ᠣᠪᠣᠭᠠᠨ ᠲᠠᠬᠢᠯᠭ᠎ᠠ
  
2022/12/9
      ᠣᠪᠣᠭ᠎ᠠ ᠭᠡᠵᠤ ᠴᠢᠯᠠᠭᠤ ᠶᠢ ᠵᠡᠷᠭᠡᠯᠡᠨ ᠮᠤᠩᠭᠤᠯ ᠭᠡᠷ ᠰᠢᠭ ᠤᠪᠤᠭᠠᠯᠠᠨ ᠪᠣᠰᠬᠠᠳᠠᠭ᠃ ᠤᠯᠠᠭᠠᠨᠬᠠᠳᠠ ᠬᠤᠳᠠ ᠶᠢᠨ ᠬᠡᠪᠴᠢᠶᠡᠨ ᠳᠦ ᠠᠭᠤᠯᠠᠨ ᠤᠷᠤᠢ᠂ ᠠᠭᠤᠯᠠᠨ ᠵᠠᠪᠠ᠂ ᠲᠠᠯ᠎ᠠ ᠭᠠᠵᠠᠷ ᠭᠡᠰᠡᠨ ᠦᠭᠡᠢ ᠣᠪᠣᠭ᠎ᠠ ᠲᠤᠩ ᠤᠯᠠᠨ ᠬᠠᠷᠠᠭᠳᠠᠳᠠᠭ᠃ ᠮᠤᠩᠭᠤᠯ ᠦᠨᠳᠦᠰᠦᠳᠡᠨ ᠣᠪᠣᠭ᠎ᠠ ᠪᠣᠰᠬᠠᠳᠠᠭ ᠨᠢ ᠬᠤᠶᠠᠷ ᠬᠡᠷᠡᠭᠴᠡᠭᠡ ᠲᠠᠢ ᠪᠠᠶᠢᠳᠠᠭ᠄ ᠨᠢᠭᠡ ᠳᠦ᠂ ᠵᠠᠮ ᠤᠨ ᠲᠡᠮᠳᠡᠭ ᠬᠢᠯᠢ ᠶᠢᠨ ᠵᠠᠭᠠᠭ ᠪᠣᠯᠭᠠ‍ᠨ᠎ᠠ᠂ ᠡᠭᠦᠨ ᠳᠦ ᠵᠥᠪᠬᠡᠨ ᠨᠢᠭᠡ ᠤᠪᠣᠭ᠎ᠠ ᠪᠣᠰᠬᠠᠪᠠᠯ ᠪᠣᠯᠴᠢᠬᠠᠨ᠎ᠠ᠃ ᠬᠤᠶᠠᠷ ᠲᠦ᠂ ᠲᠠᠬᠢᠯᠭ᠎ᠠ ᠬᠢᠬᠦ ᠳᠦ ᠵᠤᠷᠢᠭᠤᠯᠳᠠᠭ᠂ ᠡᠶᠢᠮᠦᠷᠬᠦ ᠣᠪᠣᠭ᠎ᠠ ᠨᠢ ᠶᠡᠭᠡ ᠪᠠᠭ᠎ᠠ ᠨᠢ ᠠᠳᠠᠯᠢ ᠪᠣᠰᠤ ᠦᠷᠦᠭᠡᠰᠦᠨ ᠲᠣᠭ᠎ᠠ ᠪᠡᠷ ᠪᠦᠷᠢᠯᠳᠦᠳᠡᠭ ᠮᠦᠷᠳᠡᠭᠡᠨ ᠬᠠᠮᠤᠭ ᠠᠷᠪᠢᠨ  ᠳᠦ ᠪᠡᠨ ᠠᠷᠪᠠᠨ ᠭᠤᠷᠪᠠ‍ᠨ ᠣᠪᠣᠭ᠎ᠠ ᠪᠠᠶᠢᠵᠤ᠂ ᠭᠣᠣᠯ ᠲᠤᠮᠳᠠᠬᠢ ᠣᠪᠣᠭ᠎ᠠ ᠪᠠᠷ ᠲᠦᠪᠯᠡᠨ ᠵᠡᠬᠦᠨ ᠪᠠᠷᠠᠭᠤᠨ ᠬᠤᠶᠠᠷ ᠵᠢᠭᠦᠷᠯᠡᠨ ᠵᠢᠭᠰᠠᠭᠠᠳᠠᠭ᠃ ᠭᠤᠣᠯ ᠣᠪᠣᠭ᠎ᠠ ᠶᠢ ᠦᠨᠳᠦᠷ ᠮᠥᠷᠳᠡᠭᠡᠨ ᠶᠡᠭᠡ ᠪᠣᠰᠬᠠᠵᠤ᠂ ᠣᠪᠣᠭᠠᠨ ᠲᠡᠭᠡᠷ᠎ᠠ ᠨᠠᠷᠠᠰᠤ ᠮᠠᠶᠢᠯᠠᠰᠤ ᠤᠯᠠᠭᠠᠨ ᠪᠣᠷᠭᠠᠰᠤ ᠬᠠᠳᠬᠤᠳᠠᠭ ᠪᠠ ᠭᠤᠣᠯ ᠳ᠋ᠤᠨᠢ ᠰᠦᠯᠳᠡ ᠪᠣᠰᠬᠠᠨ ᠬᠡᠶᠢᠮᠦᠷᠢ ᠶᠢᠨ ᠲᠠᠷᠴᠤᠭ ᠬᠡᠶᠢᠰᠬᠡᠳᠡᠭ᠃ ᠭᠤᠣᠯ ᠣᠪᠣᠭ᠎ᠠ ᠳᠤ ᠲᠠᠬᠢᠯᠭ᠎ᠠ ᠶᠢᠨ ᠮᠠᠨᠳᠤᠯ ᠲᠠᠢ ᠪᠦᠭᠡᠳ ᠵᠢᠯ ᠪᠦᠷᠢ  ᠲᠠᠬᠢᠯᠭ᠎ᠠ ᠲᠠᠬᠢᠬᠤ  ᠳᠤ ᠴᠢᠯᠠᠭᠤ ᠨᠡᠮᠡᠨ ᠵᠠᠰᠠᠨ ᠴᠢᠮᠡᠭᠯᠡᠵᠦ᠂ ᠰᠢᠨ᠎ᠡ ᠰᠠᠯᠠᠭ᠎ᠠ ᠮᠦᠴᠢᠷ ᠬᠠᠳᠬᠤᠵᠤ ᠦᠩᠭᠡᠲᠦ ᠲᠠᠷᠴᠤᠭ ᠬᠡᠶᠢᠰᠭᠡᠳᠡᠭ᠃ ᠡᠬᠦᠨ ᠢ ᠠᠭᠤᠯᠠ ᠶᠢᠨ ᠰᠦᠯᠳᠡ︵ᠰᠦᠯᠳᠡ ᠰᠠᠬᠢᠭᠤᠯᠰᠤᠨ︶ᠭᠡᠳᠡᠭ᠃       ᠣᠪᠣᠭᠠᠨ ᠳᠤ ᠬᠤᠰᠢᠭᠤ᠂ ᠰᠤᠮᠤ ᠂ ᠭᠠᠴᠠᠭ᠎ᠠ ᠲᠤᠰᠬᠤᠨ ᠠᠶᠢᠯ ᠵᠢᠴᠢ ᠰᠦᠮ᠎ᠡ ᠬᠡᠶᠢᠳ ᠦᠨ ᠣᠪᠣᠭ᠎ᠠ ᠭᠡᠬᠦ ᠮᠡᠲᠦ ᠵᠡᠷᠭᠡ ᠲᠡᠰ ᠦᠨ ᠢᠯᠭᠠᠭ᠎ᠠ ᠲᠠᠢ ᠪᠠᠶᠢᠳᠠᠭ᠃ ᠲᠠᠬᠢᠯᠭ᠎ᠠ ᠶᠢᠨ ᠬᠡᠪᠴᠢᠶ᠎ᠠ ᠨᠢ ᠡᠨᠡ ᠬᠦ ᠵᠡᠷᠭᠡ ᠲᠡᠰ ᠦᠨ ᠢᠯᠭᠠᠭ᠎ᠠ ᠪᠠᠷ ᠲᠤᠭᠳᠠᠭᠠᠭᠳᠠᠳᠠᠭ᠃ ᠠᠷᠤ ᠬᠤᠷᠴᠢᠨ ᠬᠤᠰᠢᠭᠤᠨ ᠤ ᠬᠠᠨ ᠠᠭᠤᠯᠠ ᠶᠢᠨ ᠣᠪᠣᠭ᠎ᠠ᠂ ᠪᠠᠭᠠᠷᠢᠨ ᠪᠠᠷᠠᠭᠤᠨ ᠬᠤᠰᠢᠭᠤᠨ ᠤ ᠰᠠᠶᠢᠬᠠᠨ ᠬᠠᠨ ᠠᠭᠤᠯᠠ ᠶᠢᠨ ᠣᠪᠣᠭ᠎ᠠ ᠪᠣᠯᠣᠨ ᠪᠠᠶᠠᠨ ᠬᠠᠨ ᠠᠭᠤᠯᠠ ᠶᠢᠨ ᠣᠪᠣᠭ᠎ᠠ᠂ ᠬᠡᠰᠢᠭᠳᠡᠨ ᠦ ᠰᠠᠶᠢᠬᠠᠨ ᠬᠠᠶᠢᠷᠬᠠᠨ ᠤ ᠣᠪᠣᠭ᠎ᠠ ᠵᠡᠷᠭᠡ ᠨᠢ ᠪᠦᠷ ᠬᠤᠰᠢᠭᠤᠨ ᠲᠡᠰ ᠦᠨ ᠣᠪᠣᠭ᠎ᠠ ᠳᠤ ᠪᠠᠭᠲᠠᠳᠠᠭ᠃ ᠡᠯ᠎ᠡ ᠭᠠᠵᠠᠷ ᠤᠨ ᠣᠪᠣᠭᠠᠨ ᠲᠠᠬᠢᠯᠭ᠎ᠠ ᠶᠢᠨ ᠬᠡᠯᠪᠡᠷᠢ ᠨᠢ ᠦᠨᠳᠦᠰᠦᠨ  ᠳᠤ ᠪᠠᠨ ᠲᠡᠮᠡᠢ ᠵᠦᠷᠢᠶ᠎ᠡ ᠦᠭᠡᠢ᠂ ᠵᠦᠪᠬᠡᠨ ᠡᠷᠬᠢᠯᠡᠨ ᠶᠠᠪᠤᠭᠳᠠᠭᠤᠯᠬᠤ ᠡᠲᠡᠭᠡᠳ ᠨᠢ ᠠᠳᠠᠯᠢ ᠪᠣᠰᠣ᠂ ᠬᠡᠪᠴᠢᠶ᠎ᠠ ᠶᠢᠨ ᠶᠡᠭᠡ ᠪᠠᠭ᠎ᠠ᠂ ᠶᠤᠰᠤᠯᠠᠯ ᠨᠢ ᠲᠦᠭᠦᠮ ᠡᠰᠡᠬᠦ ᠶᠢᠨ ᠵᠦᠷᠢᠶ᠎ᠡ ᠲᠠᠢ ᠪᠠᠶᠢᠳᠠᠭ᠃ ᠶᠠᠮᠠᠷ ᠳᠡᠰ ᠦᠨ ᠣᠪᠣᠭᠠᠨ ᠲᠠᠬᠢᠯᠭ᠎ᠠ ᠪᠣᠯᠣᠭᠰᠠᠨ ᠴᠤ ᠲᠤᠬᠠᠢ ᠶᠢᠨ ᠭᠠᠵᠠᠷ ᠤᠨ ᠢᠶᠠᠨ ᠥᠪᠡᠳᠡᠭᠰᠢ ᠴᠤᠭᠯᠠᠭᠠᠨ ᠪᠣᠯᠬᠣ ᠰᠠᠨ᠃ ᠬᠤᠰᠢᠭᠤᠨ ᠣᠪᠣᠭᠠᠨ ᠨᠠᠶᠢᠷ  ᠲᠤ ᠰᠤᠷ ᠬᠠᠷᠪᠤᠬᠤ᠂ ᠪᠦᠬᠡ ᠪᠠᠷᠢᠯᠳᠤᠬᠤ᠂ ᠮᠣᠷᠢ ᠤᠷᠤᠯᠳᠤᠬᠤ ᠵᠡᠷᠭᠡ ᠬᠦᠳᠡᠯᠭᠡᠭᠡᠨ ᠢ ᠦᠷᠨᠢᠭᠦᠯᠵᠤ᠂ ᠬᠥᠷᠰᠢ ᠵᠡᠷᠭᠡᠯᠡᠳᠡᠭᠡ ᠭᠠᠵᠠᠷ ᠤᠷᠤᠨ ᠤ ᠲᠠᠮᠢᠷᠴᠢᠳ ᠪᠦᠷ ᠤᠷᠤᠯᠴᠠᠵᠤ ᠪᠣᠯᠳᠠᠭ᠃ ᠣᠪᠣᠭᠠᠨ ᠲᠠᠬᠢᠯᠭ᠎ᠠ ᠪᠠᠨ ᠶᠡᠷᠤᠳᠡᠭᠡᠨ ᠣᠪᠣᠭ᠎ᠠ ᠠᠴᠠ ᠦᠢᠷᠠᠯᠴᠠᠭ᠎ᠠ ᠠᠭᠤᠯᠠ ᠶᠢ ᠲᠦᠰᠢᠵᠦ ᠤᠰᠤᠨ ᠤ ᠳᠡᠷᠭᠡᠳᠡ ᠲᠠᠯ᠎ᠠ ᠭᠠᠵᠠᠷ ᠶᠠᠪᠣᠭᠳᠠᠭᠤᠯᠳᠠᠭ᠃ ᠬᠦᠮᠦᠨ ᠪᠦᠬᠦᠨ ᠪᠦᠷ ᠥᠪᠡᠷ ᠥᠪᠡᠷ ᠦᠨ ᠢᠶᠡᠨ ᠲᠠᠬᠢᠯᠭ᠎ᠠ ᠶᠢᠨ ᠡᠳ᠋  ᠢᠶᠠᠨ ᠪᠡᠯᠡᠳᠬᠡᠳᠡᠭ᠃ ᠴᠢᠯᠤᠭᠡᠯᠡᠭᠳᠡᠬᠦ ᠡᠴᠡ ᠡᠮᠦᠨ᠎ᠠ᠂ ᠪᠦᠬᠦᠯᠢ ᠦᠬᠡᠷ ᠪᠦᠬᠦᠯᠢ ᠬᠣᠨᠢ ᠪᠠᠷ ᠲᠠᠬᠢᠳᠠᠭ ᠬᠦᠮᠦᠨ ᠪᠠᠶᠢᠭᠰᠠᠨ ᠪᠦᠭᠡᠳ ᠵᠠᠷᠢᠮ ᠨᠢ ᠪᠠᠰᠠ ᠥᠭᠡᠷ᠎ᠡ ᠪᠣᠰᠤᠳ ᠵᠦᠢᠯ ᠦᠨ ᠡᠳ᠋ ᠪᠤᠳᠠᠰ ᠢᠶᠠᠷ ᠲᠠᠬᠢᠳᠠᠭ ᠴᠦ ᠪᠣᠢ᠃ ᠪᠠᠭᠠᠷᠢᠨ ᠵᠡᠷᠭᠡ ᠭᠠᠵᠠᠷ ᠲᠤ ᠰᠠᠶᠢᠬᠠᠨ ᠬᠠᠨ ᠠᠭᠤᠯᠠ ᠶᠢᠨ ᠣᠪᠣᠭ᠎ᠠ  ᠶᠢ ︽ᠭᠤᠷᠪᠠ ᠶᠢᠰᠦ︾ᠬᠤᠷᠢᠨ ᠲᠤᠯᠤᠭ᠎ᠠ ᠪᠠᠷ ᠲᠠᠬᠢᠳᠠᠭ᠃ ᠴᠢᠩ ᠤᠯᠤᠰ ᠤᠨ ᠦᠶ᠎ᠡ ᠳᠦ᠂ ᠬᠠᠷᠠᠴᠢᠨ ᠨᠢ ᠬᠤᠶᠠᠷ ᠦᠭᠡᠷ᠂ ᠲᠠᠪᠤᠨ ᠬᠣᠨᠢ᠂ ᠨᠢᠭᠡ ᠮᠣᠷᠢ  ᠪᠠᠷ ᠲᠠᠬᠢᠳᠠᠭ᠃ ᠲᠠᠷᠢᠶᠠᠯᠠᠬᠤ ᠤᠷᠤᠨ ᠤ ᠬᠢᠨ ᠦᠭᠡᠷ ᠬᠣᠨᠢ ᠭᠠᠬᠠᠢ ᠶᠢᠨ ᠲᠤᠯᠤᠭᠠᠢ ᠪᠠᠷ ᠣᠪᠣᠭ᠎ᠠ ᠪᠠᠨ ᠲᠠᠬᠢᠳᠠᠭ᠃      ᠨᠠᠷᠠ ᠭᠠᠷᠬᠤ ᠠᠴᠠ ᠡᠮᠤᠨ᠎ᠠ ᠣᠪᠣᠭ᠎ᠠ ᠲᠠᠬᠢᠳᠠᠭ ᠵᠠᠩᠰᠢᠯ ᠲᠠᠢ᠂ ᠵᠠᠮ ᠵᠠᠭᠤᠷ᠎ᠠ ᠪᠠᠨ ᠴᠢᠯᠠᠭᠤ ᠲᠡᠭᠥᠵᠤ ᠣᠪᠣᠭ᠎ᠠ ᠳᠤ ᠪᠠᠨ ᠨᠡᠮᠡᠳᠡᠭ᠃ᠪᠢᠯᠢᠭ ᠦᠨ ᠤᠯᠠᠷᠢᠯ ᠤᠨ ᠲᠠᠪᠣᠨ ᠰᠠᠷ᠎ᠠ ᠶᠢᠨ ᠠᠷᠪᠠᠨ ᠭᠤᠷᠪᠠᠨ ᠪᠣᠶᠤ ᠵᠢᠷᠭᠤᠭᠠᠨ ᠰᠠᠷ᠎ᠠ ᠶᠢᠨ ᠬᠤᠷᠢᠨ ᠲᠦᠷᠪᠡᠨ ᠨᠢ ᠤᠯᠠᠮᠵᠢᠯᠠᠯᠳᠤ ᠣᠪᠣᠭ᠎ᠠ ᠲᠠᠬᠢᠯᠭ᠎ᠠ ᠶᠢᠨ ᠡᠳᠦᠷ ᠪᠣᠯᠬᠣ ᠶᠣᠮ᠃ ᠭᠡᠪᠡᠴᠤ ᠭᠠᠵᠠᠷ ᠭᠠᠵᠠᠷ ᠤᠨ ᠬᠢᠨᠢ ᠪᠠᠰᠠ ᠠᠳᠠᠯᠢ ᠪᠣᠰᠣ ᠪᠠᠶᠢᠳᠠᠭ᠃ ᠬᠠᠷᠠᠴᠢᠨ ᠨᠢ ᠲᠤᠯᠤᠭᠠᠨ ᠰᠠᠷ᠎ᠠ ᠳᠤ᠂ ᠪᠠᠭᠠᠷᠢᠨ ᠨᠢ ᠲᠥᠷᠪᠡᠨ ᠰᠠᠷ᠎ᠠ ᠳᠤ ᠲᠠᠬᠢᠳᠠᠭ᠃ ᠬᠠᠮᠤᠭ ᠡᠬᠢᠨ  ᠳᠤ ᠪᠠᠨ ᠪᠦᠬᠡ ︵ᠡᠷᠡᠭᠳᠡᠢ ᠶᠢ ᠨᠢ ᠪᠥᠭᠡ᠂ ᠡᠮᠡᠭᠲᠡᠢ ᠶᠢ ᠨᠢ ᠢᠳᠤᠭᠠᠨ ᠭᠡᠵᠤ ᠨᠡᠷᠡᠯᠡᠳᠡᠭ︶  ᠲᠠᠷᠨᠢ ᠤᠩᠰᠢᠨ ᠲᠠᠶᠢᠯᠭ᠎ᠠ ᠶᠢ ᠡᠷᠬᠢᠯᠡᠨ ᠶᠠᠪᠤᠭᠳᠠᠭᠤᠯᠵᠤ ᠪᠠᠶᠢᠭᠰᠠᠨ ᠢᠶᠠᠨ ᠰᠡᠭᠦᠯᠡᠷ ᠨᠢ ᠯᠠᠮᠠ ᠨᠠᠷ ︽ᠨᠣᠮ ᠬᠦᠷᠢᠮ︾ᠦᠢᠯᠡᠳᠦᠨ ᠲᠠᠬᠢᠳᠠᠭ ᠪᠣᠯᠵᠠᠢ᠃ ᠪᠥᠭᠡ ᠪᠥᠭᠡᠯᠡᠬᠦ  ᠳᠤ ᠴᠢᠰᠤ ᠬᠡᠷᠡᠭᠯᠡᠵᠦ᠂ ᠬᠦᠷᠢᠮ ᠨᠣᠮ ᠦᠢᠯᠡᠳᠦᠨ ᠲᠠᠬᠢᠬᠤ ᠳᠤ ᠦᠨᠢᠶᠠᠨ ᠰᠦ ᠠᠷᠢᠬᠢ ᠵᠢᠮᠢᠰ ᠦᠨ ᠰᠢᠭᠦᠰᠤ ᠵᠡᠷᠭᠡ ᠪᠠᠷ ᠣᠷᠣᠯᠠᠭᠤᠯ‍‍ᠬᠣ ᠪᠣᠯᠵᠠᠢ᠃ ᠯᠠᠮᠠ ᠨᠠᠷ  ᠤᠨ ᠲᠠᠬᠢᠯᠭ᠎ᠠ ᠳᠤ ᠭᠠᠨᠵᠤᠤᠷ ᠣᠩᠰᠢᠵᠤ᠂ ᠲᠤᠮᠤ ᠬᠡᠯᠪᠡᠷᠢ ᠶᠢᠨ ᠵᠡᠰ ᠪᠦᠷᠢᠶ᠎ᠠ ᠦᠯᠢᠶᠡᠵᠤ᠂ ᠬᠡᠩᠭᠡᠷᠭᠡ ᠪᠦᠷᠢᠶ᠎ᠠ ᠶᠢᠨ ᠠᠶᠢᠵᠠᠮᠲᠤ ᠠᠶᠠᠰ ᠨᠢ ᠠᠯᠤᠰ ᠬᠤᠯᠠ ᠴᠤᠤᠷᠢᠶᠠᠲᠤᠳᠠᠭ᠃ ᠸᠠᠩ ᠭᠦᠩ ᠨᠠᠷ ᠤᠨ ᠲᠠᠬᠢᠯᠭ᠎ᠠ ᠳᠤ ᠶᠢᠰᠤ ᠤᠳᠠᠭ᠎ᠠ ᠭᠠᠯᠳᠤ ᠫᠤᠤ ᠳᠤᠤᠭᠠᠷᠭᠠᠨ᠂ ᠮᠠᠶᠢᠷᠠᠨ  ᠲᠠᠬᠢᠯᠭ᠎ᠠ ᠶᠢᠨ ᠰᠠᠩ ᠤᠩᠰᠢᠵᠤ ᠠᠷᠢᠭᠢ ᠬᠡᠮᠨᠡᠨ ᠬᠦᠵᠢ ᠰᠢᠲᠠᠭᠠᠳᠠᠭ ᠪᠦᠭᠡᠳ ᠣᠪᠣᠭ᠎ᠠ ᠳᠤ ᠭᠠᠤᠯᠢᠨ ᠵᠤᠭᠤᠰ ᠡᠷᠬᠦᠵᠤ᠂ ᠭᠤᠷᠪᠠᠨ ᠭᠤᠷᠪᠠ ᠶᠢᠰᠤᠨᠲᠠ ᠰᠦᠭᠦᠳᠦᠨ ᠮᠦᠷᠭᠦᠵᠤ᠂ ᠸᠠᠩ ᠨᠤᠶᠠᠨ ᠤᠯᠠᠨ ᠢᠶᠠᠨ ᠳᠠᠭᠠᠭᠤᠯᠤᠨ ᠣᠪᠣᠭ᠎ᠠ ᠶᠢ ᠭᠤᠷᠪᠠᠨᠳᠠ ᠲᠤᠭᠤᠷᠢᠨ ᠡᠷᠭᠢᠳᠡᠭ᠃ ᠲᠠᠬᠢᠯᠭ᠎ᠠ ᠳᠠᠭᠤᠰᠤᠭᠰᠠᠨ ᠤ ᠳᠠᠷᠠᠭ᠎ᠠ᠂ ᠬᠥᠳᠡᠭᠡ ᠬᠡᠭᠡᠷ᠎ᠠ ᠠᠮᠲᠠᠲᠦ ᠬᠤᠭᠤᠯᠠ ᠢᠳᠡᠵᠡᠭᠡᠨ᠂ ᠲᠠᠬᠢᠯᠭ᠎ᠠ ᠶᠢᠨ ᠵᠦᠢᠯᠡᠰ ᠢᠶᠡᠨ ᠲᠦᠭᠡᠭᠡᠨ᠂ ᠪᠣᠷᠭᠢᠯᠦᠨ ᠤᠷᠤᠰᠬᠤ ᠠᠷᠢᠭᠤᠨ ᠪᠤᠯᠠᠭ ᠤᠨ  ᠤᠰᠤᠨ ᠳᠤ ᠮᠠᠯ ᠰᠦᠷᠦᠭ ᠢᠶᠡᠨ ᠤᠰᠤᠯᠠᠭᠰᠠᠨ ᠤ ᠲᠠᠷᠠᠭ᠎ᠠ᠂ ᠡᠯ᠎ᠡ ᠵᠦᠢᠯ ᠦᠨ ᠨᠠᠭᠠᠳᠤᠮ ᠤᠨ ᠬᠦᠳᠡᠯᠭᠡᠭᠡᠨ ᠳᠦ ᠤᠷᠤᠯᠴᠠᠳᠠᠭ᠃ ᠶᠤᠸᠠᠨ ᠤᠯᠤᠰ ᠤᠨ ᠦᠶ᠎ᠡ ᠳᠦ ᠨᠡᠷᠡᠯᠡᠭᠰᠡᠨ ᠬᠡᠰᠢᠭᠳᠡᠨ ᠬᠤᠰᠢᠭᠤᠨ ᠤ ᠬᠠᠮᠤᠭ ᠠᠯᠳᠠᠷᠳᠤ ᠲᠠᠪᠤᠨ ᠬᠠᠶᠢᠷᠬᠠᠨ ᠰᠠᠶᠢᠬᠠᠨ᠂ ᠲᠣᠭᠤᠭ᠎ᠠ᠂ ᠭᠠᠯᠳᠠᠰᠤᠳᠠᠢ᠂ ᠲᠦᠰᠢ᠂ ᠪᠠᠶᠠᠨ ᠵᠡᠷᠭᠡ ᠬᠠᠶᠢᠷᠬᠠᠨ  ᠦ ᠲᠤᠳᠤᠷ᠎ᠠ ᠰᠠᠶᠢᠬᠠᠨ ︵ᠤᠳᠤᠬᠢ ᠰᠠᠶᠢᠬᠠᠨ ᠳᠠᠪᠠᠭ᠎ᠠ︶ ᠬᠠᠶᠢᠷᠬᠠᠨ ᠨᠢ ᠴᠢᠩ ᠤᠯᠤᠰ  ᠤᠨ ᠦᠶ᠎ᠡ ᠶᠢᠨ ᠬᠠᠭᠠᠨ ᠲᠠᠬᠢᠯᠭ᠎ᠠ ᠶᠢᠨ ᠪᠣᠭᠳᠠ ᠬᠠᠶᠢᠷᠬᠠᠨ ᠪᠣᠯᠬᠣ ᠶᠤᠮ᠃ ᠰᠠᠶᠢᠰᠢᠶᠠᠯ ᠢᠷᠤᠭᠡᠯᠲᠦ ᠶᠢᠨ ᠠᠷᠪᠠᠨ ᠲᠠᠪᠤᠳᠦᠭᠠᠷ ᠣᠨ (1810 ᠣᠨ)  ᠤ ᠨᠠᠮᠤᠷ᠂ ᠿᠸᠨᠽᠦ‍ᠢᠩ︵ᠠᠶᠢᠰᠢᠨ ᠭᠢᠷᠤ᠋ • ᠶᠦᠩ ᠶᠠᠨ︶ ᠬᠠᠭᠠᠨ ᠰᠠᠶᠢᠬᠠᠨ ᠳᠠᠪᠠᠭ᠎ᠠ ᠳᠤ ᠠᠪᠠᠷᠢᠨ᠂ ᠲᠦᠷᠦ ᠶᠢᠨ ᠲᠦᠰᠢᠮᠡᠳ ᠲᠠᠢ ᠪᠠᠨ ᠵᠦᠪᠯᠡᠯᠳᠦᠨ ᠲᠠᠬᠢᠯᠭ᠎ᠠ ᠶᠢᠨ ᠶᠤᠰᠤᠯᠠᠯ ᠬᠢᠵᠤ᠂ ᠵᠢᠯ ᠪᠦᠷᠢ ᠶᠢᠨ ᠬᠠᠪᠣᠷ ᠨᠠᠮᠤᠷ ᠲᠠᠬᠢᠲᠦᠭᠠᠢ ᠭᠡᠵᠤ ᠵᠠᠷᠯᠢᠭᠳᠠᠪᠠ᠃ ᠡᠶᠢᠮᠦ ᠡᠴᠡ ᠣᠪᠣᠭ᠎ᠠ ᠪᠣᠰᠬᠠᠨ ᠰᠦᠮ᠎ᠡ ᠪᠠᠶᠢᠭᠤᠯᠵᠤ᠂ ᠰᠠᠶᠢᠬᠠᠨ ᠳᠠᠪᠠᠭ᠎ᠠ ᠳᠤ ᠪᠣᠷᠬᠠᠨ ᠤ ᠬᠦᠷᠦᠭ ᠱᠤᠭᠤᠵᠤ᠂ ᠵᠢᠯ ᠪᠦᠷᠢ ᠶᠢᠨ ᠬᠠᠪᠤᠷ ᠨᠠᠮᠤᠷ ᠲᠠᠬᠢᠯᠭ᠎ᠠ ᠶᠢᠨ ᠶᠤᠰᠤᠯᠠᠯ ᠶᠠᠪᠤᠭᠤᠯᠳᠠᠭ᠃ ᠴᠢᠩ ᠤᠯᠤᠰ ᠤᠨ ᠰᠡᠭᠦᠯᠴᠢ ᠵᠢᠴᠢ ᠢᠷᠭᠡᠨ ᠤᠯᠤᠰ ᠤᠨ ᠦᠶ᠎ᠡ ᠳᠦ᠂ ᠡᠨᠡ ᠬᠦ ᠠᠷᠢᠭᠤᠨ ᠲᠠᠬᠢᠯᠭ᠎ᠠ ᠪᠠᠨ ᠪᠠᠶᠠᠨ ᠬᠠᠶᠢᠷᠬᠠᠨ ︵ᠤᠳᠤᠬᠢ ᠪᠠᠶᠠ‍ᠡᠠᠣᠪᠣᠭ᠎ᠠ ᠶᠢᠨ ᠤᠯᠠᠭᠠᠨ ᠭᠠᠴᠤᠷ᠎ᠠ ᠶᠢᠨ ᠬᠠᠮᠠᠭᠠᠯᠠᠯᠳᠠ ᠶᠢᠨ ᠤᠷᠤᠨ︶  ᠳᠤ ᠰᠢᠯᠵᠢᠭᠦᠯᠵᠤ᠂ ᠵᠢᠯ ᠪᠦᠷᠢ ᠶᠢᠨ ᠪᠢᠯᠢᠭ ᠦᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠦᠷ ᠲᠠᠬᠢᠳᠠᠭ᠃ ᠴᠢᠯᠤᠭᠡᠯᠡᠭᠳᠡᠭᠰᠡᠨ ᠤ ᠳᠠᠷᠠᠭ᠎ᠠ ᠨᠢᠭᠡᠨ ᠦᠶ᠎ᠡ ᠲᠠᠬᠢᠯᠭ᠎ᠠ ᠲᠠᠰᠤᠷᠠᠪᠠ᠃ 1987 ᠤᠨ ᠳᠤ ᠠᠷᠪᠠᠳᠤᠭᠠᠷ ᠦᠶ᠎ᠡ ᠶᠢᠨ ᠪᠠᠨᠴᠢᠨ ᠴᠤᠶᠢᠵᠢᠵᠠᠯᠰᠠᠨ ᠪᠤᠷᠬᠠᠨ ᠪᠠᠭᠰᠢ ᠨᠢᠭᠡ ᠠᠯᠳᠠᠨ ᠪᠤᠷᠬᠠᠨ ᠢ ᠵᠠᠯᠠᠵᠤ ᠦᠭᠭᠦᠭᠰᠡᠨ ᠡᠴᠡ ᠬᠤᠶᠢᠰᠢ ᠵᠢᠯ ᠪᠦᠷᠢ ᠶᠢᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠲᠠᠬᠢᠯᠭ᠎ᠠ ᠪᠠᠨ ᠰᠡᠷᠭᠦᠭᠡᠵᠡᠢ᠃ ᠤᠳᠠᠭ᠎ᠠ ᠪᠣᠯᠭᠠᠨ ᠤ ᠲᠠᠬᠢᠯᠭ᠎ᠠ ᠳᠤ ᠤᠯᠠᠨ ᠬᠦᠮᠦᠨ ᠴᠤᠭᠯᠠᠷᠠᠨ ᠬᠠᠳᠠᠭ ᠡᠷᠭᠦᠵᠤ ᠫᠤᠤᠵᠢᠩ ᠲᠠᠯᠪᠢᠠ ᠪᠦᠬᠡ ᠪᠠᠷᠢᠯᠳᠤᠨ ᠵᠢᠷᠤᠭ᠎ᠠ ᠮᠣᠷᠢ ᠤᠷᠤᠯᠳᠤᠨ ᠬᠤᠳᠠᠯᠳᠤᠭ᠎ᠠ ᠮᠠᠶᠢᠮᠠᠢ ᠴᠤᠭᠯᠠᠷᠠᠵᠤ᠂ ᠲᠤᠭᠯᠠᠯᠲᠠ ᠭᠠᠷᠭᠠᠨ ᠨᠤᠮ ᠤᠩᠰᠢᠵᠤ᠂ ᠪᠣᠷᠬᠠᠨ ᠳᠤ ᠮᠦᠷᠭᠦᠵᠤ᠂ ᠭᠤᠷᠪᠠᠨ ᠡᠳᠦᠷ ᠭᠤᠷᠪᠠᠨ ᠰᠦᠨᠢ ᠨᠠᠶᠢᠷᠠᠯᠳᠤᠵᠤ ᠶᠡᠷᠤ ᠪᠣᠰᠤ ᠶᠢᠨ ᠬᠦᠭᠵᠢᠶᠡᠨ ᠲᠠᠢ ᠪᠠᠶᠢᠳᠠᠭ᠃
          