ᠴᠡᠭᠡᠷᠯᠡᠯ
  
2022/12/9
       ᠬᠠᠭᠤᠴᠢᠨ ᠦ ᠦᠶ᠎ᠡ ᠳᠦ ᠮᠤᠩᠭᠤᠯᠴᠤᠳ ᠤᠨ ᠲᠤᠮᠳᠠ ᠮᠠᠰᠢ ᠤᠯᠠᠨ ᠴᠡᠭᠡᠷ ᠤᠯᠠᠮᠵᠢᠯᠠᠭᠳᠠᠵᠤ ᠪᠠᠶᠢᠵᠠᠢ᠃ ᠡᠳᠤᠷ ᠳᠤᠲᠤᠮ ᠤᠨ ᠴᠡᠭᠡᠷᠯᠡᠯ ᠳᠦ ᠡᠬᠦᠳᠡᠨ ᠪᠣᠱᠣᠭᠤ ᠲᠡᠭᠡᠷ᠎ᠠ ᠬᠢᠰᠬᠢ‍ᠵᠤ ᠪᠣᠯᠬᠤ ᠦᠭᠡᠢ᠂ ᠰᠠᠳᠤᠨ ᠲᠦᠷᠦᠯ ᠦᠨ  ᠳᠤ ᠪᠠᠨ ᠠᠶᠢᠯᠴᠢᠯᠠᠬᠤ ᠳᠤ ᠮᠠᠯᠠᠭᠠᠢ ᠪᠠᠨ ᠵᠦᠷᠢᠭᠦᠤ ᠪᠤᠷᠤᠭᠤ ᠵᠡᠭᠦᠵᠤ ᠪᠣᠯᠬᠤ ᠦᠭᠡᠢ᠂ ᠭᠠᠯ ᠤᠨ ᠬᠤᠪᠤᠩ᠂ ᠲᠤᠯᠭ᠎ᠠ ᠲᠡᠭᠡᠷ᠎ᠠ ᠲᠠᠮᠠᠭᠢᠨ ᠤ ᠭᠠᠩᠰᠠ ᠲᠤᠭᠰᠢᠵᠤ ᠪᠣᠯᠬᠤ ᠦᠭᠡᠢ᠂ ᠮᠣᠷᠢ ᠯᠠᠭᠤᠰᠠ ᠨᠤᠬᠠᠢ ᠶᠢᠨ ᠮᠢᠬ᠎ᠠ ᠢᠳᠡᠬᠦ ᠶᠢ ᠴᠡᠭᠡᠷᠯᠡᠨ᠎ᠠ᠂ ᠵᠢᠭᠠᠰᠤ ᠢᠳᠡᠬᠦ ᠶᠢ ᠴᠡᠭᠡᠷᠯᠡᠨ᠎ᠠ᠂ ᠳᠣᠯᠭᠢᠨ ᠲᠤᠭᠰᠢᠨ ᠰᠢᠪᠠᠭᠤᠳ ᠢ ᠠᠯᠠᠬᠤ ᠶᠢ ᠴᠡᠭᠡᠷᠯᠡᠨ᠎ᠠ᠂ ᠮᠤᠭᠠᠢ ᠠᠯᠠᠬᠤ ᠶᠢ ᠴᠡᠭᠡᠷᠯᠡᠨ᠎ᠠ᠂ ᠭᠠᠳᠠᠨ᠎ᠠ ᠶᠢᠨ ᠬᠦᠮᠦᠨ ᠠᠶᠢᠯ ᠳᠤ ᠣᠷᠤᠬᠣ  ᠳᠦ ᠪᠡᠨ ᠲᠠᠰᠢᠭᠤᠷ ᠬᠠᠵᠠᠭᠠᠷ ᠪᠣᠯᠤᠨ ᠱᠤᠤᠮᠠᠰᠠ ᠡᠭᠦᠷᠴᠤ ᠭᠡᠷ ᠲᠦ ᠤᠷᠤᠵᠤ ᠪᠣᠯᠬᠣ ᠦᠭᠡᠢ᠂ ᠤᠨᠲᠠᠬᠤ ᠦᠶ᠎ᠡ ᠳᠦ ᠬᠥᠯ ᠢᠶᠡᠨ ᠪᠠᠷᠠᠭᠤᠨ ᠬᠤᠶᠢᠰᠢ ︵ᠪᠤᠷᠬᠠᠨ ᠲᠠᠬᠢᠯ  ᠥᠭᠡᠳᠡ︶ ᠬᠠᠨᠳᠤᠭᠤᠯᠵᠤ ᠬᠡᠪᠳᠡᠵᠤ ᠪᠣᠯᠬᠤ ᠦᠭᠡᠢ᠂ ᠪᠣᠰᠤᠳ ᠤᠨ ᠲᠤᠯᠤᠭᠠᠢ ᠳᠦ ᠭᠠᠷ ᠬᠦᠷᠬᠦ ᠶᠢ ᠴᠡᠭᠡᠷᠯᠡᠨ᠎ᠡ᠂ ᠡᠮᠡᠭᠳᠡᠢ ᠬᠦᠮᠦᠨ ᠦᠮᠤᠳᠤ ᠪᠠᠨ ᠡᠷᠤᠢ ᠬᠣᠷᠤᠢ ᠦᠭᠡᠢ ᠡᠯᠭᠦᠵᠦ ᠲᠠᠯᠪᠢᠵᠤ ᠪᠣᠯᠬᠣ ᠦᠭᠡᠢ᠂ ᠬᠡᠤᠬᠡᠳ ᠡᠮᠡᠭᠲᠡᠢ ᠬᠥᠮᠥᠨ ᠦ ᠰᠤᠭᠤᠨ ᠲᠤᠤᠭᠤᠷ ᠰᠢᠷᠭᠤᠬᠤ ᠦᠭᠡᠢ᠂ ᠰᠦᠮ᠎ᠡ ᠬᠡᠶᠢᠳ ᠦᠨ ᠮᠤᠳᠤ ᠶᠢ ᠳᠤᠷ᠎ᠠ ᠪᠠᠷ ᠣᠭᠲᠣᠯᠵᠤ ᠪᠣᠯᠬᠤ ᠦᠭᠡᠢ᠃       ᠪᠠᠶᠠᠷ ᠲᠤᠷᠠᠰᠬᠠᠯ ᠤᠨ ᠡᠳᠤᠷ ᠤᠨ ᠴᠡᠭᠡᠷ᠄ ᠪᠢᠲᠡᠭᠦᠨ ᠦ ᠤᠷᠤᠢ ᠪᠡᠯᠭᠡ ᠳᠡᠮᠪᠡᠷᠢᠯ ᠦᠭᠡᠢ ᠦᠭᠡ ᠬᠡᠯᠡᠳᠡᠭ ᠦᠭᠡᠢ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠦ ᠭᠠᠵᠠᠷ ᠱᠦᠭᠦᠷᠳᠡᠬᠦ᠂ ᠠᠮᠢᠳᠠᠨ ᠢ ᠠᠯᠠᠬᠤ᠂ ᠡᠳ᠋ ᠥᠯᠥᠭ ᠢᠶᠡᠨ ᠡᠪᠳᠡᠯᠡᠵᠤ ᠬᠠᠭᠠᠯᠬᠤ ᠶᠢ ᠴᠡᠭᠡᠷᠯᠡᠨ᠎ᠠ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠡᠴᠡ ᠲᠠᠪᠣᠨ ᠪᠣᠯᠳᠠᠯ᠎ᠠ ᠵᠡᠭᠦᠦ ᠤᠲᠠᠰᠤ ᠬᠦᠳᠡᠯᠭᠡᠬᠦ ᠶᠢ ᠴᠡᠭᠡᠷᠯᠡᠨ᠎ᠠ᠃       ᠤᠷᠤᠭ ᠬᠤᠷᠢᠮ ᠤᠨ ᠴᠡᠭᠡᠷ᠄ ᠬᠡᠷᠯᠡᠬᠦ ᠳᠦ ᠡᠮᠡᠭᠳᠡᠢ ᠬᠦᠮᠦᠨ ᠡᠷᠡᠭᠲᠡᠢ ᠡᠴᠡ ᠪᠠᠨ ᠨᠢᠭᠡ ᠨᠠᠰᠤ ᠶᠡᠭᠡ ᠶᠢ ᠴᠡᠭᠡᠷᠯᠡᠬᠦ᠂ ᠠᠤᠬᠠᠨ ᠤ ᠭᠠᠵᠠᠷ ᠤᠷᠤᠨ ᠳᠤ ᠠᠬ᠎ᠠ ᠨᠢ ᠨᠠᠰᠤ ᠪᠠᠷᠠᠪᠠᠯ ᠲᠡᠭᠥᠤ ᠨᠢ ᠪᠡᠷᠭᠡᠨ ᠲᠠᠢ ᠪᠠᠨ ᠰᠠᠭᠤᠵᠤ ᠪᠣᠯᠬᠣ ᠪᠣᠯᠪᠠᠴᠤ᠂ ᠳᠡᠭᠦᠤ ᠨᠢ ᠨᠠᠰᠤ ᠪᠠᠷᠠᠪᠠᠯ ᠠᠬ᠎ᠠ ᠨᠢ ᠳᠡᠭᠦᠤ ᠶᠢᠨ ᠢᠶᠡᠨ ᠡᠬᠡᠨᠡᠷ ᠲᠠᠶ ᠰᠠᠭᠤᠵᠤ ᠪᠣᠯᠳᠠᠭ ᠦᠭᠡᠢ᠃      ᠬᠡᠤᠬᠡᠳ ᠬᠦᠩᠭᠡᠵᠢᠬᠦ ᠴᠡᠭᠡᠷ᠄ ᠬᠦᠩᠭᠡᠵᠢᠭᠰᠡᠨ ᠡᠮᠡᠭᠲᠡᠢ  ᠶᠢᠨ ᠭᠡᠷ ᠲᠦ ᠲᠠᠨᠢᠯ ᠪᠣᠰᠤ ᠬᠦᠮᠦᠨ ᠤᠷᠤᠬᠤ ᠶᠢ ᠴᠡᠭᠡᠷᠯᠡᠬᠦ᠂ ᠬᠦᠤ ᠲᠠᠢ ᠪᠣᠯᠪᠠᠯ ᠭᠡᠷ ᠦᠨ ᠡᠭᠦᠳᠡᠨ ᠲᠡᠭᠡᠷ᠎ᠠ ᠪᠠᠨ ᠨᠣᠮᠣ ᠰᠤᠮᠤ ᠡᠯᠭᠦᠵᠤ᠂ ᠬᠡᠤᠬᠡᠨ ᠲᠠᠢ ᠪᠣᠯᠪᠠᠯ ᠤᠯᠠᠭᠠᠨ ᠪᠦᠰᠡ ᠡᠯᠭᠦᠵᠤ᠂ ᠬᠦᠩᠭᠡᠵᠢᠵᠤ ᠨᠢᠷᠠᠶᠢᠯᠠᠬᠤ ᠦᠶ᠎ᠡ ᠳᠦ ᠲᠡᠭᠷᠢ ᠶᠢᠨ ᠨᠣᠬᠠᠢ ᠶᠢᠨ ᠵᠦᠭ ᠬᠠᠨᠳᠤᠭᠤᠯᠵᠤ ᠰᠠᠭᠤᠯᠭᠠᠬᠤ ᠶᠢ ᠴᠡᠭᠡᠷᠯᠡᠬᠦ᠃ ᠲᠠᠷᠤᠢ ᠲᠡᠭᠷᠢ ᠶᠢᠨ ᠬᠠᠷ᠎ᠠ ᠨᠣᠬᠠᠢ ᠬᠠᠪᠣᠷ ᠤᠨ ᠤᠯᠠᠷᠢᠯ ᠳᠤ ᠵᠡᠭᠦᠨ ᠵᠦᠭ᠂ ᠵᠤᠨ ᠤ ᠭᠤᠷᠪᠠᠨ ᠰᠠᠷ᠎ᠠ ᠳᠤ ᠡᠮᠤᠨ᠎ᠠ ᠵᠦᠭ ᠲᠦ᠂ ᠨᠠᠮᠤᠷ ᠤᠨ ᠤᠯᠠᠷᠢᠯ ᠳᠤ ᠪᠠᠷᠠᠭᠤᠨ ᠵᠦᠭ ᠲᠦ᠂ ᠡᠪᠤᠯ ᠤᠨ ᠤᠯᠠᠷᠢᠯ ᠳᠤ ᠤᠮᠠᠷ᠎ᠠ ᠵᠦᠭ ᠲᠦ ᠠᠮᠠ ᠪᠠᠨ ᠠᠩᠭᠠᠶᠢᠵᠤ ᠤᠷᠤᠰᠢᠳᠠᠭ ᠲᠤᠯᠠ ᠲᠡᠭᠷᠢ ᠶᠢᠨ ᠬᠠᠷ᠎ᠠ ᠨᠤᠬᠠᠢ ᠶᠢᠨ ᠠᠮᠠᠨ ᠵᠦᠭ ᠬᠠᠨᠳᠤᠭᠤᠯᠵᠤ ᠰᠠᠭᠤᠯᠭᠠᠬᠤ ᠶᠢ ᠴᠡᠭᠡᠷᠯᠡᠳᠡᠭ ᠶᠤᠮ᠃ ᠰᠠᠷ᠎ᠠ  ᠳᠤ ᠰᠠᠭᠤᠭᠰᠠᠨ ᠡᠮᠡᠭᠳᠡᠢ ᠳᠦ ᠲᠦᠭᠦᠬᠡᠢ ᠳᠠᠪᠤᠰᠤ ᠢᠳᠡᠬᠦᠯᠬᠦ ᠶᠢ ᠴᠡᠭᠡᠷᠯᠡᠳᠡᠭ᠃ ᠬᠡᠦᠬᠡᠳ ᠰᠠᠷ᠎ᠠ ᠲᠦᠭᠦᠷᠬᠦ ᠳᠦ ︽ᠤᠷᠳᠤ ᠨᠠᠰᠤᠯᠠᠬᠤ ᠭᠤᠯᠢᠷ ᠪᠤᠳᠠᠭ᠎ᠠ︾ ᠳᠤ ᠮᠢᠬ᠎ᠠ ᠬᠢᠬᠦ ᠶᠢ ᠴᠡᠭᠡᠷᠯᠡᠨ᠎ᠠ᠂ ᠰᠠᠷ᠎ᠠ ᠶᠢᠨ ᠬᠤᠷᠢᠮ ᠳᠤ ᠤᠷᠤᠯᠴᠠᠭᠰᠠᠳ ᠬᠡᠤᠬᠡᠳ ᠲᠤ ᠵᠤᠭᠤᠰ ᠪᠤᠶᠤ ᠬᠤᠪᠴᠠᠰᠤ ᠬᠤᠨᠠᠷ ᠤᠨ ᠵᠦᠢᠯ ᠱᠠᠩᠨᠠᠨ᠎ᠠ᠂ ᠭᠡᠪᠡᠴᠤ ᠮᠠᠯᠠᠭᠠᠢ ᠥᠭᠴᠦ ᠪᠣᠯᠬᠤ ᠦᠭᠡᠢ᠃     ᠤᠷᠤᠰᠢᠭᠤᠯᠭ᠎ᠠ ᠶᠢᠨ ᠴᠡᠭᠡᠷ᠄ ᠨᠠᠰᠤ ᠪᠠᠷᠠᠭᠴᠢ ᠶᠢᠨ ᠴᠢᠨᠳᠠᠷ ᠢ ᠭᠠᠷᠭᠠᠬᠤ ᠦᠶ᠎ᠡ ᠳᠦ ᠠᠪᠰᠠ ᠳᠠᠮᠨᠠᠭᠴᠢ ︽ᠬᠦᠨᠳᠦ︾ ᠭᠡᠵᠤ ᠬᠡᠯᠡᠬᠦ ᠶᠢ ᠴᠡᠭᠡᠷᠯᠡᠬᠦ᠂ ᠨᠠᠰᠤ ᠪᠠᠷᠠᠭᠰᠠᠨ ᠬᠦᠮᠦᠨ ᠢ ᠦᠭᠡᠶᠢᠯᠡᠬᠦ ᠪᠠᠷ ᠣᠴᠢᠬᠤ ᠳᠤ ᠬᠤᠷᠴᠠ ᠭᠢᠯᠠᠭᠠᠷ ᠦᠩᠭᠡᠳᠠᠢ ᠬᠤᠪᠴᠠᠰᠤ ᠡᠮᠤᠰᠬᠦ ᠶᠢ ᠴᠡᠭᠡᠷᠯᠡᠬᠦ᠂  ᠬᠣᠶᠢᠲᠤ ᠬᠡᠰᠡᠭ ᠦᠨ ᠵᠠᠷᠢᠮ ᠮᠠᠯᠵᠢᠬᠤ ᠤᠷᠤᠨ ᠳᠤ ᠡᠮᠡᠭᠲᠡᠢ ᠬᠦᠮᠦᠨ ᠤᠩᠭᠤᠨ ᠤ ᠭᠠᠵᠠᠷ ᠣᠴᠢᠬᠣ ᠶᠢ ᠴᠡᠭᠡᠷᠯᠡᠳᠡᠭ᠃ 
          