ᠶᠠᠪᠤᠵᠤ ᠰᠠᠭᠤᠬᠤ ︵ᠬᠢᠲᠠᠳ ᠦᠨᠳᠦᠰᠦᠲᠡᠨ︶
ᠨᠡᠶᠢᠲᠡᠯᠡᠭᠰᠡᠨ ᠴᠠᠭ᠄
2022/12/9
     ᠤᠯᠠᠭᠠᠨᠬᠠᠳᠠ ᠬᠤᠳᠠ ᠶᠢᠨ ᠣᠯᠠᠩᠬᠢ ᠭᠠᠵᠠᠷ ᠨᠢ ᠲᠤᠪᠤᠷᠬᠠᠭ ᠠᠭᠤᠯᠠᠷᠬᠠᠭ ᠭᠠᠵᠠᠷ  ᠪᠠᠶᠢᠳᠠᠭ᠂ ᠬᠠᠭᠤᠴᠢᠨ ᠤ ᠦᠶ᠎ᠡ  ᠳᠦ ᠵᠠᠮ ᠬᠠᠷᠢᠯᠴᠠᠭ᠎ᠠ ᠲᠦᠭᠦᠮ ᠦᠭᠡᠢ᠂ ᠠᠶᠠᠨ ᠵᠠᠮ ᠬᠥᠭᠡᠭᠡᠵᠦ ᠠᠴᠢᠶ᠎ᠠ ᠬᠦᠰᠭᠡ ᠠᠪᠴᠤ ᠶᠠᠪᠤᠬᠤ  ᠳᠦ ᠪᠡᠨ ᠤᠯᠠᠩᠬᠢ ᠨᠢ ᠭᠣᠣᠯᠳᠠᠭᠤ ᠶᠠᠪᠤᠭᠠᠨ ᠢᠶᠠᠷ ᠶᠠᠪᠣᠵᠤ ᠶᠠᠭᠤᠮ᠎ᠠ ᠬᠡᠤᠮ᠎ᠡ ᠪᠠᠨ ᠲᠠᠮᠨᠠᠭᠤᠷ ᠢᠶᠠᠷ ᠳᠠᠮᠨᠠᠬᠤ᠂ ᠮᠦᠷᠦᠯᠡᠨ ᠡᠭᠦᠷᠬᠦ ᠪᠣᠶᠤ  ᠮᠣᠷᠢ ᠡᠯᠵᠢᠭᠡᠨ ᠳᠦ ᠠᠴᠢᠵᠤ ᠶᠠᠪᠤᠳᠠᠭ᠃ ᠰᠡᠭᠦᠯᠡᠷ ᠨᠢ ᠰᠡᠤᠬᠡ ᠳᠠᠮᠨᠠᠬᠤ᠂ ᠠᠴᠢᠶᠠᠨ ᠰᠡᠤᠬᠡ᠂ ᠲᠡᠮᠡᠭᠡᠨ ᠵᠢᠩ᠂ ᠠᠶᠠᠨ ᠲᠡᠷᠭᠡ ᠵᠡᠷᠭᠡ ᠵᠠᠮ ᠲᠡᠭᠡᠭᠡᠪᠦᠷᠢ ᠶᠢᠨ ᠲᠡᠷᠭᠡ ᠢᠯᠡᠷᠡᠵᠦ᠂ ᠨᠣᠶᠠᠳ ᠬᠤᠳᠠᠯᠳᠤᠭᠠᠴᠢᠨ ᠪᠠᠶᠠᠨ ᠠᠶᠢᠯ ᠭᠠᠳᠠᠭᠰᠢ ᠭᠠᠷᠴᠤ ᠵᠠᠮ ᠬᠥᠭᠡᠭᠡᠬᠦ  ᠳᠤ ᠪᠠᠨ ᠬᠡᠷᠡᠭᠯᠡᠬᠦ ᠪᠣᠯᠵᠠᠢ᠃ ᠤᠯᠠᠭᠠᠨᠬᠠᠳᠠ ᠶᠢᠨ ︽ᠠᠴᠢᠶᠠᠨ ᠰᠡᠤᠬᠡ︾ ᠨᠢ ᠢᠷᠭᠡᠨ ᠤᠯᠤᠰ ᠤᠨ ᠦᠶ᠎ᠡ  ᠳᠤ ᠮᠦᠨ ᠯᠡ ᠶᠡᠬᠡ ᠪᠡᠷ ᠳᠡᠯᠭᠡᠷᠡᠨ ᠬᠦᠭᠵᠢᠵᠦ᠂ ᠲᠤᠰᠬᠠᠶᠢᠯᠠᠨ ᠡᠵᠡᠩᠨᠡᠳᠡᠭ  ᠬᠤᠳᠠᠯᠳᠤᠭᠠᠴᠢᠨ ᠪᠠᠶᠢᠵᠠᠢ᠃ ︽ᠠᠴᠢᠶᠠᠨ ᠰᠡᠤᠬᠡ︾ ᠨᠢ ᠬᠦᠮᠦᠨ ᠳᠠᠮᠨᠠᠬᠤ ᠦᠭᠡᠢ᠂ ᠬᠠᠷᠢᠨ ᠰᠡᠤᠬᠡ ᠪᠠᠨ ᠡᠮᠦᠨ᠎ᠡ ᠬᠤᠶᠢᠨ᠎ᠠ ᠬᠤᠶᠠᠷ ᠯᠠᠭᠤᠰᠠ ᠳᠡᠭᠡᠷ᠎ᠡ ᠠᠴᠢᠶᠠᠯᠠᠵᠤ ᠶᠠᠪᠤᠳᠠᠭ ᠲᠤᠯᠠ ᠶᠡᠷᠤᠳᠡᠭᠡᠨ ︽ᠯᠠᠭᠤᠰᠠ ᠶᠢᠨ ᠠᠴᠢᠶᠠᠨ ᠰᠡᠤᠬᠡ︾ ᠭᠡᠳᠡᠭ᠃ ᠯᠠᠭᠤᠰᠠ ᠶᠢᠨ ᠬᠦᠵᠦᠬᠦᠨ ᠳᠦ ᠬᠡᠯᠬᠢᠶ᠎ᠠ ᠬᠤᠩᠬᠤ ᠵᠡᠭᠦᠯᠬᠡᠵᠤ᠂ ᠠᠶᠠᠯᠠᠨ ᠶᠠᠪᠤᠬᠤ ᠳ᠋ᠤᠨᠢ ᠳ᠋ᠢᠩ ᠳ᠋ᠠᠩ ᠭᠡᠵᠤ ᠳᠤᠤᠭᠠᠷᠬᠤ ᠬᠤᠩᠬᠤᠨ ᠳᠠᠭᠤᠨ ᠳᠤ ᠰᠠᠤᠬᠡ ᠳᠤ ᠰᠠᠭᠤᠭᠰᠠᠨ ᠬᠦᠮᠦᠨ ᠨᠦᠢᠷ ᠬᠦᠷᠬᠦ ᠦᠭᠡᠢ ᠮᠦᠷᠳᠡᠭᠡᠨ ᠶᠡᠭᠡᠯ᠎ᠡ ᠰᠦᠷ ᠮᠠᠨᠳᠤᠭᠤᠯᠵᠤ ᠮᠠᠰᠢᠳᠠ ᠶᠡᠬᠡᠮᠰᠦᠭ ᠪᠠᠶᠢᠳᠠᠯ ᠲᠠᠢ ᠵᠠᠯᠠᠷᠠᠳᠠᠭ᠃ ᠬᠣᠯᠠ ᠶᠢᠨ ᠠᠶᠠᠨ ᠤ ᠲᠡᠭᠡᠭᠡᠪᠦᠷᠢ ᠶᠢᠨ ᠪᠠᠭᠠᠵᠢ ᠳᠤ ᠲᠡᠮᠡᠭᠡᠨ ᠵᠢᠩ ᠪᠣᠯᠣᠨ ᠠᠶᠠᠨ ᠲᠡᠷᠭᠡ ᠲᠡᠷᠭᠡ ᠪᠠᠶᠢᠳᠠᠭ᠃ ᠲᠡᠮᠡᠭᠡᠨ ᠵᠢᠩ ᠨᠢ ᠢᠷᠭᠡᠨ ᠤᠯᠤᠰ ᠤᠨ ᠡᠬᠢᠨ ᠦ ᠦᠶ᠎ᠡ ᠳᠦ ᠤᠯᠠᠭᠠᠨᠬᠠᠳᠠ ᠵᠡᠭᠡᠯᠢ ᠳᠦ ᠪᠠᠰᠠ ᠠᠷᠪᠠᠨ ᠭᠤᠷᠪᠠᠨ ᠡᠷᠤᠭᠡ 57 ᠬᠥᠲᠥᠯᠥᠭᠡ︵ᠬᠥᠲᠥᠯᠥᠭᠡ ᠪᠦᠷᠢ  ᠳᠦ ᠵᠢᠷᠭᠤᠭᠠᠨ ᠲᠡᠮᠡᠭᠡ︶ᠲᠡᠮᠡᠭᠡᠨ ᠵᠢᠩ ᠦᠨ ᠠᠩᠬᠢ ᠪᠠᠶᠢᠵᠠᠢ᠃ ᠪᠢᠷᠠᠭᠤ ᠶᠢᠨ ᠲᠡᠮᠡᠭᠡᠨ ᠵᠢᠩ ᠦᠨ ᠠᠩᠬᠢ ᠨᠢ ᠤᠯᠠᠭᠠᠨᠬᠠᠳᠠ  ᠶᠢᠨ ᠠᠩᠬᠢ ᠠᠴᠠ ᠪᠠᠰᠠ ᠡᠷᠲᠡ ᠪᠠᠶᠢᠭᠤᠯᠤᠭᠳᠠᠭᠰᠠᠨ ᠪᠠᠶᠢᠨ᠎ᠠ᠃ ᠠᠶᠠᠨ ᠲᠡᠷᠭᠡᠨ ᠦ ᠬᠦᠷᠳᠦ  ᠶᠢ ᠮᠤᠳᠤ ᠪᠠᠷ ᠬᠢᠵᠤ ᠮᠦᠭᠡᠷ ᠨᠢ ᠪᠠᠷᠤᠭ ᠢᠮᠠᠬᠤ ᠬᠢᠷᠢ ᠵᠤᠵᠠᠭᠠᠨ᠂ ᠭᠠᠳᠠᠭᠤᠷ ᠨᠢ ᠲᠦᠷᠪᠡᠨ ᠬᠡᠰᠡᠭ ᠲᠡᠮᠤᠷ ᠢᠯᠳᠡᠰᠤ ᠬᠠᠳᠠᠵᠤ ᠶᠠᠷᠤᠳᠡᠭᠡᠨ ᠬᠦᠮᠦᠰ ᠴᠡᠴᠡᠭ ᠦᠨ ᠬᠦᠷᠳᠦᠳᠦ ᠲᠡᠷᠭᠡ ᠭᠡᠵᠤ ᠨᠡᠷᠡᠯᠡᠳᠡᠭ᠃ ᠬᠤᠶᠠᠷ ᠯᠠᠭᠤᠰᠠ ᠬᠦᠯᠢᠵᠤ ᠵᠣᠴᠢᠨ ᠲᠡᠭᠡᠭᠡᠬᠦ ᠡᠴᠡ ᠭᠠᠳᠠᠨ᠎ᠠ ᠪᠠᠰᠠ ᠡᠳ᠋ ᠪᠠᠷᠠᠭ᠎ᠠ ᠲᠡᠭᠡᠭᠡᠪᠦᠷᠢᠯᠡᠳᠡᠭ᠃ ᠲᠦᠴᠢᠭᠡᠳ ᠣᠨ ᠤ ᠦᠶ᠎ᠡ ᠳᠦ᠂ ᠭᠤᠮ ᠬᠦᠷᠳᠤᠳᠤ ᠲᠡᠷᠭᠡ ᠭᠠᠷᠴᠤ᠂ ᠬᠤᠯᠠ ᠠᠶᠠᠨ ᠤ ᠲᠡᠭᠡᠭᠡᠪᠤᠷᠢ ᠳᠤ ᠬᠡᠷᠡᠭᠯᠡᠳᠡᠭ ᠠᠶᠠᠨ ᠲᠡᠷᠭᠡ  ᠶᠢ ᠤᠷᠤᠯᠠᠭᠰᠠᠨ ᠪᠣᠯᠪᠠᠴᠦ᠂ ᠬᠤᠶᠢᠳᠤ ᠬᠡᠳᠦᠨ ᠬᠤᠰᠢᠭᠤ ᠰᠢᠶᠠᠨ ᠨᠢ ᠮᠦᠨ ᠯᠡ ᠡᠨᠡ ᠬᠦ ᠲᠡᠷᠭᠡ ᠪᠠᠨ ᠬᠡᠷᠡᠭᠯᠡᠵᠦ ᠪᠠᠶᠢᠵᠠᠢ᠃     ᠰᠢᠨ᠎ᠡ ᠲᠤᠮᠳᠡᠳᠤ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠠᠭᠤᠯᠠᠨ ᠵᠠᠮ ᠢ ᠦᠷᠭᠡᠳᠭᠡᠨ ᠵᠠᠰᠠᠵᠤ᠂ ᠵᠠᠰᠠᠮᠠᠯ ᠵᠠᠮ ᠲᠦᠷᠪᠡᠨ ᠵᠦᠭ ᠨᠠᠢᠮᠠᠨ ᠵᠤᠪᠬᠢᠰ ᠲᠤ ᠨᠡᠪᠳᠡᠷᠡᠵᠣ᠂ ᠳᠤᠭᠤᠢ ᠲᠡᠷᠭᠡ᠂ ᠭᠤᠮ ᠬᠦᠷᠳᠦᠳᠦ ᠲᠡᠷᠭᠡ᠂ ᠲᠷᠠᠺᠲ᠋ᠣᠷ ᠪᠠ ᠮᠠᠰᠢᠨ ᠲᠡᠷᠭᠡ ᠨᠢ ᠬᠦᠮᠦᠰ ᠦᠨ ᠶᠠᠪᠣᠵᠣ ᠰᠠᠭᠤᠬᠤ ᠪᠠᠭᠠᠵᠢ ᠪᠣᠯᠵᠣ᠂ ᠨᠠᠶᠠᠭᠠᠳ ᠤᠨ ᠪᠣᠯᠬᠤ ᠳᠤ ᠪᠦᠬᠦ ᠬᠤᠳᠠ ᠶᠢᠨ ᠰᠤᠮᠤ ᠪᠠᠯᠭᠠᠰᠤᠨ ᠳᠤ ᠡᠭᠡᠯᠵᠢ ᠶᠢᠨ ᠮᠠᠰᠢᠨ ᠲᠡᠷᠭᠡ ᠨᠡᠪᠳᠡᠷᠡᠬᠦ ᠪᠣᠯᠵᠠᠢ᠃ ᠮᠣᠲ᠋ᠤᠷ᠂ ᠪᠠᠭ᠎ᠠ ᠮᠠᠰᠢᠨ ᠲᠡᠷᠭᠡ ᠶᠢ ᠬᠦᠮᠦᠰ ᠨᠡᠶᠢᠳᠡᠮ ᠬᠡᠷᠡᠭᠯᠡᠬᠦ ᠪᠣᠯᠵᠤ᠂ ᠦᠩᠭᠡᠷᠡᠭᠰᠡᠨ ᠦ ᠲᠡᠷᠡᠭᠦ ᠶᠠᠭᠤᠮ᠎ᠠ ᠬᠡᠤᠮ᠎ᠠ ᠪᠡᠨ ᠡᠭᠦᠷᠬᠦ ᠪᠤᠶᠤ ᠲᠠᠮᠨᠠᠨ ᠶᠠᠪᠤᠬᠤ ᠬᠦᠴᠢᠷᠳᠡᠯᠳᠡᠢ ᠪᠠᠶᠢᠳᠠᠯ ᠨᠢᠭᠡᠨᠳᠡ ᠬᠠᠷᠠᠭᠳᠠᠬᠤ ᠦᠭᠡᠢ ᠪᠣᠯᠵᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ