ᠬᠠᠷᠢᠯᠴᠠᠬᠤ ᠶᠤᠰᠤᠨ ( ᠶᠠᠪᠤᠵᠤ ᠰᠠᠭᠤᠬᠤ ᠶᠢᠨ ᠶᠤᠰᠤᠨ)
  
2022/12/9
      ᠠᠬᠠᠮᠠᠳ ᠢᠶᠠᠨ ᠬᠦᠨᠳᠦᠯᠡᠬᠦ᠄ ᠮᠤᠩᠭᠤᠯᠴᠤᠳ ᠡᠷᠲᠡ ᠲᠡᠭᠡᠳᠦᠰ ᠦᠨ ᠦᠶ᠎ᠡ ᠡᠴᠡ ᠠᠬᠠᠮᠠᠳ ᠢᠶᠠᠨ ᠬᠦᠨᠳᠦᠯᠡᠬᠦ ᠰᠠᠶᠢᠨ ᠰᠠᠶᠢᠬᠠᠨ ᠰᠤᠷᠲᠠᠯ ᠲᠠᠢ ᠪᠠᠶᠢᠳᠠᠭ᠃ ᠶᠠᠮᠠᠷᠴᠤ ᠬᠦᠮᠦᠨ ᠭᠡᠳ ᠵᠠᠮ ᠲᠡᠭᠡᠷ᠎ᠠ ᠬᠡᠷᠪᠡ ᠠᠬᠠᠮᠠᠳ ᠨᠠᠰᠤᠳᠠᠨ ᠲᠠᠢ ᠤᠴᠠᠷᠠᠪᠠᠯ᠂ ᠭᠠᠷ ᠲᠠᠯᠪᠢᠨ ᠵᠠᠮ ᠤᠨ ᠬᠠᠵᠠᠭᠤ ᠳᠤ ᠬᠦᠨᠳᠦᠳᠬᠡᠨ ᠵᠤᠭᠰᠤᠵᠤ᠂ ᠠᠬᠠᠮᠠᠳ ᠤᠨ ᠵᠦᠪᠰᠢᠶᠡᠷᠡᠯ ᠢ ᠣᠯᠪᠠᠯ ᠰᠠᠶ᠋ᠢ ᠶᠠᠪᠣᠵᠣ ᠪᠣᠯᠳᠠᠭ᠃ ᠡᠴᠢᠭᠡ ᠡᠬᠡ ᠨᠢ ᠪᠠᠶᠢᠭᠰᠠᠨ ᠴᠠᠭ ᠲᠤ ᠲᠤᠤᠷ᠎ᠠ ᠦᠶ᠎ᠡ ᠶᠢᠨ ᠬᠢᠨ ᠠᠰ ᠡᠮᠦᠨ᠎ᠠ ᠠᠴᠠ ᠨᠢ ᠨᠢᠭᠤᠷᠯᠠᠨ ᠰᠠᠭᠤᠵᠤ ᠪᠣᠯᠬᠣ ᠦᠭᠡᠢ᠂ ᠨᠢᠭᠡ ᠰᠢᠷᠡᠭᠡᠨ ᠲᠡᠭᠡᠷ᠎ᠠ ᠬᠤᠭᠤᠯᠠ ᠢᠳᠡᠵᠤ ᠪᠣᠯᠬᠣ ᠦᠭᠡᠢ ᠪᠦᠭᠡᠳ ᠨᠡᠩ ᠴᠦ ᠠᠷᠢᠬᠢ ᠤᠤᠭᠤᠵᠤ ᠲᠠᠮᠠᠬᠢ ᠲᠠᠲᠠᠵᠤ ᠪᠣᠯᠬᠤ ᠦᠭᠡᠢ᠃ ᠠᠬᠠᠮᠠᠳ ᠦᠶ᠎ᠡ ᠨᠢ ᠦᠭᠡ ᠶᠠᠷᠢᠵᠤ ᠪᠠᠶᠢᠬᠤ ᠦᠶ᠎ᠡ ᠳᠦ ᠲᠤᠮᠳᠠ ᠠᠴᠠ ᠨᠢ ᠦᠭᠡ ᠶᠢ ᠨᠢ ᠲᠠᠰᠤᠯᠵᠤ ᠠᠮᠠ ᠲᠦᠷᠦᠵᠤ ᠪᠣᠯᠬᠣ ᠦᠭᠡᠢ᠃ ᠦᠷ᠎ᠡ ᠬᠡᠦᠬᠡᠳ ᠨᠢ ᠭᠠᠳᠠᠭᠰᠢ ᠶᠠᠪᠤᠭᠠᠳ ᠬᠠᠷᠢᠵᠤ ᠢᠷᠡᠮᠡᠭᠴᠡ ᠤᠷᠢᠳᠠᠪᠠᠷ ᠠᠬᠠᠮᠠᠳ ᠤᠨ  ᠢᠶᠠᠨ ᠳᠡᠷᠭᠡᠳᠡ ᠣᠴᠢᠵᠤ ᠠᠮᠤᠷ ᠮᠠᠨᠳᠤ ᠡᠷᠢᠬᠦ ᠬᠡᠷᠡᠭᠳᠡᠢ᠃ ᠬᠤᠳᠠ ᠤᠷᠤᠭᠠᠳ ᠬᠠᠷᠢᠵᠤ ᠢᠷᠡᠭᠰᠡᠨ ᠪᠣᠶᠤ ᠬᠤᠯᠠ ᠶᠠᠪᠤᠭᠠᠳ ᠨᠡᠯᠢᠶᠡᠳ ᠤᠳᠠᠭᠰᠠᠨ ᠪᠣᠯ ᠬᠠᠷᠢᠵᠤ ᠢᠷᠡᠬᠦ  ᠳᠤ ᠪᠠᠨ ᠡᠷᠬᠡᠪᠰᠢ ᠲᠠᠮᠠᠬᠢ ᠠᠷᠢᠬᠢ ᠪᠤᠣᠪᠤ ᠵᠡᠷᠭᠡ ᠪᠡᠯᠡᠭ ᠰᠡᠯᠲᠡ ᠠᠪᠴᠢᠷᠠᠵᠤ᠂ ᠡᠴᠢᠭᠡ ᠡᠬᠡ  ᠳᠤ ᠪᠠᠨ ᠨᠢᠭᠤᠷ ᠵᠤᠯᠭᠠᠬᠤ ᠦᠶ᠎ᠡ ᠳᠦ ᠬᠤᠶᠠᠷ ᠭᠠᠷ ᠢᠶᠠᠷ ᠢᠶᠠᠨ ᠡᠷᠬᠦᠨ ᠪᠠᠷᠢᠭᠰᠠᠨ ᠤ ᠲᠠᠷᠠᠭ᠎ᠠ᠂ ᠰᠠᠶ᠋ᠢ ᠭᠠᠳᠠᠭᠰᠢ ᠶᠠᠪᠤᠭᠰᠠᠨ ᠪᠠᠶᠢᠳᠠᠯ ᠢᠶᠠᠨ ᠮᠡᠳᠡᠭᠦᠯᠦᠨ᠎ᠡ᠃ ᠡᠩ ᠦᠨ ᠴᠠᠭ ᠲᠤ ᠲᠤᠤᠷ᠎ᠠ ᠦᠶ᠎ᠡ ︵ᠡᠷᠡᠭᠲᠡᠢ︶ ᠨᠢ ᠲᠡᠭᠡᠷ᠎ᠠ ᠦᠶ᠎ᠡ  ᠳᠤ ᠪᠠᠨ ᠴᠠᠢ ᠠᠶᠠᠭᠠᠯᠠᠬᠤ ᠳᠤ ᠪᠠᠨ ᠨᠢᠭᠡ ᠬᠥᠯ ᠢᠶᠡᠨ ᠰᠥᠬᠥᠷᠡᠰᠭᠢᠨ ᠥᠭᠳᠡᠭ᠂ ᠬᠦᠤ ᠪᠡᠷᠢ ᠨᠢ ᠬᠠᠳᠠᠮ ᠡᠬᠡ  ᠳᠤ ᠪᠠᠨ ᠴᠠᠢ ᠠᠶᠠᠭᠠᠯᠠᠬᠤ  ᠳᠦ ᠪᠡᠨ ᠬᠤᠶᠠᠷ ᠭᠥᠯ ᠢᠶᠡᠷ ᠰᠦᠭᠦᠷᠠᠨ ᠬᠦᠨᠳᠤᠳᠬᠡᠵᠤ ᠪᠠᠶᠢᠬᠤ ᠪᠠᠨ ᠢᠯᠡᠳᠭᠡᠳᠡᠭ᠃ ᠠᠬᠠᠮᠠᠳ ᠪᠣᠯᠣᠨ ᠦᠶ᠎ᠡ ᠰᠠᠴᠠᠭᠤ ᠴᠦ ᠨᠠᠰᠤ  ᠠᠬᠢᠭᠰᠠᠨ ᠪᠤᠯ ᠡᠷᠡᠭᠲᠡᠢ ᠡᠮᠡᠭᠲᠡᠢ ᠢᠯᠭᠠᠯ ᠦᠭᠡᠢ ᠴᠦᠮ ᠠᠷᠢᠬᠢ ᠪᠠᠷᠢᠨ ᠰᠦᠭᠦᠳᠬᠦ ᠬᠡᠷᠡᠭᠳᠡᠢ᠃ ᠮᠤᠩᠭᠤᠯᠴᠤᠳ ᠪᠠᠷᠠᠭᠤᠨ ᠵᠦᠭ ᠢ ᠡᠷᠬᠢᠮᠯᠡᠨ ᠬᠦᠨᠳᠦᠳᠬᠡ‍ᠵᠣ᠂ ᠮᠤᠩᠭᠤᠯ ᠭᠡᠷ ᠦᠨ ᠪᠠᠷᠠᠭᠤᠨ ᠬᠤᠶᠢᠲᠦ ᠪᠣᠯᠤᠩ ᠳᠤ ᠪᠣᠷᠬᠠᠨ ᠲᠠᠬᠢᠵᠤ᠂ ᠬᠤᠶᠢᠳᠤ ᠲᠠᠯ᠎ᠠ  ᠳ᠋ᠤᠨᠢ ᠠᠬᠠᠮᠠᠳ ᠦᠶ᠎ᠡ ᠶᠢᠨ ᠬᠢᠨ ᠰᠠᠭᠤᠬᠤ ᠪᠤᠶᠤ ᠤᠨᠳᠠᠵᠤ ᠬᠡᠪᠲᠡᠳᠡᠭ᠃ ᠠᠬᠠᠮᠠᠳ ᠵᠣᠴᠢᠨ ᠢ ᠬᠤᠶᠢᠮᠤᠷ ᠲᠦ ᠰᠠᠭᠤᠯᠭᠠᠳᠠᠭ᠃ ᠬᠡᠷᠪᠡ ᠰᠢᠷᠦᠢ ᠮᠤᠳᠤᠨ ᠤ ᠪᠦᠳᠦᠴᠠ ᠲᠠᠢ ᠪᠠᠶᠢᠰᠢᠩ ᠭᠡᠷ ᠪᠣᠯ ᠠᠬᠠᠮᠠᠳ ᠨᠠᠰᠤᠲᠠᠨ ᠨᠢ ᠭᠤᠣᠯ ᠭᠡᠷ ᠦᠨ ᠪᠠᠷᠠᠭᠤᠨ ᠲᠠᠰᠤᠯᠭ᠎ᠠ ᠳ᠋ᠤᠨᠢ ᠰᠠᠭᠤᠨ᠎ᠠ᠃ ᠬᠠᠳᠠᠮ ᠡᠴᠢᠭᠡ ᠡᠬᠡ ᠨᠢ ᠤᠷᠤᠨ ᠲᠠᠭᠡᠷ᠎ᠠ ᠪᠠᠨ ᠭᠠᠷᠤᠭᠰᠠᠨ ᠤ ᠲᠠᠷᠠᠭ᠎ᠠ ᠰᠠᠶ᠋ᠢ ᠪᠡᠷᠢ ᠬᠦᠮᠦᠨ ᠦᠪᠡᠷ ᠦᠨ ᠦᠷᠦᠭᠡ  ᠳᠤ ᠪᠠᠨ ᠤᠷᠤᠵᠤ ᠠᠮᠠᠷᠠᠵᠤ ᠪᠣᠯᠣᠨ᠎ᠠ᠃ ᠵᠠᠯᠠᠭᠤ ᠬᠦᠮᠦᠨ ᠭᠡᠷ  ᠦᠨ ᠠᠬᠠᠮᠠᠳ ᠨᠠᠰᠤᠲᠠᠶᠢᠴᠤᠳ ᠤᠨ ᠵᠢᠭᠠᠪᠤᠷᠢ ᠶᠤᠰᠤᠭᠠᠷ ᠶᠠᠪᠣᠳᠠᠯ ᠤᠴᠢᠷ ᠢᠶᠠᠨ ᠬᠢᠨ᠎ᠡ᠃ ᠨᠠᠰᠤᠳᠠᠢ ᠬᠥᠮᠦᠨ ᠪᠡᠯᠡᠭ ᠥᠭᠪᠡᠯ ᠬᠤᠶᠠᠷ ᠭᠠᠷ ᠢᠶᠠᠷ ᠲᠤᠰᠤᠨ ᠠᠪᠴᠤ ᠲᠠᠯᠠᠷᠬᠠᠬᠤ ᠬᠡᠷᠡᠭᠳᠡᠢ᠃       ᠵᠣᠴᠢᠨ ᠵᠤᠴᠢᠯᠠᠬᠤ᠄ ᠮᠤᠩᠭᠤᠯᠴᠤᠳ ᠨᠤᠬᠠᠢ ᠲᠡᠵᠢᠭᠡᠬᠦ ᠵᠠᠩᠰᠢᠯ ᠲᠠᠢ᠃ ᠨᠤᠬᠠᠢ ᠪᠣᠯ ᠮᠠᠯ ᠰᠦᠷᠦᠭ ᠢ ᠬᠠᠮᠠᠭᠠᠯᠠᠬᠤ ᠦᠢᠯᠡᠳᠦᠯ ᠲᠠᠢ ᠪᠠᠷ ᠪᠠᠷᠠᠬᠤ ᠦᠭᠡᠢ᠂ ᠪᠠᠰᠠ ᠰᠤᠷᠠᠭ ᠴᠢᠮᠡᠭᠡ ᠳᠠᠮᠵᠢᠭᠤᠯᠬᠤ ᠦᠢᠯᠡᠳᠦᠯ ᠲᠠᠢ᠃ ᠨᠤᠬᠠᠢ ᠬᠤᠴᠠᠮᠠᠭᠴᠠ ᠬᠡᠤᠬᠡᠳ ᠤᠳ ᠤᠷᠢᠲᠠᠵᠤ ᠮᠤᠩᠭᠤᠯ ᠭᠡᠷ ᠡᠴᠡ ᠪᠠᠨ ᠭᠠᠷᠴᠣ᠂ ᠵᠣᠴᠢᠨ ᠬᠡᠨ ᠪᠣᠯᠬᠣ ᠶᠢ ᠮᠠᠭᠠᠳᠯᠠᠭᠰᠠᠨ ᠤ ᠲᠠᠷᠠᠭ᠎ᠠ ᠰᠠᠶ᠋ᠢ ᠦᠵᠡᠭᠰᠡᠨ ᠪᠠᠶᠢᠳᠠᠯ ᠢᠶᠠᠨ ᠭᠡᠷ ᠦᠨ ᠠᠬᠠᠮᠠᠳ  ᠲᠤ ᠪᠠᠨ ᠬᠠᠷᠢᠭᠤ ᠮᠡᠳᠡᠭᠦᠯᠳᠡᠭ᠃ ᠢᠷᠡᠭᠰᠡᠨ ᠭᠡᠶᠢᠴᠢᠨ ᠨᠢ ᠠᠬᠠᠮᠠᠳ ᠦᠶ᠎ᠡ ᠶᠢᠨ ᠬᠢᠨ ᠪᠣᠯ ᠪᠦᠬᠦ ᠭᠡᠷ ᠢᠶᠡᠷ ᠢᠶᠡᠨ ᠭᠠᠷᠴᠤ ᠤᠭᠳᠤᠳᠠᠭ᠃ ᠬᠡᠶᠢᠴᠢᠨ ᠢᠶᠠᠨ ᠤᠭᠳᠤᠬᠤ ᠳᠤ ᠬᠤᠪᠴᠠᠰᠤ ᠬᠤᠨᠠᠷ ᠢᠶᠠᠨ ᠲᠡᠷᠢ ᠲᠡᠭᠰᠢ ᠡᠮᠤᠰᠴᠤ᠂ ᠮᠠᠯᠠᠭᠠᠢ ᠡᠮᠦᠰᠬᠦ ᠪᠤᠶᠤ ᠠᠯᠴᠢᠭᠤᠷ ᠣᠷᠢᠶᠠᠬᠤ ᠬᠡᠷᠡᠭᠳᠡᠢ᠃ ᠡᠰᠡ ᠲᠡᠭᠡᠪᠡᠯ ᠬᠡᠶᠢᠴᠢᠨ ᠢ ᠭᠦᠨᠳᠦᠳᠭᠡᠵᠤ ᠦᠭᠡᠢ ᠶᠠᠪᠤᠳᠠᠯ ᠪᠣᠯᠬᠤ ᠶᠤᠮ᠃ ᠲᠤᠤᠷ᠎ᠠ ᠦᠶ᠎ᠡ ᠨᠢ ᠠᠬᠠᠮᠠᠳ ᠦᠶ᠎ᠡ ᠶᠢᠨ ᠬᠢᠨ  ᠳᠤ ᠪᠠᠨ ᠠᠮᠤᠷ ᠡᠷᠢᠬᠦ ᠬᠡᠷᠡᠭᠳᠡᠢ᠃ ᠠᠮᠤᠷ ᠡᠷᠢᠬᠦ ᠶᠤᠰᠤᠨ ᠳᠤ ᠡᠷᠡᠭᠲᠡᠢ ᠪᠣᠯ ᠬᠤᠶᠠᠷ ᠭᠠᠷ ᠢᠶᠠᠨ ᠬᠦᠢᠰᠤ ᠶᠢᠨ ᠬᠠᠪᠢ ᠳᠤ ᠲᠠᠯᠪᠢᠵᠤ  ᠶᠣᠰᠣᠯᠠᠨ᠎ᠠ ︵ᠵᠢᠱᠢᠶᠡᠯᠡᠪᠡᠯ ᠬᠡᠰᠢᠭᠳᠡᠨ ᠤᠷᠴᠢᠮ)᠂ ᠡᠰᠡᠭᠦᠯ᠎ᠠ ᠡᠪᠦᠳᠦᠭ ᠨᠤᠭᠤᠷᠠᠨ ᠰᠦᠬᠦᠷᠠᠨ᠎ᠠ᠃ ᠪᠠᠷᠠᠭᠤᠨ ᠬᠦᠯ ᠨᠢ ᠡᠮᠦᠨ᠎ᠠ ᠪᠠᠨ ᠵᠡᠭᠦᠨ ᠬᠦᠯ ᠨᠢ ᠬᠤᠶᠢᠨ᠎ᠠ ᠪᠠᠷᠠᠭᠤᠨ ᠡᠪᠦᠳᠦᠭ ᠢᠶᠡᠨ ᠨᠤᠭᠤᠯᠤᠨ ᠰᠦᠬᠦᠷᠡᠬᠦ ᠳᠦ ᠵᠡᠬᠦᠨ ᠬᠥᠯ ᠨᠢ ᠳᠠᠭᠠᠨ ᠨᠤᠭᠤᠷᠠᠵᠤ᠂ ᠪᠡᠶ᠎ᠡ ᠪᠠᠨ ᠡᠮᠤᠨᠡᠰᠢ ᠪᠥᠬᠦᠶᠢᠨ᠂ ᠪᠠᠷᠠᠭᠤᠨ ᠭᠠᠷ ᠢᠶᠠᠨ ᠲᠤᠷᠤᠭᠰᠢ ᠲᠠᠯᠪᠢᠨ᠎ᠠ᠂ ᠡᠨᠡ ᠨᠢ ᠶᠤᠰᠤᠯᠠᠬᠤ ᠪᠠ ᠰᠦᠭᠦᠳᠭᠦ ᠶᠢᠨ ᠬᠤᠭᠤᠷᠤᠨᠳᠤᠬᠢ ᠶᠤᠰᠤ ᠪᠤᠯᠤᠨ᠎ᠠ᠃ ᠡᠮᠡᠭᠲᠡᠶᠢᠴᠦᠳ ᠰᠦᠬᠦᠷᠡᠬᠦ  ᠳᠤ ᠪᠠᠨ ᠬᠤᠶᠠᠷ ᠭᠠᠷ ᠢᠶᠠᠨ ᠪᠠᠷᠠᠭᠤᠨ ᠡᠪᠦᠳᠦᠭ ᠲᠡᠭᠡᠷ᠎ᠠ ᠪᠠᠨ ᠲᠠᠯᠪᠢᠵᠤ ᠰᠦᠭᠦᠷᠡᠬᠦ ᠶᠢᠨ ᠬᠠᠮᠳᠤ ᠠᠮᠤᠷ ᠮᠡᠨᠳᠦ ᠠᠰᠠᠭᠤᠳᠠᠭ᠃ ᠵᠣᠴᠢᠨ ᠭᠡᠷ  ᠲᠦ ᠣᠷᠤᠬᠤ  ᠳᠦ ᠪᠡᠨ ᠡᠩᠬᠡᠷ ᠢᠶᠡᠨ ᠪᠦᠰᠡᠨ  ᠳᠤ ᠪᠠᠨ ᠬᠠᠪᠴᠢᠭᠤᠯᠤᠨ ᠤᠷᠤᠵᠤ ᠪᠣᠯᠬᠤ ᠦᠭᠡᠢ᠂ ᠬᠠᠨᠴᠦᠢ ᠪᠠᠨ ᠰᠢᠮᠠᠯᠠᠨ ᠤᠷᠤᠵᠤ ᠪᠣᠯᠬᠣ ᠦᠭᠡᠢ᠂ ᠮᠣᠷᠢᠨ ᠲᠠᠰᠢᠭᠤᠷ ᠢᠶᠠᠨ ᠭᠠᠷ ᠲᠤ ᠪᠠᠨ ᠪᠠᠷᠢᠵᠤ ᠭᠡᠷ ᠲᠦ ᠤᠷᠤᠵᠤ ᠪᠣᠯᠬᠣ ᠦᠭᠡᠢ᠃ ᠮᠤᠩᠭᠤᠯ ᠭᠡᠷ  ᠲᠦ ᠤᠷᠤᠭᠰᠠᠨ ᠤ ᠲᠠᠷᠠᠭ᠎ᠠ᠂ ᠠᠬᠠᠮᠠᠳ ᠨᠠᠰᠤᠳᠠᠨ ᠬᠤᠶᠢᠮᠦᠷ ᠰᠠᠭᠠᠲᠠᠵᠤ᠂ ᠡᠷᠡᠭᠲᠡᠶᠢᠴᠦᠳ ᠨᠢ ᠪᠠᠷᠠᠭᠤᠨ ᠲᠠᠯ᠎ᠠ ᠪᠠᠷ᠂ ᠡᠮᠡᠭᠲᠡᠶᠢᠴᠦᠳ ᠨᠢ ᠵᠡᠭᠦᠨ ᠲᠠᠯ᠎ᠠ  ᠪᠠᠷ ᠰᠠᠭᠤᠯᠴᠠᠭᠰᠠᠨ  ᠦ ᠲᠠᠷᠠᠭ᠎ᠠ᠂ ᠵᠣᠴᠢᠨ ᠪᠣᠯᠣᠨ ᠬᠡᠷ ᠤᠨ ᠡᠵᠡᠨ ᠬᠠᠷᠢᠯᠴᠠᠨ ᠳ᠋ᠠᠢ ᠲᠠᠮᠠᠬᠢ ᠰᠣᠯᠢᠯᠴᠠᠬᠤ ᠪᠣᠶᠤ ᠬᠦᠬᠦᠷ ᠰᠣᠯᠢᠯᠴᠠᠨ ᠠᠮᠤᠷ ᠮᠡᠨᠳᠤ  ᠪᠡᠨ ᠠᠰᠠᠭᠤᠯᠴᠠᠬᠤ ᠵᠠᠭᠤᠷ᠎ᠠ᠂ ᠭᠡᠷ ᠦᠨ ᠡᠵᠡᠨ ᠦ ᠵᠦᠪᠰᠢᠶᠡᠷᠡᠯ ᠢᠶᠡᠷ ᠴᠠᠢ ᠠᠶᠠᠭᠠᠯᠠᠨ᠎ᠠ᠃ ᠴᠠᠢ ᠠᠶᠠᠭᠠᠯᠠᠬᠤ   ᠳᠦ ᠪᠡᠨ ᠬᠤᠶᠠᠷ ᠭᠠᠷ ᠢᠶᠠᠷ ᠵᠣᠴᠢᠨ  ᠳᠦ ᠪᠡᠨ ᠪᠠᠷᠢᠬᠤ ᠳᠤ ᠵᠣᠴᠢᠨ ᠴᠠᠢ ᠶᠢ ᠲᠤᠰᠴᠤ ᠠᠪᠤᠨ ᠠᠬᠠᠮᠠᠳ ᠨᠠᠰᠤᠲᠠᠨ ᠪᠣᠶᠤ ᠤᠷᠢᠲᠠᠵᠤ ᠢᠷᠡᠭᠰᠡᠨ ᠵᠣᠴᠢᠨ ᠤ ᠡᠮᠤᠨ᠎ᠠ ᠲᠠᠯᠪᠢᠨ᠎ᠠ᠃ ᠴᠠᠢ ᠤᠤᠭᠤᠭᠰᠠᠨ ᠤ ᠲᠠᠷᠠᠭ᠎ᠠ᠂ ᠵᠣᠴᠢᠳ ᠲᠤ ᠠᠷᠢᠭᠢ ᠪᠠᠷᠢᠨ᠎ᠠ᠃ ᠵᠣᠴᠢᠨ ᠠᠷᠢᠭᠢ ᠶᠢ ᠲᠣᠰᠴᠤ ᠠᠪᠤᠭᠠᠳ ᠬᠡᠳᠦᠨ ᠢᠷᠤᠭᠡᠯ ᠤᠨ ᠦᠭᠡ ᠬᠡᠯᠡᠵᠤ᠂ ᠪᠠᠷᠠᠭᠤᠨ ᠭᠠᠷ ᠤᠨ ᠪᠠᠨ ᠢᠳᠡᠮ ᠬᠤᠷᠤᠭᠤ ᠪᠠᠷ  ᠭᠤᠷᠪᠠᠨᠳᠠ ᠢᠳᠡᠮᠯᠠᠵᠤ᠂ ᠲᠡᠭᠷᠢ ᠭᠠᠵᠠᠷ ᠲᠤ ᠰᠡᠷᠵᠢᠮᠯᠡᠬᠦ  ᠶᠢᠨ ᠬᠠᠮᠳᠤ ᠮᠠᠩᠨᠠᠢ ᠲᠡᠭᠡᠷ᠎ᠠ ᠪᠠᠨ ᠲᠦᠷᠬᠢᠵᠤ ᠡᠴᠢᠭᠡ ᠲᠡᠭᠷᠢ ᠡᠬᠡ ᠭᠠᠵᠠᠷ ᠢᠶᠠᠨ ᠬᠦᠨᠳᠦᠳᠬᠡᠨ ᠭᠡᠷ ᠦᠨ ᠡᠵᠡᠨ  ᠦ ᠲᠠᠶᠢᠯᠠᠯᠭ᠎ᠠ ᠳᠤ ᠲᠠᠯᠠᠷᠬᠠᠵᠤ ᠪᠠᠶᠢᠭ᠎ᠠ ᠰᠡᠳᠬᠢᠯᠭᠡ ᠪᠡᠨ ᠢᠯᠡᠳᠬᠡᠳᠡᠭ᠃ ᠢᠩᠬᠢᠭᠡᠳ ᠠᠪᠴᠢᠷᠠᠭᠰᠠᠨ ᠪᠡᠯᠡᠭ ᠢᠶᠡᠨ ᠠᠬᠠᠮᠠᠳ ᠨᠠᠰᠤᠲᠠᠨ   ᠳᠦ ᠪᠡᠨ ᠡᠷᠭᠦᠨ ᠪᠠᠷᠢᠵᠤ᠂ ᠬᠡᠤᠬᠡᠳ ᠲᠤ ᠰᠢᠬᠢᠷ ᠵᠢᠮᠢᠰ ᠠᠳᠬᠤᠭᠤᠯᠳᠠᠭ᠃ ᠵᠣᠴᠢᠨ ᠨᠢ ᠠᠷᠢᠬᠢᠨ ᠳᠦ  ᠳᠤᠷᠠᠲᠠᠢ ᠪᠣᠯ ᠠᠬᠠᠮᠠᠳ ᠪᠣᠯᠣᠭᠰᠠᠳ ᠰᠢᠯᠲᠠᠭ ᠭᠡᠯᠡᠵᠤ ᠵᠠᠶᠢᠯᠠᠵᠤ ᠶᠠᠪᠤᠳᠠᠭ᠃ ᠡᠨᠡ ᠦᠶ᠎ᠡ ᠳᠦ ᠦᠶ᠎ᠡ ᠶᠢᠨ ᠬᠦᠮᠦᠰ ᠠᠷᠢᠬᠢ ᠤᠤᠭᠤᠵᠤ ᠨᠠᠶᠢᠷᠯᠠᠳᠠᠭ᠃ ᠭᠡᠪᠡᠴᠤ ᠪᠤᠳᠠᠭ᠎ᠠ ᠢᠳᠡᠬᠦ ᠦᠶ᠎ᠡ  ᠳᠦ᠂ ᠭᠡᠷ ᠦᠨ ᠠᠬᠠᠮᠠᠳ ᠰᠢᠷᠡᠭᠡᠨ  ᠳᠤ ᠪᠠᠨ ᠪᠣᠴᠠᠵᠤ ᠵᠣᠴᠢᠨ ᠢᠶᠠᠨ ᠲᠠᠶᠢᠯᠠᠳᠠᠭ᠃ ᠬᠠᠮᠤᠭ ᠤᠨ ᠬᠦᠨᠳᠤᠳᠤ ᠵᠣᠴᠢᠨ ᠢᠷᠡᠪᠡᠯ ᠬᠤᠨᠢᠨ ᠰᠢᠬᠦᠰᠤ ᠪᠠᠷ ᠲᠠᠶᠢᠯᠠᠳᠠᠭ᠃ ᠤᠷᠢᠳᠠᠪᠠᠷ ᠠᠬᠠᠮᠠᠳ ᠨᠠᠰᠤᠲᠠᠶᠢᠴᠣᠣᠯ ᠬᠢᠳᠤᠭ᠎ᠠ ᠬᠦᠳᠡᠯᠭᠡᠭᠰᠡᠨ ᠦ ᠲᠠᠷᠠᠭ᠎ᠠ᠂ ᠰᠠᠶ᠋ᠢ ᠵᠣᠴᠢᠨ ᠪᠠ ᠭᠡᠷ ᠦᠨ ᠡᠵᠡᠨ ᠬᠠᠮᠳᠤ ᠢᠳᠡᠨ᠎ᠡ᠃ ᠵᠣᠴᠢᠨ ᠶᠠᠪᠤᠬᠤ ᠳᠤ ᠵᠣᠴᠢᠨ ᠤ ᠪᠡᠯᠡᠭ ᠬᠢᠵᠤ ᠠᠪᠴᠢᠷᠠᠭᠰᠠᠨ ᠰᠠᠪᠠᠨ ᠳ᠋ᠤᠨᠢ ᠴᠠᠭᠠᠨ ᠢᠳᠡᠭᠡᠨ ᠪᠤᠶᠤ ᠪᠣᠤᠪᠤ ᠪᠣᠭᠤᠷᠰᠤᠭ ᠠᠷᠢᠬᠢ ᠵᠡᠷᠭᠡ ᠶᠢ ᠬᠢᠵᠤ ᠥᠭᠭᠦᠨ᠎ᠡ᠃ ᠵᠣᠴᠢᠨ ᠮᠤᠷᠳᠠᠬᠤ ᠦᠶ᠎ᠡ ᠳᠦ ᠪᠦᠬᠦ ᠭᠡᠷ ᠦᠨ ᠬᠦᠭᠰᠢᠨ ᠵᠠᠯᠠᠭᠤ ᠪᠦᠭᠦᠳᠡᠭᠡᠷ ᠦᠳᠡᠵᠤ ᠮᠤᠷᠳᠠᠭᠤᠯᠬᠤ ᠶᠢᠨ ᠬᠠᠮᠲᠤ᠂ ᠥᠯᠵᠡᠢ ᠪᠡᠯᠭᠡ ᠲᠠᠢ ᠦᠭᠡ ᠬᠡᠯᠡᠵᠤ᠂ ᠵᠠᠮ ᠵᠠᠭᠤᠷ᠎ᠠ ᠪᠠᠨ ᠰᠠᠶᠢᠨ ᠶᠠᠪᠤᠬᠤ ᠶᠢ ᠢᠷᠤᠭᠡᠨ ᠪᠡᠯᠭᠡᠳᠡᠳᠡᠭ᠃      ᠨᠠᠰᠤᠨ ᠪᠠᠶᠠᠷ ᠢ ᠪᠡᠯᠭᠡᠯᠡᠬᠦ᠄ ᠪᠠᠭᠠᠷᠢᠨ ᠪᠠᠷᠠᠭᠤᠨ ᠬᠤᠰᠢᠭᠤ ᠨᠢ ᠵᠢᠷᠠᠨ ᠨᠠᠰᠤᠨ ᠠᠴᠠ ᠡᠬᠢᠯᠡᠨ ᠳᠠᠯᠠ ᠨᠠᠶᠠ ᠶᠡᠷᠡᠨ ᠨᠠᠰᠤ ᠬᠡᠬᠦ ᠮᠡᠨᠳᠦᠴᠢᠯᠡᠨ ᠠᠷᠪᠠᠨ ᠵᠢᠯ ᠦᠩᠭᠡᠷᠡᠬᠦ ᠪᠦᠷᠢ ᠨᠠᠰᠤᠨ ᠪᠠᠶᠠᠷ ᠬᠢᠳᠡᠭ ᠵᠠᠩᠰᠢᠯ ᠲᠠᠢ᠃ ᠭᠡᠪᠡᠴᠤ ᠬᠡᠷᠪᠡ ᠡᠴᠢᠭᠡ ᠡᠬᠡ ᠨᠢ ᠪᠠᠶᠢᠪᠠᠯ ᠲᠤᠤᠷ᠎ᠠ ᠦᠶ᠎ᠡ ᠶᠢᠨ ᠬᠢᠨ ᠳᠠᠯᠠ ᠨᠠᠶᠠ ᠨᠠᠰᠤᠯᠠᠯ᠎ᠠ  ᠴᠦ ᠭᠡᠰᠡᠨ ᠦᠪᠡᠷ ᠦᠨ ᠪᠡᠶ᠎ᠡ   ᠳᠤ ᠪᠠᠨ ᠨᠠᠰᠤᠨ ᠪᠠᠶᠠᠷ  ᠪᠡᠯᠭᠡᠯᠡᠳᠡᠭ ᠦᠭᠡᠢ᠃ ᠮᠣᠩᠭᠤᠯᠴᠤᠳ ᠵᠢᠯ ᠣᠷᠤᠬᠣ ᠪᠣᠯᠣᠨ ᠨᠠᠰᠤᠨ ᠪᠠᠶᠠᠷ  ᠢ ᠪᠦᠷ ᠴᠠᠭᠠᠨ ᠰᠠᠷ᠎ᠠ ᠳᠤ ᠬᠢᠳᠡᠭ᠃ ᠦᠷ᠎ᠡ ᠬᠡᠦᠬᠡᠳ ᠨᠢ ᠶᠡᠭᠡ ᠬᠤᠷᠢᠮ ᠨᠠᠶᠢᠷ ᠪᠡᠯᠡᠳᠬᠡᠵᠤ᠂ ᠡᠳᠦᠷ ᠦᠨ ᠰᠠᠶᠢᠨ ᠢ ᠰᠤᠩᠭᠤᠵᠤ᠂ ᠠᠶᠢᠯ ᠠᠶᠢᠮᠠᠭ ᠰᠠᠳᠤᠨ ᠲᠦᠷᠦᠯ ᠨᠠᠶᠢᠵᠢ ᠨᠦᠬᠦᠳ ᠢᠶᠠᠨ ᠵᠠᠯᠠᠵᠤ ᠨᠠᠶᠢᠷᠯᠠᠳᠠᠭ᠃ ᠬᠠᠭᠤᠴᠢᠨ ᠤ ᠦᠶ᠎ᠡ ᠳᠦ ᠠᠷᠢᠬᠢ ᠲᠠᠷᠠᠰᠤ᠂ ᠮᠤᠷᠢ ᠦᠭᠡᠷ ᠬᠤᠨᠢ ᠪᠣᠶᠣ ᠬᠤᠨᠢᠨ ᠤᠭᠤᠴᠠ᠂ ᠠᠷᠠᠰᠤᠨ ᠲᠡᠷᠯᠢᠭ᠂ ᠬᠦᠪᠦᠩ ᠲᠡᠷᠯᠢᠭ ᠵᠡᠷᠭᠡ ᠬᠤᠪᠴᠠᠰᠤ ᠬᠤᠨᠠᠷ ᠪᠠ ᠭᠣᠳᠤᠯ᠂ ᠲᠠᠮᠠᠬᠢᠨ ᠬᠠᠪᠲᠠᠭ᠎ᠠ᠂ ᠵᠤᠭᠤᠰ ᠮᠦᠩᠬᠦ ᠵᠡᠷᠭᠡ  ᠪᠡᠷ ᠵᠢᠯ ᠤᠷᠤᠭᠤᠯ‍ᠵᠤ ᠲᠠᠯ᠎ᠠ ᠪᠡᠯᠡᠭ ᠬᠦᠷᠭᠡᠳᠡᠭ᠃ ᠪᠡᠯᠡᠭ ᠦᠨ ᠲᠦᠷᠦᠯ ᠢ ᠶᠡᠷᠤᠳᠡᠭᠡᠨ ︽ᠭᠤᠷᠪᠡ ︾ ᠶᠢᠨ ᠲᠣᠭ᠎ᠠ ᠪᠠᠷ ᠥᠭᠳᠡᠭ᠃ ᠨᠠᠰᠤᠨ ᠪᠠᠶᠠᠷ ᠤᠨ ᠨᠠᠶᠢᠷ ᠬᠤᠷᠢᠮ ᠤᠨ ᠶᠤᠰᠤᠯᠠᠯ ᠨᠢ ᠶᠠᠭᠤᠨ ᠤ ᠡᠮᠦᠨ᠎ᠠ ᠪᠣᠶᠠᠨᠲᠦ ᠨᠠᠰᠤᠳᠠᠨ  ᠳᠦ ᠪᠡᠨ ᠠᠷᠢᠬᠢ ᠬᠠᠳᠠᠭ ᠪᠠᠷᠢᠵᠤ᠂ ᠲᠠᠬᠢᠨ ᠪᠡᠯᠡᠭ ᠰᠡᠯᠲᠡ ᠬᠦᠷᠭᠡᠨ ᠰᠦᠭᠦᠳᠦᠨ ᠮᠦᠷᠭᠦᠵᠤ ᠨᠠᠶᠢᠷ ᠤᠨ ᠰᠢᠷᠡᠭᠡ ᠪᠠᠨ ᠡᠬᠢᠯᠡᠭᠦᠯᠳᠡᠭ᠃ ᠭᠡᠷ ᠦᠨ ᠡᠵᠡᠨ ᠡᠴᠡ ᠢᠷᠡᠭᠰᠡᠨ ᠵᠣᠴᠢᠳ  ᠲᠤ ᠠᠷᠢᠬᠢ ᠪᠠᠷᠢᠵᠤ ᠨᠠᠶᠢᠷᠯᠠᠯᠳᠤᠨ ᠲᠠᠶᠢᠯᠠᠭᠰᠠᠨ ᠬᠤᠶᠢᠨ᠎ᠠ ᠪᠣᠴᠠᠬᠤ ᠳ᠋ᠤᠨᠢ ᠠᠯᠴᠢᠭᠤᠷ᠂ ᠲᠠᠮᠠᠬᠢᠨ ᠬᠠᠪᠲᠠᠭ᠎ᠠ ᠮᠡᠲᠤ ᠶᠢᠨ ᠬᠠᠷᠢᠭᠤ ᠲᠠᠯ᠎ᠠ ᠪᠠᠷᠢᠵᠤ ᠵᠣᠴᠢᠨ ᠢᠶᠠᠨ ᠭᠠᠷ ᠬᠣᠭᠤᠰᠤᠨ ᠶᠠᠪᠣᠭᠣᠯᠳᠠᠭ ᠦᠭᠡᠢ᠃ ᠬᠡᠤᠭᠡᠳ ᠪᠤᠯ ᠪᠤᠣᠪᠤ ᠪᠣᠭᠤᠷᠰᠤᠭ ᠪᠣᠶᠤ ᠪᠠᠭ᠎ᠠ ᠰᠠᠭ᠎ᠠ ᠵᠤᠭᠤᠰ ᠵᠤᠭ᠎ᠠ ᠪᠠᠷᠢᠭᠤᠯᠤᠨ᠎ᠠ᠃ 
          