ᠣᠷᠤᠰᠢᠭᠤᠯᠭ᠎ᠠ ᠶᠢᠨ ᠵᠠᠩᠰᠢᠯ  
  
2022/12/9
      ᠡᠪᠡᠳᠴᠢᠲᠡᠨ ᠠᠮᠢᠰᠬᠤᠭ᠎ᠠ ᠬᠤᠷᠢᠶᠠᠬᠤ ᠠᠴᠠ ᠡᠮᠦᠨᠡᠬᠡᠨ ᠮᠥᠩᠬᠡᠳᠡ ᠶᠢᠨ ᠬᠤᠪᠴᠠᠰᠤ ᠶᠢ ᠨᠢ ᠡᠮᠦᠰᠦᠭᠦᠯᠦᠨ᠎ᠡ᠃ ᠬᠠᠭᠤᠴᠢᠨ ᠤ ᠦᠶ᠎ᠡ ᠳᠦ  ᠮᠥᠩᠬᠡᠳᠡ ᠶᠢᠨ ᠬᠤᠪᠴᠠᠰᠤ ᠶᠢᠨ ᠣᠯᠠᠩᠬᠢ ᠨᠢ ᠬᠥᠬᠡ ᠦᠩᠭᠡ ᠶᠢᠨ ᠬᠦᠪᠦᠩ ᠬᠤᠪᠴᠠᠰᠤ ᠬᠦᠪᠣᠩ ᠳᠡᠪᠡᠯ ᠪᠠᠶᠢᠵᠤ᠂ ᠱᠠᠬᠠᠢ ᠨᠢ ᠪᠥᠰ ᠵᠤᠯᠤᠭ ᠲᠠᠢ ᠤᠯᠠ ᠳ᠋ᠤᠨᠢ ︽ᠲᠡᠭᠷᠢ ᠳᠦ ᠠᠪᠠᠷᠢᠬᠤ ᠱᠠᠲᠤ︾ ᠶᠢᠨ ᠵᠢᠷᠤᠭ ᠢ ᠬᠠᠳᠬᠤᠭᠰᠠᠨ ᠪᠠᠶᠢᠳᠠᠭ᠃ ᠡᠪᠡᠳᠴᠢᠨ ᠲᠠᠢ ᠬᠦᠮᠦᠨ ᠢ ᠬᠠᠨᠵᠤᠨ ᠲᠡᠭᠡᠷ᠎ᠡ ᠪᠡᠨ ᠦᠬᠦᠬᠦᠯᠬᠦ ᠶᠢ ᠴᠡᠭᠡᠷᠯᠡᠵᠤ ᠠᠮᠢᠰᠬᠤᠭ᠎ᠠ ᠲᠠᠢ ᠦᠶ᠎ᠡ ᠳ᠋ᠤᠨᠢ ᠭᠠᠵᠠᠷ ᠲᠡᠭᠡᠷ᠎ᠡ ᠪᠠᠭᠤᠯᠭᠠᠳᠠᠭ᠃ ᠨᠠᠰᠤ ᠪᠠᠷᠠᠪᠠᠯ ᠬᠦᠷᠢᠶᠡᠨ ᠳᠤᠮᠳᠠ ᠪᠠᠨ ᠴᠢᠨᠳᠠᠷ ᠤᠨ ᠰᠠᠷᠠᠪᠴᠢ ᠪᠣᠰᠬᠠᠳ᠋ᠠᠭ ᠪᠠ ᠠᠪᠰᠠᠨ ᠳᠤ ᠤᠷᠤᠭᠤᠯᠬᠤ ᠦᠶ᠎ᠡ ᠳᠦ᠂ ᠠᠪᠰᠠ‍ᠨ ᠳᠣᠲᠤᠷ᠎ᠠ ᠨᠢ ᠬᠦᠪᠦᠩ ᠲᠡᠪᠢᠰᠭᠡᠷ ᠳᠡᠪᠢᠰᠴᠤ᠂ ᠨᠠᠰᠤ ᠪᠠᠷᠠᠭᠴᠢ ᠳᠦ ᠲᠠᠬᠢᠶ᠎ᠠ ᠶᠢᠨ ᠲᠣᠯᠣᠭᠠᠶᠢᠲᠤ ᠳᠡᠷ᠎ᠡ︵ᠥᠯᠵᠡᠢ ᠪᠡᠯᠭᠡᠲᠦ ᠳᠡᠷ᠎ᠡ︶ᠳᠡᠷᠡᠯᠡᠭᠦᠯ‍ᠦᠨ ᠬᠡᠪᠲᠡᠭᠦᠯᠵᠦ᠂ ᠬᠥᠯ ᠲᠤᠤᠷ᠎ᠠ ᠨᠢ ᠰᠢᠯᠦᠬᠡᠢ ᠶᠢᠨ ᠭᠤᠯᠢᠷ ᠤᠨ ᠪᠣᠤᠪᠤ ᠲᠠᠯᠪᠢᠵᠤ᠂ ᠵᠡᠭᠦᠨ ᠭᠠᠷ ᠤᠨ ᠬᠠᠵᠠᠭᠤ ᠳ᠋ᠤᠨᠢ ︽ᠨᠣᠬᠠᠢ ᠴᠣᠬᠢᠬᠤ ᠪᠣᠤᠪᠤ︾︵ᠨᠢᠮᠭᠡᠨ ᠪᠣᠤᠪᠤ︶ᠲᠠᠯᠪᠢᠵᠤ᠂ ᠪᠠᠷᠠᠭᠤᠨ ᠭᠠᠷ ᠤᠨ ᠲᠠᠯ᠎ᠠ ᠳ᠋ᠤᠨᠢ ︽ᠨᠣᠬᠠᠢ ᠲᠠᠰᠢᠭᠤᠷᠳᠠᠬᠤ ᠲᠠᠰᠢᠭᠤᠷ︾︵ᠣᠯᠣᠰᠤᠨ ᠲᠠᠰᠢᠭᠤᠷ︶ ᠲᠠᠯᠪᠢᠳᠠᠭ᠃ ᠠᠪᠰᠠ ᠶᠢᠨ ᠠᠮᠠᠰᠠᠷ ᠢ ᠨᠢ ᠴᠢᠩᠭ᠎ᠠ ᠬᠠᠭᠠᠵᠤ ᠴᠢᠨᠳᠠᠷ ᠤᠨ ᠰᠠᠷᠠᠪᠴᠢ ᠳᠤ ᠳᠠᠮᠨᠠᠨ ᠤᠷᠤᠭᠤᠯᠤᠭᠰᠠᠨ ᠤ ᠳᠠᠷᠠᠭ᠎ᠠ ᠬᠦᠷᠢᠶᠠᠨ ᠡᠭᠦᠳᠡᠨ ᠲᠡᠭᠡᠷ᠎ᠡ ᠪᠡᠨ ᠴᠠᠭᠠᠰᠤᠨ ᠲᠠᠷᠴᠤᠭ ᠪᠣᠰᠬᠠᠨ᠎ᠠ᠃ ᠡᠨᠡ ᠬᠦ ᠲᠠᠷᠴᠤᠭ ᠢ ᠨᠠᠰᠤ ᠪᠠᠷᠠᠭᠴᠢ ᠶᠢᠨ ᠨᠠᠰᠤᠨ ᠤ ᠬᠡᠮᠵᠢᠶ᠎ᠡ ᠪᠡᠷ ᠨᠢ ᠴᠠᠭᠠᠰᠤ ᠤᠷᠢᠶᠠᠨ ᠤᠶᠠᠵᠤ ᠨᠠᠰᠤ ᠪᠠᠷᠠᠭᠴᠢ ᠨᠢ ᠡᠷᠡᠭᠲᠡᠢ ᠪᠣᠯ ᠵᠡᠬᠦᠨ ᠲᠠᠯ᠎ᠠ᠂ ᠡᠮᠡᠭᠲᠡᠢ ᠪᠣᠯ ᠪᠠᠷᠠᠭᠤᠨ ᠲᠠᠯ᠎ᠠ ᠳ᠋ᠤᠨᠢ ᠡᠯᠭᠦᠨ᠎ᠡ᠃ ᠴᠢᠨᠳᠠᠷ ᠤᠨ ᠠᠪᠰᠠ ᠶᠢ ᠠᠴᠢᠯᠠᠯᠲᠤ ᠬᠦᠪᠡᠭᠦᠨ ᠪᠣᠯᠣᠨ ᠪᠡᠷᠢ ᠨᠢ ᠡᠭᠡᠯᠵᠢᠯᠡᠨ ᠰᠠᠬᠢᠵᠤ ᠬᠦᠮᠦᠰ ᠢ ᠤᠭᠲᠤᠨ ᠭᠠᠰᠢᠭᠤᠳᠠᠳᠠᠭ᠃ ᠬᠦᠤ ᠨᠢ ᠴᠠᠭᠠᠨ ᠢᠶᠠᠷ ᠬᠤᠪᠴᠠᠯᠠᠵᠤ᠂ ᠤᠮᠪᠤᠯᠤ ᠦᠶ᠎ᠡ ᠲᠠᠢ ᠨᠢ ᠴᠠᠭᠠᠨ ᠬᠤᠪᠴᠠᠰᠤ ᠡᠮᠦᠰᠴᠦ᠂ ᠮᠠᠯᠠᠭᠠᠢ ᠪᠣᠯᠣᠨ ᠪᠦᠰᠡᠯᠡᠭᠦᠷ ᠨᠢ ᠤᠯᠠᠭᠠᠨ ᠪᠥᠰ ᠵᠡᠭᠦᠳᠡᠭ᠃ ᠴᠢᠨᠳᠡᠷ ᠲᠠᠯᠪᠢᠬᠤ ᠬᠤᠭᠤᠴᠠᠭᠠᠨ ( 1 ᠊᠊᠊᠊ 7 ᠡᠳᠦᠷ)  ᠳᠦ ᠦᠢᠷ᠎ᠠ ᠲᠦᠷᠦᠯ ᠨᠢ ᠭᠤᠷᠪᠠ ᠤᠳᠠᠭ᠎ᠠ ᠲᠤᠰᠬᠤᠨ ᠤ ᠪᠠᠨ ᠰᠦᠮ᠎ᠡ ᠳᠦ ᠣᠴᠢᠵᠤ ᠴᠠᠭᠠᠰᠤ ᠰᠢᠲᠠᠭᠠᠵᠤ ᠪᠠᠯᠪᠠᠰᠤᠷᠠᠨ ᠣᠭᠢᠯᠡᠳᠠᠭ᠂ ᠡᠭᠦᠨ ᠢ ︽ᠭᠤᠯᠢᠷ ᠤᠨ ᠰᠢᠩᠭᠡᠨ ᠬᠣᠭᠣᠯᠠ ᠬᠦᠷᠭᠡᠬᠦ︾ᠭᠡᠳᠡᠭ᠃ ᠪᠠᠶᠠᠨ ᠴᠢᠨᠡᠭᠡᠯᠢᠭ ᠠᠮᠢᠳᠦᠷᠠᠯ ᠲᠠᠢ ᠠᠶᠢᠯ ᠨᠢ ᠪᠢᠰᠬᠢᠭᠦᠷᠴᠢᠨ ᠬᠥᠭᠵᠢᠮᠴᠢᠨ ᠵᠠᠯᠠᠵᠤ᠂ ᠪᠦᠷᠢᠶ᠎ᠡ ᠪᠢᠰᠭᠢᠭᠦᠷ ᠦᠯᠢᠶᠡᠵᠦ ᠯᠠᠮᠠ ᠬᠤᠤᠱᠠᠩ ᠵᠠᠯᠠᠵᠤ ᠨᠣᠮ ᠤᠩᠰᠢᠭᠤᠯᠳᠠᠭ᠃      ᠬᠡᠭᠦᠷ ᠭᠠᠷᠭᠠᠬᠤ᠄ ᠬᠠᠭᠤᠴᠢᠨ ᠤ ᠦᠶ᠎ᠡ ᠳᠦ ᠪᠦᠷ ᠦᠵᠡᠭᠡᠴᠢ ᠵᠠᠯᠠᠵᠤ᠂ ᠡᠮᠦᠨ᠎ᠡ ᠡᠳᠦᠷ ᠨᠢ ᠤᠩᠭᠤᠨ ᠤ ᠭᠠᠵᠠᠷ ᠢ ᠦᠵᠡᠵᠤ᠂  ᠦᠵᠡᠭᠡᠴᠢ ᠡᠴᠡ ᠲᠠᠬᠢᠶᠠᠨ ᠴᠢᠰᠤ ᠪᠠᠷ ᠲᠠᠬᠢᠯ ᠲᠠᠯᠪᠢᠭᠰᠠᠨ ᠤ ᠲᠠᠷᠠᠭ᠎ᠠ ᠰᠢᠷᠤᠶ ᠬᠦᠳᠡᠯᠭᠡᠵᠤ ᠨᠦᠬᠡ ᠤᠬᠤᠳᠠᠭ᠃ ᠠᠪᠰᠠ ᠶᠢ ᠶᠡᠷᠤᠳᠡᠭᠡᠨ 16 ᠊᠊᠊ 32 ᠬᠦᠮᠦᠨ ᠳᠠᠮᠨᠠᠳᠠᠭ᠃ ᠴᠢᠨᠳᠠᠷ ᠭᠠᠷᠭᠠᠬᠤ ᠠᠴᠠ ᠡᠮᠦᠨ᠎ᠡ ᠪᠠᠰᠠ ᠨᠠᠰᠤ ᠪᠠᠷᠠᠭᠴᠢ ᠶᠢ ︽ᠠᠮᠢᠯᠠᠭᠤᠯᠬᠤ︾ᠶᠤᠰᠤᠯᠠᠯ ᠬᠢᠳᠡᠭ᠂ ᠳᠠᠷᠤᠢ ᠠᠪᠰᠠᠨ ᠤ ᠠᠮᠠᠰᠠᠷ ᠢ ᠲᠠᠬᠢᠨ ᠨᠡᠭᠡᠭᠡᠵᠦ ᠡᠯᠪᠡᠷᠢᠯᠳᠦ ᠬᠦᠪᠡᠭᠦᠨ ᠨᠢ ᠰᠢᠨ᠎ᠡ ᠬᠦᠪᠤᠩ ᠢ ᠠᠷᠢᠬᠢᠨ ᠳᠤ ᠳᠦᠷᠦᠵᠦ᠂ ᠨᠠᠰᠤ ᠪᠠᠷᠠᠭᠴᠢ ᠶᠢᠨ ᠠᠮᠠ᠂ ᠨᠢᠳᠦ᠂ ᠬᠠᠮᠠᠷ᠂ ᠴᠡᠭᠡᠵᠢ᠂ ᠭᠠᠷ ᠤᠨ ᠠᠯᠠᠭ᠎ᠠ᠂ ᠬᠥᠯ ᠦᠨ ᠤᠯᠠ ᠵᠡᠷᠭᠡ ᠶᠢ ᠠᠷᠴᠢᠳᠠᠭ᠃ ᠭᠡᠪᠡᠴᠤ ᠡᠨᠡ ᠦᠶ᠎ᠡ ᠳᠦ ᠤᠬᠢᠯᠠᠵᠤ ᠪᠣᠯᠬᠤ ᠦᠭᠡᠢ᠂ ᠨᠢᠯᠪᠣᠰᠤ ᠨᠢ ᠠᠪᠰᠠᠨ ᠳᠤ ᠲᠤᠰᠤᠯᠠᠬᠤ ᠠᠴᠠ ᠬᠢᠴᠢᠶᠡᠳᠡᠭ᠃ ᠴᠢᠨᠳᠡᠷ ᠭᠠᠷᠭᠠᠬᠤ ᠦᠶ᠎ᠡ ᠳᠦ᠂ ᠤᠤᠭᠠᠨ ᠬᠦᠪᠡᠭᠦᠨ ᠨᠢ ᠤᠷᠤᠢ ᠲᠡᠭᠡᠷ᠎ᠡ ᠪᠡᠨ ᠪᠡᠯᠪᠡᠰᠦᠷᠠᠯ ᠤᠨ ᠫᠸᠩᠰᠡ︵ᠶᠡᠷᠤᠳᠡᠭᠡᠨ ᠬᠠᠭᠤᠴᠢᠨ ᠸᠠᠭᠠᠷ ᠫᠧᠩᠰᠡ︶ᠲᠠᠯᠪᠢᠨ ᠠᠪᠰᠠ ᠶᠢᠨ ᠡᠮᠦᠨ᠎ᠡ ᠭᠦᠶᠤᠨ ᠣᠴᠢᠵᠤ ᠭᠠᠵᠠᠷ ᠰᠠᠪᠠᠵᠤ ᠬᠠᠭᠠᠯᠤᠭᠰᠠᠨ ᠤ ᠳᠠᠷᠠᠭ᠎ᠠ᠂ ᠰᠦᠭ ᠰᠦᠨᠡᠰᠦ ᠶᠢ ᠨᠢ  ᠳᠠᠭᠠᠭᠤᠯᠬᠤ ᠵᠠᠯᠮ᠎ᠠ ᠶᠢ ᠮᠦᠷᠦᠪᠴᠢᠯᠡᠨ ᠪᠠᠷᠢᠵᠦ ᠡᠮᠦᠨ᠎ᠡ ᠨᠢ ᠵᠠᠮ ᠤᠳᠤᠷᠢᠳᠤᠨ ᠬᠡᠭᠦᠷ ᠲᠠᠯᠪᠢᠬᠤ ᠭᠠᠵᠠᠷ ᠵᠦᠭ ᠶᠠᠪᠣᠨ᠎ᠠ᠃ ᠬᠡᠳᠦᠨ ᠠᠯᠬᠤᠮ ᠶᠠᠪᠣᠬᠤ ᠪᠦᠷᠢ ᠪᠡᠶ᠎ᠡ ᠡᠷᠭᠢᠨ ᠴᠢᠨᠳᠠᠷ ᠲᠦ ᠨᠢᠭᠡ ᠮᠦᠷᠭᠦᠳᠡᠭ᠃ ᠤᠰᠤ ᠬᠢᠬᠦ ᠪᠣᠷᠳᠤᠭᠤ ᠪᠣᠶᠤ ᠮᠦᠩᠭᠡ ᠠᠰᠠᠬᠤ ᠳ᠋ᠧᠩ ᠢ ᠨᠢ ᠬᠡᠤᠬᠡᠨ ᠨᠢ ᠪᠣᠶᠤ ᠪᠡᠷᠢ ᠨᠢ ᠠᠪᠴᠤ ᠶᠠᠪᠤᠳᠠᠭ᠃  ᠣᠷᠣᠰᠢᠭᠤᠯᠬᠤ ᠭᠠᠵᠠᠷ ᠵᠦᠭ ᠶᠠᠪᠤᠬᠤ ᠵᠠᠮ ᠵᠠᠭᠤᠷ᠎ᠠ  ᠦᠵᠡᠭᠡᠴᠢ ᠳᠠᠯᠢᠶᠠᠷ ᠡᠭᠦᠷᠴᠤ ᠯᠤᠤᠳᠦ ᠵᠤᠭᠤᠰ︵ᠴᠠᠭᠠᠰᠤᠨ ᠵᠣᠭᠤᠰ︶ᠰᠠᠴᠤᠵᠤ᠂ ︽ᠥᠨᠥᠴᠢᠨ ᠰᠦᠨᠡᠰᠦ ᠬᠢᠯᠢᠰ ᠴᠢᠳᠬᠦᠷ ᠵᠠᠮ ᠲᠤᠰᠬᠤ︾ ᠠᠴᠠ ᠰᠡᠷᠭᠡᠶᠢᠯᠡᠳᠡᠭ᠃ ᠣᠷᠣᠰᠢᠭᠤᠯᠬᠤ ᠭᠠᠵᠠᠷ ᠬᠦᠷᠴᠦ ᠪᠤᠯᠠᠰᠢᠯᠠᠬᠤ ᠠᠴᠠ ᠡᠮᠦᠨ᠎ᠡ ᠪᠣᠯᠠᠰᠢ ᠶᠢᠨ ᠨᠦᠬᠡᠨ ᠳᠤ ᠠᠪᠰᠠᠨ ᠲᠤᠯᠤᠭᠠᠢ  ᠪᠠ ᠬᠥᠯ ᠦᠨ ᠬᠡᠰᠡᠭ  ᠲᠦ ᠲᠤᠰ ᠪᠦᠷᠢ ᠨᠢᠭᠡᠨ ᠵᠢᠵᠢᠭ ᠨᠥᠬᠡ ᠤᠬᠤᠵᠤ ᠲᠡᠭᠦᠨ ᠤ ᠳᠣᠲᠣᠷ᠎ᠠ ᠮᠦᠩᠭᠡ ᠠᠰᠠᠬᠤ ᠳ᠋ᠧᠩ ᠪᠣᠯᠣᠨ ᠤᠰᠤ ᠬᠢᠬᠦ ᠪᠣᠷᠳᠤᠭᠤ ᠶᠢ ᠲᠡᠭᠰᠢᠭᠡᠨ ᠲᠠᠯᠪᠢᠳᠠᠭ᠃ ᠠᠪᠰᠠ ᠶᠢ ᠨᠥᠬᠡᠨ ᠳᠦ ᠤᠷᠤᠭᠤᠯᠤᠭᠰᠠᠨ ᠤ ᠳᠠᠷᠠᠭ᠎ᠠ᠂ ᠡᠯᠪᠡᠷᠢᠯᠳᠦ ᠬᠦᠪᠡᠭᠦᠨ ᠨᠢ ᠤᠷᠢᠳᠠᠪᠠᠷ ᠭᠤᠷᠪᠠᠨ ᠬᠦᠷᠵᠡ ᠰᠢᠷᠤᠶ ᠬᠠᠶᠠᠮᠠᠨᠵᠢᠨ ᠤᠯᠠᠨ ᠢᠶᠠᠷ ᠢᠶᠠᠨ ᠰᠠᠶ᠋ᠢ ᠰᠢᠷᠣᠢ ᠬᠠᠶᠠᠯᠠᠵᠤ ᠪᠣᠯᠠᠰᠢᠯᠠᠨ᠎ᠠ᠃      ᠣᠷᠣᠰᠢᠭᠤᠯᠤᠭᠰᠠᠨ ᠤ ᠲᠠᠷᠠᠭ᠎ᠠ᠂ ᠲᠤᠰ ᠡᠳᠦᠷ ᠦᠨ ᠲᠡᠷᠢᠭᠦᠨ ᠵᠢᠩ ᠦᠨ ᠦᠶ᠎ᠡ ᠳᠦ᠂ ᠭᠡᠷ ᠦᠨ ᠬᠦᠮᠦᠨ ᠨᠢ ᠡᠭᠦᠳᠡᠨ ᠲᠠᠷᠴᠤᠭ ᠢ ᠲᠡᠪᠡᠷᠢᠵᠦ ᠲᠤᠰᠬᠤᠨ ᠤ ᠶᠢᠰᠦᠨ ᠰᠠᠬᠢᠭᠤᠯᠰᠤᠨ ᠤ ᠰᠦᠮ᠎ᠡ  ᠶᠢᠨ ᠡᠮᠦᠨ᠎ᠡ ᠬᠦᠷᠴᠦ ︽ᠵᠠᠷᠤᠳᠠᠯ ᠤᠨ ᠶᠠᠭᠤᠮ᠎ᠠ ᠶᠢ ᠨᠢ ᠬᠦᠷᠭᠡᠨ᠎ᠡ︾᠃ ᠤᠷᠢᠳᠠᠪᠠᠷ ᠲᠠᠬᠢᠯᠭ᠎ᠠ ᠶᠢᠨ ᠪᠢᠴᠢᠭ ︵ᠨᠠᠰᠤ ᠪᠠᠷᠠᠭᠴᠢ ᠶᠢᠨ ᠣᠪᠣᠭ ᠨᠡᠷ᠎ᠡ᠂ ᠤᠭ ᠨᠤᠲᠤᠭ᠂ ᠬᠡᠵᠢᠶ᠎ᠡ ᠶᠠᠭᠠᠬᠢᠵᠦ ᠨᠠᠰᠤ ᠪᠠᠷᠠᠭᠰᠠᠨ᠂ ᠶᠠᠪᠤᠭᠰᠠᠨ ᠵᠠᠮ ᠤᠷᠤᠰᠢᠭᠤᠯᠤᠭᠰᠠᠨ ᠭᠠᠵᠠᠷ ᠵᠡᠷᠭᠡ︶ ᠢ ᠤᠩᠰᠢᠵᠤ᠂ ᠲᠠᠬᠢᠯᠭ᠎ᠠ ᠶᠢᠨ ᠪᠢᠴᠢᠭ ᠢᠶᠡᠨ ᠴᠠᠭᠠᠰᠤ ᠪᠠᠷ ᠬᠢᠭᠰᠡᠨ ᠬᠦᠮᠦᠨ ᠮᠣᠷᠢ ᠲᠡᠷᠭᠡ ᠪᠣᠯᠣᠨ ᠡᠭᠦᠳᠡᠨ ᠲᠠᠷᠴᠤᠭ ᠲᠠᠢ ᠬᠠᠮᠳᠤ ᠳ᠋ᠤᠨᠢ ᠰᠢᠳᠠᠭᠠᠨ᠎ᠠ᠃ ᠡᠳᠡᠭᠡᠷ ᠢ ᠬᠢᠵᠤ ᠲᠠᠭᠤᠰᠤᠭᠰᠠᠨ ᠤ ᠲᠠᠷᠠᠭ᠎ᠠ᠂ ᠪᠠᠯᠪᠠᠰᠤᠷᠠᠯ ᠭᠦᠢᠴᠡᠳᠬᠡᠭᠴᠢ ᠭᠦᠪᠡᠭᠦᠨ ᠨᠢ ᠦᠨᠳᠦᠷ ᠭᠠᠵᠠᠷ ᠲᠡᠭᠡᠷ᠎ᠡ ᠪᠠᠷᠠᠭᠤᠨᠰᠢ ᠬᠠᠨᠳᠤᠨ ᠵᠤᠭᠰᠤᠵᠤ᠂ ᠭᠠᠷ  ᠲᠤ ᠪᠠᠨ ᠲᠠᠮᠨᠠᠭᠤᠷ ᠠᠳᠬᠤᠨ ᠨᠠᠰᠤ ᠪᠠᠷᠠᠭᠰᠠᠨ ᠬᠦᠮᠦᠨ ᠢᠶᠡᠨ ᠬᠦᠨᠳᠦᠳᠭᠡᠨ ᠳᠠᠭᠤᠳᠠᠵᠤ ︽ᠦᠷᠦᠨ᠎ᠡ ᠲᠡᠭᠷᠢ  ᠵᠦᠭ ᠵᠠᠮᠨᠠᠵᠤ᠂ ᠠᠯᠲᠠᠨ ᠮᠣᠷᠢ ᠡᠷᠳᠡᠨᠢ ᠶᠢᠨ ᠣᠩᠭᠣᠴᠠ ᠪᠠᠷ ᠶᠠᠪᠤᠲᠤᠭᠠᠢ᠂ ᠰᠡᠯᠡᠭᠦᠦ ᠭᠠᠵᠠᠷ ᠲᠤᠷ ᠰᠠᠭᠠᠲᠠᠵᠤ ᠭᠠᠴᠢᠭ ᠵᠤᠪᠠᠯᠠᠩ ᠲᠤᠬᠢᠶᠠᠯᠳᠤᠪᠠᠯ ᠵᠣᠭᠤᠰ ᠢᠶᠠᠨ ᠵᠠᠷᠤᠭᠳᠤᠨ︾ᠬᠡᠮᠡᠨ ᠰᠦᠨᠡᠰᠤ ᠮᠦᠷᠦ ᠶᠢ ᠨᠢ ᠵᠢᠭᠠᠬᠤ ᠦᠭᠡ ᠶᠢ ᠬᠡᠯᠡᠵᠤ᠂ ᠲᠠᠷᠠᠭ᠎ᠠ ᠨᠢ ᠶᠡᠭᠡ ᠪᠡᠷ ᠭᠠᠰᠢᠭᠤᠳᠠᠨ ᠤᠭᠢᠯᠠᠨ᠎ᠠ᠂ᠢᠩᠭᠢᠭᠡᠳ ᠮᠣᠷᠳᠠᠭᠤᠯᠬᠤ ᠶᠤᠰᠤᠯᠠᠯ ᠲᠠᠭᠤᠰᠤᠨ᠎ᠠ᠃ ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ  ᠤ ᠳᠠᠷᠠᠭ᠎ᠠ᠂ ᠤᠷᠤᠰᠢᠭᠤᠯᠭ᠎ᠠ ᠶᠢᠨ ᠮᠤᠬᠤᠷ ᠪᠢᠰᠢᠷᠡᠯ ᠦᠨ ᠠᠵᠢᠯᠯᠠᠭᠠᠨ ᠠᠭᠠᠵᠢᠮ ᠢᠶᠠᠷ ᠦᠭᠡᠢ ᠪᠣᠯᠵᠤ᠂ ᠲᠠᠯᠠᠭᠠᠳ ᠣᠨ ᠠᠴᠠ ᠰᠡᠭᠦᠯᠡᠷ ᠠᠷᠠᠳ ᠤᠨ ᠵᠠᠰᠠᠭ ᠤᠨ ᠤᠷᠳᠤᠨ ᠭᠠᠯ ᠢᠶᠠᠷ ᠳᠡᠭᠳᠡᠭᠡᠬᠦ ᠶᠢ ᠰᠠᠨᠠᠭᠠᠴᠢᠯᠠᠵᠤ᠂  ᠭᠠᠵᠠᠷ ᠪᠣᠯᠠᠰᠢᠯᠠᠬᠤ ᠪᠣᠯᠣᠨ ᠡᠯ᠎ᠡ ᠵᠦᠢᠯ ᠦᠨ ᠶᠠᠷᠰᠢᠭ ᠪᠣᠳᠤᠯᠢᠶᠠᠨᠳᠠᠢ ᠲᠠᠷᠠᠭᠠᠯᠠᠯ ᠨᠢ ᠠᠭᠠᠵᠢᠮ ᠢᠶᠠᠷ ᠴᠦᠬᠡᠷᠡᠭᠰᠡᠨ ᠪᠠᠶᠢᠨ᠎ᠠ᠃
          