤ ᠮᠠᠯᠠᠭᠠᠢ ᠵᠡᠭᠦᠳᠡᠭ︶ᠰᠠᠭᠠᠳᠠᠭ ᠠᠭᠰᠠᠵᠤ᠂ ᠡᠷ᠎ᠡ ᠬᠦᠮᠦᠨ ᠦ ᠰᠦᠷ ᠵᠢᠪᠬᠤᠭ᠎ᠠ ᠶᠢ ᠬᠠᠷᠠᠭᠤᠯᠳᠠᠭ᠃       ᠦᠩᠭᠡᠷᠡᠭᠰᠡᠨ ᠳᠦ ᠪᠠᠷᠢ ᠪᠠᠭᠤᠯᠭᠠᠬᠤ ᠪᠠᠷ ᠮᠣᠷᠳᠠᠬᠤ ᠰᠠᠭᠠᠳᠠᠭ ᠤᠨ ᠬᠦᠮᠦᠰ ᠨᠢ ᠪᠠᠰᠠ ᠮᠤᠩᠭᠤᠯ ᠭᠡᠷ ᠪᠣᠶᠤ ᠬᠦᠰᠭᠡ ᠮᠠᠶᠢᠬᠠᠨ᠂ ᠵᠠᠮ ᠵᠠᠭᠤᠷ᠎ᠠ ᠢᠳᠡᠬᠦ ᠠᠮᠤ ᠬᠦᠨᠡᠰᠤ᠂ ᠮᠢᠬ᠎ᠠ ᠪᠣᠯᠣᠨ ᠬᠦᠨᠡᠰᠦᠨ ᠠᠷᠢᠬᠢ ᠪᠠᠨ ᠠᠪᠴᠤ ᠶᠠᠪᠤᠨ᠂ ᠬᠡᠤᠬᠡᠨ ᠤ ᠭᠡᠷ  ᠤᠨ ᠤᠷᠴᠢᠮ ᠪᠠᠭᠤᠳᠠᠯᠯᠠᠨ ᠰᠠᠭᠤᠭᠰᠠᠨ ᠤ ᠳᠠᠷᠠᠭ᠎ᠠ᠂ ᠰᠠᠶ᠋ᠢ ᠬᠡᠤᠭᠡᠨ ᠤ ᠭᠡᠷ ᠲᠦ ᠬᠦᠷᠳᠡᠭ᠃ ᠬᠡᠤᠬᠡᠨ ᠤ ᠭᠡᠷ ᠦᠢᠷᠠᠳᠤᠪᠠᠯ ᠬᠤᠶᠠᠷ ᠠᠴᠠ ᠲᠦᠷᠪᠡᠨ ᠮᠣᠷᠢᠳᠡᠨ ᠲᠤᠮᠢᠯᠠᠵᠤ ᠴᠢᠮᠡᠭᠡ ᠬᠦᠷᠭᠡᠭᠦᠯᠦᠨ ᠮᠡᠨᠳᠦ ᠶᠢᠨ ᠤᠷᠤᠭ ᠢᠶᠠᠷ ᠬᠦᠷᠬᠦ ᠳᠦ᠂ ᠬᠡᠤᠭᠡᠨ ᠤ ᠭᠡᠷ ᠦᠨ ᠬᠢᠨᠢ ᠬᠠᠯᠠᠭᠤᠮᠰᠤᠭ ᠢᠶᠠᠷ ᠵᠣᠴᠢᠯᠠᠨ᠎ᠠ᠃ ᠰᠢᠨ᠎ᠡ ᠬᠦᠷᠭᠡᠨ ᠪᠣᠯᠤᠨ ᠬᠦᠷᠭᠡᠨ ᠲᠠᠭᠠᠭᠴᠢ ᠨᠢ ᠬᠡᠤᠭᠡᠨ ᠤ ᠭᠡᠷ ᠬᠤᠷᠤᠭ᠎ᠠ ᠶᠢ ᠵᠥᠪ ᠢᠶᠡᠷ ᠨᠢᠭᠡ ᠡᠷᠬᠢᠭᠡᠳ ᠰᠠᠶ᠋ᠢ ᠮᠤᠷᠢᠨ ᠠᠴᠠ ᠪᠠᠨ ᠪᠠᠭᠤᠳᠠᠭ᠃ ᠡᠨᠡ ᠦᠶ᠎ᠡ ᠳᠦ ᠬᠡᠤᠬᠡᠨ ᠤ ᠲᠠᠯ᠎ᠠ ᠶᠢᠨ ᠲᠥᠷᠪᠡᠨ ᠪᠡᠷᠬᠡᠨ ᠨᠢ ᠡᠭᠦᠳᠡ ᠲᠠᠷᠤᠵᠤ᠂ ᠰᠢᠨ᠎ᠡ ᠬᠦᠷᠭᠡᠨ  ᠪᠠ ᠬᠦᠷᠭᠡᠨ ᠲᠠᠭᠠᠭᠴᠢ᠂ ︽ᠬᠡᠯᠡᠮᠦᠷᠴᠢ︾︵ᠵᠠᠷᠢᠮ ᠭᠠᠵᠠᠷ ᠨᠢ ᠰᠠᠭᠠᠳᠠᠭ ᠤᠨ ᠬᠦᠮᠦᠰ ᠢ ᠪᠦᠬᠦᠨ ᠢ ᠡᠭᠦᠳᠡᠨ ᠭᠠᠳᠠᠨ᠎ᠠ ᠬᠠᠰᠢᠳᠠᠭ︶ᠵᠡᠷᠭᠡ ᠬᠦᠮᠦᠰ ᠢ ᠡᠬᠦᠳᠡᠨ ᠭᠠᠳᠠᠨ᠎ᠠ ᠬᠠᠰᠢᠨ᠎ᠠ᠃ ᠢᠩᠭᠢᠬᠦ ᠳᠦ ᠬᠤᠶᠠᠷ ᠲᠠᠯ᠎ᠠ ᠶᠢᠨ︽ᠬᠡᠯᠡᠮᠦᠷᠴᠢ︾ᠰᠢᠯᠦᠭ ᠲᠠᠭᠤᠤ ᠪᠠᠷ ᠢᠷᠠᠭᠤ ᠰᠠᠶᠢᠬᠠᠨ ᠪᠣᠯᠪᠠᠰᠤᠨ ᠶᠦᠮᠦᠷᠯᠢᠭ ᠠᠰᠠᠭᠤᠨ ᠬᠠᠷᠢᠭᠤᠯ‍ᠵᠤ ᠡᠭᠦᠳᠡ ᠲᠡᠷᠤᠳᠠᠭ ᠨᠢ ᠪᠠᠰᠠᠴᠤ ᠬᠤᠷᠢᠮ ᠲᠦᠷᠦ ᠶᠢᠨ ᠶᠤᠰᠤᠯᠠᠯ ᠳᠠᠬᠢ ᠬᠠᠮᠤᠭ ᠤᠨ ᠬᠦᠷ ᠬᠥᠭᠵᠢᠶᠡᠨ ᠲᠠᠢ ᠲᠠᠯᠠᠪᠤᠷ ᠪᠣᠯᠬᠣ ᠶᠤᠮ᠃ ᠲᠤᠰ ᠬᠤᠳᠠ ᠶᠢᠨ ᠵᠤᠩᠬᠢᠯᠠᠬᠤ ᠭᠠᠵᠠᠷ ᠤᠷᠤᠨ ᠳᠤ ᠵᠦᠪᠬᠡᠨ ᠬᠡᠤᠭᠡᠨ ᠤ ᠭᠡᠷ ᠦᠨ ᠭᠠᠳᠠᠨ᠎ᠠ᠂ ᠢᠷᠠᠭᠤᠯᠢᠭ ᠮᠡᠳᠭᠡᠯᠴᠡᠬᠦ ᠦᠵᠡᠭᠳᠡᠯ ᠨᠢ ᠤᠯᠠᠨ ᠪᠠᠶᠢᠳᠠᠭ᠃ ᠪᠠᠭᠠᠷᠢᠨ ᠵᠡᠷᠭᠡ ᠭᠠᠵᠠᠷ ᠤᠳ ᠢᠶᠠᠷ ᠬᠠᠷᠢᠨ ᠡᠷᠡᠭᠳᠡᠢ ᠶᠢᠨ ᠭᠡᠷ ᠦᠨ ᠡᠭᠦᠳᠡᠨ ᠳᠦ ᠪᠠᠰᠠ ᠡᠶᠢᠮᠦᠷᠭᠦᠤ ᠶᠤᠰᠤᠯᠠᠯ ᠶᠠᠪᠤᠭᠳᠠᠵᠤ᠂ ᠨᠢᠭᠡ ᠪᠦᠯᠦᠭ ᠵᠠᠯᠠᠭᠤᠴᠤᠳ ᠡᠭᠦᠳᠡ ᠰᠠᠬᠢᠵᠤ᠂ ᠰᠢᠨ᠎ᠡ ᠪᠡᠷᠢ ᠶᠢ ᠬᠠᠰᠢᠳᠠᠭ ᠦᠵᠡᠭᠳᠡᠯ ᠪᠣᠢ᠃ ᠬᠡᠤᠭᠡᠨ ᠤ ᠲᠠᠯ᠎ᠠ ᠶᠢᠨ ᠬᠢᠨ︽ᠬᠡᠯᠡᠮᠦᠷᠴᠢ︾ ᠡᠴᠡ ᠶᠠᠩᠵᠤ ᠪᠦᠷᠢ ᠶᠢᠨ ᠠᠰᠠᠭᠤᠯᠲᠠ ᠠᠰᠠᠭᠤᠵᠤ᠂ ᠬᠦᠤ ᠶᠢᠨ ᠲᠠᠯ᠎ᠠ ᠶᠢᠨ ᠬᠢᠨ ᠬᠠᠷᠢᠨ ᠲᠥᠭᠦᠮ ᠲᠥᠳᠡ ᠪᠠᠶᠢᠳᠠᠭ᠃ ᠬᠦᠤ ᠶᠢᠨ ᠲᠠᠯ᠎ᠠ ᠶᠢᠨ ᠬᠢᠨ ᠡᠬᠦᠳᠡᠨ ᠲᠠᠷᠤᠭᠰᠠᠨ ᠪᠡᠷᠭᠡᠨ ᠳᠦ︽ᠰᠢᠭᠦᠰᠤ︾ᠪᠣᠯᠣᠨ ᠬᠤᠶᠠᠷ ᠪᠣᠳᠤᠩ ᠠᠷᠢᠬᠢ ᠥᠭᠳᠡᠭ ᠪᠠ ᠡᠮᠡᠭᠲᠡᠢ ᠶᠢᠨ ᠲᠠᠯ᠎ᠠ ᠶᠢᠨ ᠬᠢᠨ ᠬᠠᠷᠢᠨ ᠤᠷᠠᠯᠠᠨ ᠤᠶᠤᠭᠰᠠᠨ ᠲᠠᠮᠠᠬᠢᠨ ᠬᠠᠪᠲᠠᠭ᠎ᠠ ᠶᠢ ᠤᠭᠲᠠᠷᠭᠤᠢ ᠦᠭᠡᠳᠡ ᠰᠢᠳᠡᠨ ᠶᠠᠪᠤᠭᠤᠯᠬᠤ ᠳᠤ ᠡᠭᠦᠳᠡᠨ ᠳᠦ ᠪᠠᠶᠢᠭᠰᠠᠨ ᠵᠠᠯᠠᠭᠤᠴᠤᠳ ᠪᠤᠯᠢᠶᠠᠯᠳᠤᠨ ᠡᠬᠢᠯᠡᠳᠡᠭ᠃ ᠵᠠᠷᠢᠮ ᠭᠠᠵᠠᠷ ᠤᠨ ᠸᠠᠩ ᠭᠦᠩ  ᠢᠵᠠᠭᠤᠷᠳᠠᠳ ᠤᠨ ᠬᠤᠷᠢᠮ ᠤᠨ ᠶᠤᠰᠤᠯᠠᠯ ᠤᠨ ︽ᠡᠬᠦᠳᠡ ᠲᠠᠷᠤᠵᠤ ᠬᠠᠷᠢᠯᠴᠠᠨ ᠮᠡᠳᠭᠡᠯᠴᠡᠬᠦ︾ᠨᠢ ᠨᠡᠩ  ᠨᠠᠷᠢᠨ ᠲᠦᠪᠡᠭᠳᠡᠢ ᠪᠠᠶᠢᠳᠠᠭ᠂ ︽ᠸᠠᠩ ᠨᠤᠶᠠᠨ ᠤ ᠡᠭᠦᠳᠡ ᠪᠣᠯᠪᠠᠰᠤ᠂ ᠭᠤᠷᠪᠠᠨ ᠬᠠᠭᠠᠯᠭ᠎ᠠ ᠶᠢᠨ ᠶᠤᠰᠤ︾᠂ ︽ᠲᠠᠶᠢᠵᠢ ᠬᠦᠮᠦᠨ ᠦ ᠡᠬᠦᠳᠡ ᠪᠣᠯᠪᠠᠰᠤ᠂ ᠬᠤᠶᠠᠷ ᠬᠠᠭᠠᠯᠭ᠎ᠠ ᠶᠢᠨ ᠶᠤᠰᠤ︾᠂ ︽ᠬᠠᠷᠠᠴᠤ ᠬᠦᠮᠦᠨ ᠦ ᠡᠬᠦᠳᠡ ᠪᠣᠯᠪᠠᠰᠤ᠂ ᠨᠢᠭᠡ ᠬᠠᠭᠠᠯᠭ᠎ᠠ ᠶᠢᠨ ᠶᠤᠰᠤ︾ᠭᠡᠳᠡᠭ ᠬᠡᠯᠡᠯᠬᠡ ᠪᠠᠶᠢᠳᠠᠭ᠃ ᠬᠤᠶᠠᠷ ᠲᠠᠯ᠎ᠠ ᠶᠢᠨ︽ᠬᠡᠯᠡᠨ ᠦ ᠪᠠᠶᠢᠯᠳᠤᠭᠠᠨ︾ᠨᠢ ᠰᠢᠷᠦᠭᠦᠰᠬᠦ ᠦᠶ᠎ᠡ ᠳᠦ᠂ ᠬᠡᠤᠭᠡᠨ ᠤ ᠲᠠᠯ᠎ᠠ ᠶᠢᠨ ᠲᠦᠷᠦᠭᠦᠦ ᠨᠤᠶᠠᠨ ︽ᠬᠤᠳᠠ︾ᠭᠠᠷᠴᠤ᠂ ᠬᠤᠶᠠᠷ ᠲᠠᠯ᠎ᠠ ᠶᠢᠨ ︽ᠬᠡᠯᠡᠮᠦᠷᠴᠢ︾ ᠳᠦ ᠠᠷᠢᠬᠢ ᠬᠠᠳᠠᠭ ᠪᠠᠷᠢᠨ ᠤᠷᠠᠨ ᠰᠠᠶᠢᠬᠠᠨ ᠦᠭᠡ ᠪᠠᠷ ᠢᠳᠬᠠᠨ ᠵᠣᠭᠰᠤᠭᠠᠵᠤ᠂ ᠢᠷᠡᠭᠰᠡᠨ ᠬᠦᠮᠦᠰ ᠢ ᠡᠷᠬᠢᠮ ᠵᠣᠴᠢᠨ ᠢᠶᠠᠷ ᠭᠡᠷ  ᠲᠤ ᠪᠠᠨ ᠵᠠᠯᠠᠨ ᠤᠷᠤᠭᠤᠯ‍ᠵᠤ ᠴᠠᠢ ᠪᠠᠷ ᠵᠤᠴᠢᠯᠠᠳᠠᠭ᠃ᠬᠡᠤᠬᠡᠨ ᠤ ᠭᠡᠷ ᠦᠨ︽ᠪᠠᠶᠠᠷ ᠤᠨ ᠬᠤᠷᠢᠮ︾︵ᠬᠤᠷᠢᠮ ᠤᠨ ᠶᠤᠰᠤᠯᠠᠯ︶ᠨᠢ ᠡᠨᠡ ᠡᠳᠦᠷ ᠶᠡᠭᠡ ᠪᠡᠷ ᠰᠢᠷᠡᠭᠡ ᠵᠠᠰᠠᠵᠤ᠂ ᠰᠠᠭᠠᠳᠠᠭ ᠤᠨ ᠬᠦᠮᠦᠰ ᠪᠠ ᠪᠠᠷᠢ ᠮᠣᠷᠳᠠᠭᠤᠯᠬᠤ ᠪᠠᠷ ᠢᠷᠡᠭᠰᠡᠨ ᠰᠠᠳᠤᠨ ᠲᠦᠷᠦᠯ ᠨᠠᠶᠢᠵᠠ ᠨᠦᠭᠦᠳ ᠢᠶᠡᠨ ᠬᠠᠯᠠᠭᠤᠮᠰᠤᠭ ᠢᠶᠠᠷ ᠵᠣᠴᠢᠯᠠᠳᠠᠭ᠃ ᠬᠤᠶᠠᠷ ᠲᠠᠯ᠎ᠠ ᠶᠢᠨ ᠲᠦᠷᠦᠭᠦᠦ ᠨᠤᠶᠠᠨ ᠢᠶᠠᠷ ᠲᠦᠷᠦᠬᠦᠯᠡᠭᠦᠯᠦᠭᠰᠡᠨ ᠵᠣᠴᠢᠳ ᠦᠪᠡᠷ ᠥᠪᠡᠷ ᠦᠨ ᠢᠶᠡᠨ ᠰᠠᠭᠤᠳᠠᠯ ᠳᠤ ᠰᠠᠭᠤᠬᠤ ᠶᠢᠨ ᠬᠠᠮᠲᠦ᠂ ᠬᠡᠤᠬᠡᠨ ᠤ ᠡᠴᠢᠭᠡ ᠡᠬᠡ ᠨᠢ ᠪᠠᠰᠠ ᠰᠠᠭᠤᠳᠠᠯ ᠳᠤ ᠰᠠᠭᠠᠲᠠᠳᠠᠭ᠃ ᠬᠡᠤᠭᠡᠨ ᠮᠤᠷᠳᠠᠭᠤᠯᠬᠤ ᠬᠤᠷᠢᠮ ᠨᠢ ᠬᠦᠷ ᠬᠥᠭᠵᠢᠶᠡᠨ ᠲᠠᠢ ᠪᠠᠶᠠᠷ ᠪᠠᠬᠠᠳᠦᠯ ᠤᠨ ᠲᠤᠮᠳᠠ ᠶᠠᠪᠤᠭᠳᠠᠵᠤ᠂ ᠬᠡᠤᠭᠡᠨ  ᠦ ᠲᠠᠯ᠎ᠠ ᠶᠢᠨ ︽ᠰᠦᠩᠴᠢ︾ᠤᠯᠠᠨ ᠳᠤ ᠠᠷᠢᠬᠢ ᠪᠠᠷᠢᠬᠤ᠂ ᠳᠠᠭᠤᠴᠢᠳ ᠲᠠᠭᠤᠤ ᠳᠠᠭᠤᠯᠠᠬᠤ ᠠᠴᠠ ᠭᠠᠳᠠᠨ᠎ᠠ᠂ ᠪᠠᠰᠠ ︽ᠰᠢᠨ᠎ᠡ ᠪᠡᠷᠢ ᠶᠢ ᠲᠠᠨᠢᠯᠴᠠᠭᠤᠯᠬᠤ︾᠂ ︽ᠪᠡᠯᠭᠡᠳᠤ ᠬᠤᠭᠤᠯᠠ ᠪᠠᠷ ᠬᠦᠷᠭᠡᠨ ᠠᠮᠠᠳᠠᠬᠤ︾᠂ ︽ᠰᠢᠨ᠎ᠡ ᠬᠦᠷᠭᠡᠨ ᠬᠤᠪᠴᠠᠯᠠᠬᠤ︾᠂︽ᠨᠤᠮᠤ ᠰᠠᠭᠠᠳᠠᠭ ᠡᠮᠡᠭᠡᠯ ᠬᠠᠵᠠᠭᠠᠷ ᠲᠠᠢ ᠮᠣᠷᠢ ᠪᠠᠷ ᠱᠠᠩᠨᠠᠬᠤ︾ ᠵᠡᠷᠭᠡ ᠤᠯᠠᠨ ᠵᠦᠢᠯ ᠦᠨ ᠶᠤᠰᠤ ᠤᠴᠢᠷ ᠢ ᠬᠦᠢᠴᠡᠳᠬᠡᠭᠰᠡᠨ ᠦ ᠲᠠᠷᠠᠭ᠎ᠠ ᠰᠠᠶ᠋ᠢ ︽ᠬᠤᠷᠢᠮ︾ ᠦᠨᠳᠦᠷᠯᠡᠳᠡᠭ᠃ᠬᠡᠤᠬᠡᠨ ᠮᠤᠷᠳᠠᠭᠤᠯᠬᠤ᠄ ᠬᠡᠤᠬᠡᠨ ᠮᠤᠷᠳᠠᠭᠤᠯᠬᠤ ᠴᠠᠭ ᠪᠣᠯᠪᠠᠯ ᠬᠡᠤᠬᠡᠨ ᠤ ᠲᠠᠯ᠎ᠠ ᠶᠢᠨ ᠲᠠᠭᠤᠴᠢᠨ ᠲᠦᠷᠪᠡᠨ ᠴᠠᠭ ᠤᠨ ᠲᠠᠭᠤᠤ ᠳᠠᠭᠤᠯᠠᠵᠤ᠂ ᠬᠦᠮᠦᠨ ᠪᠦᠷᠢ ᠳᠦ ᠲᠥᠷᠪᠡᠨ ᠬᠤᠨᠳᠠᠭ᠎ᠠ ᠠᠷᠢᠭᠢ ᠪᠠᠷᠢᠳᠠᠭ ᠪᠦᠭᠡᠳ ᠬᠦᠷᠢᠶᠠᠨ ᠡᠬᠦᠳᠡᠨ ᠳᠦ ᠬᠦᠯᠢᠰ ᠲᠠᠯᠪᠢᠵᠤ ᠰᠤᠪᠤᠳ ᠡᠪᠡᠰᠤ᠂ ᠽᠠᠨᠳᠠᠨ ᠮᠤᠳᠤ᠂ ᠰᠦᠢᠭᠡ ᠪᠣᠶᠤ ᠠᠷᠴᠠ ᠵᠡᠷᠭᠡ ᠶᠢ ᠤᠩᠰᠠᠭᠠᠨ ᠰᠢᠳᠠᠭᠠᠵᠤ ᠰᠠᠩ ᠲᠠᠯᠪᠢ‍ᠵᠣ᠂ ᠬᠦᠷᠭᠡᠨ ᠬᠡᠤᠬᠡᠨ ᠬᠤᠶᠠᠷ ᠮᠤᠷᠢᠨ ᠳᠤ ᠮᠣᠷᠳᠠᠵᠤ ᠬᠦᠯᠢᠰ ᠦᠨ ᠭᠠᠯ  ᠢ ᠵᠥᠪ ᠢᠶᠡᠷ ᠭᠤᠷᠪᠠ ᠡᠷᠭᠢᠨ᠎ᠡ᠃ ᠡᠨᠡ ᠨᠢ ᠬᠦᠷᠭᠡᠨ ᠬᠡᠤᠭᠡᠨ ᠤ ᠪᠡᠶ᠎ᠡ ᠶᠢ ᠠᠷᠢᠭᠤᠯᠠᠵᠤ ᠭᠠᠢ ᠪᠠᠷᠴᠢᠳ ᠢ ᠨᠢ ᠠᠷᠢᠯᠭᠠᠨ ᠥᠯᠳᠡᠬᠦ ᠭᠡᠰᠡᠨ ᠰᠠᠨᠠᠭ᠎ᠠ ᠶᠢ ᠢᠯᠡᠷᠬᠡᠶᠢᠯᠡᠳᠡᠭ᠃ ᠬᠦᠷᠭᠡᠨ ᠦ ᠲᠠᠯ᠎ᠠ ᠶᠢᠨ ᠰᠠᠭᠠᠳᠠᠭ ᠤᠨ ᠬᠦᠮᠦᠰ ᠲᠤ ᠪᠠᠰᠠ ᠬᠡᠤᠭᠡᠨ ᠤ ᠲᠠᠯ᠎ᠠ ᠶᠢᠨ ᠰᠦᠩᠴᠢ ᠨᠠᠷ ᠮᠤᠷᠳᠠᠬᠤ ᠶᠢᠨ ᠮᠣᠯᠤᠷ᠂ ᠲᠦᠷᠦᠭᠡᠨ ᠠᠷᠢᠬᠢ ᠪᠠᠷᠢᠨ᠎ᠠ᠃ ᠬᠦᠷᠭᠡᠨ ᠦ ᠲᠠᠯ᠎ᠠ ᠶᠢᠨ ᠲᠦᠷᠦᠭᠦᠦ ᠨᠤᠶᠠᠨ ᠰᠦᠩᠴᠢ ᠨᠠᠷ ᠪᠠᠷᠢᠭᠰᠠᠨ︽ᠲᠦᠷᠦᠭᠡᠨ ᠠᠷᠢᠬᠢ︾ ᠶᠢ ᠲᠤᠰᠤᠨ ᠠᠪᠴᠤ ᠲᠤᠭᠳᠠᠭᠠᠬᠤ ᠪᠤᠶᠤ ᠠᠮᠰᠠᠵᠤ ᠮᠤᠷᠢᠨ ᠤ ᠲᠠᠯ ᠲᠡᠬᠡᠷ᠎ᠠ ᠪᠠᠨ ᠰᠠᠴᠤᠵᠤ᠂ ᠬᠣᠨᠳᠠᠭ᠎ᠠ ᠶᠢ ᠨᠢ ᠪᠤᠴᠠᠭᠠᠬᠤ ᠪᠣᠶᠣ ᠡᠰᠡᠭᠦᠯ᠎ᠠ ᠮᠤᠷᠢᠨ ᠤ ᠬᠤᠷᠳᠤᠨ ᠢᠶᠠᠨ ᠭᠠᠶᠢᠬᠠᠭᠤᠯᠵᠤ ᠬᠤᠨᠳᠠᠭ᠎ᠠ ᠶᠢ ᠨᠢ ᠥᠭᠬᠦ ᠦᠭᠡᠢ ᠳᠣᠪᠲᠤᠯᠤᠨ ᠶᠠᠪᠣᠵᠣ ︽ᠮᠤᠯᠤᠷ ᠠᠪᠬᠤ︾ᠦᠵᠡᠭᠳᠡᠯ ᠪᠠᠰᠠ ᠪᠠᠶᠢᠳᠠᠭ᠂ ᠢᠩᠬᠢᠪᠡᠯ ᠬᠡᠤᠭᠡᠨ ᠤ ᠲᠠᠯ᠎ᠠ ᠶᠢᠨ ᠬᠢᠨ ︽ᠮᠤᠯᠤᠷ ᠨᠡᠬᠡᠭᠦ︾ ᠭᠡᠵᠤ ᠲᠠᠭᠤᠵᠤ ᠬᠦᠢᠴᠡᠪᠡᠯ ᠬᠤᠨᠳᠠᠭ᠎ᠠ ᠶᠢ ᠨᠢ ᠪᠤᠴᠠᠭᠠᠵᠤ ᠥᠭᠬᠦ ᠶᠤᠰᠤ ᠪᠣᠢ᠃ ᠵᠠᠮ ᠤᠨ ᠲᠤᠮᠳᠠ ᠬᠦᠷᠭᠡᠨ ᠬᠡᠤᠬᠡᠨ ᠬᠤᠶᠠᠷ ᠲᠠᠯ᠎ᠠ ᠶᠢᠨ ᠬᠢᠨ ᠮᠠᠯᠠᠭᠠᠢ ᠪᠤᠯᠢᠶᠠᠬᠤ  ᠲᠣᠭᠯᠠᠭᠠᠮ ᠭᠠᠷᠭᠠᠵᠤ ᠨᠢᠭᠡ ᠳᠦ ᠮᠤᠷᠢᠨ ᠤ ᠬᠤᠷᠳᠦᠨ ᠢᠶᠠᠨ ᠭᠠᠶᠢᠬᠠᠭᠤᠯᠵᠤ᠂ ᠬᠤᠶᠠᠷ  ᠲᠤ ᠮᠤᠷᠢᠨ ᠮᠡᠷᠭᠡᠵᠢᠯ ᠢᠶᠡᠨ ᠤᠷᠤᠯᠳᠤᠳᠠᠭ᠃ ᠪᠡᠷᠢ ᠪᠠᠭᠤᠯᠭᠠᠬᠤ ᠬᠦᠮᠦᠰ ᠨᠢ ᠪᠠᠶᠠᠷ ᠪᠠᠬᠠᠳᠤᠯᠳᠤ ᠬᠦᠷ ᠬᠥᠭᠵᠢᠶᠡᠨᠳᠦ ᠲᠠᠭᠤᠨ ᠤ ᠲᠤᠮᠳᠠ ᠪᠡᠷᠢ ᠪᠠᠨ ᠲᠤᠰᠴᠤ ᠠᠪᠴᠢᠷᠠᠳᠠᠭ᠃      ᠬᠡᠤᠬᠡᠨ  ᠮᠤᠷᠳᠠᠭᠤᠯᠬᠤ ᠪᠡᠷᠢ  ᠤᠭᠲᠤᠬᠤ ᠬᠦᠮᠦᠰ ᠰᠢᠨ᠎ᠡ ᠬᠦᠷᠭᠡᠨ ᠦ ᠭᠡᠷ ᠲᠥᠭᠦᠭᠦ ᠳᠦ᠂ ᠰᠢᠨ᠎ᠡ ᠬᠦᠷᠭᠡᠨ ᠨᠢ ᠬᠦᠷᠭᠡᠨ ᠲᠠᠭᠠᠭᠴᠢ ᠲᠠᠢ ᠪᠠᠨ ᠤᠷᠢᠳᠠᠪᠠᠷ ᠵᠠᠪᠳᠦᠨ ᠭᠡᠷ ᠲᠦ ᠪᠠᠨ ᠤᠴᠢᠵᠤ ᠴᠢᠮᠡᠭᠡ ᠬᠦᠷᠭᠡᠭᠡᠳ᠂ ᠰᠢᠨ᠎ᠡ ᠪᠡᠷᠢ ᠶᠢᠨ ᠲᠡᠷᠭᠡ ᠤᠶᠢᠷᠡᠳᠦᠬᠤ ᠦᠶ᠎ᠡ ᠳᠦ ᠲᠠᠬᠢᠨ ᠬᠦᠷᠭᠡᠨ ᠲᠠᠭᠠᠭᠴᠢ ᠲᠠᠢ ᠲᠦᠷᠪᠡᠨ ᠬᠦᠮᠦᠨ ᠬᠠᠮᠳᠤ ᠤᠭᠳᠤᠳᠠᠭ᠃ ᠰᠢᠨ᠎ᠡ ᠬᠦᠷᠭᠡᠨ ᠰᠢᠨ᠎ᠡ ᠪᠡᠷᠢ ᠶᠢᠨ ᠰᠠᠭᠤᠭᠰᠠᠨ ᠲᠡᠷᠭᠡ ᠪᠤᠶᠤ ᠮᠣᠷᠢ ᠶᠢ ᠨᠢ ᠨᠢᠭᠡ ᠡᠷᠭᠢᠭᠡᠳ᠂ ᠭᠡᠷ ᠤᠷᠤᠭᠤ ᠪᠠᠨ ᠪᠣᠴᠠᠨ ᠲᠠᠪᠬᠢᠭᠤᠯᠳᠠᠭ᠃ ᠬᠡᠤᠭᠡᠨ ᠬᠦᠷᠬᠡᠭᠦ ᠪᠡᠷ ᠢᠷᠡᠭᠰᠡᠨ ᠵᠠᠯᠠᠭᠤᠴᠣᠳ ᠰᠢᠨ᠎ᠡ ᠬᠦᠷᠭᠡᠨ ᠢ ᠰᠠᠯᠣᠯ ᠦᠭᠡᠢ ᠨᠡᠬᠡᠵᠤ᠂ ᠮᠠᠯᠠᠭᠠᠢ ᠶᠢ ᠨᠢ ᠪᠣᠯᠢᠶᠠᠬᠣ ᠪᠠᠷ ᠤᠷᠤᠯᠳᠤᠵᠤ᠂ ᠲᠡᠳᠡᠨ ᠦ ᠬᠤᠷᠳᠤᠨ ᠭᠠᠪᠰᠢᠭᠠᠢ ᠤᠢ ᠪᠢᠯᠢᠭ ᠮᠤᠷᠢᠨ ᠤ ᠡᠷᠳᠡᠮ ᠢᠶᠡᠨ ᠦᠵᠡᠬᠦᠯᠳᠡᠭ᠃ ᠰᠢᠨ᠎ᠡ ᠪᠡᠷᠢ ᠬᠦᠤ ᠶᠢᠨ ᠭᠡᠷ ᠦᠨ ᠭᠠᠳᠠᠨ᠎ᠠ ᠬᠦᠷᠴᠦ ᠢᠷᠡᠬᠦ ᠳᠦ᠂ ᠰᠢᠨ᠎ᠡ ᠬᠦᠷᠭᠡᠨ ᠨᠢ ︽ᠮᠦᠷᠭᠦᠬᠦᠯᠬᠦ ᠠᠪᠤ ᠪᠣᠶᠤ ᠡᠵᠢ︾ ᠪᠣᠯᠣᠨ ᠬᠦᠤ ᠶᠢᠨ ᠲᠠᠯ᠎ᠠ ᠶᠢᠨ ᠲᠦᠷᠦᠭᠦᠦ︽ᠬᠤᠳᠠ︾ᠵᠢᠴᠢ ᠬᠡᠳᠤᠨ ︽ᠪᠡᠷᠭᠡᠨ︾ᠲᠠᠢ ᠬᠠᠮᠳᠤ ᠪᠠᠷ ᠰᠢᠨ᠎ᠡ ᠪᠡᠷᠢ ᠶᠢ ᠤᠭᠳᠤᠳᠠᠭ᠃ ᠰᠢᠨ᠎ᠡ ᠪᠡᠷᠢ ᠶᠢᠨ ᠰᠠᠭᠤᠭᠰᠠᠨ ᠲᠡᠷᠭᠡ ᠬᠡᠳᠦᠶᠢᠪᠡᠷ ᠵᠤᠭᠰᠤᠭᠰᠠᠨ ᠪᠣᠯᠪᠠᠴᠤ ᠲᠡᠷᠭᠡᠴᠢᠨ ᠨᠢ ᠠᠷᠠᠯ ᠢ ᠲᠠᠰᠤᠷᠠᠯᠳᠠ ᠦᠭᠡᠢ ᠬᠦᠳᠡᠯᠭᠡᠵᠤ ᠪᠠᠶᠢᠳᠠᠭ᠃ ︽ᠮᠦᠷᠭᠦᠬᠦᠯᠬᠦ ᠡᠵᠢ︾ ᠨᠢ ᠰᠢᠨ᠎ᠡ ᠪᠡᠷᠢ ᠳᠦ ᠰᠦ ᠠᠮᠰᠠᠭᠤᠯᠵᠤ᠂ ᠦᠯᠡᠳᠡᠭᠰᠡᠨ ᠢ ᠨᠢ ᠥᠪᠡᠷ ᠢᠶᠡᠨ ᠤᠤᠭᠤᠳᠠᠭ ᠪᠦᠭᠡᠳ ᠰᠢᠨ᠎ᠡ ᠪᠡᠷᠢ  ᠶᠢᠨ ᠪᠠᠷᠠᠭᠤᠨ ᠭᠠᠷ ᠢ ᠬᠦᠩᠭᠡᠭᠡᠨ ᠲᠦᠰᠢᠵᠦ ᠲᠡᠷᠭᠡᠨ ᠡᠴᠡ ᠪᠠᠭᠤᠯᠭᠠᠨ᠂ ︽  ︾ ᠦᠰᠦᠭ ᠦᠨ ᠬᠡ ᠤᠭᠠᠯᠵᠠᠳᠦ ᠴᠠᠭᠠᠨ ᠢᠰᠡᠭᠡᠢ ᠲᠡᠭᠡᠷ᠎ᠠ ᠠᠯᠬᠤᠭᠤᠯᠤᠨ ᠭᠡᠷ ᠲᠦ ᠤᠷᠤᠭᠤᠯᠳᠠᠭ᠃ ᠵᠠᠷᠢᠮ ᠭᠠᠵᠠᠷ ᠤᠨ ᠬᠢᠨ ᠪᠠᠰᠠ ᠬᠠᠳᠠᠪᠴᠢᠨ ᠳᠣᠲᠣᠷ᠎ᠠ ᠰᠢᠨ᠎ᠡ ᠬᠤᠨᠢᠨ ᠠᠷᠠᠰᠤ ᠳᠡᠪᠢᠰᠴᠦ ᠪᠠᠷᠠᠭᠤᠨ ᠬᠦᠯ ᠢᠶᠡᠷ ᠨᠢ ᠭᠢᠰᠭᠢᠭᠦᠯᠵᠤ ᠦᠷᠦᠭᠡ ᠳ᠋ᠤᠨᠢ ᠤᠷᠤᠭᠤᠯᠳᠠᠭ᠃      ᠤᠭᠳᠤᠯᠭ᠎ᠠ ᠶᠢᠨ ᠬᠤᠷᠢᠮ᠄ ᠰᠢᠨ᠎ᠡ ᠪᠡᠷᠢ ᠶᠢ ᠭᠡᠷ  ᠲᠦ ᠤᠷᠤᠭᠤᠯᠤᠭᠰᠠᠨ ᠤ ᠲᠠᠷᠠᠭ᠎ᠠ᠂ ᠬᠦᠤ ᠶᠢᠨ ᠲᠠᠯ᠎ᠠ ᠶᠢᠨ ᠬᠢᠨ︽ᠤᠭᠳᠤᠯᠭ᠎ᠠ ᠶᠢᠨ ᠶᠡᠭᠡ ᠬᠤᠷᠢᠮ︾ᠲᠠᠯᠪᠢᠳᠠᠭ᠃ᠬᠤᠶᠠᠷ ᠲᠠᠯ᠎ᠠ ᠶᠢᠨ ᠲᠦᠷᠦᠭᠦᠤ ︽ᠬᠤᠳᠠ︾ ᠪᠠᠷ ᠲᠦᠷᠦᠭᠦᠯᠡᠭᠦᠯᠦᠨ ᠭᠤᠣᠯ ᠰᠠᠭᠤᠳᠠᠯ  ᠳᠤ ᠵᠠᠯᠠᠵᠤ᠂ ᠵᠣᠴᠢᠳ ᠢ ᠦᠶ᠎ᠡ ᠲᠠᠷᠠᠭ᠎ᠠ ᠪᠠᠷ ᠨᠢ ᠲᠣᠬᠢᠷᠠᠭᠣᠯᠣᠨ ᠰᠠᠭᠤᠯᠭᠠᠵᠤ ᠲᠠᠶᠢᠯᠠᠳᠠᠭ᠃ ᠬᠦᠤ ᠶᠢᠨ ᠲᠠᠯ᠎ᠠ ᠶᠢᠨ ᠲᠥᠷᠪᠡᠨ ︽ᠰᠦᠩᠴᠢ︾ ᠤᠯᠠᠨ ᠳᠤ ᠠᠷᠢᠬᠢ ᠪᠠᠷᠢᠵᠤ᠂ ᠲᠠᠭᠤᠴᠢᠳ ︽ᠬᠤᠷᠢᠮ ᠤᠨ ᠳᠠᠭᠤᠤ︾ᠳᠠᠭᠤᠯᠠᠨ ᠨᠠᠶᠢᠷᠯᠠᠳᠠᠭ ᠪᠦᠭᠡᠳ ᠡᠨᠡ ᠬᠤᠭᠤᠷᠤᠨᠳᠤ ᠨᠢ ᠪᠠᠰᠠ︽ᠮᠦᠷᠭᠦᠭᠦᠯᠦᠭᠰᠡᠨ ᠡᠵᠢ ︾ᠨᠢ ᠰᠢᠨ᠎ᠡ ᠪᠡᠷᠢ ᠶᠢᠨ ︽ᠦᠰᠦ ᠶᠢ ᠨᠢ ᠬᠠᠭᠠᠯᠵᠤ︾ᠭᠤᠶᠤᠯᠠᠨ ᠵᠠᠰᠠᠬᠤ᠂︽ᠰᠢᠨ᠎ᠡ ᠪᠡᠷᠢ ᠶᠢᠨ ᠨᠢᠭᠤᠷ ᠢ ᠨᠢ ᠷᠠᠰᠢᠶᠠᠯᠠᠬᠤ︾᠂ ︽ᠭᠠᠯ ᠪᠣᠷᠬᠠᠨ ᠳᠤ ᠮᠦᠷᠭᠦᠭᠦᠯᠬᠦ︾᠂ ︽ᠲᠤᠰᠬᠠᠢ ᠰᠢᠷᠡᠭᠡ ᠵᠠᠰᠠᠵᠤ ᠪᠡᠷᠢ ᠲᠠᠨᠢᠯᠴᠠᠭᠤᠯᠬᠤ︾ ᠵᠡᠷᠭᠡ ᠤᠯᠠᠨ ᠵᠦᠢᠯ  ᠦᠨ ᠶᠤᠰᠤᠯᠠᠯ ᠶᠠᠪᠤᠭᠳᠠᠳᠠᠭ᠃︽ᠪᠡᠷᠢ ᠲᠠᠨᠢᠯᠴᠠᠭᠤᠯᠬᠤ ᠰᠢᠷᠡᠭᠡ︾ᠲᠡᠭᠡᠷ᠎ᠠ᠂ ᠡᠷᠡᠭᠳᠡᠢ ᠶᠢᠨ ᠲᠠᠯ᠎ᠠ ᠶᠢᠨ ᠬᠤᠷᠢᠮ ᠤᠨ ᠲᠦᠷᠦᠭᠦᠤ ︽ᠬᠤᠳᠠ︾ ᠠᠴᠠ ᠰᠢᠨ᠎ᠡ ᠪᠡᠷᠢ  ᠳᠦ ᠬᠠᠳᠠᠮ ᠤᠨ ᠲᠠᠯ᠎ᠠ  ᠶᠢᠨ ᠬᠢᠨᠢ ᠰᠠᠳᠤᠨ ᠲᠦᠷᠦᠯ ᠦᠳ ᠢ ᠲᠠᠨᠢᠯᠴᠠᠭᠤᠯᠬᠤ ᠳᠤ᠂ ᠰᠢᠨ᠎ᠡ ᠪᠡᠷᠢ ᠠᠪᠤ ᠡᠵᠢ᠂ ᠠᠬᠠᠰ ᠵᠠᠬᠠᠰ  ᠲᠤ ᠪᠠᠨ ᠠᠷᠢᠬᠢ ᠬᠠᠳᠠᠭ ᠪᠠᠷᠢᠵᠤ ᠬᠤᠪᠴᠠᠰᠤ ᠬᠤᠨᠠᠷ ᠲᠠᠢ ᠮᠦᠷᠭᠦᠳᠡᠭ ᠪᠠ ᠲᠡᠭᠦᠦᠨᠠᠷ ᠲᠤ ᠵᠠᠭᠦᠯᠳᠠ ᠵᠡᠬᠦᠯᠭᠡᠨ᠎ᠠ᠃ ᠮᠦᠷᠭᠦᠯᠲᠡ ᠶᠢᠨ ᠪᠡᠯᠡᠭ ᠤᠯᠤᠭᠰᠠᠨ ᠬᠦᠮᠦᠰ ᠬᠠᠷᠢᠭᠤ ᠪᠡᠯᠡᠭ ᠬᠦᠷᠭᠡᠨ᠎ᠡ᠃ ᠵᠠᠷᠢᠮ ᠭᠠᠵᠠᠷ ᠲᠤ ᠭᠡᠷᠯᠡᠭᠰᠡᠨ ᠬᠣᠶᠠᠷ  ᠤᠨ ᠦᠷᠭᠦᠭᠡ ᠲᠤᠳᠤᠷᠠᠬᠢ ᠬᠥᠨᠵᠢᠯᠡ ᠲᠡᠪᠢᠰᠭᠡᠷ ᠢ ᠨᠢ ︽ᠬᠤᠯᠠᠭᠠᠶᠢᠯᠠᠨ ᠠᠪᠳᠠᠭ︾ᠪᠠ ᠡᠬᠦᠨ ᠢ ᠬᠡᠤᠬᠡᠨ ᠢᠶᠡᠨ ᠲᠠᠭᠠᠵᠤ ᠰᠠᠭᠤᠬᠤ ᠪᠡᠷᠭᠡᠨ ᠨᠢ ︽ᠡᠶᠡᠳᠡᠭᠦᠯᠦᠨ︾᠂ ᠰᠢᠨ᠎ᠡ ᠪᠡᠷᠢ ᠵᠤᠭᠤᠰ ᠭᠠᠷᠭᠠᠨ ᠲᠠᠬᠢᠨ ᠤᠭ ᠤᠷᠤᠨ ᠳ᠋ᠤᠨᠢ ᠠᠪᠴᠢᠷᠠᠨ ᠲᠠᠯᠪᠢᠳᠠᠭ ᠦᠵᠡᠭᠳᠡᠯ  ᠴᠦ ᠪᠣᠢ᠃ ᠪᠠᠰᠠ  ᠬᠡᠦᠬᠡᠨ ᠲᠠᠭᠠᠵᠤ ᠪᠠᠷ᠎ᠠ ᠪᠣᠯᠣᠭᠰᠠᠨ ᠬᠡᠦᠬᠡᠨ ᠪᠠ ᠪᠡᠷᠭᠡᠨ ᠨᠢ ᠬᠠᠮᠳᠤ ᠨᠢᠭᠡ ᠦᠷᠦᠭᠡ ᠳᠦ ᠬᠤᠨᠤᠨ᠎ᠠ᠃ ᠳ᠋ᠧᠩ ᠤᠨᠲᠠᠷᠠᠭᠠᠭᠰᠠᠨ ᠤ ᠲᠠᠷᠠᠭ᠎ᠠ᠂ ᠴᠤᠩᠬᠤᠨ ᠭᠠᠳᠠᠨ᠎ᠠ ᠠᠴᠠ ᠵᠠᠯᠭᠠᠭ᠎ᠠ ᠪᠠᠷ ᠭᠤᠷᠪᠠ ᠤᠳᠠᠭ᠎ᠠ ᠰᠦᠢᠭᠡ ᠡᠪᠡᠰᠤ  ᠤᠩᠭᠤᠰᠬᠠᠵᠤ ᠤᠷᠤᠭᠤᠯᠳᠠᠭ︵ᠡᠨᠡ ᠨᠢ ᠠᠳᠠ ᠴᠢᠳᠬᠦᠷ ᠢ ᠳᠠᠷᠤᠵᠤ ᠭᠠᠢ ᠪᠠᠷᠴᠢᠳ ᠢ ᠠᠷᠢᠯᠭᠠᠨ᠎ᠠ ᠭᠡᠰᠡᠨ ᠤᠳᠬ᠎ᠠ ᠲᠠᠢ︶ᠪᠦᠭᠡᠳ ᠦᠶ᠎ᠡ ᠬᠤᠷᠠᠭ ᠤᠨ ᠵᠠᠯᠠᠭᠤᠴᠣᠳ ᠨᠢ ᠡᠯ᠎ᠡ ᠵᠦᠢᠯ ᠦᠨ ᠬᠡᠯᠪᠡᠷᠢ ᠪᠡᠷ ᠰᠢᠨ᠎ᠡ ᠬᠤᠷᠢᠮᠯᠠᠭᠰᠠᠨ ᠬᠤᠶᠠᠷ ᠢ ᠦᠢᠮᠡᠭᠦᠯᠬᠦ ᠳᠦ ᠰᠢᠨ᠎ᠡ ᠪᠡᠷᠢ ᠠᠷᠭ᠎ᠠ ᠪᠣᠰᠤ ᠵᠤᠭᠤᠰ ᠪᠣᠶᠤ ᠰᠢᠬᠢᠷ ᠲᠦᠭᠡᠭᠡᠨ ᠦᠭᠴᠦ ᠨᠠᠮᠳᠠᠭᠤᠯᠳᠠᠭ᠃ᠲᠠᠷᠠᠭ᠎ᠠ ᠡᠳᠦᠷ ᠦᠨ ᠥᠷᠯᠦᠭᠡ ᠪᠦᠭᠦᠳᠡᠭᠡᠷ ᠢᠶᠡᠨ ᠡᠷᠲᠡᠯᠡᠨ ᠪᠣᠰᠴᠠᠭᠠᠵᠤ᠂ ᠬᠠᠳᠠᠮ ᠡᠬᠡ ᠨᠢ ᠰᠢᠨ᠎ᠡ ᠪᠡᠷᠢ ᠶᠢᠨ ᠭᠡᠵᠢᠭᠡ ᠶᠢ ᠰᠠᠮᠨᠠᠨ ᠥᠭᠴᠦ᠂ ᠭᠡᠷ ᠦᠨ ᠶᠤᠰᠤ ᠪᠠᠨ ᠤᠯᠠᠮᠵᠢᠯᠠᠳᠠᠭ᠃ ᠤᠯᠠᠩᠬᠢ   ᠳᠦ ᠪᠡᠨ ᠬᠡᠤᠭᠡᠨ ᠲᠠᠭᠠᠭᠰᠠᠨ ᠪᠡᠷᠭᠡᠨ ᠨᠢ ᠬᠡᠤᠭᠡᠨ ᠮᠣᠷᠳᠠᠭᠤᠯᠤᠭᠰᠠᠨ ᠬᠦᠮᠦᠰ ᠲᠠᠢ ᠪᠠᠨ ᠴᠤᠭ ᠡᠷᠬᠢᠵᠤ᠂ ᠬᠡᠤᠬᠡᠨ ᠤ ᠡᠬᠡ ᠨᠢ ᠭᠤᠷᠪᠠ ᠬᠤᠨᠤᠭ ᠭᠡᠷ ᠡᠷᠭᠢᠬᠦ ᠪᠣᠯᠳᠠᠯ᠎ᠠ ᠨᠢ ᠬᠡᠤᠬᠡᠨ ᠢᠶᠠᠨ ᠲᠠᠭᠠᠵᠤ ᠰᠠᠭᠤᠳᠠᠭ᠃ ᠴᠢᠯᠦᠭᠡᠯᠡᠭᠳᠡᠭᠰᠡᠨ ᠦ ᠲᠠᠷᠠᠭ᠎ᠠ᠂ ᠤᠷᠤᠭ ᠬᠤᠷᠢᠮ ᠤᠨ ᠬᠠᠭᠤᠴᠢᠨ ᠵᠠᠩ ᠦᠢᠯᠡ ᠠᠭᠠᠵᠢᠮ ᠢᠶᠠᠷ ᠰᠤᠯᠠᠷᠠᠵᠤ᠂ ᠡᠷᠡᠭᠲᠡᠢ ᠡᠮᠡᠭᠲᠡᠢ ᠵᠠᠯᠠᠭᠤᠴᠤᠳ ᠤᠨ ᠤᠯᠠᠩᠬᠢ ᠨᠢ ᠡᠷᠬᠡ ᠴᠢᠯᠦᠭᠡᠳᠦ ᠢᠨᠠᠭ ᠲᠤᠷᠠᠯᠠᠯ ᠢᠶᠠᠷ ᠳᠠᠮᠵᠢᠵᠤ᠂ ᠨᠢᠭᠡ ᠨᠠᠰᠤᠨ ᠤ ᠬᠠᠨᠢ ᠨᠦᠭᠦᠷ  ᠢᠶᠠᠨ ᠣᠯᠵᠣ ᠬᠤᠷᠢᠮᠯᠠᠳᠠᠭ ᠪᠦᠭᠡᠳ ᠬᠤᠷᠢᠮ ᠤᠨ ᠶᠤᠰᠤᠯᠠᠯ ᠨᠢ ᠲᠤᠩ ᠶᠡᠭᠡ ᠳᠦᠭᠦᠮᠴᠢᠯᠡᠭᠳᠡᠭᠰᠡᠨ ᠪᠠᠶᠢᠨ᠎ᠠ᠃
          