ᠢᠳᠡᠭᠡᠨ ᠤᠮᠳᠠᠭᠠᠨ ︵ᠬᠢᠲᠠᠳ ᠦᠨᠳᠦᠰᠦᠳᠠᠨ︶
ᠨᠡᠶᠢᠲᠡᠯᠡᠭᠰᠡᠨ ᠴᠠᠭ᠄
2022/12/9
      ᠬᠤᠭᠤᠯᠠ ᠬᠣᠰᠢ ᠬᠠᠭᠤᠴᠢᠨ ᠤ ᠦᠶ᠎ᠡ ᠳᠦ᠂ ᠨᠣᠶᠠᠳ ᠬᠤᠳᠠᠯᠳᠤᠭᠠᠴᠢᠳ ᠪᠠᠶᠠᠨ ᠠᠶᠢᠯ ᠨᠢ ᠦᠷᠬᠦᠯᠵᠢ ᠨᠠᠷᠢᠯᠢᠭ ᠪᠤᠳᠠᠭ᠎ᠠ ︵ᠳᠣᠲᠤᠷᠭ᠎ᠠ᠂ ᠭᠤᠯᠢᠷ)  ᠪᠠᠷ ᠭᠤᠣᠯ ᠪᠣᠯᠭᠠᠵᠣ᠂ ᠵᠢᠭᠠᠰᠤ ᠮᠢᠬ᠎ᠠ ᠦᠨᠳᠡᠭᠡ ᠪᠣᠯᠤᠨ ᠡᠯ᠎ᠡ ᠵᠦᠢᠯ  ᠤᠨ ᠨᠣᠭᠣᠭ᠎ᠠ ᠪᠠᠷ ᠬᠣᠯᠢᠰᠢᠨ ᠢᠳᠡᠭᠡᠨ ᠪᠣᠯᠭᠠᠵᠤ᠂ ᠵᠢᠯ ᠴᠠᠭᠠᠨ ᠰᠠᠷ᠎ᠠ᠂ ᠪᠠᠶᠠᠷ ᠲᠤᠷᠠᠰᠬᠠᠯ᠂ ᠬᠤᠷᠢᠮ ᠤᠨ ᠶᠤᠰᠤᠯᠠᠯ᠂ ᠤᠷᠤᠰᠢᠭᠤᠯᠭ᠎ᠠ ᠶᠢᠨ ᠶᠠᠪᠣᠳᠠᠯ᠂ ᠨᠠᠰᠤᠨ ᠪᠠᠶᠠᠷ᠂ ᠵᠣᠴᠢᠨ ᠵᠠᠯᠠᠵᠤ ᠨᠠᠶᠢᠷ ᠲᠠᠯᠪᠢᠬᠤ ᠵᠡᠷᠭᠡ ᠳᠦ ᠶᠡᠬᠡ ᠪᠡᠷ ᠬᠣᠭᠣᠯᠠ ᠬᠣᠰᠢ ᠪᠡᠯᠡᠳᠬᠡᠳᠡᠭ᠃ ᠲᠠᠷᠢᠶᠠᠴᠢᠨ ᠠᠶᠢᠯ ᠨᠢ ᠨᠠᠷᠢᠮᠤ᠂ ᠰᠢᠰᠢ᠂ ᠡᠷᠳᠡᠨᠢ ᠰᠢᠰᠢ᠂ ᠰᠢᠯᠤᠬᠡᠢ᠂ ᠰᠠᠭᠠᠭ ᠤᠨ ᠭᠤᠯᠢᠷ᠂ ᠶᠤᠤᠮᠠᠢ ᠶᠢᠨ ᠭᠤᠯᠢᠷ᠂ ᠪᠤᠷᠴᠠᠭ ᠤᠨ ᠲᠦᠷᠦᠯ ᠢᠶᠠᠷ ᠭᠤᠣᠯ ᠪᠣᠯᠭᠠᠳᠠᠭ᠃ ᠡᠳᠦᠷ ᠦᠨ ᠭᠤᠷᠪᠠᠨ ᠡᠷᠡᠨ ᠦ ᠬᠣᠭᠣᠯᠠ ᠢᠳᠡᠵᠦ᠂ ᠶᠠᠭᠠᠷᠠᠤ ᠦᠶ᠎ᠡ  ᠳᠤ ᠪᠠᠨ ᠬᠤᠶᠠᠷ ᠴᠠᠭ ᠠᠭᠰᠢᠭᠤᠨ ᠨᠢᠭᠡ ᠴᠠᠭ ᠰᠢᠩᠭᠡᠨ ᠢᠳᠡᠵᠤ᠂ ᠰᠡᠯᠡᠬᠦᠤ ᠦᠶ᠎ᠡ  ᠳᠤ ᠪᠠᠨ ᠬᠤᠶᠠᠷ ᠴᠠᠭ ᠰᠢᠩᠬᠡᠨ ᠨᠢᠭᠡ ᠴᠠᠭ  ᠠᠭᠰᠢᠭᠤᠨ ᠢᠶᠠᠷ ᠦᠩᠭᠡᠷᠡᠭᠦᠯ‍ᠵᠤ᠂ ᠲᠤᠳᠤᠷᠭ᠎ᠠ ᠭᠤᠯᠢᠷ ᠢᠳᠡᠬᠦ ᠨᠢ ᠲᠦᠢᠯ ᠦᠨ ᠴᠦᠭᠡᠨ ᠪᠠᠶᠢᠳᠠᠭ᠃ ᠭᠡᠪᠡᠴᠤ ᠪᠠᠷᠠᠭᠤᠨ ᠬᠤᠶᠢᠳᠤ ᠬᠡᠰᠡᠭ ᠦᠨ ᠯᠢᠨᠰᠢ ᠰᠢᠶᠠᠨ᠂ ᠬᠡᠰᠢᠭᠲᠡᠨ ᠬᠤᠰᠢᠭᠤᠨ ᠳᠤ ᠪᠤᠭᠤᠳᠠᠢ ᠶᠤᠤᠮᠠᠢ ᠲᠠᠷᠢᠵᠤ᠂ ᠲᠡᠨᠳᠡᠬᠢ ᠶᠢᠨ ᠲᠠᠷᠢᠶᠠᠴᠢᠳ ᠶᠤᠤᠮᠠᠢ ᠪᠠᠷ ᠭᠣᠣᠯ ᠢᠳᠡᠭᠡᠨ ᠪᠣᠯᠭᠠᠳᠠᠭ ᠴᠦ ᠭᠠᠩ ᠭᠠᠴᠢᠭ ᠵᠢᠯ ᠲᠤᠬᠢᠶᠠᠯᠳᠤᠪᠠᠯ ᠠᠭᠠᠭ ᠨᠣᠭᠣᠭ᠎ᠠ ᠪᠠᠷ ᠤᠷᠤᠯᠠᠭᠤᠯᠳᠠᠭ᠃      ᠴᠢᠯᠦᠭᠡᠯᠡᠭᠳᠡᠭᠰᠡᠨ  ᠦ ᠳᠠᠷᠠᠭ᠎ᠠ᠂ ᠠᠷᠠᠳ ᠤᠨ ᠠᠮᠢᠳᠤᠷᠠᠯ ᠰᠠᠶᠢᠵᠢᠷᠠᠵᠤ᠂ ᠢᠳᠡᠭᠡᠨ ᠤᠮᠳᠠᠭᠠᠨ ᠤ ᠳᠠᠳᠬᠠᠯ ᠴᠦ ᠲᠠᠭᠠᠯᠳᠤᠨ ᠥᠭᠡᠷᠡᠴᠢᠯᠡᠭᠳᠡᠨ ᠬᠤᠪᠢᠷᠠᠭᠰᠠᠨ ᠪᠠ ᠤᠷᠴᠢᠮ ᠤᠨ ᠵᠢᠯ ᠦᠳ ᠡᠴᠡ ᠤᠯᠠᠩᠬᠢ ᠨᠢ ᠨᠠᠷᠢᠯᠢᠭ ᠪᠤᠳᠠᠭ᠎ᠠ ᠪᠠᠷ ᠭᠤᠣᠯ ᠪᠣᠯᠭᠠᠳᠠᠭ ᠪᠣᠯᠵᠠᠢ᠃ ᠲᠠᠷᠢᠶᠠᠯᠠᠬᠤ ᠤᠷᠤᠨ ᠳᠤ ᠦᠷᠬᠦᠯᠵᠢ ᠮᠠᠨᠲᠸᠤ᠂ ᠬᠠᠭᠠᠷᠢ‍ᠮᠡᠯ ᠪᠤᠣᠪᠤ᠂ ᠮᠢᠨᠳᠤᠤᠷ᠂ ᠲᠤᠳᠤᠷᠭ᠎ᠠ᠂ ᠨᠠᠷᠢᠮᠤ᠂ ᠬᠣᠶᠢᠮᠠᠭ᠂ ᠪᠤᠷᠴᠠᠭ ᠲᠠᠢ ᠪᠤᠣᠵᠠ᠂ ᠰᠠᠭᠠᠭ ᠤᠨ ᠭᠤᠯᠢᠷ ᠤᠨ ᠲᠠᠩ᠂ ᠦᠷᠡᠳᠡᠰᠤ᠂ ᠪᠦᠷᠭᠡᠷ ᠪᠤᠭᠤᠷᠰᠤᠭ᠂ ᠨᠠᠩᠭᠢ ᠪᠣᠣᠪᠣ ᠵᠡᠷᠭᠡ ᠶᠢ ᠦᠷᠬᠦᠯᠵᠢ ᠢᠳᠡᠳᠡᠭ᠃ ᠵᠤᠨ ᠤ ᠤᠯᠠᠷᠢᠯ ᠳᠤ᠂ ᠲᠠᠷᠢᠶᠠᠴᠢᠳ ᠤᠨ ᠲᠠᠷᠢᠶᠠᠨ ᠤ ᠠᠵᠢᠯ ᠶᠠᠭᠠᠷᠠᠤ ᠬᠦᠴᠦ ᠶᠡᠭᠡ ᠵᠠᠷᠤᠴᠠᠭᠤᠯᠳᠠᠭ ᠪᠠ ᠵᠤᠨ ᠤ ᠡᠳᠦᠷ ᠤᠷᠳᠤ ᠪᠠᠶᠢᠳᠠᠭ ᠠᠴᠠ ᠨᠡᠩᠭᠢ ᠪᠤᠣᠪᠤ ᠵᠡᠷᠭᠡ ᠰᠢᠩᠭᠡᠭᠡᠬᠦ ᠳᠦ ᠤᠳᠠᠭᠠᠨ ᠢᠳᠡᠭᠡᠨ ᠢ ᠢᠳᠡᠳᠡᠭ᠃ ᠬᠤᠳᠠ ᠪᠠᠯᠭᠠᠰᠤᠨ ᠳᠤ ᠦᠷᠬᠦᠯᠵᠢ ᠰᠤᠩᠬᠢᠨ᠎ᠠ ᠰᠠᠷᠢᠮᠰᠠᠭ᠂ ᠬᠠᠰᠢ᠂ ᠲᠥᠪᠡᠳ ᠬᠠᠰᠢ᠂ ᠦᠷᠭᠡᠰᠤᠲᠦ ᠬᠡᠮᠬᠡ᠂ ᠴᠢᠨᠵᠣᠣ᠂ ᠴᠠᠭᠠᠨ ᠨᠣᠭᠣᠭ᠎ᠠ᠂ ᠪᠦᠭᠡᠷᠡᠩᠬᠡᠢ ᠡᠰᠢᠳᠦ ᠨᠣᠭᠣᠭ᠎ᠠ᠂ ᠭᠤᠭᠤᠳ ᠵᠡᠷᠭᠡ ᠨᠣᠭᠤᠭ᠎ᠠ ᠶᠢ ᠢᠳᠡᠳᠡᠭ᠃ ᠵᠤᠨ ᠤ ᠴᠠᠭ ᠲᠤ ᠰᠤᠷᠭᠤᠭ ᠨᠤᠭᠤᠭ᠎ᠠ ᠢᠳᠡᠵᠤ᠂ ᠡᠪᠣᠯ ᠨᠣᠭᠣᠭ᠎ᠠ ᠬᠠᠳᠠᠭᠠᠯᠠᠨ ᠢᠳᠡᠳᠡᠭ ᠪᠠ ᠪᠠᠶᠠᠨ ᠶᠠᠳᠠᠭᠤ ᠢᠯᠭᠠᠯ ᠦᠭᠡᠢ ᠡᠳᠦᠷ ᠦᠨ ᠭᠤᠷᠪᠠᠨ ᠡᠷᠡᠨ ᠦ ᠬᠣᠭᠣᠯᠠᠨ ᠳᠤ ᠲᠠᠪᠣᠰᠤᠯᠠᠭᠰᠠᠨ ᠨᠣᠭᠤᠭ᠎ᠠ ᠢᠳᠡᠳᠡᠭ᠃ ᠦᠨᠳᠦᠰᠦᠨ  ᠳᠤ ᠪᠠᠨ ᠭᠠᠶᠢᠮᠦ᠂ ᠮᠠᠨᠵᠢᠨ ᠪᠣᠶᠣ ᠯᠤᠤᠪᠠᠩ ᠢ ᠲᠦᠭᠦᠬᠡᠢ ᠪᠡᠷ ᠨᠢ ᠵᠤᠷᠪᠤᠰᠯᠠᠨ ᠬᠡᠷᠴᠢᠵᠤ ᠳᠠᠪᠤᠰᠤᠯᠠᠬᠤ ᠪᠣᠶᠤ ᠰᠦᠢᠷᠡᠳᠡᠯ᠎ᠠ ᠬᠡᠷᠴᠢᠵᠤ ᠴᠢᠨᠡᠵᠤ ᠢᠳᠡᠳᠡᠭ᠃ ᠨᠠᠶᠠᠭᠠᠳ ᠣᠨ ᠠᠴᠠ ᠰᠡᠭᠦᠯᠡᠷ᠂ ᠬᠦᠯᠡᠮᠵᠢ ᠳᠦ ᠨᠣᠭᠤᠭ᠎ᠠ ᠲᠠᠷᠢᠬᠤ ᠮᠡᠷᠭᠡᠵᠢᠯ ᠲᠡᠭᠡᠭᠰᠢᠯᠡᠭᠰᠡᠨ ᠪᠠ ᠵᠠᠮ ᠬᠠᠷᠢᠯᠴᠠᠭ᠎ᠠ ᠳᠦᠭᠦᠮ ᠪᠣᠯᠤᠭᠰᠠᠨ  ᠬᠤᠳᠠ ᠪᠠᠯᠭᠠᠰᠤᠨ ᠦ ᠬᠢᠨ ᠡᠪᠣᠯ ᠤᠨ ᠤᠯᠠᠷᠢᠯ ᠳᠤ ᠪᠠᠰᠠ ᠰᠢᠨ᠎ᠡ ᠰᠤᠷᠭᠤᠭ ᠨᠣᠭᠣᠭ᠎ᠠ ᠢᠳᠡᠬᠦ ᠪᠠᠷ ᠭᠤᠣᠯ ᠪᠣᠯᠭᠠᠪᠠ᠃        ᠲᠠᠷᠢᠶᠠᠯᠠᠬᠤ ᠤᠷᠤᠨ ᠤ  ᠦᠷᠬᠦᠯᠵᠢ ᠢᠳᠡᠳᠡᠭ ᠭᠤᠣᠯ ᠢᠳᠡᠭᠡᠨ ᠢ ᠬᠢᠬᠦ ᠠᠷᠭ᠎ᠠ   ᠾᠧᠯᠧ᠄ ᠰᠠᠭᠠᠭ ᠤᠨ ᠭᠤᠯᠢᠷ ᠢᠶᠠᠨ ᠰᠠᠶᠢᠲᠤᠷ ᠨᠤᠬᠤᠵᠤ᠂ ᠪᠦᠮᠪᠦᠷᠢᠭᠡᠨ ᠤᠷᠲᠤᠯᠵᠢᠨ ᠬᠡᠯᠪᠡᠷᠢᠳᠡᠢ ᠪᠤᠯᠭᠠᠨ᠂ ᠰᠢᠬᠠᠭᠤᠷ  ᠪᠠᠭᠠᠵᠢ ᠶᠢᠨ ᠳᠣᠲᠣᠷ᠎ᠠ ᠬᠢᠵᠤ᠂ ᠲᠣᠭᠤᠭᠠᠨ ᠳᠠᠬᠢ ᠪᠣᠴᠠᠯᠤᠭᠰᠠᠨ ᠤᠰᠤᠨ ᠳᠤ ᠲᠠᠷᠤᠵᠤ ᠤᠷᠤᠭᠤᠯᠤᠨ᠂ ᠪᠣᠯᠭᠣᠭᠰᠠᠨ ᠤ ᠲᠠᠷᠠᠭ᠎ᠠ ᠰᠢᠬᠦᠵᠤ ᠭᠠᠷᠭᠠᠨ᠂ ᠲᠡᠭᠡᠷ᠎ᠡ ᠨᠢ ᠱᠥᠯᠥ ᠲᠠᠢ ᠨᠤᠭᠤᠭ᠎ᠠ ᠪᠣᠶᠤ ᠬᠤᠤᠷᠭ᠎ᠠ ᠬᠢᠵᠤ ᠢᠳᠡᠳᠡᠭ᠃        ᠨᠠᠩᠭᠢ ᠪᠣᠣᠪᠣ᠄ ᠬᠤᠳᠠ ᠪᠠᠯᠭᠠᠰᠤᠨ ᠳᠤ ᠬᠡᠷᠴᠢᠮᠡᠯ ᠨᠠᠩᠭᠢ ᠪᠣᠣᠪᠣ ᠭᠡᠳᠡᠭ᠃ ᠰᠢᠯᠦᠭᠡᠢ ᠶᠢᠨ ᠭᠤᠯᠢᠷ ᠢᠶᠠᠨ ᠤᠰᠤ ᠪᠠᠷ ᠵᠢᠭᠤᠷᠠᠵᠤ᠂ ᠵᠢᠩᠨᠡᠭᠦᠷ ᠲᠡᠭᠡᠷ᠎ᠠ ᠪᠡᠨ ᠨᠢᠭᠡᠨᠳᠡ ᠪᠣᠯᠭᠤᠭᠠᠭᠰᠠᠨ ᠱᠣᠰᠢ ᠶᠢ ᠥᠷᠦᠵᠤ᠂ ᠲᠡᠬᠦᠨ ᠦ ᠲᠡᠭᠡᠬᠦᠷ ᠨᠢ ᠭᠤᠯᠢᠷ ᠢᠶᠠᠨ ᠲᠡᠩᠴᠡᠬᠦᠨ ᠦᠷᠦᠬᠦ ᠶᠢᠨ ᠲᠠᠭᠠᠣ ᠵᠢᠩᠨᠡᠵᠤ᠂ ᠭᠤᠯᠢᠷ ᠢᠶᠠᠨ ᠥᠷᠥᠵᠤ ᠪᠠᠷᠠᠳᠠᠯ᠎ᠠ ᠪᠣᠤᠪᠤ ᠨᠢ  ᠪᠣᠯᠴᠢᠬᠠᠳᠠᠭ᠃ ᠵᠠᠷᠢᠮ ᠨᠢ ᠪᠠᠰᠠ ᠤᠯᠠᠭᠠᠨ ᠴᠢᠪᠠᠭ᠎ᠠ ᠦᠷᠦᠳᠡᠭ ᠴᠦ ᠪᠣᠢ᠃ ᠡᠶᠢᠮᠦᠷᠬᠦ ᠪᠣᠣᠪᠣ ᠨᠢ ᠨᠠᠭᠠᠯᠳᠤᠮᠠᠭᠠᠢ ᠴᠢᠨᠠᠷ ᠢᠶᠠᠷ ᠴᠢᠩᠭ᠎ᠠ᠂ ᠰᠢᠷᠠᠩᠭᠤᠢ ᠦᠩᠬᠡ ᠲᠠᠢ ᠠᠩᠬᠢᠯᠦᠮ᠎ᠠ ᠦᠨᠦᠷ ᠲᠠᠢ᠂ ᠬᠡᠷᠪᠡ ᠪᠤᠷᠠᠮ ᠪᠤᠶᠤ ᠴᠠᠭᠠᠨ ᠰᠢᠬᠢᠷ ᠲᠠᠢ ᠢᠳᠡᠪᠡᠯ ᠠᠮᠲᠠ ᠨᠢ ᠨᠡᠩ ᠰᠠᠶᠢᠬᠠᠨ ᠪᠠᠶᠢᠳᠠᠭ᠃        ᠪᠦᠷᠭᠡᠷ ᠪᠣᠭᠤᠷᠰᠤᠭ᠄ ᠨᠠᠷᠢᠮᠤ ᠪᠣᠯᠣᠨ ᠰᠢᠯᠦᠬᠡᠢ ᠶᠢᠨ ᠭᠤᠯᠢᠷ ᠢ ᠵᠤᠬᠢᠬᠤ ᠬᠠᠷᠢᠴᠠᠯ ᠲᠠᠢ ᠪᠠᠷ ᠬᠣᠯᠢᠵᠤ᠂ ᠤᠰᠤ ᠰᠠᠪᠰᠠᠨ᠂ ᠵᠢᠩᠨᠡᠬᠦᠷ ᠲᠡᠭᠡᠷ᠎ᠠ ᠰᠠᠴᠤᠨ ᠦᠷᠤᠬᠦ ᠶᠢᠨ ᠲᠠᠭᠠᠤ ᠵᠢᠩᠨᠡᠵᠤ ᠪᠣᠯᠭᠤᠭᠰᠠᠨ ᠤ ᠲᠠᠷᠠᠭ᠎ᠠ ᠬᠡᠷᠴᠢᠵᠣ ᠬᠡᠰᠡᠭᠯᠡᠨ ᠢᠳᠡᠳᠡᠭ᠃ ᠡᠶᠢᠮᠦᠷᠬᠦ ᠪᠣᠣᠪᠣ ᠨᠢ ᠪᠠᠭ᠎ᠠ ᠨᠠᠭᠠᠯᠳᠤᠮᠠᠭᠠᠢ ᠴᠢᠨᠠᠷ ᠲᠠᠢ᠂ ᠬᠦᠪᠰᠦᠭᠡᠷ ᠵᠦᠭᠡᠯᠡᠨ ᠰᠠᠶᠢᠠᠬᠨ ᠠᠮᠲᠠᠲᠠᠢ ᠪᠠᠶᠢᠳᠠᠭ᠃      ᠶᠡᠭᠡ ᠸᠠᠩ᠄ ᠪᠠᠷᠠᠭᠤᠨ ᠬᠤᠶᠢᠳᠤ  ᠶᠢᠨ ᠬᠦᠢᠳᠡᠨ ᠠᠭᠤᠯᠠᠷᠬᠠᠭ ᠤᠷᠤᠨ ᠤ ᠲᠠᠷᠢᠶᠠᠴᠢᠳ ᠤᠨ ᠥᠷᠬᠦᠯᠵᠢ ᠢᠳᠡᠳᠡᠭ ᠬᠤᠭᠤᠯᠠ ᠪᠣᠯᠣᠨ᠎ᠠ᠃ ᠶᠤᠤᠮᠠᠢ ᠶᠢᠨ ᠭᠤᠯᠢᠷ ᠢᠶᠠᠷ ᠭᠤᠣᠯ ᠪᠣᠯᠭᠠᠵᠤ᠂ ᠪᠠᠭ᠎ᠠ ᠬᠡᠮᠵᠢᠶᠡᠨ ᠦ ᠰᠠᠭᠠᠭ ᠤᠨ ᠭᠣᠯᠢᠷ ᠬᠣᠯᠢᠵᠣ ᠡ‍ᠢᠰᠬᠡᠨ ᠵᠢᠩᠨᠡᠵᠤ ᠪᠣᠯᠭᠣᠭᠠᠬᠤ ᠶᠢ ︽ᠬᠤᠶᠠᠳᠤᠭᠠᠷ ᠶᠡᠭᠡ ᠸᠠᠩ︾ ᠭᠡᠵᠤ ᠨᠡᠷᠡᠶᠢᠳᠴᠦ᠂ ᠲᠠᠬᠢᠨ ᠴᠠᠭᠠᠨ ᠭᠤᠯᠢᠷ ᠬᠣᠯᠢᠵᠤ ᠬᠢᠭᠰᠡᠨ ᠪᠣᠯ ︽ᠭᠤᠷᠪᠠᠳᠤᠭᠠᠷ ᠶᠡᠭᠡ ᠸᠠᠩ︾ ᠭᠡᠳᠡᠭ᠃ ᠶᠡᠭᠡ ᠸᠠᠩ ᠤᠨ ᠦᠨᠢᠷ ᠠᠮᠲᠠ ᠨᠢ ᠬᠦᠴᠢᠯᠯᠢᠭ᠂ ᠰᠢᠬᠢᠷᠯᠢᠭ᠂ ᠰᠡᠪᠰᠡᠭᠡᠷ ᠵᠦᠭᠡᠯᠡᠨ ᠢᠳᠡᠬᠦ ᠳᠦ ᠠᠮᠳᠠᠳᠠᠢ ᠪᠠᠶᠢᠳᠠᠭ᠃ ᠬᠤᠶᠢᠮᠠᠭ᠄ ᠨᠠᠷᠢᠮᠤ ᠪᠠᠨ ᠤᠭᠢᠶᠠᠨ ᠳᠡᠪᠲᠦᠭᠡᠵᠦ᠂ ᠤᠰᠤ ᠰᠦᠷᠴᠢᠨ ᠢᠩᠳᠡᠨ ᠲᠠᠯᠠᠭᠲᠠᠵᠤ ᠭᠤᠯᠢᠷ ᠪᠣᠯᠭᠠᠭᠰᠠᠨ ᠤ ᠲᠠᠷᠠᠭ᠎ᠠ ᠰᠢᠩᠭᠡᠬᠡᠨ ᠵ‍ᠢᠭᠤᠷᠠᠵᠤ ᠰᠢᠨᠠᠭ᠎ᠠ ᠪᠠᠷ ᠬᠣᠳᠬᠣᠨ ᠲᠣᠭᠣᠭ᠎ᠠ ᠳᠤ ᠪᠠᠨ ᠬᠢᠵᠤ ᠨᠢᠮᠭᠡᠭᠡᠨ ᠲᠠᠷᠬᠠᠵᠤ᠂ ᠵᠥᠭᠡᠢ ᠶᠢᠨ ᠡᠭᠦᠷ ᠰᠢᠭ ᠰᠢᠪᠡᠭᠡᠨᠡᠭᠰᠡᠨ ᠨᠦᠬᠡ  ᠭᠠᠷᠲᠠᠯ᠎ᠠ ᠬᠠᠭᠠᠷᠢᠵᠤ ᠪᠣᠯᠭᠣᠭᠰᠠᠨ ᠤ ᠲᠠᠷᠠᠭ᠎ᠠ ᠢᠳᠡᠳᠡᠭ᠃ ᠬᠦᠮᠦᠰ ᠬᠦᠴᠢᠯᠯᠢᠭ ᠰᠢᠬᠢᠷᠯᠢᠭ ᠠᠮᠳᠠᠳᠠᠢ ᠲᠤᠯᠠ ᠢᠳᠡᠬᠦ ᠲᠤᠷᠠᠳᠠᠢ ᠪᠠᠶᠢᠳᠠᠭ᠃ ᠲᠠᠬᠢᠨ ᠵᠢᠶᠠᠩ ᠲᠦᠷᠬᠢᠨ ᠰᠤᠩᠬᠢᠨ᠎ᠠ ᠶᠢ ᠣᠷᠢᠶᠠᠨ ᠢᠳᠡᠬᠦ ᠳᠦ ᠦᠨᠦᠷ ᠠᠮᠲᠠ ᠨᠢ ᠨᠡᠩ ᠰᠠᠶᠢᠬᠠᠨ ᠪᠠᠶᠢᠳᠠᠭ᠃        ᠬᠠᠭᠠᠷᠢᠭᠰᠠᠨ ᠨᠠᠩᠭᠢ ᠪᠣᠣᠪᠣ᠄ ᠰᠢᠯᠦᠬᠡᠢ ᠶᠢᠨ ᠭᠤᠯᠢᠷ ᠢᠶᠠᠨ ᠰᠠᠶᠢᠲᠤᠷ ᠵ‍ᠢᠭᠤᠷᠠᠵᠤ ᠡ‍ᠢᠰᠭᠡᠭᠰᠡᠨ  ᠦ ᠲᠠᠷᠠᠭ᠎ᠠ᠂ ᠭᠠᠷ ᠢᠶᠠᠷ ᠢᠶᠠᠨ ᠨᠢᠮᠭᠡᠯᠡ‍ᠨ ᠤᠷᠭᠤᠮᠠᠯ ᠤᠨ ᠲᠤᠰᠤ ᠪᠠᠷ ᠬᠠᠭᠠᠷᠢᠵᠤ ᠪᠣᠯᠭᠤᠭᠠᠳ ᠢᠳᠡᠳᠡᠭ᠂ ᠪᠠᠰᠠ ᠪᠤᠣᠪᠤ ᠶᠢᠨ ᠲᠤᠳᠤᠷ᠎ᠠ ᠨᠢ ᠪᠤᠷᠴᠠᠭ ᠬᠠᠪᠴᠢᠭᠤᠯᠵᠤ ᠨᠢᠮᠭᠡᠯᠡᠨ ᠬᠠᠭᠠᠷᠢᠬᠤ ᠶᠢ ᠬᠠᠭᠠᠷᠢᠮᠡᠯ ᠪᠣᠷᠴᠠᠭᠲᠤ ᠨᠠᠩᠭᠢ  ᠪᠣᠤᠪᠤ ᠭᠡᠳᠡᠭ᠃ ᠪᠣᠷᠴᠠᠭᠳᠤ ᠪᠤᠣᠵᠠ᠄ ᠰᠢᠯᠦᠭᠡᠢ  ᠶᠢᠨ ᠭᠤᠯᠢᠷ ᠲᠤ ᠨᠠᠷᠢᠮᠤ ᠶᠢᠨ ᠭᠤᠯᠢᠷ ᠪᠤᠶᠤ ᠡᠷᠳᠡᠨᠢ ᠰᠢᠰᠢ ᠶᠢᠨ ᠭᠤᠯᠢᠷ ᠪᠠᠭ᠎ᠠ ᠬᠣᠯᠢᠵᠤ ᠰᠠᠶᠢᠳᠦᠷ ᠵᠢᠭᠤᠷᠠᠨ ᠡ‍ᠢᠰᠭᠡᠭᠰᠡᠨ ᠦ ᠲᠠᠷᠠᠭ᠎ᠠ᠂ ᠭᠤᠯᠢᠷ ᠢᠶᠠᠨ ᠭᠠᠷ ᠢᠶᠠᠷ ᠨᠢᠮᠭᠡᠯᠡᠨ᠂ ᠪᠣᠯᠭᠤᠭᠰᠠᠨ ᠪᠣᠷᠴᠠᠭ  ᠬᠢᠵᠤ ᠲᠦᠭᠦᠷᠢᠭᠡᠨ ᠬᠡᠯᠪᠡᠷᠢᠳᠡᠢ ᠪᠤᠯᠭᠠᠨ ᠪᠠᠷᠢᠵᠤ᠂ ᠵᠢᠩᠨᠡᠵᠤ ᠪᠣᠯᠭᠤᠭᠠᠳ ᠢᠳᠡᠳᠡᠭ᠃ ᠡᠨᠡ ᠨᠢ ᠬᠥᠳᠡᠭᠡ ᠲᠤᠰᠬᠤᠨ ᠤ ᠤᠯᠠᠮᠵᠢᠯᠡᠯᠳᠤ ᠢᠳᠡᠭᠡᠨ ᠪᠣᠯᠬᠣ ᠶᠣᠮ᠃ ᠪᠠᠰᠠ ᠴᠤᠯ ᠰᠢᠯᠤᠬᠡᠢ ᠶᠢᠨ ᠭᠤᠯᠢᠷ ᠢᠶᠠᠷ ᠬᠢᠭᠰᠡᠨ ᠢ ᠨᠢ ᠨᠠᠩᠭᠢ ᠭᠤᠯᠢᠷ ᠤᠨ  ᠪᠣᠷᠴᠠᠭᠳᠤ ᠪᠣᠤ‍ᠵᠠ ᠭᠡᠳᠡᠭ᠃        ᠭᠧ ᠭᠧ  ᠳ᠋ᠧᠣ᠄ ᠨᠠᠷᠢᠮᠤ ᠪᠠᠨ ᠤᠬᠢᠶᠠᠨ ᠴᠡᠪᠡᠷᠯᠡᠵᠣ᠂ ᠬᠡᠳᠦᠨ ᠡᠳᠦᠷ ᠳᠡᠪᠲᠦᠭᠡᠭᠰᠡᠨ ᠦ ᠲᠠᠷᠠᠭ᠎ᠠ᠂  ᠲᠠᠯᠬᠠᠳᠠᠨ ᠭᠤᠯᠢᠷᠳᠠᠵᠤ᠂ ᠭᠤᠯᠢᠷ ᠢᠶᠠᠨ ᠤᠰᠤ ᠪᠠᠷ ᠨᠤᠬᠤᠵᠤ᠂ ᠠᠮᠪᠠᠨ ᠲᠡᠭᠡᠷ᠎ᠠ ᠪᠡᠨ ᠰᠢᠨᠠᠭᠠᠨ ᠬᠤᠷᠤᠬᠠᠢ ᠶᠤᠮ ᠰᠢᠭ ᠨᠢᠳᠡᠷᠡᠨ ᠭᠠᠷᠭᠠᠵᠤ᠂ ᠪᠣᠴᠠᠯᠭᠠᠭᠰᠠᠨ ᠤᠰᠤᠨ ᠳᠤ ᠬᠢᠵᠤ ᠤᠷᠤᠭᠤᠯᠤᠨ ᠪᠣᠯᠭᠣᠭᠠᠭᠰᠠᠨ ᠤ ᠲᠠᠷᠠᠭ᠎ᠠ ᠰᠢᠭᠦᠨ ᠭᠠᠷᠭᠠᠵᠤ ᠬᠦᠢᠳᠡᠨ ᠤᠰᠤᠨ ᠳᠤ ᠬᠢᠵᠤ ᠢᠳᠡᠳᠡᠭ᠃ ᠢᠳᠡᠬᠦ ᠳᠦ ᠰᠡᠷᠢᠬᠦᠬᠡᠨ ᠭᠤᠯᠭᠤᠮᠠᠲᠠᠭᠠᠢ ᠪᠦᠭᠡᠳ ᠠᠮᠳᠠᠳᠠᠢ᠂ ᠬᠠᠯᠠᠭᠤᠨ ᠦ ᠴᠠᠭ ᠲᠤ ᠢᠳᠡᠬᠦ ᠳᠦ ᠬᠠᠮᠤᠭ ᠰᠠᠶᠢᠨ ᠪᠠᠶᠢᠳᠠᠭ᠃       ᠵᠠᠷᠮ᠎ᠠ᠄ ᠮᠠᠨ ᠤ ᠬᠤᠳᠠ ᠶᠢᠨ ᠪᠠᠷᠠᠭᠤᠨ ᠬᠤᠶᠢᠳᠤ ᠬᠡᠰᠡᠭ  ᠦᠨ ᠲᠠᠷᠢᠶᠠᠴᠢᠳ ᠤᠨ ᠲᠠᠷᠢᠶᠠᠯᠠᠩ ᠤᠨ ᠶᠠᠭᠠᠷᠠᠤ ᠤᠯᠠᠷᠢᠯ ᠳᠤ ᠢᠳᠡᠬᠦ ᠳᠦᠬᠦᠮ ᠬᠤᠭᠤᠯᠠ ᠪᠣᠯᠬᠣ ᠶᠤᠮ᠃ ᠶᠤᠤᠮᠠᠢ ᠪᠠᠨ ᠤᠬᠢᠶᠠᠨ ᠴᠡᠪᠡᠷᠯᠡᠵᠤ ᠬᠠᠲᠠᠲᠠᠯ᠎ᠠ ᠬᠠᠭᠤᠷᠤᠨ ᠪᠣᠯᠭᠣᠭᠠ‍ᠭᠰᠠᠨ ᠤ ᠲᠠᠷᠠᠭ᠎ᠠ᠂ ᠲᠠᠯᠠᠭᠲᠠᠨ ᠭᠤᠯᠢᠷ ᠪᠣᠯᠭᠠᠨ᠎ᠠ᠃ ᠡᠨᠡ ᠨᠢ ᠪᠣᠴᠠᠯᠤᠭᠰᠠᠨ ᠤᠰᠤᠨ ᠳᠤ ᠵᠠᠭᠤᠷᠠᠨ ᠢᠳᠡᠬᠦ ᠳᠦ ᠳᠦᠬᠦᠮ ᠪᠠᠶᠢᠳᠠᠭ᠃      ᠲᠠᠶᠢᠯᠠᠯᠭ᠎ᠠ ᠶᠢᠨ ᠰᠢᠷᠡᠭᠡ᠄ ᠬᠥᠳᠡᠭᠡ ᠶᠢᠨ ᠳᠠᠶᠢᠯᠠᠯᠭ᠎ᠠ ᠶᠢᠨ ᠰᠢᠷᠡᠭᠡ ᠨᠢ ᠤᠯᠠᠩᠬᠢ  ᠳᠦ ᠪᠠᠨ ᠨᠠᠢᠮᠠᠨ ᠶᠡᠬᠡ ᠠᠶᠠᠭ᠎ᠠ᠂ ᠭᠤᠷᠪᠠ‍ᠨ ᠲᠦᠷᠪᠡ ᠶᠢᠨ ᠰᠢᠷᠡᠭᠡ ᠪᠤᠶᠤ ᠲᠦᠷᠪᠡᠨ ᠫᠢᠯᠠ ᠲᠠᠪᠣᠨ ᠠᠶᠠᠭ᠎ᠠ ᠵᠡᠷᠭᠡ ᠬᠡᠪ ᠬᠡᠮᠵᠢᠶ᠎ᠠ ᠲᠠᠢ ᠪᠠᠶᠢᠳᠠᠭ᠃ ᠶᠡᠭᠡ ᠨᠠᠢᠮᠠᠨ ᠶᠡᠭᠡ ᠠᠶᠠᠭ᠎ᠠ ᠭᠡᠳᠡᠭ ᠨᠢ ᠬᠦᠢᠲᠡᠨ ᠵᠠᠭᠤᠰᠢ ᠬᠠᠯᠠᠭᠤᠨ ᠵᠠᠭᠤᠰᠢ ᠲᠤᠰᠪᠤᠷᠢ ᠲᠦᠷᠪᠡᠨ ᠠᠶᠠᠭ᠎ᠠ ᠭᠠᠷᠭᠠᠳᠠᠭ᠂ ᠭᠤᠷᠪᠠ‍ᠨ ᠲᠥᠷᠪᠡ ᠶᠢᠨ ᠰᠢᠷᠡᠭᠡ ᠭᠡᠳᠡᠭ ᠨᠢ ᠲᠠᠷᠤᠢ ᠲᠦᠷᠪᠡᠨ ᠬᠦᠢᠲᠡᠨ ᠵᠠᠭᠤᠰᠢ᠂ ᠲᠦᠷᠪᠡᠨ ᠬᠠᠯᠠᠭᠤᠨ ᠵᠠᠭᠤᠰᠢ᠂ ᠲᠦᠷᠪᠡᠨ ᠶᠡᠭᠡ ᠠᠶᠠᠭ᠎ᠠ ᠭᠠᠷᠭᠠᠬᠤ ᠶᠢ ᠬᠡᠯᠡᠳᠡᠭ᠃ ᠲᠦᠷᠪᠡᠨ ᠫᠢᠯᠠ ᠲᠠᠪᠣᠨ ᠠᠶᠠᠭ᠎ᠠ ᠭᠡᠳᠡᠭ ᠨᠢ ᠦᠷᠦᠭᠡᠰᠦᠨ ᠰᠢᠷᠡᠭᠡ ᠪᠡᠯᠡᠳᠬᠡᠭᠦ ᠳᠦ ᠬᠡᠷᠡᠭᠯᠡᠵᠦ᠂ ᠪᠠᠶᠠᠷ ᠤᠨ ᠶᠤᠰᠤᠯᠠᠯ ᠳᠤ ᠶᠡᠷᠤᠳᠡᠭᠡᠨ ᠬᠡᠷᠡᠭᠯᠡᠬᠦ ᠦᠭᠡᠢ ᠶᠤᠮ᠃ ᠬᠠᠭᠤᠴᠢᠨ ᠤ ᠦᠶ᠎ᠡ ᠳᠦ᠂ ᠠᠮᠢᠳᠤᠷᠠᠯ ᠨᠢ ᠶᠠᠳᠠᠭᠤ ᠵᠦᠳᠡᠭᠦᠦ ᠪᠠᠶᠢᠭᠰᠠᠨ ᠴᠦ ᠨᠡᠷ᠎ᠡ ᠨᠢᠭᠤᠷ ᠢᠶᠠᠨ ᠪᠣᠳᠤᠵᠤ᠂ ᠰᠠᠶᠢᠬᠠᠨ ᠬᠢᠳᠡᠭ ᠮᠦᠷᠳᠡᠭᠡᠨ ᠪᠠᠰᠠ ᠵᠠᠷᠤᠳᠠᠯ ᠢᠶᠠᠨ ᠪᠠᠭᠠᠰᠬᠠᠬᠤ ᠶᠢᠨ ᠲᠦᠯᠦᠭᠡ᠂ ᠠᠶᠠᠭ᠎ᠠ ᠫᠢᠯᠠ ᠶᠢᠨ ᠢᠶᠡᠨ ᠢᠷᠤᠭᠠᠷ ᠲᠤ ᠳ᠋ᠸᠤᠹᠦ᠋ ᠹᠧᠨᠲ᠋ᠢᠶᠣᠤᠷ ᠤᠨ ᠵᠦᠢᠯ ᠢ ᠬᠢᠳᠡᠭ᠃ ᠬᠤᠳᠠ ᠪᠠᠯᠭᠠᠰᠤᠨ ᠤ ᠬᠢᠨ ᠳᠠᠶᠢᠯᠠᠯᠭ᠎ᠠ ᠶᠢᠨ ᠰᠢᠷᠡᠭᠡ  ᠶᠢ ᠲᠤᠩ ᠠᠩᠬᠠᠷᠴᠤ᠂ ᠶᠡᠷᠤᠳᠡᠭᠡᠨ ᠰᠢᠷᠡᠭᠡ ᠪᠦᠷᠢ ᠳᠤ ᠬᠤᠷᠢᠨ ᠬᠡᠳᠤᠨ ᠵᠦᠢᠯ ᠦᠨ ᠨᠤᠭᠤᠭ᠎ᠠ ᠵᠠᠭᠤᠰᠢ ᠪᠡᠯᠡᠳᠴᠤ᠂ ᠵᠡᠷᠢᠮ ᠨᠢ ᠬᠦᠢᠲᠡᠨ ᠬᠠᠯᠠᠭᠤᠨ ᠡᠯ᠎ᠡ ᠵᠦᠢᠯ ᠦᠨ ᠨᠤᠭᠤᠭ᠎ᠠ ᠵᠠᠭᠤᠰᠢ ᠠᠴᠠ ᠭᠠᠳᠠᠨ᠎ᠠ᠂ ᠪᠠᠰᠠ ᠬᠠᠯᠠᠭᠤᠨ ᠲᠣᠭᠤᠭ᠎ᠠ ᠨᠡᠮᠡᠨ ᠭᠠᠷᠭᠠᠳᠠᠭ᠃ ᠬᠠᠯᠠᠭᠤᠨ ᠲᠣᠭᠣᠭ᠎ᠠ ᠭᠠᠷᠭᠠᠬᠤ ᠳᠦ᠂ ᠬᠠᠶᠢᠳᠠᠢ ᠬᠦᠴᠢᠯᠯᠢᠭ ᠨᠣᠭᠤᠭ᠎ᠠ ᠵᠡᠷᠭᠡ ᠶᠢ  ᠰᠢᠷᠬᠡᠭᠯᠢᠭ ᠬᠡᠷᠴᠢᠵᠤ ᠲᠣᠭᠣᠭᠠᠨ ᠳᠤ ᠪᠠᠨ ᠬᠢᠵᠤ᠂ ᠲᠡᠭᠡᠷ᠎ᠠ ᠨᠢ ᠹᠧᠨᠲ᠋ᠢᠶᠣᠤᠷ᠂  ᠬᠡᠷᠴᠢᠭᠰᠡᠨ ᠮᠢᠬ᠎ᠠ᠂ ᠮᠢᠬᠠᠨ ᠪᠦᠮᠪᠦᠭᠡᠯᠢᠭ᠂ ᠳ᠋ᠸᠤᠹᠦ᠋ ᠵᠡᠷᠭᠡ ᠶᠢ ᠠᠯᠠᠭᠯᠠᠨ ᠵᠡᠷᠭᠡᠯᠡᠵᠤ᠂ ᠲᠠᠬᠢᠨ ᠮᠢᠬᠠᠨ  ᠱᠥᠯᠥ ᠬᠢᠵᠤ᠂ ᠭᠠᠯ ᠢᠶᠠᠨ ᠨᠣᠴᠤᠭᠠᠨ ᠪᠣᠴᠠᠯᠭᠠᠨ ᠪᠣᠯᠭᠣᠭᠠᠨ᠎ᠠ᠃      ᠠᠷᠢᠬᠢ ᠪᠣᠯ ᠳᠠᠶᠢᠯᠠᠯᠭ᠎ᠠ ᠶᠢᠨ ᠰᠢᠷᠡᠭᠡᠨ  ᠳᠤ ᠵᠠᠪᠠᠯ ᠪᠡᠯᠡᠳᠬᠡᠬᠦ ᠵᠦᠢᠯ ᠪᠣᠯᠣᠨ᠎ᠠ᠃ ︽ᠠᠷᠢᠬᠢ ᠦᠭᠡᠢ ᠪᠣᠯ ᠰᠢᠷᠡᠭᠡ ᠪᠦᠳᠦᠬᠦ ᠦᠭᠡᠢ︾ᠭᠡᠳᠡᠭ ᠬᠡᠯᠡᠯᠭᠡ ᠪᠠᠶᠢᠳᠠᠭ᠃ ᠬᠠᠭᠤᠴᠢᠨ ᠤ ᠦᠶ᠎ᠡ ᠳᠦ᠂ ᠬᠦᠮᠦᠰ ᠦᠨ ᠤᠯᠠᠩᠬᠢ ᠨᠢ ᠲᠤᠭᠰᠢᠨ ᠬᠠᠷ᠎ᠠ ᠠᠷᠢᠬᠢ ᠤᠤᠭᠤᠳᠠᠭ᠃ ᠲᠠᠯᠠᠭᠠᠳ ᠣᠨ ᠠᠴᠠ ᠰᠡᠭᠦᠯᠡᠷ᠂ ᠫᠢᠸᠤ᠋᠂ ᠲᠡᠷᠠᠰᠤ ᠪᠣᠯᠣᠨ ᠲᠤᠤᠷ᠎ᠠ ᠭᠷᠡᠳᠦ᠋ᠰ ᠦᠨ ᠬᠠᠷ᠎ᠠ ᠠᠷᠢᠬᠢ ᠤᠤᠭᠤᠬᠤ ᠬᠦᠮᠦᠰ ᠤᠯᠠᠰᠢᠷᠠᠵᠠᠢ᠃ ᠵᠣᠴᠢᠨ ᠵᠠᠯᠠᠵᠤ ᠠᠷᠢᠬᠢ ᠤᠤᠭᠤᠯᠭᠠᠬᠤ  ᠳᠦ ᠪᠡᠨ ᠪᠠᠰᠠ ᠵᠠᠷᠢᠮ ᠨᠢ ᠬᠤᠷᠤᠭᠤ ᠵᠢᠮᠡᠯᠴᠡᠵᠦ ᠠᠷᠢᠬᠢ ᠤᠤᠭᠤᠬᠤ ᠤᠷᠮᠠᠰᠢᠯ ᠢᠶᠠᠨ ᠲᠡᠭᠡᠭᠰᠢᠯᠡᠬᠦᠯᠳᠡᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ