ᠤᠷᠤᠭ ᠬᠤᠷᠢᠮ ᠤᠨ ᠵᠠᠩᠰᠢᠯ ᠰᠣᠯᠣᠩᠭᠤᠰ ᠦᠨᠳᠦᠰᠦᠲᠡᠨ
  
2022/12/9
      ᠬᠤᠷᠢᠮ ᠤᠨ ᠶᠤᠰᠤᠯᠠᠯ ᠨᠢ ᠰᠢᠨ᠎ᠡ ᠬᠦᠷᠭᠡᠨ ᠦ ᠬᠤᠷᠢᠮ ᠤᠨ ᠶᠤᠰᠤᠯᠠᠯ ᠪᠠ ᠰᠢᠨ᠎ᠡ ᠪᠡᠷᠢ ᠶᠢᠨ ᠬᠤᠷᠢᠮ ᠤᠨ ᠶᠣᠰᠣᠯᠠᠯ ᠭᠡᠵᠤ ᠬᠤᠪᠢᠶᠠᠳᠠᠭ᠃ ᠪᠡᠷᠢ ᠲᠤᠰᠬᠤ ᠪᠡᠷ ᠶᠠᠪᠤ‍ᠬᠤ ᠳᠤ᠂ ᠨᠢᠭᠡᠨ ᠠᠬᠠᠮᠠᠳ ᠬᠦᠮᠦᠨ ᠬᠦᠷᠭᠡᠨ ᠲᠠᠭᠠᠵᠤ ᠲᠤᠰᠬᠤᠨ ᠳ᠋ᠤᠨᠢ ᠬᠦᠷᠦᠭᠰᠡᠨ ᠦ ᠳᠠᠷᠠᠭ᠎ᠠ ᠰᠢᠭᠤᠳ ᠰᠢᠨ᠎ᠡ ᠪᠡᠷᠢ ᠶᠢᠨ ᠭᠡᠷ ᠲᠤᠨᠢ ᠣᠴᠢᠳᠠᠭ ᠦᠭᠡᠢ᠂ ᠬᠠᠷᠢᠨ ᠤᠷᠢᠳᠠᠪᠠᠷ ᠥᠭᠡᠷ᠎ᠡ ᠨᠢᠭᠡᠨ ᠠᠶᠢᠯ ᠳᠤ ᠤᠴᠢᠵᠤ ᠬᠦᠮᠦᠨ ᠲᠣᠮᠢᠯᠠᠨ ᠥᠬᠢᠨ ᠦ ᠭᠡᠷ  ᠲᠦ ᠮᠡᠳᠡᠭᠳᠡᠵᠦ ᠪᠡᠯᠡᠳᠬᠡ‍ᠯᠭᠡᠳᠡᠭ᠃ ᠰᠢᠨ᠎ᠡ ᠪᠡᠷᠢ ᠶᠢᠨ ᠬᠢᠨ ᠲᠤᠰᠬᠠᠢ ᠨᠢᠭᠡᠨ ᠦᠷᠦᠭᠡ ᠭᠠᠷᠭᠠ‍ᠵᠤ ᠬᠤᠷᠢᠮ ᠤᠨ ᠶᠤᠰᠤᠯᠠᠯ  ᠳᠤ ᠪᠡᠯᠡᠳᠬᠡᠳ᠋ᠡᠭ ᠂ ᠡᠨᠡ ᠬᠥ ᠭᠡᠷ  ᠲᠦ ᠰᠢᠨ᠎ᠡ ᠬᠦᠷᠭᠡᠨ ᠢ ᠬᠠᠮᠲᠤ ᠢᠷᠡᠭᠰᠡᠳ ᠨᠢ ᠲᠦᠰᠢᠵᠦ ᠤᠷᠤᠭᠤᠯᠬᠤ ᠳᠤ ᠰᠢᠨ᠎ᠡ ᠪᠡᠷᠢ ᠴᠤ ᠳᠠᠭᠠᠯᠳᠤᠨ ᠤᠷᠤᠵᠤ᠂ ᠰᠢᠨ᠎ᠡ ᠪᠠᠷᠢ ᠰᠢᠨ᠎ᠡ ᠬᠦᠷᠭᠡᠨ ᠡᠰᠡᠷᠭᠦᠯᠡᠨ ᠰᠦᠭᠦᠳᠴᠦ᠂ ᠬᠠᠷᠢᠯᠴᠠᠨ ᠠᠷᠢᠬᠢ ᠪᠠᠷᠢᠵᠤ ᠬᠤᠨᠳᠠᠭ᠎ᠠ ᠰᠣᠯᠢᠯᠴᠠᠭᠰᠠᠨ ᠤ ᠳᠠᠷᠠᠭ᠎ᠠ᠂ ᠬᠤᠷᠢᠮ ᠤᠨ ᠳᠠᠶᠢᠯᠠᠯᠭ᠎ᠠ ᠡᠬᠢᠯᠡᠳᠡᠭ᠃ ᠤᠷᠢᠳᠠᠪᠠᠷ ᠬᠦᠢᠳᠡᠨ ᠨᠤᠭᠤᠭ᠎ᠠ᠂ ᠪᠣᠤᠪᠣ ᠪᠣᠭᠤᠷᠰᠤᠭ᠂ ᠰᠢᠬᠢᠷ ᠵᠢᠮᠢᠰ  ᠵᠡᠷᠭᠡ ᠢᠳᠡᠭᠡᠨ ᠣᠷᠣᠭᠤᠯᠤᠨ᠎ᠠ᠂ ᠬᠦᠢᠲᠡᠨ ᠨᠣᠭᠣᠭ᠎ᠠ ᠨᠢ ᠥᠨᠳᠡᠭᠡ᠂ ᠦᠬᠡᠷ ᠦᠨ ᠮᠢᠬ᠎ᠠ᠂ ᠵᠢᠭᠠᠰᠤᠨ ᠮᠢᠬ᠎ᠠ᠂ ᠭᠠᠬᠠᠢ ᠶᠢᠨ ᠮᠢᠬ᠎ᠠ᠂ ᠹᠧᠨᠲ᠋ᠢᠶᠣᠤᠷ ᠢᠶᠠᠷ ᠭᠣᠣᠯ ᠮᠠᠲ᠋ᠧᠷᠢᠶᠠᠯ ᠪᠣᠯᠭᠠᠵᠣ ᠬᠢᠭᠰᠡᠨ ᠨᠠᠷᠠ ᠰᠠᠷᠠ ᠪᠠᠩᠵᠠᠯ ᠵᠡᠷᠭᠡ ᠤᠯᠠᠨ ᠵᠦᠢᠯ ᠦᠨ ᠬᠡᠯᠪᠡᠷᠢ ᠲᠠᠢ ᠢᠳᠡᠭᠡ‍ᠨ ᠢ ᠣᠷᠣᠭᠤᠯᠳᠠᠭ᠃ ᠳᠠᠶᠢᠯᠠᠯᠭ᠎ᠠ ᠶᠢᠨ ᠰᠢᠷᠡᠭᠡᠨ ᠳᠤ᠂ ᠵᠣᠴᠢᠨ ᠳᠠᠶᠢᠯᠠᠳᠠᠭ ᠬᠦᠮᠦᠰ ᠨᠢ ᠰᠢᠨ᠎ᠡ ᠬᠦᠷᠭᠡᠨ ᠡᠴᠡ ᠤᠯᠠᠨ ᠵᠦᠢᠯ ᠦᠨ ᠰᠣᠨᠢᠷᠬᠠᠯᠲᠠᠢ ᠠᠰᠠᠭᠤᠳᠠᠯ ᠠᠰᠠᠭᠤᠳᠠᠭ᠂ ᠬᠠᠷᠢᠭᠤᠯᠵᠤ ᠲᠡᠶᠢᠯᠬᠦ ᠦᠭᠡᠢ ᠪᠣᠯ ᠰᠢᠨ᠎ᠡ ᠬᠦᠷᠭᠡᠨ ᠵᠣᠭᠣᠰ ᠭᠠᠷᠭᠠᠨ ᠶᠠᠭᠤᠮ᠎ᠠ ᠬᠤᠳᠠᠯᠳᠤᠨ ᠠᠪᠴᠤ ᠥᠭᠭᠦᠨ᠎ᠡ ᠃  ᠡᠶᠢᠨ ᠬᠦ ᠰᠢᠨ᠎ᠡ ᠬᠦᠷᠭᠡᠨ ᠦ ᠮᠡᠳᠡᠯᠭᠡ  ᠶᠢᠨ ᠬᠢᠷᠢ ᠬᠡᠮᠵᠢᠶ᠎ᠡ ᠶᠢ ᠰᠢᠯᠭᠠᠬᠤ ᠶᠢᠨ ᠬᠠᠮᠲᠤ ᠢᠨᠢᠶᠠᠳᠤᠮ ᠱᠣᠭ ᠭᠠᠷᠭᠠᠳᠠᠭ᠃ ᠬᠤᠷᠢᠮ ᠨᠠᠶᠢᠷ  ᠲᠡᠭᠦᠰᠬᠦ ᠠᠯᠳᠠᠬᠤ ᠳᠤ︽ᠤᠷᠳᠤ ᠨᠠᠰᠤᠯᠠᠬᠤ ᠭᠤᠯᠢᠷ ᠬᠣᠭᠣᠯᠠ︾ᠢᠳᠡᠭᠦᠯᠦᠨ᠎ᠡ᠂ ᠰᠢᠨ᠎ᠡ ᠬᠦᠷᠭᠡᠨ ᠦ ᠠᠶᠠᠭᠠᠨ ᠳᠤ ᠬᠠᠯᠢᠰᠤ ᠶᠢ ᠨᠢ ᠴᠠᠭᠠᠯᠠᠭᠰᠠᠨ ᠭᠤᠷᠪᠠᠨ ᠥᠨᠳᠡᠭᠡ ᠬᠢᠵᠦ ᠰᠢᠨ᠎ᠡ ᠬᠦᠷᠭᠡᠨ ᠵᠦᠪᠬᠡᠨ ᠨᠢᠭᠡ ᠥᠨᠳᠡᠭᠡ ᠶᠢ ᠢᠳᠡᠵᠦ ᠦᠯᠡᠳᠡᠭᠰᠡᠨ ᠬᠤᠶᠠᠷ ᠥᠨᠳᠡᠭᠡ ᠶᠢ ᠨᠢ ᠰᠢᠨ᠎ᠡ ᠪᠡᠷᠢ  ᠳᠤ ᠪᠠᠨ ᠥᠭᠳᠡᠭ᠃ ᠳᠠᠶᠢᠯᠠᠯᠭ᠎ᠠ ᠶᠢᠨ ᠰᠢᠷᠡᠭᠡᠨ ᠦ ᠢᠳᠡᠭᠡᠳ ᠦᠯᠡᠳᠡᠭᠰᠡᠨ ᠵᠦᠢᠯᠡᠰ ᠢ ᠨᠢ ᠰᠢᠨ᠎ᠡ ᠪᠡᠷᠢ ᠬᠠᠳᠠᠮ  ᠳᠦ ᠪᠡᠨ ᠠᠪᠴᠤ ᠶᠠᠪᠤᠳᠠᠭ᠃ ᠰᠢᠨ᠎ᠡ ᠪᠡᠷᠢ ᠬᠠᠳᠠᠮ ᠳᠤ ᠮᠣᠷᠳᠠᠬᠤ ᠳᠤ ᠪᠠᠰᠠ ᠨᠢᠭᠡᠨ ᠠᠬᠠᠮᠠᠳ ᠬᠦᠮᠥᠨ ᠪᠠᠷ᠎ᠠ ᠪᠣᠯᠵᠤ ᠬᠠᠮᠳᠤ ᠶᠠᠪᠤᠳᠠᠭ᠃ ᠰᠢᠨ᠎ᠡ ᠬᠦᠷᠭᠡᠨ ᠦ ᠬᠤᠷᠢᠮ ᠤᠨ ᠳᠠᠶᠢᠯᠠᠯᠭ᠎ᠠ ᠨᠢ ᠨᠡᠩ ᠦᠪᠡᠳᠡᠭᠰᠢ ᠶᠡᠬᠡ ᠪᠡᠷ ᠶᠠᠪᠤᠭᠳᠠᠳᠠᠭ᠃ ᠰᠢᠷᠡᠭᠡᠨ ᠳᠦ ᠡᠷᠬᠡᠪᠰᠢ ᠰᠢᠷᠠᠵᠦ ᠪᠣᠯᠭᠣᠭᠰᠠᠨ ᠵᠣᠭᠰᠣᠭ᠎ᠠ ᠪᠦᠬᠦᠯᠢ ᠡᠷᠡᠭᠴᠢᠨ ᠲᠠᠬᠢᠶ᠎ᠠ︵ᠡᠷᠡᠯᠬᠡᠭ ᠴᠢᠨᠠᠷ ᠢ ᠲᠦᠯᠦᠭᠡᠯᠡᠳᠡᠭ︶ᠣᠷᠤᠭᠤᠯᠵᠤ᠂ ᠲᠠᠬᠢᠶ᠎ᠠ ᠶᠢᠨ ᠠᠮᠠᠨ ᠳᠤ ᠤᠯᠠᠭᠠᠨ ᠯᠠᠵᠤᠤ ᠪᠣᠶᠤ ᠤᠯᠠᠭᠠᠨ ᠴᠢᠪᠠᠭ᠎ᠠ︵ᠡᠷᠲᠡ ᠨᠢᠭᠡᠨ ᠡᠳᠦᠷ ᠬᠡᠤᠬᠡᠳ ᠲᠠᠶ ᠪᠣᠯᠬᠤ ᠬᠡᠰᠡᠨ ᠰᠠᠨᠠᠭ᠎ᠠ︶ᠬᠢᠳᠡᠭ᠃ ᠳᠠᠶᠢᠯᠠᠯᠭ᠎ᠠ ᠳᠤ ᠰᠢᠨ᠎ᠡ ᠪᠡᠷᠢ ᠲᠦᠪᠯᠡᠭᠦᠨ ᠰᠠᠶᠢᠬᠠᠨ ᠰᠠᠭᠤᠵᠤ ᠡᠰᠢ ᠲᠡᠰᠢ ᠬᠠᠷᠠᠵᠤ ᠦᠭᠡᠢ᠃ ᠬᠤᠷᠢᠮ ᠤᠨ ᠳᠠᠶᠢᠯᠠᠯᠭ᠎ᠠ ᠳᠠᠭᠤᠰᠴᠤ᠂ ᠰᠢᠨ᠎ᠡ ᠭᠡᠷ ᠲᠦ ᠣᠷᠤᠬᠤ ᠳᠤ ᠳᠠᠭᠤᠤ ᠪᠦᠵᠢᠭ ᠦᠨ ᠤᠷᠠᠨ ᠰᠠᠶᠢᠬᠠᠨ  ᠦ ᠲᠣᠭᠯᠠᠭᠠᠮ ᠭᠠᠷᠭᠠᠳᠠᠭ᠂ ᠦᠳᠡᠰᠢ ᠨᠢ ᠰᠢᠨ᠎ᠡ ᠬᠤᠷᠢᠮᠯᠠᠭᠰᠠᠨ ᠬᠣᠶᠠᠷ ᠢ ᠱᠣᠭᠯᠠᠨ ᠦᠢᠮᠡᠭᠦᠯᠵ‍ᠤ᠂ ᠤᠯᠠᠨ ᠢᠶᠠᠷ ᠢᠶᠠᠨ ᠰᠢᠨ᠎ᠡ ᠬᠦᠷᠭᠡᠨ ᠦ ᠬᠥᠯ ᠦᠨ ᠤᠯᠠ ᠶᠢ ᠨᠢ ᠴᠣᠬᠢᠵᠤ ᠪᠠᠶᠢᠭᠠᠳ ᠰᠢᠨ᠎ᠡ ᠪᠡᠷᠢ ᠶᠢ ᠠᠯᠪᠠ ᠪᠠᠷ ᠰᠠᠶᠢᠬᠠᠨ ᠦᠭᠡ ᠬᠡᠯᠡᠭᠦᠯᠵᠦ ᠰᠢᠬᠢᠷ ᠪᠣᠤᠪᠣ ᠠᠷᠢᠬᠢ ᠵᠡᠷᠭᠡ ᠶᠢ ᠠᠪᠳᠠᠭ᠃ ᠡᠭᠦᠨ ᠦ ᠳᠠᠷᠠᠭ᠎ᠠ᠂ ᠰᠢᠨ᠎ᠡ ᠪᠡᠷᠢ ᠶᠢᠨ ᠪᠠᠷ᠎ᠠ ᠪᠣᠯᠣᠭᠴᠢ ᠠᠴᠠ ᠰᠢᠨ᠎ᠡ ᠬᠤᠷᠢᠮᠯᠠᠭᠰᠠᠨ ᠬᠣᠶᠠᠷ ᠤᠨ ᠤᠷᠤ ᠳᠡᠪᠢᠰᠭᠡᠷ ᠢ ᠨᠢ ᠳᠡᠪᠢᠰᠦᠨ᠎ᠡ᠃ ᠡᠷ᠎ᠡ ᠡᠮ᠎ᠡ ᠬᠤᠶᠠᠷ ᠣᠷᠣᠨ ᠳᠡᠭᠡᠷ᠎ᠡ ᠭᠠᠷᠬᠤ ᠠᠴᠠ ᠡᠮᠦᠨ᠎ᠡ᠂ ᠰᠢᠨ᠎ᠡ ᠬᠦᠷᠭᠡᠨ ᠨᠢ ᠡᠷᠬᠡᠪᠰᠢ ᠰᠢᠨ᠎ᠡ ᠪᠡᠷᠢ ᠶᠢᠨ ᠴᠡᠭᠡᠵᠢᠨ ᠡᠮᠦᠨᠡᠬᠢ ᠬᠤᠪᠴᠠᠰᠤᠨ ᠪᠦᠰᠡ ᠪᠣᠯᠣᠨ ᠪᠣᠢ ᠪᠦᠬᠦᠢ ᠲᠤᠪᠴᠢ ᠶᠢ ᠨᠢ ᠲᠠᠶᠢᠯᠤᠨ ᠦᠭᠴᠦ ᠦᠨᠡᠨᠴᠢ ᠰᠡᠳᠬᠢᠯᠭᠡ ᠪᠡᠨ ᠢᠯᠡᠷᠡᠭᠦᠯᠳᠡᠭ᠃ ᠰᠢᠨ᠎ᠡ ᠪᠡᠷᠢ ᠨᠢ ᠬᠣᠷᠢᠮᠯᠠᠭᠰᠠᠨ ᠤ ᠳᠠᠷᠠᠭᠠᠬᠢ ᠭᠤᠷᠪᠠᠳᠤᠭᠠᠷ ᠡᠳᠦᠷ ᠡᠴᠡ ᠡᠬᠢᠯᠡᠵᠦ ᠠᠵᠢᠯ ᠬᠢᠨ᠎ᠡ᠃ ᠠᠩᠬ᠎ᠠ ᠤᠳᠠᠭ᠎ᠠ ᠶᠢᠨ ᠪᠤᠳᠠᠭ᠎ᠠ ᠪᠠᠨ ᠲᠦᠷᠬᠦᠮ ᠡᠴᠡ ᠪᠡᠨ ᠠᠪᠴᠢᠷᠠᠭᠰᠠᠨ ᠪᠤᠳᠠᠭ᠎ᠠ ᠪᠠᠷ ᠴᠢᠨᠠᠵᠤ᠂ ᠪᠤᠳᠠᠭ᠎ᠠ ᠪᠠᠨ ᠢᠳᠡᠭᠰᠡᠨ ᠦ ᠳᠠᠷᠠᠭ᠎ᠠ᠂ ᠲᠦᠷᠦᠯ ᠰᠠᠳᠤᠨ ᠲᠠᠢ ᠪᠠᠨ ᠲᠠᠨᠢᠯᠴᠠᠨ᠎ᠠ᠃ ᠰᠢᠨ᠎ᠡ ᠪᠠᠷᠢ ᠭᠡᠷ ᠦᠨ ᠠᠬᠠᠮᠠᠳ ᠲᠤ ᠠᠷᠢᠬᠢ ᠪᠠᠷᠢᠵᠤ ᠰᠦᠭᠦᠳᠦᠨ ᠶᠡᠭᠡ ᠶᠤᠰᠤ ᠭᠦᠢᠴᠡᠳᠬᠡᠳᠡᠭ ᠪᠦᠭᠡᠳ ᠲᠦᠷᠬᠦᠮ ᠡᠴᠡ ᠪᠡᠨ ᠠᠪᠴᠢᠷᠠᠭᠰᠠᠨ ᠪᠡᠯᠡᠭ︵ᠬᠤᠪᠴᠠᠰᠤ ᠬᠤᠨᠠᠷ ᠱᠠᠬᠠᠢ ᠤᠶᠢᠮᠤᠰᠤ ᠵᠡᠷᠭᠡ︶ ᠢᠶᠡᠨ ᠤᠯᠠᠨ ᠳᠤ  ᠥᠭᠭᠦᠨ᠎ᠡ᠂ ᠬᠠᠳᠠᠮ ᠤᠨ ᠭᠡᠷ  ᠦᠨ ᠬᠢᠨ ᠴᠦ ᠰᠢᠨ᠎ᠡ ᠪᠡᠷᠢ ᠳᠦ ᠬᠠᠷᠢᠭᠤ ᠪᠡᠯᠡᠭ ᠥᠭᠳᠡᠭ᠃
          