ᠤᠷᠤᠭ ᠬᠤᠷᠢᠮ ᠤᠨ ᠵᠠᠩᠰᠢᠯ ᠬᠢᠲᠠᠳ ᠦᠨᠳᠦᠰᠦᠳᠡᠨ
  
2022/12/9
      ᠤᠷᠤᠭ ᠲᠣᠭᠲᠠᠬᠤ᠄ ᠤᠷᠤᠭᠯᠠᠬᠤ ᠨᠠᠰᠤᠨ ᠳᠤ ᠬᠦᠷᠦᠭᠰᠡᠨ ᠵᠠᠯᠠᠭᠤᠴᠤᠳ ᠢ ᠡᠴᠢᠭᠡ ᠡᠬᠡ ᠨᠢ ︽ᠡᠭᠦᠳᠠ ᠡᠷᠤᠭᠡ ᠲᠡᠩᠴᠠᠬᠦ︾  ᠶᠢ ᠠᠩᠬᠠᠷᠤᠨ᠂ ᠵᠠᠭᠤᠴᠢ ᠵᠠᠯᠠᠵᠤ ᠵᠠᠭᠤᠴᠢᠯᠠᠭᠤᠯᠤᠨ ᠬᠤᠷᠢᠮᠯᠠᠭᠤᠯᠳᠠᠭ᠃ ᠭᠡᠷ ᠦᠨ ᠠᠬᠠᠮᠠᠳ ᠨᠢ ᠲᠦᠯᠭᠡ ᠦᠵᠡᠭᠦᠯᠦᠨ ᠬᠤᠶᠠᠷ ᠡᠲᠡᠭᠡᠳ ᠦᠨ ᠨᠠᠰᠤ ᠵᠢᠯ ᠨᠢ ᠲᠠᠭᠠᠷᠠᠪᠠᠯ ᠵᠠᠭᠤᠴᠢ   ᠪᠠᠷ ᠳᠠᠮᠵᠢᠨ ᠦᠭᠴᠦ ᠠᠪᠬᠤ ᠪᠡᠯᠡᠭ ᠦᠨ ᠲᠣᠭ᠎ᠠ ᠪᠠᠨ ᠵᠦᠪᠳᠡᠯᠴᠠᠠ ᠲᠣᠭᠲᠠᠭᠠᠵᠤ᠂ ᠰᠠᠶᠢᠨ ᠡᠳᠦᠷ ᠢ ᠰᠤᠩᠭᠤᠵᠤ ᠤᠷᠤᠭ ᠲᠤᠭᠲᠠᠬᠤ ᠶᠤᠰᠤᠯᠡᠯ ᠶᠠᠪᠤᠭᠤᠯᠳᠠᠭ᠃ ᠡᠭᠦᠨ ᠢ ᠪᠠᠰᠠ︽ᠬᠤᠨᠳᠠᠭ᠎ᠠ ᠰᠣᠯᠢᠯᠴᠠᠬᠤ︾ ᠭᠡᠳᠡᠭ᠂ ᠶᠡᠷᠦᠳᠡ ᠶᠢᠨ ᠪᠠᠶᠢᠳᠠᠯ ᠳᠤ ᠡᠷᠡᠭᠲᠡᠢ ᠶᠢᠨ ᠭᠡᠷ ᠲᠦ ᠶᠠᠪᠤᠭᠳᠠᠵᠤ᠂ ᠬᠡᠤᠭᠡᠨ ᠤ ᠭᠡᠷ ᠦᠨ ᠡᠴᠢᠭᠡ ᠡᠬᠡ ᠪᠣᠶᠤ ᠠᠬ᠎ᠠ ᠨᠢ ᠬᠦᠤ ᠶᠢᠨ ᠲᠠᠯ᠎ᠠ ᠶᠢᠨ ᠭᠡᠷ ᠲᠦ ᠢᠷᠡᠵᠤ᠂ ᠬᠦᠤ ᠶᠢᠨ ᠭᠡᠷ ᠦᠨ ᠬᠢᠨ ᠰᠠᠳᠤᠨ ᠲᠦᠷᠦᠯ ᠨᠠᠶᠢᠵᠠ ᠨᠦᠭᠦᠳ ᠢᠶᠡᠨ ᠵᠠᠯᠠᠵᠤ ᠵᠤᠴᠢᠯᠠᠳᠠᠭ᠃ ᠴᠢᠯᠦᠭᠡᠯᠡᠭᠳᠡᠭᠰᠡᠨ ᠦ ᠲᠠᠷᠠᠭ᠎ᠠ ᠬᠡᠤᠬᠡᠨ ᠨᠢ ᠭᠡᠷ ᠦᠨ  ᠬᠥᠮᠥᠰ ᠲᠠᠢ ᠪᠠᠨ ᠴᠤᠭ ᠬᠦᠤ ᠶᠢᠨ ᠭᠡᠷ ᠲᠦ ᠢᠷᠡᠵᠤ ᠤᠷᠤᠭ ᠲᠤᠭᠲᠠᠬᠤ ᠶᠤᠰᠤᠯᠠᠯ ᠳᠤ ᠤᠷᠤᠯᠴᠠᠬᠤ ᠪᠣᠯᠣᠭᠰᠠᠨ ᠪᠦᠭᠡᠳ ᠳᠠᠶᠢᠯᠠᠯᠭ᠎ᠠ ᠶᠢᠨ ᠰᠢᠷᠡᠭᠡᠨ ᠳᠡᠭᠡᠷ᠎ᠡ ᠬᠦᠤ ᠶᠢᠨ ᠡᠵᠢ ᠪᠣᠯᠣᠨ ᠨᠠᠶᠢᠵᠠ ᠨᠦᠭᠦᠳ ᠲᠤᠨᠢ ᠠᠷᠢᠬᠢ ᠪᠠᠷᠢᠬᠤ ᠳᠤ ᠬᠠᠳᠠᠮ ᠡᠬᠡ ᠪᠣᠯᠬᠤ ᠬᠦᠮᠦᠨ ᠨᠢ ᠬᠡᠤᠬᠡᠨ ᠳᠤ ᠦᠪᠡᠷ ᠦᠨ ᠭᠠᠷ ᠢᠶᠠᠷ ᠢᠶᠠᠨ ᠰᠦᠢᠬᠡ ᠪᠠᠭᠤᠤ ᠵᠡᠭᠦᠯᠭᠡᠬᠦ ᠶᠢᠨ ᠬᠠᠮᠲᠤ ᠦᠪᠴᠢ ᠪᠡᠶ᠎ᠡ ᠬᠤᠪᠴᠠᠰᠤ ᠬᠤᠨᠠᠷ ᠪᠣᠯᠣᠨ ᠪᠥᠰ ᠪᠠᠷᠠᠭ᠎ᠠ ᠥᠭᠳᠡᠭ ᠪᠠ ᠨᠠᠶᠢᠵᠠ ᠨᠥᠬᠥᠳ ᠨᠢ ᠴᠤ ᠵᠤᠭᠤᠰ ᠤᠨ ᠪᠡᠯᠡᠭ ᠥᠭᠳᠡᠭ᠃ ᠡᠭᠦᠨ ᠦ ᠲᠠᠷᠠᠭ᠎ᠠ᠂ ᠬᠤᠶᠠᠷ ᠲᠠᠯ᠎ᠠ ᠶᠢᠨ ᠭᠡᠷ ᠤᠨ ᠠᠬᠠᠮᠠᠳ ᠠᠷᠢᠬᠢ ᠬᠡᠮᠨᠡᠵᠤ ᠬᠤᠨᠳᠠᠭ᠎ᠠ ᠰᠤᠯᠢᠯᠴᠠᠵᠤ ᠪᠦᠬᠦᠨ ᠢ ᠤᠤᠭᠤ‍‍ᠨ ᠤᠷᠤᠭ ᠤᠨ ᠶᠠᠪᠣᠳᠠᠯ ᠲᠣᠭᠲᠠᠳᠠᠭ᠃ ᠬᠤᠷᠢᠮᠯᠠᠬᠤ ᠠᠴᠠ ᠬᠤᠶᠠᠷ ᠰᠠᠷ᠎ᠠ ᠶᠢᠨ ᠡᠮᠦᠨ᠎ᠡ᠂ ᠬᠦᠤ ᠶᠢᠨ ᠲᠠᠯ᠎ᠠ ᠶᠢᠨ ᠬᠢᠨ ᠰᠠᠭᠠᠯᠢ ᠶᠢᠨ ᠪᠡᠯᠡᠭ ︵ᠳᠠᠷᠤᠢ ᠵᠠᠭᠤᠴᠢ ᠪᠠᠷ ᠳᠠᠮᠵᠢᠵᠤ ᠵᠥᠪᠳᠡᠯᠴᠡᠨ ᠲᠤᠭᠲᠠᠭᠰᠠᠨ ᠰᠠᠭᠠᠯᠢ ᠶᠢᠨ ᠪᠡᠯᠡᠭ ᠦᠨ ᠲᠥᠷᠥᠯ ᠵᠦᠢᠯ ᠲᠣᠭ᠎ᠠ ᠬᠡᠮᠵᠢᠶ᠎ᠡ ᠪᠠᠷ︶ᠬᠦᠷᠭᠡᠳᠡᠭ ᠪᠠ ᠪᠠᠰᠠ ᠬᠤᠷᠢᠮᠯᠠᠬᠤ ᠡᠳᠦᠷ ᠬᠤᠭᠤᠴᠠᠭ᠎ᠠ᠂ ᠴᠠᠭ ᠮᠦᠴᠡ᠂ ᠴᠡᠭᠡᠷᠯᠡᠬᠦ ᠵᠦᠢᠯ ᠪᠣᠯᠣᠨ ᠰᠢᠨ᠎ᠡ ᠪᠡᠷᠢ ᠶᠢᠨ ᠰᠠᠭᠤᠬᠤ ᠪᠣᠶᠠᠨ ᠦ ᠵᠦᠭ ᠵᠡᠷᠭᠡ ᠶᠢ ᠪᠢᠴᠢᠭᠰᠡᠨ ᠪᠢᠴᠢᠭ ᠢ ᠬᠦᠷᠭᠡᠳᠡᠭ ᠪᠦᠭᠡᠳ ᠬᠤᠷᠢᠮᠯᠠᠬᠤ ᠠᠴᠠ ᠲᠦᠷᠪᠡ ᠲᠠᠪᠤᠨ ᠡᠳᠦᠷ ᠦᠨ ᠡᠮᠦᠨ᠎ᠡ᠂ ᠬᠦᠤ ᠶᠢᠨ ᠲᠠᠯ᠎ᠠ ᠨᠢ ᠪᠠᠰᠠ ᠬᠡᠤᠬᠡᠨ ᠤ ᠲᠠᠯ᠎ᠠ ᠳᠤ ᠮᠢᠬ᠎ᠠ ᠠᠷᠢᠬᠢ ᠭᠤᠯᠢᠷ ᠪᠣᠳᠠᠭ᠎ᠠ ᠵᠡᠷᠭᠡ ᠲᠦᠷᠪᠡᠨ ᠵᠦᠢᠯ ᠦᠨ ᠪᠣᠳᠠᠰ ᠤᠨ ᠪᠡᠯᠡᠭ ᠢ ᠬᠦᠷᠭᠡ‍ᠨ ᠥᠭᠳᠡᠭ ᠢ ᠲᠦᠷᠪᠡᠨ ᠬᠠᠮᠲᠤᠷᠠᠯ ᠤᠨ ᠪᠡᠯᠡᠭ ᠭᠡᠳᠡᠭ᠃      ᠪᠡᠷᠢ ᠪᠠᠭᠤᠯᠭᠠᠬᠤ᠄ ᠶᠡᠷᠤᠳᠡᠭᠡᠨ ᠪᠢᠯᠢᠭ ᠦᠨ ᠤᠯᠠᠷᠢᠯ ᠤᠨ ᠬᠣᠣᠰ ᠡᠳᠦᠷ ᠢ ᠰᠣᠩᠭᠣᠨ ᠪᠠᠷᠢ ᠪᠠᠨ ᠪᠠᠭᠤᠯᠭᠠᠳᠠᠭ᠃ ᠬᠤᠷᠢᠮ ᠤᠨ ᠲᠦᠷᠦᠭᠦᠦ ᠡᠳᠦᠷ ᠨᠢ ᠬᠡᠤᠭᠡᠨ ᠤ ᠲᠠᠯ᠎ᠠ ᠶᠢᠨ ᠬᠢᠨ ᠬᠤᠷᠢᠮ ᠤᠨ ᠨᠠᠶᠢᠷ ᠲᠠᠯᠪᠢᠳᠠᠭ᠃ ᠰᠢᠨ᠎ᠡ ᠪᠡᠷᠢ ᠪᠠᠭᠤᠯᠭᠠᠬᠤ  ᠳᠤ ᠣᠯᠠᠩᠬᠢ ᠳᠤ ᠪᠠᠨ ᠮᠣᠷᠢᠨ ᠲᠡᠷᠭᠡ︵ᠨᠤᠶᠠᠳ ᠲᠦᠰᠢᠮᠡᠯ ᠪᠠᠶᠠᠨ ᠠᠶᠢᠯ ᠤᠨ ᠬᠢᠨ ᠰᠡᠤᠬᠡ︶ ᠬᠡᠷᠡᠭᠯᠡᠵᠦ᠂ ᠣᠴᠢᠬᠤ ᠬᠥᠮᠥᠨ ᠦ ᠲᠣᠭ᠎ᠠ ᠨᠢ︽ᠦᠷᠦᠭᠡᠰᠦᠨ ᠢᠶᠡᠷ ᠬᠦᠷᠴᠦ ᠬᠣᠣᠰ ᠢᠶᠠᠷ ᠪᠤᠴᠠᠬᠤ︾ ᠶᠢ ᠡᠷᠬᠢᠮᠯᠡᠳᠡᠭ᠃ ᠪᠡᠷᠢ ᠪᠠᠭᠤᠯᠭᠠᠬᠤ ᠡᠩᠨᠡᠭᠡᠨ ᠳᠦ ᠲᠡᠷᠭᠡᠴᠢᠨ᠂ ᠬᠦᠷᠭᠡᠨ ᠲᠠᠭᠠᠭᠴᠢ ᠵᠡᠷᠭᠡ ᠬᠥᠮᠥᠰ ᠳᠠᠭᠠᠯᠳᠤᠨ ᠶᠠᠪᠤᠬᠤ ᠠᠴᠠ ᠭᠠᠳᠠᠨ᠎ᠠ᠂ ᠪᠡᠷᠢ ᠲᠤᠰᠬᠤ ᠪᠦᠰᠡᠭᠦᠢ ᠨᠢ ᠡᠷᠬᠡᠪᠰᠢ ᠬᠦᠤ ᠥᠬᠢᠨ ᠲᠠᠢ ᠪᠥᠭᠡᠳ ᠰᠠᠯᠵᠤ ᠪᠣᠲᠠᠷᠠᠭᠰᠠᠨ ᠦᠭᠡᠢ ︽ᠪᠦᠳᠦᠨ ᠭᠡᠷ ᠪᠦᠯᠢ︾ᠠᠶᠢᠯ ᠤᠨ ᠪᠦᠰᠡᠭᠦᠢ ᠪᠠᠶᠢᠬᠤ ᠬᠡᠷᠡᠭᠲᠡᠢ᠃ ᠪᠡᠷᠢ ᠲᠣᠰᠬᠤ ᠲᠡᠷᠭᠡ ᠬᠡᠤᠬᠡᠨ ᠤ ᠭᠡᠷ ᠲᠦ ᠬᠦᠷᠬᠦ ᠳᠦ ᠭᠡᠷ ᠦᠨ ᠡᠵᠡᠨ ᠨᠢ ᠪᠡᠷᠢ ᠪᠠᠭᠤᠯᠭᠠᠬᠤ ᠪᠠᠷ ᠢᠷᠡᠭᠰᠡᠨ ᠬᠦᠮᠦᠰ ᠢ ᠦᠷᠦᠭᠡᠨ ᠳᠦ ᠪᠡᠨ ᠵᠠᠯᠠᠨ ᠵᠤᠴᠢᠯᠠᠨ ᠲᠠᠶᠢᠯᠠᠳᠠᠭ᠃ ᠳᠠᠷᠠᠭ᠎ᠠ ᠥᠷᠯᠥᠭᠡ ᠨᠢ ᠲᠡᠷᠭᠡ ᠬᠥᠳᠡᠯᠬᠦ ᠦᠶ᠎ᠡ ᠳᠦ ᠰᠢᠨ᠎ᠡ ᠪᠡᠷᠢ ᠤᠯᠠᠭᠠᠨ ᠬᠤᠪᠴᠠᠰᠤ ᠤᠯᠠᠭᠠᠨ ᠥᠮᠦᠳᠦ ᠡᠮᠤᠰᠴᠦ᠂ ᠱᠠᠬᠠᠢ ᠶᠢᠨ ᠭᠠᠳᠠᠭᠤᠷ ᠨᠢ ᠰᠢᠷ᠎ᠠ ᠳᠤᠭᠲᠤᠢ ᠤᠭᠯᠠᠨ᠎ᠠ᠃ ᠤᠷᠢᠶᠠᠮᠠᠯ ᠭᠡᠵᠢᠭᠡ ᠤᠶᠠᠨ᠎ᠠ᠃ ᠲᠥᠷᠬᠦᠮ ᠡᠴᠡ ᠨᠢ ᠥᠭᠬᠦ ᠰᠠᠭᠠᠯᠢ ᠶᠢ ᠲᠡᠷᠭᠡᠨ ᠳᠦ ᠲᠡᠭᠡᠭᠡᠬᠦ ᠪᠦᠭᠡᠳ ᠪᠠᠰᠠ ᠦᠷ᠎ᠡ ᠠᠴᠢᠷ ᠤᠨ ᠪᠠᠩᠰᠢ︵ᠲᠡᠭᠷᠢ ᠭᠠᠵᠠᠷ᠂ ᠬᠠᠳᠠᠮ ᠠᠪᠤ ᠬᠠᠳᠠᠮ ᠡᠬᠡ  ᠳᠤ ᠪᠠᠨ ᠲᠤᠰᠪᠤᠷᠢ ᠨᠢᠭᠡ ᠬᠣᠣᠰ᠂ ᠰᠢᠨ᠎ᠡ ᠪᠡᠷᠢ ᠥᠪᠡᠷ ᠦᠨ ᠨᠠᠰᠤᠨ ᠤ ᠪᠠᠨ ᠨᠢᠭᠡ ᠲᠠᠬᠢᠨ︶ᠠᠪᠴᠤ ᠶᠠᠪᠣᠨ᠎ᠠ᠃ ᠲᠤᠯᠤᠭᠠᠢ ᠪᠠᠨ ᠤᠯᠠᠭᠠᠨ ᠠᠯᠴᠢᠭᠤᠷ ᠢᠶᠠᠷ ᠪᠦᠲᠡᠭᠡᠵᠦ᠂ ᠲᠥᠷᠬᠦᠮ ᠦᠨ ᠲᠠᠯ᠎ᠠ ᠶᠢᠨ ᠠᠬ᠎ᠠ ᠨᠢ ᠲᠡᠷᠭᠡᠨ ᠳᠤ ᠡᠭᠦᠷᠴᠦ ᠭᠠᠷᠭᠠᠨ᠎ᠠ᠃ ᠰᠢᠨ᠎ᠡ ᠪᠡᠷᠢ ᠰᠡᠤᠬᠡᠨ ᠳᠤ ᠭᠠᠷᠬᠤ ᠦᠶ᠎ᠡ ᠳᠦ ᠵᠠᠪᠠᠯ ᠤᠭᠢᠯᠠᠨ᠎ᠠ᠂ ᠨᠢᠯᠪᠤᠰᠤ︵ᠠᠯᠲᠠᠨ ᠪᠣᠷᠴᠠᠭ ᠭᠡᠳᠡᠭ︶ᠬᠡᠳᠦᠢ ᠠᠷᠪᠢᠨ ᠤᠨᠠᠪᠠᠯ ᠲᠦᠷᠬᠦᠮ ᠦᠨ ᠬᠢᠨ ᠲᠡᠳᠤᠢ ᠰᠠᠶᠢᠨ ᠪᠠᠳᠠᠷᠠᠨ ᠬᠦᠭᠵᠢᠳᠡᠭ ᠭᠡᠵᠦ ᠦᠵᠡᠳᠡᠭ᠃ ᠬᠤᠷᠢᠮ ᠤᠨ ᠲᠡᠷᠭᠡ ᠬᠡᠷᠪᠡ ᠰᠦᠮ᠎ᠡ ᠶᠢᠨ ᠬᠠᠵᠠᠭᠤ ᠪᠠᠷ ᠦᠩᠭᠡᠷᠡᠬᠦ ᠳᠦ ᠬᠦᠷᠪᠡᠯ ᠤᠯᠠᠭᠠᠨ ᠢᠰᠡᠭᠡᠢ ᠪᠡᠷ ᠪᠦᠲᠡᠭᠡᠳᠡᠭ᠂ ᠡᠭᠦᠨ  ᠢ ︽ᠰᠦᠮ᠎ᠡ ᠡᠴᠡ ᠬᠠᠯᠬᠠᠯᠠᠬᠤ︾ᠭᠡᠳᠡᠭ᠃      ᠬᠤᠷᠢᠮ ᠤᠨ ᠶᠣᠰᠤᠯᠠᠯ᠄ ᠰᠢᠨ᠎ᠡ ᠪᠠᠷᠢ ᠶᠢᠨ ᠲᠡᠷᠭᠡ ᠬᠠᠳᠠᠮ ᠤᠨ ᠢᠶᠠᠨ ᠡᠭᠦᠳᠡᠨ ᠳᠦ ᠬᠦᠷᠴᠦ ᠵᠤᠭᠰᠤᠬᠤ ᠦᠶ᠎ᠡ ᠳᠦ᠂ ᠬᠠᠳᠠᠮ ᠡᠬᠡ ᠨᠢ ᠰᠢᠨ᠎ᠡ ᠪᠡᠷᠢ  ᠳᠤ ᠪᠠᠨ ᠨᠢᠷᠤᠭᠤ ᠲᠠᠷᠤᠬᠤ ᠵᠤᠭᠤᠰ ᠦᠭᠭᠦᠭᠰᠡᠨ ᠦ ᠳᠠᠷᠠᠭ᠎ᠠ᠂ ᠬᠤᠶᠠᠷ ᠡᠮᠡᠭᠲᠡᠢ ᠰᠢᠨ᠎ᠡ ᠪᠡᠷᠢ ᠶᠢ ᠰᠤᠭᠤᠳᠠᠨ ᠲᠡᠷᠭᠡᠨ ᠡᠴᠡ ᠪᠠᠭᠤᠯᠭᠠᠵᠤ᠂ ᠤᠯᠠᠭᠠᠨ ᠢᠰᠡᠭᠡᠢ ᠲᠡᠭᠡᠷ᠎ᠡ ᠠᠯᠬᠤᠭᠤᠯᠤᠨ ᠬᠥᠯ ᠳ᠋ᠤᠨᠢ ᠰᠢᠷᠣᠢ ᠨᠠᠭᠠᠯᠳᠤᠭᠤᠯᠤᠯ ᠦᠭᠡᠢ ᠪᠡᠷ ᠰᠢᠭᠤᠳ ᠲᠡᠭᠷᠢ ᠭᠠᠵᠠᠷ ᠭᠡᠰᠡᠨ ᠫᠠᠶᠢᠰᠠᠨ ᠤ ᠡᠮᠦᠨ᠎ᠡ ᠣᠴᠢᠨ᠎ᠡ᠃ ᠲᠡᠭᠷᠢ ᠭᠠᠵᠠᠷ ᠤᠨ ᠫᠠᠶᠢᠰᠠᠨ ᠤ ᠡᠮᠦᠨ᠎ᠡ ᠨᠢᠭᠡᠨ ᠳ᠋ᠸᠤ ᠶᠢᠨ ᠳᠣᠲᠤᠷ᠎ᠠ ᠰᠢᠰᠢ ᠶᠢ ᠳᠦᠭᠦᠷᠲᠡᠯ᠎ᠡ ᠬᠢᠵᠦ᠂ ᠤᠯᠠᠭᠠᠨ ᠴᠠᠭᠠᠰᠤ ᠪᠠᠷ ᠨᠠᠭᠠᠵᠤ᠂ ᠲᠡᠭᠡᠷ᠎ᠡ ᠨᠢ ᠨᠢᠭᠡᠨ ᠵᠢᠩᠨᠡᠭᠦᠷ ᠦᠨ ᠡᠰᠢ ᠶᠢ ᠬᠠᠳᠬᠤᠭᠰᠠᠨ ᠪᠠ ᠤᠯᠠᠭᠠᠨ ᠴᠠᠭᠠᠰᠤ ᠪᠠᠷ ᠴᠢᠮᠡᠭᠯᠡᠭᠰᠡᠨ ᠨᠣᠮᠤ ᠰᠤᠮᠤ ᠪᠠᠶᠢᠳᠠᠭ᠃ ᠰᠢᠨ᠎ᠡ ᠬᠦᠷᠭᠡᠨ ᠰᠢᠨ᠎ᠡ ᠪᠡᠷᠢ ᠬᠦᠷᠴᠦ ᠢᠷᠡᠬᠦ ᠳᠦ ᠬᠠᠳᠠᠮ ᠡᠬᠡ ᠨᠢ ᠤᠷᠢᠳᠠᠪᠠᠷ ᠬᠦᠵᠢ ᠠᠰᠠᠭᠠᠵᠤ ᠮᠦᠷᠭᠦᠭᠰᠡᠨ ᠦ ᠳᠠᠷᠠᠭ᠎ᠠ ᠰᠠᠶ᠋ᠢ ᠬᠣᠶᠠᠷ ᠰᠢᠨ᠎ᠡ  ᠬᠥᠮᠥᠨ ᠲᠡᠭᠷᠢ ᠭᠠᠵᠠᠷ ᠲᠤ ᠮᠦᠷᠭᠦᠵᠦ᠂ ᠠᠪᠤ ᠡᠵᠢ   ᠳᠤ ᠪᠠᠨ ᠮᠦᠷᠭᠦᠵᠦ᠂ ᠬᠤᠶᠠᠭᠤᠯᠠ ᠪᠠᠨ ᠬᠠᠷᠢᠯᠴᠠᠨ ᠮᠦᠷᠭᠦᠨ᠎ᠡ᠃ ᠡᠨᠡ ᠬᠦ ᠶᠤᠰᠤᠯᠠᠯ ᠳᠠᠭᠤᠰᠤᠭᠰᠠᠨ ᠤ ᠲᠠᠷᠠᠭ᠎ᠠ ᠰᠢᠨ᠎ᠡ ᠬᠦᠷᠭᠡᠨ ᠨᠣᠮᠤ ᠰᠤᠮᠤ ᠶᠢ ᠠᠪᠴᠤ ᠭᠤᠷᠪᠠ‍ᠨ ᠰᠤᠮᠤ ᠬᠠᠷᠪᠤᠵᠤ᠂ ᠳ᠋ᠸᠤ ᠶᠢᠨ ᠳᠡᠭᠡᠷ᠎ᠡ ᠬᠠᠳᠬᠤᠵᠤ ᠲᠠᠯᠪᠢᠭᠰᠠᠨ ᠵᠢᠩᠨᠡᠭᠦᠷ ᠦᠨ ᠡᠰᠢ ᠶᠢ ᠠᠪᠴᠤ᠂ ᠤᠯᠠᠭᠠᠨ ᠲᠣᠷᠭ᠎ᠠ ᠪᠠᠷ ᠰᠢᠨ᠎ᠡ ᠪᠡᠷᠢ ᠪᠡᠨ ᠬᠦᠲᠦᠯᠵᠤ᠂ ᠤᠯᠠᠭᠠᠨ ᠢᠰᠡᠭᠡᠢ ᠶᠢᠨ ᠳᠡᠭᠡᠭᠦᠷ ᠠᠯᠬᠤᠵᠤ ᠰᠢᠨ᠎ᠡ ᠭᠡᠷ  ᠲᠤ ᠪᠠᠨ ᠣᠷᠣᠨ᠎ᠠ᠃ ᠰᠢᠨ᠎ᠡ ᠭᠡᠷ ᠦᠨ ᠡᠭᠦᠳᠡᠨ ᠪᠣᠱᠤᠭ᠎ᠠ ᠲᠡᠭᠡᠷ᠎ᠡ ᠨᠢᠭᠡᠨ ᠮᠣᠷᠢᠨ ᠡᠮᠡᠭᠡᠯ ᠲᠠᠯᠪᠢᠵᠤ᠂ ᠲᠡᠭᠡᠷ᠎ᠡ ᠨᠢ ᠬᠡᠯᠬᠢᠶᠡᠲᠦ ᠭᠠᠤᠯᠢᠨ ᠵᠣᠭᠤᠰ ᠲᠠᠯᠪᠢᠨ᠎ᠠ᠃ ᠰᠢᠨ᠎ᠡ ᠬᠦᠷᠭᠡᠨ ᠡᠮᠡᠭᠡᠯ ᠦᠨ ᠳᠡᠭᠡᠭᠦᠷ ᠠᠯᠬᠤᠨ ᠦᠩᠭᠡᠷᠡᠭᠡᠳ ᠪᠡᠶ᠎ᠡ ᠡᠷᠭᠢᠵᠤ ᠵᠢᠩᠨᠡᠭᠦᠷ ᠦᠨ ᠡᠰᠢ ᠪᠡᠷ ᠰᠢᠨ᠎ᠡ ᠪᠡᠷᠢ ᠶᠢᠨ ᠲᠣᠯᠣᠭᠠᠢ ᠶᠢᠨ ᠤᠯᠠᠭᠠᠨ  ᠪᠦᠲᠦᠭᠡᠯᠭᠡ ᠶᠢ ᠠᠪᠴᠤ ᠭᠡᠷ ᠦᠨ ᠰᠠᠷᠠᠪᠴᠢᠨ ᠳᠡᠭᠡᠷ᠎ᠡ ᠬᠠᠶᠠᠳᠠᠭ᠃ ᠢᠩᠭᠢᠭᠡᠳ ᠰᠢᠨ᠎ᠡ ᠬᠦᠷᠭᠡᠨ ᠰᠢᠨ᠎ᠡ ᠪᠡᠷᠢ ᠰᠠᠶ᠋ᠢ ᠨᠢᠭᠤᠷᠳᠠᠨ ᠤᠴᠠᠷᠠᠳᠠᠭ᠃ ᠰᠢᠨ᠎ᠡ ᠪᠡᠷᠢ ᠭᠡᠷ ᠲᠦ ᠤᠷᠤᠭᠰᠠᠨ ᠤ ᠳᠠᠷᠠᠭ᠎ᠠ ᠨᠠᠩᠭᠢ ᠪᠣᠣᠪᠣ︵ᠤᠯᠠᠭᠠᠨ ᠪᠥᠰ ᠢᠶᠡᠷ ᠪᠠᠭᠯᠠᠭᠰᠠᠨ ᠰᠢᠯᠦᠬᠡᠢ ᠶᠢᠨ ᠭᠤᠯᠢᠷ ᠤᠨ ᠪᠤᠣᠪᠤ᠂ ᠭᠢᠰᠭᠢᠬᠦ ᠪᠣᠤᠪᠤ ᠭᠡᠵᠤ ᠨᠡᠷᠡᠯᠡᠳᠡᠭ᠂  ᠥᠭᠡᠳᠡ ᠳᠠᠪᠰᠢᠬᠤ ᠭᠡᠰᠡᠨ ᠤᠳᠬ᠎ᠠ ᠲᠠᠢ︶ᠳᠡᠭᠡᠷ᠎ᠡ ᠭᠢᠰᠭᠢᠨ ᠤᠷᠤᠨ ᠳᠡᠭᠡᠷ᠎ᠡ ᠭᠠᠷᠴᠤ᠂ ᠪᠣᠶᠠᠨᠲᠤ ᠰᠠᠭᠤᠳᠠᠯ ᠳᠤ ᠰᠠᠭᠤᠨ᠎ᠠ᠃ ᠡᠨᠡ ᠦᠶ᠎ᠡ ᠳᠦ ᠦᠷ᠎ᠡ ᠠᠴᠢᠷ ᠤᠨ ᠪᠠᠩᠰᠢ ᠶᠢ ᠴᠢᠨᠠᠵᠤ ᠪᠣᠯᠭᠤᠭᠠᠳ ᠰᠢᠨ᠎ᠡ ᠪᠡᠷᠢ ᠰᠢᠨ᠎ᠡ ᠬᠦᠷᠭᠡᠨ ᠬᠠᠮᠳᠤ ᠪᠠᠷ ᠢᠳᠡᠨ᠎ᠡ᠃ ᠪᠣᠶᠠᠨᠲᠦ ᠰᠠᠭᠤᠳᠠᠯ ᠳᠤ ᠰᠠᠭᠤᠵᠤ ᠪᠠᠷᠠᠪᠠᠯ᠂ ᠠᠪᠢᠰᠤᠨ ᠠᠵᠢᠨ ᠨᠢ ᠰᠢᠨ᠎ᠡ ᠪᠠᠷᠢ ᠶᠢᠨ ᠰᠢᠷ᠎ᠠ ᠦᠰᠦ ᠶᠢ ᠨᠢ ᠠᠪᠴᠤ ᠭᠡᠵᠢᠭᠡ ᠶᠢ ᠨᠢ ᠵᠠᠰᠠᠵᠤ ᠪᠡᠷᠢ ᠬᠦᠮᠦᠨ ᠦ ᠭᠡᠵᠢᠭᠡ ᠭᠦᠷᠦᠵᠦ᠂ ᠭᠡᠵᠢᠭᠡ ᠶᠢᠨ ᠬᠢᠨ ᠬᠤᠶᠠᠷ ᠲᠠᠯ᠎ᠠ ᠳ᠋ᠤᠨᠢ ᠲᠤᠰ ᠪᠦᠷᠢ ᠬᠤᠶᠠᠷ ᠭᠠᠤᠯᠢᠨ ᠵᠤᠭᠤᠰ ᠲᠠᠢ ᠤᠯᠠᠭᠠᠨ ᠤᠶᠠᠭᠠᠰᠤ ᠪᠠᠷ ᠤᠶᠠᠵᠦ ᠥᠭᠳᠡᠭ᠃ ᠦᠳᠡᠰᠢ ᠪᠣᠯᠬᠤ ᠳᠤ᠂ ᠦᠶ᠎ᠡ ᠬᠤᠷᠠᠭ ᠤᠨ ᠬᠢᠨ ᠰᠢᠨ᠎ᠡ ᠭᠡᠷᠯᠡᠭᠰᠡᠨ ᠬᠤᠶᠠᠷ ᠢ ᠦᠢᠮᠡᠭᠦᠯᠦᠨ ᠲᠦᠢᠳᠴᠦ ᠠᠷᠢᠬᠢ ᠤᠤᠭᠤᠵᠤ ᠳᠠᠭᠤᠤ ᠳᠠᠭᠤᠯᠠᠨ ᠬᠤᠷᠢᠮ ᠤᠨ ᠡᠳᠦᠷ ᠦᠨ ᠪᠠᠶᠠᠷ ᠪᠠᠬᠠᠳᠤᠯᠳᠤ ᠠᠭᠤᠷ ᠠᠮᠢᠰᠬᠤᠯ ᠢ ᠨᠡᠮᠡᠭᠳᠡᠭᠦᠯᠳᠡᠭ᠃ ᠲᠠᠷᠠᠭ᠎ᠠ ᠡᠳᠦᠷ ᠨᠢ ᠬᠡᠤᠬᠡᠨ ᠤ ᠲᠠᠯ᠎ᠠ ᠶᠢᠨ ᠬᠢᠨ ᠬᠦᠷᠭᠡᠨ ᠦ ᠭᠡᠷ ᠲᠦ ᠵᠣᠴᠢᠨ ᠪᠣᠯᠣᠨ ᠢᠷᠡᠵᠦ᠂ ᠠᠬᠠᠮᠠᠳ ᠨᠠᠰᠤᠲᠠᠨ ᠪᠣᠶᠤ ᠲᠥᠷᠥᠯ ᠰᠠᠳᠤᠨ ᠨᠢ ᠰᠢᠨ᠎ᠡ ᠪᠡᠷᠢ ᠳᠦ ᠵᠣᠭᠣᠰ ᠥᠭᠳᠡᠭ ᠪᠠ ᠰᠢᠨ᠎ᠡ ᠪᠡᠷᠢ ᠶᠢᠨ ᠠᠪᠳᠠᠷ᠎ᠠ ᠶᠢ ᠨᠡᠭᠡᠭᠡᠵᠦ ᠥᠭᠳᠡᠭ᠃ ᠬᠤᠷᠢᠮᠯᠠᠭᠰᠠᠨ ᠤ ᠭᠤᠷᠪᠠᠳᠤᠭᠠᠷ ᠡᠳᠦᠷ ᠨᠢ ᠡᠷ᠎ᠡ ᠡᠮ᠎ᠡ ᠬᠤᠶᠠᠭᠤᠯᠠ ᠪᠠᠨ ᠲᠥᠷᠬᠦᠮᠴᠢᠯᠡᠳᠡᠭ᠃      ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠤᠷᠤᠭ ᠲᠤᠭᠲᠠᠬᠤ᠂ ᠪᠡᠷᠢ ᠪᠠᠭᠤᠯᠭᠠᠬᠤ ᠪᠣᠯᠣᠨ ᠬᠤᠷᠢᠮ ᠤᠨ ᠶᠣᠰᠣᠯᠠᠯ ᠤᠨ ᠠᠯᠬᠤᠮ ᠳᠠᠷᠠᠭ᠎ᠠ ᠨᠢ ᠦᠩᠭᠡᠷᠡᠭᠰᠡᠨ ᠲᠠᠢ ᠪᠠᠨ ᠠᠳᠠᠯᠢᠬᠠᠨ ᠪᠣᠯᠪᠠᠴᠤ ᠠᠭᠤᠯᠭ᠎ᠠ ᠨᠢ ᠨᠢᠭᠡᠨᠲᠡ ᠬᠤᠪᠢᠷᠠᠭᠰᠠᠨ ᠪᠠᠶᠢᠨ᠎ᠠ᠃ ᠤᠯᠠᠩᠬᠢ ᠨᠢ ᠰᠠᠶᠢᠨ ᠳᠤᠷ᠎ᠠ ᠶᠢᠨ ᠤᠷᠤᠭ ᠪᠠᠶᠢᠵᠤ᠂ ᠤᠷᠤᠭ ᠲᠤᠭᠲᠠᠭᠰᠠᠨ ᠤ ᠲᠠᠷᠠᠭ᠎ᠠ ᠵᠤᠬᠢᠬᠤ ᠬᠤᠭᠤᠴᠠᠭ᠎ᠠ ᠶᠢ ᠦᠩᠭᠡᠷᠡᠭᠡᠵᠦ᠂ ᠬᠤᠷᠢᠮᠯᠠᠬᠤ ᠪᠠᠷ ᠪᠡᠯᠡᠳᠬᠡᠳᠡᠭ᠃ ᠬᠤᠷᠢᠮ ᠤᠨ ᠶᠤᠰᠤᠯᠠᠯ ᠨᠢ ᠮᠦᠨ ᠯᠡ ᠬᠦᠤ ᠶᠢᠨ ᠲᠠᠯ᠎ᠠ ᠳᠦ ᠶᠠᠪᠤᠭᠳᠠᠵᠤ᠂ ᠶᠤᠰᠤᠯᠠᠯ ᠤᠨ ᠳᠠᠭᠠᠭᠠᠮᠠᠯ ᠤᠨ ᠡᠷᠬᠢᠯᠡᠭᠡ ᠳᠣᠣᠷ᠎ᠠ᠂ ᠬᠦᠤ ᠬᠡᠤᠬᠡᠨ ᠤ ᠬᠤᠶᠠᠷ ᠲᠠᠯ᠎ᠠ ᠶᠢᠨ ᠭᠣᠣᠯ ᠬᠦᠮᠦᠨ︵ᠬᠤᠶᠠᠷ ᠲᠠᠯ᠎ᠠ ᠶᠢᠨ ᠭᠡᠷ ᠦᠨ ᠠᠬᠠᠮᠠᠳ︶ᠵᠢᠴᠢ ᠤᠷᠤᠭ ᠪᠠᠲᠤᠯᠠᠭᠴᠢ︵ᠠᠬᠠᠮᠠᠳ ᠬᠦᠮᠦᠨ ᠪᠣᠶᠤ ᠲᠤᠭᠤᠷᠢᠭ᠂ ᠲᠤᠰᠬᠤᠨ ᠤ ᠺᠠᠳ᠋ᠷ︶ᠭᠡᠵᠤ ᠪᠠᠶᠢᠳᠠᠭ ᠪᠦᠭᠡᠳ ᠲᠡᠭᠷᠢ ᠭᠠᠵᠠᠷ ᠲᠤ ᠶᠤᠰᠤᠯᠠᠬᠤ᠂ ᠠᠪᠤ ᠡᠵᠢ  ᠳᠤ ᠪᠠᠨ ᠶᠣᠰᠤᠯᠠᠬᠤ᠂ ᠬᠤᠶᠠᠷ ᠬᠣᠣᠰ ᠬᠠᠷᠢᠯᠴᠠᠨ ᠶᠣᠰᠤᠯᠠᠬᠤ ᠪᠣᠯᠵᠤ᠂ ᠲᠠᠬᠢᠨ ᠰᠢᠨ᠎ᠡ ᠭᠡᠷ  ᠲᠤ ᠪᠠᠨ ᠣᠷᠤᠳᠠᠭ᠃ ᠰᠢᠨ᠎ᠡ ᠬᠤᠶᠠᠷ ᠢ ᠱᠣᠭᠯᠠᠨ ᠲᠦᠢᠳᠬᠦ ᠪᠣᠯᠣᠨ ᠬᠤᠨᠳᠠᠭ᠎ᠠ ᠬᠤᠯᠪᠤᠬᠤ ᠠᠷᠢᠬᠢ ᠤᠤᠭᠤᠬᠤ ᠦᠶ᠎ᠡ ᠳᠦ ᠬᠤᠶᠠᠷ ᠲᠠᠯ᠎ᠠ ᠶᠢᠨ ᠭᠡᠷ ᠦᠨ ᠠᠬᠠᠮᠠᠳ ᠤᠷᠤᠯᠴᠠᠬᠤ ᠦᠭᠡᠢ᠃ ᠪᠠᠰᠠ ᠰᠢᠨ᠎ᠡ ᠬᠦᠷᠭᠡᠨ ᠰᠢᠨ᠎ᠡ ᠪᠡᠷᠢ ᠶᠢᠨ ᠢᠨᠠᠭ ᠳᠤᠷᠠᠯᠠᠯ ᠤᠨ ᠦᠩᠭᠡᠷᠡᠯᠲᠡ ᠶᠢ ᠲᠠᠨᠢᠯᠴᠠᠭᠤᠯᠬᠤ ᠵᠡᠷᠭᠡ ᠵᠤᠭ᠎ᠠ ᠴᠠᠩᠬᠡᠯ ᠤᠨ ᠠᠭᠤᠯᠭ᠎ᠠ ᠨᠡᠮᠡᠭᠳᠡᠭᠰᠡᠨ ᠪᠠᠶᠢᠨ᠎ᠠ᠃
          