ᠤᠷᠤᠰᠢᠭᠤᠯᠭ᠎ᠠ ᠶᠢᠨ ᠵᠠᠩ ᠦᠢᠯᠡ  
  
2022/12/9
       ᠥᠲᠡᠯᠦᠭᠡ ᠨᠠᠰᠤᠲᠠᠨ ᠡᠪᠡᠳᠴᠢᠨ ᠢᠶᠡᠷ ᠨᠠᠰᠤ ᠪᠠᠷᠠᠭᠰᠠᠨ ᠤ ᠲᠠᠷᠠᠭ᠎ᠠ᠂ ᠲᠤᠯᠤᠭᠠᠨ ᠴᠠᠭ ᠤᠨ ᠲᠤᠳᠤᠷ᠎ᠠ ᠬᠦᠳᠡᠯᠭᠡᠳᠡᠭ ᠦᠭᠡᠢ᠂ ᠡᠨᠡ ᠨᠢ ᠲᠠᠬᠢᠨ ᠠᠮᠢ ᠣᠷᠤᠴᠢᠬᠠᠬᠣ ᠮᠠᠭᠠᠳ ᠭᠡᠵᠤ ᠬᠦᠰᠡᠨ ᠡᠷᠡᠮᠡᠯᠵᠡᠯᠡᠭᠰᠡᠨ ᠶᠠᠪᠤᠳᠠᠯ ᠪᠣᠯᠣᠨ᠎ᠠ᠃ ᠲᠤᠯᠤᠭᠠᠨ ᠴᠠᠭ ᠦᠩᠭᠡᠷᠡᠭᠰᠡᠨ ᠬᠤᠶᠢᠨ᠎ᠠ᠂ ᠤᠷᠤᠰᠢᠭᠤᠯᠬᠤ  ᠪᠡᠯᠡᠳᠭᠡᠯ ᠬᠢᠬᠦ ᠪᠣᠯᠣᠨ᠎ᠠ᠃  ᠭᠠᠰᠢᠭᠤᠳᠠᠬᠤ ᠬᠡᠯᠪᠡᠷᠢ ᠨᠢ ᠸᠠᠩ ᠭᠥᠩ ᠢᠵᠠᠭᠤᠷᠳᠠᠨ ᠨᠠᠰᠤ ᠪᠠᠷᠠᠪᠠᠯ ᠪᠦᠬᠦ ᠬᠤᠰᠢᠭᠤᠨ ᠤ ᠶᠡᠭᠡ ᠪᠠᠭ᠎ᠠ ᠨᠣᠶᠠᠳ ᠢᠵᠠᠭᠤᠷᠳᠠᠨ ᠴᠦᠮ ᠴᠢᠨᠳᠡᠷ ᠲᠦ᠋ᠨᠢ ᠮᠦᠷᠭᠦᠵᠤ ᠬᠠᠮᠳᠤ ᠪᠠᠷ ᠭᠠᠰᠢᠭᠤᠳᠠᠳᠠᠭ ᠪᠦᠭᠡᠳ ᠪᠦᠬᠦ ᠬᠤᠰᠢᠭᠤᠨ ᠤ ᠠᠷᠠᠳ ᠢᠷᠭᠡᠳ ᠭᠠᠰᠢᠭᠤᠳᠠᠯ ᠤᠨ ᠬᠤᠪᠴᠠᠰᠤ ᠡᠮᠦᠰᠴᠦ᠂ ᠰᠦᠮ᠎ᠠ ᠳᠤ ᠶᠡᠭᠡᠪᠡᠷ ᠨᠣᠮ ᠤᠩᠰᠢᠭᠤᠯᠳᠠᠭ᠃ ᠬᠡᠷᠪᠡ ᠨᠠᠰᠤ ᠪᠠᠷᠠᠭᠴᠢ ᠨᠢ ᠨᠠᠰᠤᠨ ᠰᠡᠬᠦᠳᠡᠷ ᠦᠨᠳᠦᠷ ᠮᠦᠷᠳᠡᠬᠡᠨ ᠶᠡᠭᠡ ᠬᠦᠨᠳᠦᠳᠡᠢ ᠪᠤᠶᠤ ᠭᠡᠷ ᠨᠢ ᠶᠡᠭᠡ  ᠪᠠᠶᠠᠨ ᠪᠤᠯ  ᠴᠢᠨᠳᠠᠷ ᠢ ᠨᠢ ᠭᠤᠷᠪᠠ ᠠᠴᠠ ᠲᠤᠯᠤᠭ᠎ᠠ ᠬᠤᠨᠤᠭ ᠲᠠᠯᠪᠢᠵᠤ᠂ ᠯᠠᠮᠠ ᠵᠠᠯᠠᠵᠤ ᠨᠤᠮ ᠤᠩᠰᠢᠭᠤᠯ‍ᠤᠨ᠂ ᠪᠣᠶᠠᠨ ᠢ ᠨᠢ ᠬᠢᠵᠤ᠂ ᠪᠣᠳᠢ ᠮᠥᠷ ᠤᠨ ᠦᠢᠯᠡ ᠶᠢ ᠦᠢᠯᠡᠳᠴᠦ ᠥᠭᠳᠡᠭ᠃ ᠨᠠᠰᠤ ᠪᠠᠷᠠᠭᠴᠢ ᠶᠢᠨ ᠴᠢᠨᠳᠠᠷ ᠢ ᠭᠠᠷᠭᠠᠬᠤ  ᠳᠦ ᠪᠡᠨ ᠴᠤᠩᠬᠤ ᠪᠠᠷ ᠲᠠᠮᠨᠠᠨ ᠭᠠᠷᠭᠠᠳᠠᠭ᠃ ᠬᠡᠷᠪᠡ ᠮᠤᠩᠭᠤᠯ ᠭᠡᠷ ᠪᠣᠯ ᠬᠠᠨ᠎ᠠ ᠶᠢ ᠨᠢ ᠴᠤᠴᠠᠯᠤᠨ ᠭᠠᠷᠭᠠᠳᠠᠭ᠃ ᠨᠠᠰᠤ ᠪᠠᠷᠠᠭᠰᠠᠨ ᠠᠴᠠ ᠰᠡᠭᠦᠯᠡᠷ᠂ ᠭᠡᠷ ᠪᠦᠯᠢ ᠶᠢᠨ ᠬᠢᠨ ᠵᠠᠭᠤᠨ ᠬᠤᠨᠤᠭ ᠤᠨ ᠲᠤᠳᠤᠷ᠎ᠠ ᠤᠷᠤᠭ ᠬᠤᠷᠢᠮ ᠤᠨ ᠪᠠᠶᠠᠷ ᠬᠢᠵᠤ ᠪᠣᠯᠬᠤ ᠦᠭᠡᠢ᠂ ᠪᠦᠰᠡᠭᠦᠶᠢᠴᠦᠳ ᠬᠡᠭᠦᠷ ᠤᠩᠭᠤᠨ ᠤ ᠭᠠᠵᠠᠷ ᠣᠴᠢᠬᠤ ᠦᠭᠡᠢ᠂ ᠡᠭᠡᠮᠦᠭ ᠬᠠᠳᠬᠤᠭᠤᠷ ᠲᠣᠯᠣᠭᠠᠢ ᠶᠢᠨ ᠵᠠᠰᠠᠯ ᠵᠡᠭᠦᠭᠦ ᠦᠭᠡᠢ᠂ ᠤᠯᠠᠭᠠᠨ ᠨᠣᠭᠤᠭᠠᠨ ᠢᠯᠡᠳᠠᠢ ᠬᠤᠪᠴᠠᠰᠦ ᠡᠮᠦᠰᠬᠦ ᠦᠭᠡᠢ᠃  ᠡᠷᠡᠭᠲᠡᠶᠢᠴᠦᠦᠯ ᠨᠢ ᠰᠠᠬᠠᠯ ᠬᠡᠵᠢᠭᠡ ᠲᠠᠯᠪᠢᠨ᠎ᠠ᠂ ᠠᠷᠢᠭᠢ ᠲᠠᠷᠠᠰᠤ ᠤᠤᠭᠤᠵᠤ ᠪᠣᠯᠬᠤ ᠦᠭᠡᠢ᠂ ᠬᠥᠷ ᠨᠠᠶᠢᠷ ᠲᠤ ᠤᠷᠤᠯᠴᠠᠬᠤ ᠦᠭᠡᠢ᠂ ᠵᠠᠮ ᠵᠠᠭᠤᠷ᠎ᠠ ᠲᠠᠨᠢᠯ ᠮᠡᠳᠡᠯ ᠦᠨ ᠬᠦᠮᠦᠨ ᠤᠴᠠᠷᠠᠪᠠᠴᠤ ᠬᠡᠯᠡᠯᠴᠡᠬᠦ ᠦᠭᠡᠢ ᠪᠡᠷ᠎ ᠦᠩᠭᠡᠷᠡᠵᠤ ᠭᠠᠰᠢᠭᠤᠳᠠᠯ ᠳᠤ ᠪᠠᠶᠢᠭ᠎ᠠ ᠪᠠᠨ ᠢᠯᠡᠳᠬᠡᠨ᠎ᠠ᠃      ᠮᠤᠩᠭᠤᠯᠴᠤᠳ ᠤᠨ ᠤᠷᠤᠰᠢᠭᠤᠯᠭ᠎ᠠ ᠶᠢᠨ ᠶᠤᠰᠤ ᠨᠢ ᠯᠠᠮᠠ ᠶᠢᠨ ᠱᠠᠰᠢᠨ ᠤ ᠨᠦᠯᠦᠭᠡ ᠶᠢ ᠬᠦᠷᠳᠡᠵᠤ᠂ ᠶᠡᠭᠡ ᠲᠦᠯᠦᠪ ᠲᠤᠨᠢ ᠨᠢᠰᠭᠡᠬᠦ ︵ᠰᠤᠯᠠ ᠬᠠᠶᠠᠬᠤ︶᠂ ᠳᠡᠭᠳᠡᠭᠡᠬᠦ᠂ ᠪᠣᠯᠠᠰᠢᠯᠠᠬᠤ ᠵᠡᠷᠭᠡ ᠭᠤᠷᠪᠡᠨ ᠵᠦᠢᠯ ᠪᠠᠶᠢᠳᠠᠭ᠃ ᠤᠩᠨᠢᠭᠤᠳ ᠬᠤᠰᠢᠭᠤᠨ ᠠᠴᠠ ᠬᠤᠶᠢᠰᠢᠬᠢ ᠮᠠᠯᠵᠢᠬᠤ ᠤᠷᠤᠨ ᠳᠤ᠂ ᠸᠠᠩ ᠭᠦᠩ ᠢᠵᠠᠭᠤᠷᠳᠠᠨ᠂ ᠯᠠᠮᠠ ᠬᠤᠸᠠᠷᠠᠭ᠂ ᠲᠡᠭᠡᠳᠤ ᠲᠠᠪᠬᠤᠷᠭᠠᠳᠠᠨ ᠦᠬᠦᠪᠡᠯ ᠭᠠᠯ ᠢᠶᠠᠷ ᠳᠡᠭᠳᠡᠭᠡᠵᠦ᠂ ᠬᠠᠷᠠᠴᠤ ᠠᠷᠠᠳ ᠨᠢ ᠬᠥᠳᠡᠭᠡ ᠰᠤᠯᠠ ᠬᠠᠶᠠᠵᠤ ᠨᠢᠰᠭᠡᠬᠦ ᠦᠵᠡᠭᠳᠡᠯ ᠲᠣᠩ ᠤᠯᠠᠨ ᠪᠠᠶᠢᠳᠠᠭ᠃ ᠡᠮᠦᠨ᠎ᠡ ᠬᠤᠰᠢᠭᠤ ᠰᠢᠶᠠᠨ ᠨᠢ ᠴᠢᠩ ᠤᠯᠤᠰ ᠤᠨ ᠲᠤᠮᠳᠠᠴᠢ ᠰᠡᠭᠦᠯᠴᠢ ᠶᠢᠨ ᠦᠶ᠎ᠡ ᠶᠢᠨ ᠬᠤᠭᠤᠴᠠᠭᠠᠨ ᠠᠴᠠ ᠭᠠᠵᠠᠷ ᠪᠣᠯᠠᠰᠢᠯᠠᠬᠤ ᠨᠢ ᠠᠭᠠᠵᠢᠮ ᠢᠶᠠᠷ ᠲᠡᠯᠭᠡᠷᠡᠵᠠᠢ᠃ ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠪᠠᠯᠠᠷᠯᠢᠭ ᠨᠢᠰᠭᠡᠬᠦ ᠤᠷᠤᠰᠢᠭᠤᠯᠭ᠎ᠠ᠂ ᠳᠡᠭᠳᠡᠭᠡᠬᠦ ᠤᠷᠤᠰᠢᠭᠤᠯᠭ᠎ᠠ ᠶᠢ ᠦᠭᠡᠢ ᠪᠣᠯᠭᠠᠵᠤ᠂ ᠪᠦᠷ  ᠭᠠᠵᠠᠷ ᠪᠣᠯᠠᠰᠢᠯᠠᠵᠣ ᠤᠷᠤᠰᠢᠭᠤᠯᠬᠤ  ᠪᠣᠯᠵᠠᠢ᠃ ᠨᠢᠰᠭᠡᠬᠦ ᠤᠷᠤᠰᠢᠭᠤᠯᠭ᠎ᠠ᠄ ᠬᠠᠮᠤᠭ ᠡᠷᠲᠡᠨ ᠦᠶ᠎ᠡ  ᠳᠤ ᠪᠠᠨ ᠥᠬᠦᠭᠰᠡᠳ ᠦᠨ ᠬᠡᠭᠦᠷ ᠢ ᠮᠤᠩᠭᠤᠯ ᠭᠡᠷ ᠲᠠᠢ ᠨᠢ ᠬᠠᠮᠳᠤ ᠦᠯᠡᠳᠡᠭᠡᠵᠤ᠂ ᠭᠡᠷ ᠦᠨ ᠬᠦᠮᠦᠰ ᠨᠢ ᠠᠳᠤᠭᠤ ᠮᠠᠯ ᠢᠶᠠᠨ ᠲᠠᠭᠤᠵᠤ ᠦᠭᠡᠷ᠎ᠠ ᠭᠠᠵᠠᠷ ᠨᠡᠭᠦᠳᠡᠯᠯᠡᠨ ᠶᠠᠪᠣᠳᠠᠭ᠃ ᠪᠠᠰᠠ ᠵᠠᠷᠢᠮ ᠨᠢ ᠥᠬᠦᠭᠰᠡᠳ  ᠤᠨ ᠬᠤᠪᠴᠠᠰᠤ ᠬᠤᠨᠠᠷ ᠢ ᠪᠦᠬᠦᠨ ᠢ ᠲᠠᠶᠢᠯᠠᠨ ᠠᠪᠴᠤ᠂ ᠦᠭᠡᠷ ᠲᠡᠷᠭᠡᠨ ᠲᠡᠭᠡᠷ᠎ᠠ ᠲᠡᠭᠡᠭᠡᠵᠤ᠂ ᠪᠦᠢᠳᠠ ᠪᠦᠭᠯᠡᠭᠦᠦ ᠡᠵᠡᠬᠦᠢ ᠬᠡᠬᠡᠷ᠎ᠠ ᠬᠥᠳᠡᠭᠡ ᠪᠡᠷ ᠦᠬᠡᠷ ᠢ ᠲᠠᠰᠢᠭᠤᠷᠳᠡᠨ ᠲᠦᠷᠭᠡᠨ ᠶᠠᠪᠤᠭᠤᠯᠬᠤ  ᠳᠤ ᠬᠡᠭᠦᠷ ᠨᠢ ᠬᠠᠮᠢᠭ᠎ᠠ ᠤᠨᠡᠪᠡᠯ ᠲᠡᠨᠳᠡ ᠨᠢ ᠲᠠᠷᠤᠢ ᠤᠷᠤᠰᠢᠭᠤᠯᠭ᠎ᠠ ᠶᠢᠨ ᠭᠠᠵᠠᠷ ᠪᠣᠯᠳᠠᠭ ᠪᠠᠶᠢᠪᠠ᠃ ᠤᠷᠤᠰᠢᠭᠤᠯᠬᠤ ᠪᠠᠷ ᠣᠴᠢᠭᠰᠠᠨ ᠬᠦᠮᠦᠰ ᠨᠢ ᠬᠡᠭᠦᠷ ᠥᠭᠡᠳᠡ ᠨᠢ ᠬᠠᠨᠳᠤᠨ ᠭᠠᠵᠠᠷ ᠰᠦᠬᠦᠳᠴᠦ ︽ᠡᠨᠡ ᠪᠣᠯ ᠴᠢᠨᠤ ᠡᠬᠦᠷᠢᠳᠡ ᠶᠢᠨ ᠤᠷᠤᠰᠢᠬᠤ ᠨᠤᠲᠤᠭ ᠴᠢᠨᠢ ᠪᠣᠯᠣᠨ᠎ᠠ︾ᠭᠡᠵᠤ ᠭᠤᠷᠪᠠᠨᠳᠠ ᠬᠡᠯᠡᠭᠡᠳ ᠲᠦᠷᠭᠡᠨ ᠪᠣᠴᠠᠳᠠᠭ᠃ ᠪᠣᠴᠠᠬᠤ ᠵᠠᠮ  ᠳᠦ ᠪᠡᠨ ᠡᠷᠬᠢᠨ ᠬᠠᠷᠠᠵᠤ ᠪᠣᠯᠬᠣ ᠦᠭᠡᠢ᠃ ᠭᠡᠷ  ᠲᠤ ᠪᠠᠨ ᠬᠠᠷᠢᠭᠰᠠᠨ ᠬᠤᠶᠢᠨ᠎ᠠ ᠲᠡᠷᠭᠡ ᠪᠠᠨ ᠬᠦᠮᠦᠷᠢᠨ ᠭᠤᠷᠪᠠᠨ ᠡᠳᠦᠷ ᠦᠨ ᠲᠤᠳᠤᠷ᠎ᠠ ᠬᠦᠳᠡᠯᠭᠡᠬᠦ ᠦᠭᠡᠢ᠃ ᠭᠤᠷᠪᠠᠨ ᠡᠳᠦᠷ ᠦᠩᠭᠡᠷᠡᠭᠰᠡᠨ ᠬᠤᠶᠢᠨ᠎ᠠ ᠭᠡᠷ ᠦᠨ ᠬᠦᠮᠦᠰ ᠨᠢ ᠬᠡᠭᠦᠷ ᠲᠠᠯᠪᠢᠭᠰᠠᠨ ᠭᠠᠵᠠᠷ ᠣᠴᠢᠵᠤ ᠦᠵᠡᠳᠡᠭ᠂ ᠬᠡᠷᠪᠡ ᠬᠡᠭᠦᠷ ᠴᠤᠭᠴᠠ ᠨᠢ ᠵᠢᠭᠦᠷᠳᠡᠨ ᠰᠢᠪᠠᠭᠤᠳ  ᠲᠤ ᠪᠦᠷ ᠢᠳᠡᠭᠳᠡᠭᠰᠡᠨ ᠪᠣᠯ ᠦᠭᠦᠭᠰᠡᠨ ᠬᠦᠮᠦᠨ ᠦ ᠰᠦᠨᠡᠰᠤ ᠨᠢ ᠨᠢᠭᠡᠨᠲᠡ ᠲᠡᠭᠷᠢ ᠳᠦ ᠭᠠᠷᠴᠤ ᠳ᠋ᠸᠪᠡᠵᠠᠨ ︵ᠴᠡᠩᠭᠡᠯ ᠦᠨ ᠣᠷᠤᠨ︶ ᠳᠤ ᠬᠦᠷᠴᠡᠢ ᠭᠡᠵᠤ ᠦᠵᠡᠳᠡᠭ᠂ ᠬᠡᠷᠪᠡ ᠬᠡᠭᠦᠷ ᠴᠤᠭᠴᠠ ᠨᠢ ᠠᠷᠢᠶᠠᠳᠠᠨ ᠳᠤ ᠡᠪᠳᠡᠭᠳᠡᠭᠰᠡᠨ ᠪᠣᠶᠤ ᠡᠰᠡᠬᠦᠯ᠎ᠠ ᠬᠡᠭᠦᠷ ᠨᠢ ᠤᠤᠯ ᠬᠡᠪ ᠢᠶᠡᠷ ᠪᠦᠷᠢᠨ ᠪᠦᠳᠤᠨ ᠪᠠᠶᠢᠪᠠᠯ᠂ ᠠᠮᠢᠳᠦ   ᠳᠦ ᠪᠡᠨ ᠦᠢᠯᠡᠳᠦᠭᠰᠡᠨ ᠬᠢᠯᠢᠨᠴᠡ ᠨᠢ ᠲᠤᠩ ᠶᠡᠭᠡ ᠨᠢᠭᠦᠯ ᠨᠢ ᠪᠠᠷᠠᠭᠠᠳᠤᠢ᠂ ᠦᠷ᠎ᠡ ᠬᠡᠤᠬᠡᠳ ᠲᠡᠭᠡᠨ ᠮᠠᠭᠤ ᠢᠷᠸ᠎ᠠ ᠪᠣᠯᠤᠨ᠎ᠠ ᠭᠡᠵᠤ ᠦᠵᠡᠨ᠂ ᠯᠠᠮᠠ ᠵᠠᠯᠠᠨ ᠨᠣᠮ ᠤᠩᠰᠢᠭᠤᠯᠵᠤ᠂ ᠨᠠᠰᠤ ᠪᠠᠷᠠᠭᠴᠢ ᠶᠢᠨ ᠨᠢᠭᠦᠯ ᠢ ᠨᠢ ᠠᠷᠢᠯᠭᠠᠵᠤ ᠥᠭᠬᠦ ᠶᠢᠨ ᠲᠦᠯᠦᠭᠡ ᠵᠠᠯᠪᠠᠷᠢᠨ ᠲᠠᠭᠠᠳᠬᠠᠳᠠᠭ᠃ ᠲᠠᠬᠢᠭᠠᠳ ᠬᠡᠭᠦᠷ ᠲᠡᠭᠡᠷ᠎ᠠ ᠨᠢ ᠣᠴᠢᠵᠤ ᠰᠢᠷ᠎ᠠ ᠲᠣᠰᠤ᠂ ᠴᠠᠭᠠᠨ ᠢᠳᠡᠭᠡ᠂ ᠠᠷᠢᠬᠢ ᠡᠷᠬᠦᠵᠤ ᠵᠢᠭᠦᠷᠳᠡᠨ ᠰᠢᠪᠠᠭᠤ ᠢᠷᠡᠵᠤ ᠢᠳᠡᠭᠦ ᠶᠢ ᠬᠦᠯᠢᠶᠡᠳᠡᠭ᠃      ᠭᠠᠯ ᠢᠶᠠᠷ ᠲᠡᠭᠳᠡᠭᠡᠬᠦ᠄ ᠮᠤᠩᠭᠤᠯᠴᠤᠳ ᠤᠨ ᠲᠡᠭᠳᠡᠭᠡᠬᠦ ᠭᠡᠳᠡᠭ ᠨᠢ ᠪᠣᠷᠬᠠᠨ ᠱᠠᠰᠢᠨ ᠰᠢᠳᠦᠬᠦ ᠲᠠᠢ ᠬᠤᠯᠪᠤᠭ᠎ᠠ ᠲᠠᠢ ᠪᠠᠶᠢᠳᠠᠭ᠃ ᠸᠠᠩ ᠭᠦᠩ ᠢᠵᠠᠭᠤᠷᠳᠠᠨ᠂ ᠯᠠᠮᠠ ᠬᠤᠸᠠᠷᠠᠭ᠂ ᠮᠠᠯ ᠤᠨ ᠡᠵᠡᠨ ᠵᠡᠷᠭᠡ ᠪᠠᠶᠠᠳ ᠥᠭᠦᠪᠡᠯ᠂ ᠬᠡᠭᠦᠷ ᠢ ᠨᠢ ᠬᠦᠪᠦᠩ ᠪᠣᠶᠤ ᠴᠠᠭᠠᠨ ᠪᠦᠰ ᠢᠶᠡᠷ ᠤᠷᠢᠶᠠᠵᠤ᠂ ᠤᠪᠤᠭᠠᠯᠠᠭᠰᠠᠨ ᠲᠦᠯᠦᠭᠡᠨ ᠦ ᠲᠡᠭᠡᠷ᠎ᠠ ᠲᠠᠯᠪᠢᠵᠤ᠂ ᠰᠢᠷ᠎ᠠ ᠲᠣᠰᠤ ᠠᠰᠬᠠᠵᠤ ᠰᠢᠲᠠᠭᠠᠳᠠᠭ᠃ ᠰᠢᠲᠠᠭᠠᠭᠰᠠᠨ ᠤ ᠲᠠᠷᠠᠭ᠎ᠠ ᠶᠠᠰᠤ  ᠶᠢ ᠨᠢ ᠲᠡᠬᠦᠨ ᠠᠪᠴᠤ᠂ ᠲᠠᠪᠤᠨ ᠦᠩᠭᠡ ᠶᠢᠨ ᠲᠤᠷᠭ᠎ᠠ ᠳᠤᠷᠳᠤᠩ ᠳᠤ ᠪᠠᠭᠯᠠᠨ᠂ ᠶᠢᠰᠦᠨ ᠦᠩᠭᠡ ᠶᠢᠨ ᠤᠳᠠᠰᠤ ᠪᠠᠷ ᠤᠷᠢᠶᠠᠵᠤ᠂ ᠠᠯᠳᠠ ᠮᠦᠩᠭᠦ ᠰᠤᠪᠤᠳ ᠡᠷᠳᠡᠨᠢ ᠶᠢᠨ ᠵᠠᠰᠠᠯ ᠲᠠᠢ ᠨᠢ ᠬᠠᠮᠳᠤ ᠮᠤᠳᠤᠨ ᠬᠠᠶᠢᠷᠴᠠᠭ  ᠲᠤ ᠬᠢᠵᠤ᠂ ᠭᠠᠵᠠᠷ ᠲᠤ ᠪᠣᠯᠠᠵᠤ ᠪᠣᠩᠬᠣᠨ ᠪᠣᠰᠬᠠᠵᠤ ᠴᠠᠭᠠᠨ ᠴᠤᠬᠤᠶ  ᠪᠠᠷ ᠴᠣᠬᠣᠶᠢᠳᠠᠳᠠᠭ᠃ ᠬᠡᠷᠪᠡ ᠭᠡᠭᠡᠨ ᠬᠤᠳᠤᠭᠲᠤ︵ᠬᠤᠪᠢᠯᠭᠠᠨ︶ᠪᠣᠯ ᠬᠠᠷᠢᠨ ᠴᠠᠭᠠᠨ ᠰᠤᠪᠤᠷᠭ᠎ᠠ ᠪᠠᠷᠢᠵᠤ᠂ ᠶᠡᠷᠤᠳᠡᠭᠡᠨ ᠯᠠᠮᠠ ᠶᠢᠨ ᠰᠤᠪᠤᠷᠭ᠎ᠠ ᠭᠡᠵᠤ ᠨᠡᠷᠡᠯᠡᠵᠤ ᠦᠨᠢᠳᠡ ᠶᠢᠨ ᠲᠤᠷᠠᠰᠬᠠᠯ ᠪᠣᠯᠭᠠᠳᠠᠭ᠃ ᠲᠡᠭᠡᠳᠤ ᠲᠠᠪᠬᠤᠷᠭ᠎ᠠ ᠶᠢᠨ ᠯᠠᠮᠠ᠂ ᠡᠷᠳᠡᠮᠳᠦ ᠬᠤᠸᠠᠷᠠᠭ ᠲᠠᠭᠠᠯᠠᠯ ᠲᠡᠭᠦᠰᠪᠡᠯ᠂ ᠶᠠᠰᠤᠨ ᠦᠨᠡᠰᠦ ᠶᠢ ᠨᠢ ᠱᠠᠨ ᠰᠢ ᠶᠢᠨ ᠤᠳᠠᠢ ᠠᠭᠤᠯᠠᠨ ᠤ ᠪᠤᠷᠬᠠᠨ ᠤ ᠭᠠᠵᠠᠷ ᠠᠪᠠᠴᠢᠵᠤ ᠤᠷᠤᠰᠢᠭᠤᠯᠳᠠᠭ᠃  ᠤᠨᠴᠠᠭᠠᠶ ᠪᠠᠶᠢᠳᠠᠯ ᠤᠨ ᠲᠤᠤᠷ᠎ᠠ ᠬᠠᠷᠠᠴᠤ ᠠᠷᠠᠳ ᠴᠦ ᠭᠠᠯ ᠢᠶᠠᠷ ᠲᠡᠭᠳᠡᠭᠡᠬᠦ ᠦᠵᠡᠭᠳᠡᠯ ᠪᠣᠢ᠂ ᠬᠥᠩᠭᠡᠵᠢᠬᠦ ᠳᠦ ᠪᠡᠨ ᠪᠡᠷᠬᠡᠳᠦᠵᠦ ᠨᠠᠰᠤ ᠪᠠᠷᠠᠭᠰᠠᠨ ᠪᠦᠰᠡᠭᠦᠢ᠂ ᠬᠠᠯᠳᠠᠪᠤᠷᠢᠳᠤ ᠡᠪᠡᠳᠴᠢᠨ  ᠢᠶᠡᠷ ᠦᠭᠦᠭᠰᠡᠳ᠂ ᠡᠪᠡᠳᠴᠢᠨ ᠢᠶᠡᠷ ᠦᠭᠦᠭᠰᠡᠳ ᠢ ᠭᠠᠯ ᠢᠶᠠᠷ ᠳᠡᠭᠳᠡᠭᠡᠳᠡᠭ᠃ ᠲᠡᠭᠡᠬᠦ  ᠳᠤ ᠪᠠᠨ ᠪᠣᠰᠤᠳ ᠲᠤ ᠠᠶᠤᠯ ᠨᠢᠭᠦᠯ ᠨᠢ ᠬᠠᠯᠳᠠᠪᠣᠷᠢᠯᠠᠬᠤ ᠠᠴᠠ ᠬᠢᠴᠢᠶᠠᠵᠤ᠂ ᠦᠭᠦᠭᠰᠡᠳ ᠢ ᠬᠦᠮᠦᠨ ᠠᠷᠠᠳ ᠤᠨ ᠬᠦᠯ ᠡᠴᠡ ᠵᠠᠶᠢᠳᠠᠭᠤᠬᠠᠨ ᠭᠠᠵᠠᠷ ᠠᠪᠠᠴᠢᠵᠤ ᠰᠢᠲᠠᠭᠠᠳᠠᠭ ᠪᠠ ᠶᠠᠰᠤᠨ ᠦᠨᠡᠰᠤ ᠶᠢ ᠨᠢ ᠬᠥᠳᠡᠭᠡ ᠬᠡᠬᠡᠷ᠎ᠠ ᠣᠷᠬᠢᠳᠠᠭ᠃ ᠵᠠᠷᠢᠮ ᠨᠢ ᠪᠠᠰᠠ ᠮᠣᠳᠤᠨ ᠬᠠᠶᠢᠷᠴᠠᠭ ᠪᠣᠶᠤ ᠪᠥᠰ ᠣᠭᠤᠲᠠᠨ ᠳᠤ ᠬᠢᠵᠤ ᠭᠤᠣᠯ ᠮᠦᠷᠡᠨ ᠳᠦ ᠤᠷᠤᠰᠬᠠᠳᠠᠭ᠃        ᠭᠠᠵᠠᠷ ᠪᠣᠯᠠᠰᠢᠯᠠᠬᠤ᠄ ᠶᠤᠸᠠᠨ ᠤᠯᠤᠰ ᠪᠣᠶᠣ ᠴᠢᠩ ᠤᠯᠤᠰ ᠤᠨ ᠡᠬᠢᠨ ᠳᠦ᠂ ᠢᠵᠠᠭᠤᠷᠲᠠᠨ ᠣᠩᠭᠣᠨ ᠪᠤᠯᠠᠰᠢᠨ ᠤ ᠤᠷᠤᠢ ᠦᠯᠡᠳᠡᠭᠡᠳᠡᠭ ᠦᠭᠡᠢ᠂ ᠭᠠᠵᠠᠷ  ᠲᠦ ᠪᠣᠯᠠᠰᠢᠯᠠᠭᠰᠠᠨ ᠤ ᠳᠠᠷᠠᠭ᠎ᠠ ᠠᠳᠣᠭᠤ ᠪᠠᠷ ᠭᠢᠰᠬᠢᠬᠦᠯᠵᠤ ᠲᠡᠭᠰᠢᠭᠡᠨ ᠪᠣᠯᠭᠠᠳᠠᠭ᠃ ᠬᠣᠵᠢᠮ ᠨᠢ ᠴᠢᠯᠠᠭᠤ  ᠶᠢ ᠵᠡᠷᠭᠡᠯᠡᠨ ᠪᠣᠮᠪᠣᠭᠤᠷ᠂ ᠶᠠᠭ ᠯᠠ ᠤᠪᠣᠭ᠎ᠠ ᠪᠣᠰᠬᠠᠭᠰᠠᠨ ᠮᠡᠳᠤ ᠪᠠᠷᠢᠵᠤ᠂ ᠰᠡᠭᠦᠯᠡᠷ ᠲᠠᠬᠢᠯᠭ᠎ᠠ ᠲᠠᠯᠪᠢᠬᠤ  ᠳᠦ ᠪᠡᠨ ᠪᠡᠯᠡᠳᠬᠡᠳᠡᠭ᠃ ᠤᠩᠭᠤᠨ ᠪᠣᠯᠠᠰᠢ ᠶᠢᠨ ᠭᠠᠵᠠᠷ ᠢᠶᠠᠨ ᠠᠭᠤᠯᠠ ᠶᠢ ᠲᠦᠰᠢᠨ ᠨᠠᠷᠠᠨ ᠵᠦᠭ ᠬᠠᠨᠳᠤᠭᠰᠠᠨ ᠡᠪᠡᠰᠤᠨ ᠮᠤᠳᠤ ᠢᠭᠴᠤ ᠰᠠᠬᠤᠯᠠᠭ᠂ ᠦᠷᠭᠡᠨ ᠠᠭᠤᠳᠠᠮ ᠭᠠᠵᠠᠷ ᠢ ᠰᠤᠩᠭᠤᠨ ᠲᠠᠯᠪᠢᠵᠤ᠂ ᠦᠨᠦᠴᠢᠨ ᠮᠤᠳᠤ ᠭᠠᠭᠴᠠ ᠣᠷᠬᠢᠯ᠂ ᠠᠰᠬ᠎ᠠ ᠬᠠᠳᠠ᠂ ᠬᠦᠨᠳᠡᠢ ᠭᠤᠤ ᠶᠢᠨ ᠦᠢᠷᠠᠯᠴᠠᠭ᠎ᠠ ᠲᠠᠯᠪᠢᠬᠤ ᠶᠢ ᠴᠡᠭᠡᠷᠯᠡᠳᠡᠭ᠃  ᠭᠠᠵᠠᠷ ᠪᠣᠯᠠᠰᠢᠯᠠᠬᠤ ᠳᠤ ᠨᠠᠰᠤ ᠪᠠᠷᠠᠭᠴᠢ ᠪᠠᠨ ᠠᠪᠰᠠᠯᠠᠬᠤ ᠪᠤᠶᠤ ᠦᠯᠦ ᠠᠪᠰᠠᠯᠠᠬᠤ ᠬᠤᠶᠠᠷ ᠵᠦᠢᠯ ᠪᠠᠶᠢᠳᠠᠭ᠃ ᠡᠷᠲᠡ ᠦᠶ᠎ᠡ ᠶᠢᠨ ᠰᠢᠷᠠᠮᠦ᠋ᠷᠡᠨ ᠭᠤᠣᠯ ᠤᠨ ᠬᠤᠶᠢᠲᠦ ᠬᠡᠰᠡᠭ ᠲᠦ ᠤᠯᠠᠩᠬᠢ ᠨᠢ ᠠᠪᠰᠠᠯᠠᠬᠤ ᠦᠭᠡᠢ᠂ ᠴᠠᠭᠠᠨ ᠪᠥᠰ ᠢᠶᠡᠷ ᠪᠡᠶ᠎ᠡ ᠶᠢ ᠨᠢ ᠤᠷᠢᠶᠠᠵᠤ᠂ ᠲᠤᠯᠤᠭᠠᠢ ᠶᠢ ᠨᠢ ᠣᠮᠠᠷ᠎ᠠ ᠵᠦᠭ᠂ ᠬᠥᠯ ᠢ ᠡᠮᠤᠨ᠎ᠠ ᠵᠦᠭ ᠳᠡᠭᠡᠭᠰᠢ ᠬᠠᠨᠳᠤᠭᠤᠯᠤᠨ ᠲᠠᠯᠪᠢᠵᠤ᠂ ᠴᠢᠯᠠᠭᠤ ᠲᠡᠷᠡᠯᠡᠭᠦᠯᠦᠨ ᠪᠤᠯᠠᠰᠢᠯᠠᠳᠠᠭ᠃ ᠡᠷᠡᠭᠳᠡᠢ ᠬᠦᠮᠦᠨ ᠦ ᠬᠡᠭᠦᠷ ᠢ ᠪᠠᠷᠠᠭᠤᠨ ᠭᠠᠷ ᠢ ᠨᠢ ᠲᠤᠯᠤᠭᠠᠢ ᠲᠤᠤᠷ᠎ᠠ ᠨᠢ ᠲᠡᠷᠡᠯᠡᠭᠦᠯᠦᠨ᠂ ᠲᠤᠮᠳᠠ ᠬᠤᠷᠤᠭᠤ ᠶᠢ ᠨᠢ ᠴᠢᠬᠢᠨ ᠳ᠋ᠤᠨᠢ ᠬᠢᠳᠡᠭ᠂ ᠵᠡᠭᠦᠨ ᠭᠠᠷ ᠢ ᠨᠢ ᠬᠤᠶᠠᠷ ᠡᠪᠦᠳᠦᠭ ᠦᠨ ᠬᠣᠭᠤᠷᠤᠨᠳᠤ ᠨᠢ ᠲᠠᠯᠪᠢᠵᠤ᠂ ᠬᠤᠶᠠᠷ ᠬᠥᠯ ᠢ ᠨᠢ ᠵᠢᠭᠠᠬᠠᠨ ᠮᠣᠷᠤᠶᠢᠯᠭᠠᠨ᠎ᠠ᠃ ᠡᠮᠡᠭᠲᠡᠢ ᠬᠦᠮᠦᠨ ᠦ ᠬᠡᠭᠦᠷ ᠢ ᠶᠠᠭ ᠡᠰᠡᠷᠭᠦ ᠪᠡᠷ ᠲᠠᠯᠪᠢᠨ᠎ᠠ᠃ ᠴᠢᠩ ᠤᠯᠤᠰ ᠤᠨ ᠲᠤᠮᠳᠠᠴᠢ ᠰᠡᠭᠦᠯᠴᠢ ᠶᠢᠨ ᠦᠶ᠎ᠡ  ᠳᠦ᠂ ᠤᠯᠠᠭᠠᠨᠬᠠᠳᠠ ᠶᠢᠨ ᠡᠮᠦᠨ᠎ᠡ ᠬᠡᠰᠡᠭ ᠦᠨ ᠠᠤᠬᠠᠨ ᠵᠡᠷᠭᠡ ᠬᠤᠰᠢᠭᠤ ᠨᠢ ᠤᠯᠠᠩᠬᠢ ᠨᠢ ᠬᠢᠳᠡᠳ ᠦᠨᠳᠦᠰᠦᠳᠡᠨ ᠦ ᠵᠠᠩ ᠵᠠᠩᠰᠢᠯ ᠢ ᠲᠠᠭᠤᠷᠢᠶᠠᠵᠤ ᠠᠪᠰᠠᠯᠠᠨ ᠤᠷᠤᠰᠢᠭᠤᠯᠳᠠᠭ᠃ ᠢᠯᠠᠩᠭᠤᠶ᠎ᠠ ᠢᠵᠠᠭᠤᠷᠳᠠᠨ ᠳᠤ ᠪᠦᠷ ᠲᠥᠪ ᠶᠡᠬᠡᠮᠰᠦᠭ ᠨᠠᠮ ᠰᠡᠯᠡᠭᠦᠨ ᠲᠡᠭᠡᠳᠦᠰ ᠦᠨ ᠬᠢᠨᠢ ᠤᠩᠭᠤᠨ ᠤ ᠭᠠᠵᠠᠷ ᠊᠊᠊ ︽ᠬᠠᠭᠤᠴᠢᠳ︾ ᠲᠠᠢ ᠪᠠᠶᠢᠳᠠᠭ᠃ ᠮᠣᠩᠭᠤᠯᠴᠤᠳ ᠲᠡᠭᠡᠳᠦᠰ ᠦᠨ ᠤᠩᠭᠤᠨ  ᠤ ᠭᠠᠵᠠᠷ ᠢᠶᠠᠨ ᠲᠤᠳᠤᠯᠠᠨ ᠲᠤᠭᠲᠠᠭᠠᠭᠰᠠᠨ ᠬᠤᠶᠢᠨ᠎ᠠ ᠬᠠᠮᠠᠭᠠᠯᠠᠵᠤ᠂ ᠵᠠᠭᠤᠨ ᠠᠯᠬᠤᠮ ᠤᠨ ᠲᠤᠳᠤᠷ᠎ᠠ ᠪᠣᠰᠤᠳ ᠦᠨᠳᠤᠰᠤᠳᠠᠨ ᠪᠣᠶᠤ ᠤᠨᠳᠤᠤ ᠣᠪᠣᠭ ᠤᠨ ᠬᠢᠨ ᠲᠡᠨᠳᠡ ᠣᠴᠢᠵᠤ ᠪᠣᠯᠠᠰᠢᠯᠠᠵᠤ ᠪᠣᠯᠳᠠᠭ ᠦᠭᠡᠢ  ᠪᠠᠶᠢᠵᠠᠢ᠃
          