ᠬᠤᠪᠴᠠᠰᠤ ᠬᠤᠨᠠᠷ(ᠮᠣᠩᠭᠤᠯ ᠦᠨᠳᠦᠰᠦᠲᠡᠨ)
ᠨᠡᠶᠢᠲᠡᠯᠡᠭᠰᠡᠨ ᠴᠠᠭ᠄
2022/12/9
      ᠬᠣᠪᠴᠠᠰᠣ ᠵᠠᠰᠠᠯ  ᠮᠣᠩᠭᠣᠯ ᠦᠨᠳ᠋ᠦᠰᠦᠳ᠋ᠡᠨ  ᠤ ᠬᠣᠪᠴᠠᠰᠣ ᠵᠠᠰᠠᠯ ᠨᠢ ᠨᠡᠭᠦᠳᠡᠯᠯᠡᠨ ᠮᠠᠯᠵᠢᠬᠣ ᠠᠮᠢᠳ᠋ᠣᠷᠠᠯ ᠲᠠᠢ ᠬᠠᠷᠢᠯᠴᠠᠨ ᠵᠤᠬᠢᠷᠠᠯᠴᠠᠵᠤ᠂ ᠡᠷᠳ᠋ᠡᠨ ᠡᠴᠠ ᠡᠳ᠋ᠦᠭᠡ ᠪᠣᠯᠳ᠋ᠠᠯ᠎ᠠ ᠪᠦᠷ ᠲᠡᠷᠯᠢᠭ ᠡᠮᠦᠰᠴᠦ᠂ ᠡᠮᠦᠰᠪᠡᠯ ᠬᠣᠪᠴᠠᠰᠣ ᠲᠠᠶᠢᠯᠪᠠᠯ ᠬᠦᠨᠵᠢᠯᠡ ᠪᠣᠯᠵᠣ᠂ ᠮᠣᠷᠢ ᠤᠨᠣᠬᠣ ᠳ᠋ᠤ ᠡᠪᠦᠳ᠋ᠦᠭ ‍ᠢ ᠬᠠᠮᠠᠭᠠᠯᠠᠬᠣ ᠦᠢᠯᠡᠳ᠋ᠦᠯ ᠲᠠᠢ ᠪᠠᠶᠢᠳ᠋ᠠᠭ᠃ ᠲᠡᠷᠯᠢᠭ  ᠦᠨ ᠡᠩᠭᠡᠷ ᠨᠢ ᠲᠤᠳᠤᠭᠠᠳᠤ ᠡᠩᠭᠡᠷ ᠢᠶᠡᠨ ᠡᠮᠦᠨ᠎ᠡ ᠡᠩᠭᠡᠷ ᠢᠶᠡᠷ ᠲᠠᠷᠤᠭᠤᠯᠵᠤ ᠪᠠᠷᠠᠭᠤᠨ ᠰᠤᠭᠤᠨ ᠳᠤ ᠲᠤᠪᠴᠢᠯᠠᠳᠠᠭ᠂ ᠪᠣᠰᠣᠭ᠎ᠠ ᠵᠠᠭᠠᠮ᠎ᠠ ᠳᠠᠢ᠂ ᠨᠢᠷᠤᠭᠤ ᠶᠢᠨ ᠬᠡᠰᠡᠭ ᠲᠦ ᠬᠤᠨᠢᠶᠠᠰᠤ ᠭᠠᠷᠭᠠᠳᠠᠭ᠃ ᠠᠷᠣ ᠬᠣᠷᠴᠢᠨ  ᠤ ᠬᠤᠶᠢᠳᠦ ᠬᠡᠰᠡᠭ ᠪᠠ ᠬᠡᠰᠢᠭᠳ᠋ᠡᠨ  ᠤ ᠮᠣᠩᠭᠣᠯ ᠲᠡᠷᠯᠢᠭ ᠪᠣᠯ ᠠᠭᠣᠵᠢᠭᠣ ᠡᠯᠪᠡᠭ ᠪᠦᠬᠡᠳ ᠤᠷᠳ᠋ᠦ ᠨᠢ ᠭᠠᠵᠠᠷ ᠰᠢᠭᠦᠷᠡᠳᠡᠭ᠃ ᠠᠷᠣ ᠬᠣᠷᠴᠢᠨ  ᠤ ᠡᠮᠦᠨ᠎ᠡ ᠬᠡᠰᠡᠭ᠂ ᠪᠠᠭᠠᠷᠢᠨ ᠵᠡᠬᠦᠨ ᠬᠤᠰᠢᠭᠤ᠂ ᠤᠩᠨᠢᠭᠣᠳ᠂ ᠬᠠᠷᠠᠴᠢᠨ᠂ ᠠᠤᠬᠠᠨ ᠵᠡᠷᠭᠡ ᠤᠷᠣᠨ  ᠤ ᠮᠣᠩᠭᠣᠯ ᠲᠡᠷᠯᠢᠭ ᠪᠣᠯ ᠠᠭᠤᠵᠢᠮ ᠡᠯᠪᠡᠭ ᠪᠢᠰᠢ᠂ ᠤᠨᠤᠭᠤ ᠲᠠᠢ᠂ ᠪᠦᠰᠡᠯᠡᠭᠦᠷ ᠨᠢ ᠦᠷᠭᠡᠨ ᠪᠦᠭᠡᠳ ᠵᠣᠵᠠᠭᠠᠨ ᠪᠠᠶᠢᠵᠣ᠂ ᠲᠡᠷᠯᠢᠭ  ᠢᠶᠡᠨ ᠪᠠᠰᠠ ᠶᠠᠩᠵᠣ ᠪᠦᠷᠢ  ᠢᠢᠨ ᠦᠩᠭᠡ ᠪᠠᠷ ᠡᠮᠵᠢᠶᠡᠷᠢᠯᠡᠨ ᠬᠦᠪᠡᠭᠡᠯᠡᠳᠡᠭ᠃ ᠬᠤᠪᠴᠠᠰᠤ ᠬᠢᠬᠦ  ᠳᠤ ᠪᠠᠨ ᠠᠷᠠᠰᠣ᠂ ᠨᠣᠣᠰᠣ᠂ ᠬᠦᠪᠦᠩ᠂ ᠲᠣᠷᠭ᠎ᠠ ᠵᠡᠷᠭᠡ ᠠᠳ᠋ᠠᠯᠢ ᠪᠣᠰᠤ ᠮᠠᠲ᠋ᠧᠷᠢᠶᠠᠯ ᠬᠡᠷᠡᠭᠯᠡᠳᠡᠭ ᠪᠦᠭᠡᠳ ᠤᠯᠠᠭᠠᠨ᠂ ᠬᠦᠷᠡᠩ᠂ ᠶᠠᠭᠠᠨ᠂ ᠨᠣᠭᠣᠭᠠᠨ᠂ ᠬᠦᠬᠡ᠂ ᠴᠠᠭᠠᠨ ᠵᠡᠷᠭᠡ ᠶᠠᠩᠵᠣ ᠪᠦᠷᠢ  ᠢᠢᠨ ᠦᠩᠭᠡ ᠪᠠᠶᠢᠵᠣ ᠪᠣᠯᠣᠨ᠎ᠠ᠃ ᠠᠮᠢᠳᠤᠷᠠᠯ ᠨᠢ ᠪᠠᠶᠠᠯᠢᠭ ᠪᠣᠯ ᠦᠨᠡᠭᠡᠨ ᠠᠷᠠᠰᠣ᠂ ᠴᠢᠨ᠋ᠸ᠎ᠠ  ᠢᠢᠨ ᠠᠷᠠᠰᠣ᠂ ᠬᠣᠷᠠᠭᠠᠨ ᠠᠷᠠᠰᠣ ᠵᠡᠷᠬᠡ ᠦᠨᠡᠳ᠋ᠦ ᠠᠷᠠᠰᠣ ᠪᠠᠷ ᠲᠡᠪᠡᠯ ᠬᠢᠵᠦ᠂ ᠪᠦᠰ᠂ ᠲᠣᠷᠭ᠎ᠠ ᠲᠣᠷᠳ᠋ᠣᠩ  ᠢᠢᠠᠷ ᠭᠠᠳᠠᠷᠯᠠᠳᠠᠭ᠃ ᠶᠠᠳ᠋ᠠᠭᠣ ᠠᠶᠢᠯ  ᠦᠨ ᠬᠢᠨ ᠤᠯᠠᠩᠬᠢ ᠳ᠋ᠤ ᠪᠠᠨ ᠴᠠᠭᠠᠮᠠᠯ ᠢᠮᠠᠭᠠᠨ ᠠᠷᠠᠰᠤ ᠪᠠᠷ ᠬᠦᠷᠮ᠎ᠡ ᠬᠢᠵᠦ ᠡᠮᠦᠰᠳ᠋ᠡᠭ᠃ ᠮᠣᠩᠭᠣᠯ ᠦᠨᠳ᠋ᠦᠰᠦᠳ᠋ᠡᠨ  ᠤ ᠬᠣᠪᠴᠠᠰᠣ  ᠶᠢᠨ ᠨᠡᠷᠡᠶᠢᠳ᠋ᠦᠯ ᠤᠯᠠᠨ ᠪᠠᠶᠢᠵᠣ᠂ ᠳ᠋ᠠᠩ ᠴᠠᠮᠴᠠ᠂ ᠳᠠᠪᠬᠣᠷ ᠲᠡᠷᠯᠢᠭ᠂ ᠫᠠᠩᠬᠣ ︵ᠬᠦᠪᠦᠩ ᠳᠡᠪᠡᠯ︶᠂ ᠳᠠᠪᠡᠯ ︵ᠠᠷᠠᠰᠣᠨ ᠳᠡᠪᠡᠯ︶᠂ ᠤᠣᠵᠢ᠂ ᠬᠦᠷᠮ᠎ᠠ ᠭᠡᠬᠦ ᠮᠡᠳ᠋ᠦ ᠪᠠᠷ ᠨᠡᠷᠡᠯᠡᠳ᠋ᠡᠭ᠃ ᠲᠡᠷᠯᠢᠭ  ᠦᠨ ᠭᠠᠳ᠋ᠠᠭᠣᠷ ᠡᠷᠡᠭᠳ᠋ᠡᠢ ᠬᠦᠮᠦᠨ ᠤᠬᠣᠷ ᠤᠣᠵᠢ ᠡᠮᠦᠰᠴᠦ᠂ ᠡᠮᠡᠭᠳ᠋ᠡᠢ ᠬᠦᠮᠦᠨ ᠤᠷᠳ᠋ᠣ ᠤᠣᠵᠢ ᠡᠮᠦᠰᠳ᠋ᠡᠭ᠃ ᠮᠣᠩᠭᠣᠯ ᠬᠣᠪᠴᠠᠰᠣ ᠡᠮᠦᠰᠬᠦ ᠳ᠋ᠤ ᠵᠠᠪᠠᠯ ᠪᠦᠰᠡ ᠪᠦᠰᠡᠯᠡᠬᠦ ᠬᠡᠷᠡᠭᠳ᠋ᠡᠢ᠃ ᠪᠦᠰᠡ  ᠢᠢᠨ ᠤᠷᠳ᠋ᠣ ᠨᠢ ᠨᠢᠭᠡ ᠬᠤᠤᠰ ᠠᠯᠳᠠ ᠲᠦᠷᠪᠡᠨ ᠲᠤᠬᠤᠢ ᠡᠴᠠ ᠨᠢᠭᠡ ᠬᠣᠣᠰ ᠠᠯᠳᠠ ᠵᠢᠷᠭᠣᠭᠠᠨ ᠳᠣᠬᠣᠢ ᠪᠠᠶᠢᠵᠣ᠂ ᠤᠯᠠᠩᠬᠢ ᠨᠢ ᠪᠦᠳ᠋ᠦᠨ ᠡᠩ ᠳᠠᠢ ᠦᠩᠭᠡᠳ᠋ᠦ ᠲᠣᠷᠭ᠎ᠠ ᠪᠠᠷ ᠬᠢᠳ᠋ᠡᠭ᠃ ᠡᠷᠡᠭᠳ᠋ᠡᠢ ᠬᠦᠮᠦᠨ ᠪᠦᠰᠡ ᠪᠦᠰᠡᠯᠡᠬᠦ ᠳ᠋ᠤ ᠪᠠᠨ ᠲᠡᠷᠯᠢᠭ  ᠢᠢᠠᠨ ᠲᠡᠭᠡᠭᠰᠢ ᠠᠭᠰᠠᠭᠠᠵᠤ᠂ ᠠᠷᠣ ᠬᠣᠷᠮᠣᠢ  ᠢᠢ ᠨᠢ ᠡᠮᠦᠨ᠎ᠠ ᠬᠣᠷᠮᠣᠢ ᠡᠴᠠ ᠪᠠᠨ ᠤᠬᠣᠷ ᠰᠢᠭ ᠪᠠᠶᠢᠯᠭᠠᠳ᠋ᠠᠭ ᠨᠢ ᠴᠠᠬᠢᠷᠠᠭ ᠪᠦᠬᠡᠳ ᠭᠠᠩᠭᠠᠩ ᠬᠡᠬᠡᠮᠰᠦᠭ ᠦᠵᠡᠭᠳ᠋ᠡᠬᠦ ᠪᠠᠷ ᠪᠠᠷᠠᠬᠣ ᠦᠭᠡᠢ ᠮᠣᠷᠢ ᠤᠨᠣᠬᠣ ᠳ᠋ᠤ ᠲᠦᠭᠦᠮ᠂ ᠡᠩᠭᠡᠷ ᠲᠣᠳ᠋ᠣᠷ᠎ᠠ ᠪᠠᠨ ᠶᠠᠭᠣᠮ᠎ᠠ ᠡᠪᠦᠷᠯᠡᠬᠦ ᠳ᠋ᠤ ᠵᠣᠬᠢᠴᠠᠭᠰᠠᠨ ᠪᠠᠶᠢᠳ᠋ᠠᠭ᠃ ᠡᠮᠡᠭᠳ᠋ᠡᠢ ᠬᠦᠮᠦᠨ ᠪᠣᠯ ᠶᠠᠭ ᠡᠰᠡᠷᠬᠦ᠂ ᠲᠡᠷᠯᠢᠭ  ᠦᠨ ᠲᠤᠳᠤᠷ ᠢ ᠳᠣᠷᠣᠭᠰᠢ ᠳᠠᠳ᠋ᠠᠵᠣ ᠪᠦᠰᠡ ᠪᠦᠰᠡᠯᠡᠨ᠂ ᠪᠡᠶ᠎ᠠ ᠪᠠᠶᠢᠳ᠋ᠠᠯ ᠰᠢᠯᠣᠭᠣᠨ ᠲᠦᠯᠬᠡᠬᠡᠨ ᠭᠠᠯᠪᠢᠷ ᠰᠠᠶᠢᠬᠠᠨ  ᠢᠢᠠᠨ ᠢᠯᠡᠷᠡᠭᠦᠯᠳ᠋ᠡᠭ᠃ ᠭᠡᠬᠦ  ᠳᠤ ᠪᠠᠨ ᠪᠦᠰᠡᠯᠡᠭᠦᠷ ᠪᠣᠯᠣᠨ ᠲᠡᠷᠯᠢᠭ  ᠦᠨ ᠦᠩᠭᠡ ᠬᠠᠷᠢᠯᠴᠠᠨ ᠤᠨᠳᠤᠣ ᠦᠩᠭᠡ ᠪᠠᠶᠢᠵᠤ᠂ ᠪᠦᠰᠡᠯᠡᠭᠦᠷ ᠦᠨ ᠬᠣᠶᠠᠷ ᠦᠵᠦᠭᠦᠷ ‍ᠢ ᠨᠢ ᠳᠡᠩᠴᠡᠬᠦᠯᠵᠦ ᠰᠣᠭᠣᠨ  ᠠᠴᠠ ᠠᠷᠤᠨᠰᠢ ᠴᠠᠴᠤᠭ ᠭᠠᠷᠭᠠᠵᠤ ᠪᠦᠰᠡᠯᠡᠨ᠎ᠡ᠃ ᠠᠷᠤ ᠬᠣᠷᠴᠢᠨ ᠪᠣᠯᠣᠨ ᠬᠡᠰᠢᠭᠳ᠋ᠡᠨ  ᠤ ᠬᠣᠶᠢᠳ᠋ᠣ ᠬᠡᠰᠡᠭ  ᠦᠨ ᠬᠦᠢᠳ᠋ᠡᠨ ᠰᠢᠭ ᠤᠷᠣᠨ  ᠤ ᠡᠷᠡᠭᠳ᠋ᠡᠶᠢᠴᠦᠳ ᠪᠠᠰᠠ ᠭᠤᠶᠠᠪᠴᠢ ᠡᠮᠦᠰᠳ᠋ᠡᠭ᠂ ᠭᠤᠶᠠᠪᠴᠢ ᠶᠢ ᠠᠷᠠᠰᠣ ᠪᠠᠷ ᠬᠢᠳ᠋ᠡᠭ᠂ ᠵᠠᠬ᠎ᠠ ᠦᠭᠡᠢ᠂ ᠳᠡᠭᠡᠷ᠎ᠠ ᠳᠣᠣᠷ᠎ᠠ ᠳᠠᠯ᠎ᠠ ᠳ᠋ᠤ ᠪᠠᠨ ᠪᠦᠴᠠ ᠳᠠᠢ᠂ ᠳᠡᠭᠡᠷ᠎ᠠ ᠳᠠᠯ᠎ᠠ  ᠢᠢᠨ ᠪᠦᠴᠡ  ᠢᠢ ᠨᠢᠷᠤᠭᠤ ᠪᠠᠷ ᠤᠶᠠᠵᠣ᠂ ᠳᠣᠣᠷ᠎ᠠ ᠳᠠᠯ᠎ᠠ  ᠢᠢᠨ ᠪᠦᠴᠡ  ᠢᠢ ᠬᠦᠯ  ᠤᠨ ᠰᠢᠯᠪᠢ ᠪᠡᠷ ᠤᠶᠠᠳ᠋ᠠᠭ ᠶᠤᠮ᠃         ᠡᠮᠡᠭᠲᠡᠶᠢᠴᠦᠳ ᠴᠤ ᠴᠠᠮᠴᠠ ᠡᠮᠦᠰᠬᠦ ᠳᠣᠷᠠᠳ᠋ᠠᠢ ᠪᠠᠶᠢᠳ᠋ᠠᠭ᠃ ᠶᠡᠷᠦᠳ᠋ᠡᠬᠡᠨ ᠨᠠᠰᠣ ᠠᠬᠢᠭᠰᠠᠨ ᠡᠮᠡᠭᠳ᠋ᠡᠶᠢᠴᠦᠳ ᠴᠠᠭᠠᠨ ᠴᠠᠮᠴᠠ ᠡᠮᠦᠰᠴᠦ᠂ ᠵᠠᠯᠠᠭᠤᠴᠤᠳ ᠪᠠ ᠲᠤᠮᠳᠠ ᠨᠠᠰᠤᠨ  ᠤ ᠡᠮᠡᠭᠳ᠋ᠡᠶᠢᠴᠦᠳ ᠲᠠᠰᠢᠶᠠᠪᠴᠢ ᠳᠡᠪᠡᠯ ᠡᠮᠦᠰᠦᠨ᠂ ᠤᠷᠣᠭᠯᠠᠭᠰᠠᠨ ᠡᠮᠡᠭᠳ᠋ᠡᠶᠢᠴᠦᠳ ᠬᠣᠷᠴᠠ ᠦᠩᠭᠡᠳ᠋ᠡᠢ ᠲᠡᠷᠯᠢᠭ  ᠦᠨ ᠭᠠᠳ᠋ᠠᠭᠣᠷ ᠤᠷᠳ᠋ᠣ ᠤᠣᠵᠢ ᠳᠠᠪᠬᠤᠷᠯᠠᠨ ᠡᠮᠦᠰᠳ᠋ᠡᠭ᠃ ᠬᠡᠰᠢᠭᠳ᠋ᠡᠨ᠂ ᠠᠷᠣ ᠬᠣᠷᠴᠢᠨ  ᠤ ᠬᠣᠶᠢᠲᠣ ᠬᠡᠰᠡᠭ  ᠦᠨ ᠮᠤᠩᠭᠤᠯ ᠲᠠᠰᠢᠶᠠᠪᠴᠢ ᠳᠡᠪᠡᠯ ᠨᠢ ᠤᠨᠤᠭᠤ ᠦᠭᠡᠢ᠂ ᠪᠣᠰᠣᠳ ᠭᠠᠵᠠᠷ  ᠦᠨ ᠲᠠᠰᠢᠶᠠᠪᠴᠢ ᠳᠡᠪᠡᠯ ᠨᠢ ᠬᠣᠷᠮᠣᠢ  ᠪᠠᠷ ᠢᠶᠠᠨ ᠰᠢᠬᠠᠭᠤ᠂ ᠤᠨᠤᠭᠤ ᠲᠠᠢ ᠪᠠᠶᠢᠳᠠᠭ᠂ ᠪᠠᠷᠠᠭᠤᠨ ᠲᠠᠯ᠎ᠠ  ᠳᠦ ᠪᠡᠨ ᠡᠩᠭᠡᠷ ᠭᠠᠷᠭᠠᠵᠤ᠂ ᠬᠤᠤᠰ ᠳᠣᠪᠴᠢ ᠬᠠᠳᠠᠵᠤ᠂ ᠮᠠᠨᠵᠣ ᠲᠡᠷᠯᠢᠭ ᠲᠠᠢ ᠠᠳ᠋ᠠᠯᠢᠪᠳ᠋ᠣᠷ ᠪᠠᠶᠢᠳᠠᠭ᠃ ᠤᠯᠠᠩᠬᠢ ᠳ᠋ᠤ ᠪᠠᠨ ᠬᠤᠨᠳᠤᠨ᠂ ᠬᠠᠷᠠᠩᠭᠤᠢ ᠨᠣᠭᠣᠭᠠᠨ᠂ ᠬᠦᠢᠬᠡᠨ ᠰᠢᠷ᠎ᠠ ᠪᠣᠶᠣ ᠬᠦᠬᠡ ᠦᠩᠭᠡ ᠳᠠᠢ ᠪᠠᠶᠢᠵᠤ᠂ ᠳᠡᠪᠡᠯ ᠦᠨ ᠭᠠᠳ᠋ᠠᠭᠣᠷ ᠬᠦᠷᠮ᠎ᠡ ᠪᠤᠶᠤ ᠤᠣᠵᠢ ᠡᠮᠦᠰᠴᠦ᠂ ᠪᠦᠰᠡ ᠪᠦᠰᠡᠯᠡᠳ᠋ᠡᠭ᠃ ᠡᠪᠦᠯ  ᠦᠨ ᠤᠯᠠᠷᠢᠯ  ᠦᠨ ᠬᠠᠨᠴᠣᠶᠢᠪᠴᠢ ᠪᠠᠨ ᠲᠣᠷᠭᠠᠨ ᠤᠳ᠋ᠠᠰᠣ ᠪᠠᠷ ᠬᠣᠧᠠᠷ ᠬᠠᠳᠬᠣᠵᠣ᠂ ᠠᠯᠳ᠋ᠠᠨ ᠦᠩᠭᠡ ᠪᠠᠷ ᠬᠦᠪᠡᠬᠡᠯᠡᠬᠦ  ᠢᠢ ᠡᠷᠬᠢᠮᠯᠡᠳ᠋ᠡᠭ᠃        ᠮᠠᠯᠠᠭᠠᠢ ᠠᠯᠴᠢᠭᠤᠷ ᠮᠠᠯᠠᠭᠠᠢ  ᠢᠢ ᠶᠡᠷᠤ  ᠳᠤ ᠪᠠᠨ ᠶᠣᠰᠣᠯᠠᠯ  ᠦᠨ ᠮᠠᠯᠠᠭᠠᠢ ᠪᠠ ᠶᠡᠷᠦ  ᠢᠢᠨ ᠮᠠᠯᠠᠭᠠᠢ ᠭᠡᠵᠦ ᠬᠣᠪᠢᠶᠠᠳ᠋ᠠᠭ᠃ ᠶᠣᠰᠣᠯᠠᠯ  ᠦᠨ ᠮᠠᠯᠠᠭᠠᠢ ᠨᠢ ᠡᠪᠦᠯ ᠵᠣᠨ  ᠤ  ᠭᠡᠵᠦ ᠢᠯᠭᠠᠭ᠎ᠠ ᠳᠠᠢ᠂ ᠵᠣᠨ  ᠤ ᠮᠠᠯᠠᠭᠠᠢ ᠨᠢ ᠴᠢᠩ ᠤᠯᠣᠰ  ᠦᠨ ᠤᠯᠠᠭᠠᠨ ᠵᠠᠯᠠᠭ᠎ᠠ ᠲᠠᠢ ᠱᠣᠪᠤᠭᠤᠷ ᠪᠥᠷᠬᠦ ᠮᠠᠯᠠᠭᠠᠢ  ᠢᠢ ᠳᠠᠭᠣᠷᠢᠶᠠᠨ ᠬᠢᠵᠤ᠂ ᠡᠪᠦᠯ  ᠦᠨ ᠮᠠᠯᠠᠭᠠᠢ ᠨᠢ ᠬᠦᠪᠡᠭᠡ ᠲᠠᠢ ᠤᠯᠠᠭᠠᠨ ᠵᠠᠯᠠᠭᠠᠳᠤ ᠬᠦᠢᠳᠡᠨ ᠡᠴᠡ ᠰᠡᠷᠭᠡᠶᠢᠯᠡᠬᠦ ᠮᠠᠯᠠᠭᠠᠢ ᠪᠣᠯᠣᠨ᠎ᠠ᠃ ᠶᠡᠷᠦ  ᠢᠢᠨ ᠴᠠᠭ ᠲᠤ ᠬᠠᠪᠣᠷ ᠨᠠᠮᠣᠷ ᠡᠪᠦᠯ ᠪᠦᠷ ᠲᠣᠭᠤᠷᠴᠤᠭ ᠡᠮᠦᠰᠳᠡᠭ᠃ ᠴᠢᠯᠦᠭᠡᠯᠡᠭᠳ᠋ᠡᠭᠰᠡᠨ  ᠤ ᠳᠠᠷᠠᠭ᠎ᠠ᠂ ᠡᠷᠡᠭᠳ᠋ᠡᠢ ᠡᠮᠡᠭᠳ᠋ᠡᠢ ᠭᠡᠰᠡᠨ ᠦᠭᠡᠢ ᠪᠦᠷ ᠶᠡᠷᠤ ᠶᠢᠨ ᠶᠣᠰᠣᠯᠠᠯ  ᠦᠨ ᠮᠠᠯᠠᠭᠠᠢ ᠡᠮᠦᠰᠳᠡᠭ ᠪᠣᠶᠤ ᠡᠰᠡᠭᠦᠯ᠎ᠠ ᠡᠷᠡᠭᠳ᠋ᠡᠶᠢᠴᠦᠳ ᠤᠷᠳᠤ ᠰᠠᠷᠠᠪᠴᠢᠳᠤ ᠮᠠᠯᠠᠭᠠᠢ ᠡᠮᠦᠰᠴᠦ᠂ ᠡᠮᠡᠭᠳ᠋ᠡᠶᠢᠴᠦᠳ ᠨᠢ ᠪᠦᠰ ᠠᠯᠴᠢᠭᠣᠷ᠂ ᠨᠣᠣᠰᠣᠨ ᠠᠯᠴᠢᠭᠣᠷ᠂ ᠲᠣᠷᠭᠠᠨ ᠠᠯᠴᠢᠭᠣᠷ ᠵᠡᠷᠭᠡ ᠪᠠᠷ ᠳᠣᠯᠣᠭᠠᠢ ᠪᠠᠨ ᠤᠷᠢᠶᠠᠬᠤ ᠳᠠᠳᠬᠠᠯ ᠲᠠᠢ ᠪᠣᠯᠵᠠᠢ᠃         ᠭᠣᠳ᠋ᠣᠯ  ᠮᠣᠷᠢ ᠤᠨᠤᠬᠤ ᠳᠤ ᠲᠦᠭᠦᠮ᠂ ᠵᠣᠨ  ᠤ ᠴᠠᠭ ᠲᠦ ᠪᠠᠲᠠᠭᠠᠨ᠎ᠠ ᠰᠢᠮᠠᠭᠤᠯ ᠠᠴᠠ ᠰᠡᠷᠬᠡᠶᠢᠯᠡᠬᠦ᠂ ᠡᠪᠦᠯ  ᠦᠨ ᠴᠠᠭ ᠲᠣᠯᠠᠭᠠᠨ ᠪᠠᠶᠢᠳ᠋ᠠᠭ ᠡᠴᠠ ᠡᠷᠡᠭᠳ᠋ᠡᠢ ᠡᠮᠡᠭᠳ᠋ᠡᠢ ᠭᠡᠰᠡᠨ ᠦᠭᠡᠢ ᠵᠢᠯ  ᠦᠨ ᠲᠦᠷᠪᠡᠨ ᠤᠯᠠᠷᠢᠯ ᠳ᠋ᠤ ᠴᠦᠮ ᠭᠣᠳ᠋ᠣᠯ ᠡᠮᠦᠰᠳ᠋ᠡᠭ᠃ ᠭᠣᠳ᠋ᠣᠯ  ᠳᠤ ᠪᠦᠰ ᠭᠣᠳ᠋ᠣᠯ᠂ ᠢᠰᠡᠭᠡᠢ ᠭᠣᠳᠤᠯ᠂ ᠠᠷᠠᠰᠣᠨ ᠭᠣᠳ᠋ᠣᠯ ᠭᠡᠵᠦ ᠭᠤᠷᠪᠠᠨ ᠵᠦᠢᠯ ᠪᠠᠶᠢᠳᠠᠭ᠃ ᠪᠦᠷ ᠭᠠᠷ  ᠢᠶᠠᠷ ᠤᠷᠠᠯᠠᠨ ᠤᠶᠣᠵᠣ ᠬᠢᠳᠡᠭ᠃ ᠵᠡᠬᠦᠬᠦ ᠵᠠᠰᠠᠯ ᠵᠢᠮᠰᠡᠭ᠄ ᠪᠠᠷᠠᠭᠤᠨ ᠲᠠᠰᠢᠶᠠᠨ  ᠳᠦ ᠪᠡᠨ  ᠬᠢᠲᠤᠭ᠎ᠠ ᠰᠦᠢᠷᠡᠵᠤ᠂ ᠬᠢᠳ᠋ᠣᠭ᠎ᠠ ᠨᠢ ᠬᠣᠢ ᠳᠠᠢ᠂ ᠬᠤᠢ  ᠳᠦ ᠪᠡᠨ ᠶᠠᠰᠣ ᠪᠣᠶᠣ ᠮᠦᠩᠭᠦ ᠪᠠᠷ ᠬᠢᠭᠰᠡᠨ ᠵᠦᠢᠷᠡᠢ ᠰᠠᠪᠬ᠎ᠠ ᠲᠠᠢ  ᠪᠠᠢᠳᠠᠭ᠃ ᠬᠢᠳ᠋ᠣᠭᠠᠨ ᠬᠣᠢ  ᠢᠢ ᠮᠦᠩᠭᠦ᠂ ᠴᠠᠭᠠᠨ ᠭᠠᠤᠯᠢ᠂ ᠬᠦᠷᠡᠯ᠂ ᠳᠣᠯᠠᠨ ᠵᠢᠭᠠᠰᠣᠨ  ᠤ ᠠᠷᠠᠰᠣ ᠵᠡᠷᠭᠡ ᠪᠠᠷ ᠬᠢᠵᠦ᠂ ᠡᠪᠯᠢᠭ ᠰᠠᠶᠢᠬᠠᠨ ᠬᠡ ᠤᠭᠠᠯᠵᠠ ᠰᠡᠶᠢᠯᠪᠦᠷᠢᠯᠠᠭ᠍ᠰᠡᠨ ᠪᠠᠶᠢᠳᠠᠭ᠃ ᠮᠣᠩᠭᠣᠯ ᠬᠢᠳ᠋ᠣᠭ᠎ᠠ ᠨᠢ ᠲᠠᠯ᠎ᠠ ᠢᠷ ᠳᠠᠢ᠂ ᠤᠷᠳ᠋ᠣ ᠨᠢ 8 ᠢᠮᠠᠬᠣ᠂ ᠦᠷᠭᠡᠨ ᠨᠢ 5 ᠬᠤᠪᠢ᠂ ᠬᠢᠳ᠋ᠣᠭ᠎ᠠ  ᠢᠢᠨ ᠪᠠᠷᠢᠭᠣᠯ ᠨᠢ ᠠᠯᠳ᠋ᠠ ᠪᠣᠶᠣ ᠮᠦᠩᠭᠥᠨ ᠰᠢᠭᠢᠳᠬᠡᠬᠡᠷᠢ ᠲᠠᠢ ᠪᠠᠶᠢᠳᠠᠭ ᠪᠠ ᠪᠠᠰᠠ ᠬᠠᠲᠠᠭᠤ ᠮᠣᠳ᠋ᠣ᠂ ᠦᠭᠡᠷ ᠬᠣᠨᠢᠨ  ᠤ ᠡᠪᠡᠷ ᠪᠣᠶᠤ ᠲᠡᠮᠡᠭᠡᠨ ᠶᠠᠰᠣ  ᠪᠠᠷ ᠬᠢᠵᠤ᠂ ᠪᠣᠷᠣᠭᠵᠢᠭᠣᠨ ᠶᠡᠭᠡᠮᠰᠦᠭ ᠭᠤᠶᠤ ᠰᠠᠶᠢᠬᠠᠨ ᠪᠠᠶᠢᠳᠠᠭ᠃ ᠪᠠᠷᠠᠭᠤᠨ ᠲᠠᠰᠢᠶᠠᠨ  ᠳᠦ ᠪᠡᠨ ᠬᠡᠳ᠋ᠡ ᠴᠠᠬᠢᠭᠣᠷ ᠵᠡᠭᠦᠵᠤ᠂ ᠵᠡᠬᠦᠨ ᠲᠠᠯ᠎ᠠ ᠶᠢᠨ ᠤᠷᠢᠲᠠᠢ ᠪᠠᠨ ᠬᠦᠬᠦᠷ ᠬᠢᠳᠡᠭ ᠳᠠᠯᠢᠶᠠᠷ ᠰᠦᠢᠷᠠᠳᠠᠭ᠃ ᠬᠡᠷᠪᠡ ᠭᠠᠩᠰᠠ ᠪᠣᠶᠣ ᠳᠠᠮᠠᠬᠢᠨ ᠤᠭᠣᠳ᠋ᠠ ᠳᠠᠢ ᠪᠣᠯ ᠮᠦᠨ ᠨᠢᠷᠤᠭᠤᠨ ᠠᠷᠤ ᠲᠠᠯ᠎ᠠ ᠶᠢᠨ ᠵᠡᠬᠦᠨ ᠪᠠᠷᠠᠭᠣᠨ ᠳ᠋ᠤ ᠪᠦᠰᠡᠯᠡᠭᠦᠷ ᠲᠤ ᠪᠠᠨ ᠬᠠᠪᠴᠢᠭᠣᠯᠣᠨ ᠵᠡᠬᠦᠳ᠋ᠡᠭ᠃ ᠬᠦᠬᠦᠷ ‍ᠢ ᠴᠢᠩ ᠤᠯᠣᠰ  ᠦᠨ ᠦᠶ᠎ᠠ ᠳ᠋ᠤ ᠪᠦᠷ ᠦᠪᠡᠷ  ᠢᠢᠠᠨ ᠬᠢᠳ᠋ᠡᠭ ᠪᠠ ᠪᠦᠮᠪᠦᠭᠡᠨ ᠬᠡᠯᠪᠡᠷᠢᠳ᠋ᠠᠢ᠂ ᠪᠦᠭᠡᠷᠴᠡᠭ ᠬᠡᠯᠪᠡᠷᠢᠳ᠋ᠠᠢ᠂ ᠵᠣᠣᠪᠠᠩ ᠬᠡᠯᠪᠡᠷᠢᠳ᠋ᠠᠢ᠂ ᠲᠦᠩᠰᠡ ᠬᠡᠯᠪᠡᠷᠢᠳ᠋ᠠᠢ᠂ ᠭᠣᠷᠪᠠᠯᠵᠢᠨ ᠬᠡᠯᠪᠡᠷᠢᠳ᠋ᠠᠢ ᠶᠠᠩᠵᠣ ᠪᠦᠷᠢ  ᠢᠢᠨ ᠪᠠᠶᠢᠳᠠᠭ᠃ ᠬᠦᠬᠦᠷ ‍ᠢ ᠮᠦᠩᠭᠦᠨ ᠬᠦᠢᠯᠡᠰᠦᠨ ᠮᠣᠳ᠋ᠣᠨ  ᠤ ᠦᠨᠳ᠋ᠦᠰᠦ᠂ ᠪᠠᠯᠦ ᠮᠤᠳᠤᠨ ᠤ ᠦᠨᠳ᠋ᠦᠰᠦ᠂ ᠦᠭᠡᠷ  ᠦᠨ ᠡᠪᠡᠷ᠂ ᠬᠠᠰ᠂ ᠮᠠᠨᠣ᠂ ᠪᠣᠯᠣᠷ᠂ ᠣᠭ᠍ᠶᠤ᠂ ᠨᠠᠷᠢᠯᠢᠭ ᠱᠠᠭᠠᠵᠠᠩ ᠵᠡᠷᠭᠡ ᠮᠠᠲ᠋ᠧᠷᠢᠶᠠᠯ ᠢᠶᠠᠷ ᠬᠢᠳ᠋ᠡᠭ᠃ ᠦᠨᠡᠲᠦ ᠴᠢᠯᠠᠭᠤ ᠪᠠᠷ ᠤᠷᠠᠯᠠᠵᠤ ᠪᠦᠳᠦᠭᠡᠭᠰᠡᠨ ᠠᠮᠠᠰᠠᠷ ᠲᠠᠢ ᠨᠢ ᠠᠶᠠᠨᠳᠠᠭᠠᠨ ᠵᠢᠵᠢᠭ ᠬᠤᠳᠬᠤᠭᠤᠷ ᠵᠠᠯᠭᠠᠯᠳᠤᠵᠤ᠂ ᠬᠢᠴᠡ ᠤᠷᠠᠯᠠᠯ ᠨᠢ ᠤᠨᠴᠠᠭᠠᠢ ᠭᠤᠶᠢᠳᠠ ᠪᠠᠶᠢᠳᠠᠭ᠃         ᠲᠣᠯᠣᠭᠠᠢ  ᠢᠢᠨ ᠵᠠᠰᠠᠯ ᠮᠣᠩᠭᠣᠯ ᠡᠮᠡᠭᠲᠡᠶᠢᠴᠦᠳ  ᠦᠨ ᠳᠣᠯᠣᠭᠠᠢ  ᠢᠢᠨ ᠵᠠᠰᠠᠯ ᠦᠪᠡᠷᠮᠢᠴᠡ ᠤᠨᠴᠠᠯᠢᠭ ᠳᠠᠢ ᠃ ᠬᠤᠷᠢᠮᠯᠠᠭᠰᠠᠨ ᠪᠦᠰᠡᠭᠦᠶᠢᠴᠦᠳ ᠤᠭ ᠪᠣᠭᠤ‍ᠬᠣ ᠪᠣᠶᠣ ᠬᠣᠶᠡᠷ ᠤᠷᠲᠤ ᠭᠡᠵᠢᠭᠡ ᠬᠦᠷᠦᠵᠦ᠂ ᠬᠠᠪᠲᠠᠭᠠᠢ ᠬᠠᠳᠬᠤᠭᠤᠷ ᠬᠠᠳᠬᠤ‍ᠬᠤ ᠪᠦᠭᠡᠳ ᠱᠢᠷᠦ᠂ ᠮᠠᠨᠣ᠂ ᠬᠠᠰ ᠳᠠᠳ᠋ᠠᠭᠣᠷ ᠲᠠᠲᠠ‍ᠵᠤ᠂ ᠭᠠᠳ᠋ᠠᠭᠣᠷ ᠨᠢ ᠲᠣᠷᠭ᠎ᠠ ᠲᠣᠷᠳ᠋ᠣᠩ  ᠢᠢᠠᠷ ᠤᠷᠢᠶᠠᠳ᠋ᠠᠭ᠃ 9 —13 ᠨᠠᠰᠣᠨ ᠤ ᠥᠬᠢᠳ ᠴᠢᠬᠢ ᠪᠠᠨ ᠬᠠᠳᠬᠤᠳᠠᠭ ᠪᠣᠯᠪᠠᠴᠤ ᠤᠷᠣᠭᠯᠠᠭᠰᠠᠨ  ᠤ ᠳᠠᠷᠠᠭ᠎ᠠ  ᠰᠠᠶ᠋ᠢ ᠰᠦᠢᠬᠡ ᠵᠡᠬᠦᠵᠦ ᠪᠣᠯᠣᠨ᠎ᠠ᠃ ᠭᠠᠳ᠋ᠠᠷ ᠬᠣᠪᠴᠠᠰᠣᠨ  ᠤ  ᠪᠠᠨ ᠡᠩᠭᠡᠷ ᠲᠣᠪᠴᠢ   ᠳᠦ ᠤᠯᠠᠨ ᠵᠦᠢᠯ  ᠦᠨ ᠬᠠᠰ᠂ ᠣᠭ᠍ᠶᠤ᠂ ᠮᠠᠨᠣ᠂ ᠠᠯᠳ᠋ᠠ ᠮᠦᠩᠭᠦᠨ ᠴᠢᠮᠡᠭᠯᠡᠯ ᠦᠨ ᠡᠳ᠋ ᠵᠡᠬᠦᠵᠦ᠂ ᠪᠠᠶᠠᠨ ᠡᠷᠬᠢᠮ  ᠢᠢᠠᠨ ᠭᠠᠶᠢᠬᠠᠭᠣᠯᠳ᠋ᠠᠭ ᠴᠦ ᠪᠣᠢ᠃ ᠬᠡᠦᠬᠡᠨᠴᠦᠳ ᠳᠣᠬᠣᠨ ᠠᠷᠤ  ᠳᠦ ᠪᠡᠨ ᠨᠢᠭᠡ ᠯᠡ ᠬᠡᠵᠢᠭᠡ ᠬᠦᠷᠦᠵᠦ᠂ ᠨᠠᠷᠢᠯᠢᠭ ᠠᠪᠰᠠᠷᠬᠠᠨ ᠭᠤᠶᠤᠮᠰᠤᠭ ᠲᠤᠯᠤᠭᠠᠢ ᠶᠢᠨ ᠵᠠᠰᠠᠯ ᠵᠡᠬᠦᠳ᠋ᠡᠭ᠂ ᠰᠦᠢᠬᠡ ᠵᠡᠬᠦᠬᠦ ᠦᠭᠡᠢ᠃ ᠪᠦᠬᠡᠵᠢ  ᠢᠢ ᠵᠦᠪᠬᠡᠨ ᠢᠳ᠋ᠠᠮ ᠬᠣᠷᠣᠭᠣ ᠪᠣᠶᠣ ᠰᠢᠬᠡᠵᠢ ᠬᠣᠷᠣᠭᠣᠨ ᠳ᠋ᠤ ᠵᠡᠬᠦᠵᠦ᠂ ᠳᠣᠮᠳ᠋ᠠ ᠬᠣᠷᠣᠭᠣᠨ ᠳ᠋ᠤ ᠪᠠᠨ ᠵᠡᠬᠦᠬᠦ  ᠢᠢ ᠴᠡᠬᠡᠷᠯᠡᠳ᠋ᠡᠭ᠃ ᠪᠠᠭᠣᠣ  ᠢᠢ ᠵᠦᠪᠬᠡᠨ ᠵᠡᠬᠦᠨ ᠭᠠᠷ  ᠦᠨ ᠪᠠᠭᠤᠤ ᠳ᠋ᠤ ᠨᠢᠭᠡᠯᠬᠡᠨ  ᠢ ᠵᠡᠬᠦᠳ᠋ᠡᠭ᠃             ᠰᠢᠨ᠎ᠠ ᠳᠣᠮᠳ᠋ᠠᠳ᠋ᠣ ᠤᠯᠣᠰ ᠪᠠᠶᠢᠭᠣᠯᠣᠭᠳ᠋ᠠᠭᠰᠠᠨ  ᠤ ᠳᠠᠷᠠᠭ᠎ᠠ᠂ ᠤᠨᠴᠠᠭᠠᠶᠢᠯᠠᠨ ᠨᠠᠶᠠᠭᠠᠳ ᠤᠨ ᠡᠴᠠ ᠨᠠᠭᠠᠰᠢ ᠮᠣᠩᠭᠣᠯ ᠦᠨᠳᠦᠰᠦᠲᠡᠨ ᠦ ᠬᠣᠪᠴᠠᠰᠣ ᠵᠠᠰᠠᠯ ᠴᠠᠭ  ᠦᠨ ᠤᠷᠣᠰᠬᠠᠯ ‍ᠢ ᠳᠠᠭᠠᠨ ᠬᠣᠪᠢᠷᠠᠨ ᠦᠭᠡᠷᠡᠴᠢᠯᠡᠭᠳ᠋ᠡ‍ᠵᠦ᠂ ᠡᠸᠦ᠋ᠷᠦᠫᠡ ᠬᠣᠪᠴᠠᠰᠣ᠂ ᠳᠣᠮᠳ᠋ᠠᠳ᠋ᠣ ᠮᠠᠶ᠋ᠢᠭ ᠤᠨ ᠬᠣᠪᠴᠠᠰᠣ ᠪᠠᠩᠵᠠᠯ ᠡᠮᠦᠰᠦᠨ᠂ ᠭᠣᠳ᠋ᠣᠯ ᠡᠮᠦᠰᠬᠦ︵ᠡᠷᠡᠭᠳ᠋ᠡᠶᠢᠴᠦᠳ ᠨᠢ ᠳᠡᠭᠰᠢ ᠦᠰᠦᠭᠡᠢ ᠳᠠᠢ᠂ ᠡᠮᠡᠭᠳ᠋ᠡᠶᠢᠴᠦᠳ ᠨᠢ ᠦᠨᠳ᠋ᠦᠷ ᠦᠰᠦᠭᠡᠢ ᠳᠠᠢ ︶ᠬᠦᠮᠦᠨ ᠤᠯᠠᠮ ᠡᠴᠠ ᠤᠯᠠᠮ ᠤᠯᠠᠰᠢᠷᠠᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ