ᠬᠤᠪᠴᠠᠰᠤ ᠬᠤᠨᠠᠷ ︵ᠪᠣᠰᠤᠳ ᠦᠨᠳᠤᠰᠦᠳᠡᠨ︶
ᠨᠡᠶᠢᠲᠡᠯᠡᠭᠰᠡᠨ ᠴᠠᠭ᠄
2022/12/9
ᠨᠢᠭᠡ᠂ ᠬᠤᠪᠴᠠᠰᠤ ᠬᠤᠨᠠᠷ    ᠬᠤᠳᠤᠩ ᠦᠨᠳᠤᠰᠦᠳᠡᠨ᠄ ᠬᠤᠳᠤᠩ ᠦᠨᠳᠤᠰᠦᠳᠡᠨ  ᠤ ᠤᠯᠠᠩᠬᠢ ᠨᠢ ᠴᠠᠭᠠᠨ ᠬᠤᠪᠴᠠᠰᠤ ᠡᠮᠤᠰᠴᠤ᠂ ᠡᠭᠡᠯ ᠪᠣᠷᠣᠭᠵᠢᠭᠤᠨ ᠢ ᠡᠷᠬᠢᠮᠯᠡᠵᠤ᠂ ᠠᠯᠳᠠ ᠮᠦᠩᠭᠦᠨ ᠵᠠᠰᠠᠯ ᠴᠢᠮᠡᠭᠯᠡᠯ ᠢ ᠲᠡᠮᠡᠢ ᠡᠳ᠋ᠯᠡᠳᠡᠭ ᠦᠭᠡᠢ᠃ ᠡᠷᠡᠭᠳᠡᠢ ᠡᠮᠡᠭᠳᠡᠢ ᠵᠠᠯᠠᠭᠤᠴᠤᠳ ᠦᠩᠭᠡ ᠢᠯᠭᠠᠷᠠᠭᠰᠠᠨ ᠬᠤᠪᠴᠠᠰᠤ ᠬᠤᠨᠠᠷ ᠲᠤᠩ ᠴᠦᠭᠡᠨ ᠡᠮᠤᠰᠳᠡᠭ᠃ ᠨᠠᠰᠤᠳᠠᠶᠢᠴᠤᠳ ᠤᠨ ᠤᠯᠠᠩᠬᠢ ᠨᠢ ᠠᠭᠤᠵᠢᠮ ᠡᠯᠪᠡᠭ ᠬᠤᠪᠴᠠᠰᠤ ᠡᠮᠣᠰᠴᠦ ᠰᠢᠷᠬᠤᠨᠠᠭ ᠢᠶᠠᠨ ᠤᠷᠢᠶᠠᠵᠤ᠂ ᠴᠠᠭᠠᠨ ᠮᠠᠯᠠᠭᠠᠢ︵ᠶᠤᠰᠤᠯᠠᠯ ᠤᠨ ᠮᠠᠯᠠᠭᠠᠢ︶ᠡᠮᠦᠰᠴᠦ᠂ ᠲᠣᠬᠣ ᠪᠠᠨ ᠢᠯᠡ ᠭᠠᠷᠭᠠᠬᠤ ᠶᠢ ᠴᠡᠭᠡᠷᠯᠡᠳᠡᠭ᠃ ᠭᠠᠳᠠᠭᠰᠢ ᠭᠠᠷᠪᠠᠯ ᠪᠥᠰ ᠢᠶᠡᠷ ᠲᠤᠯᠤᠭᠠᠢ ᠪᠠᠨ ᠣᠷᠢᠶᠠᠨ ᠮᠠᠯᠠᠭᠠᠢ ᠶᠢ ᠤᠷᠤᠯᠠᠭᠤᠯᠳᠠᠭ᠃ ᠠᠾᠦ᠋ᠩ ᠤᠨ ᠮᠠᠯᠠᠭᠠᠢ  ᠶᠢ ᠴᠠᠭᠠᠨ ᠪᠦᠰ  ᠢᠶᠡᠷ ᠬᠦᠪᠡᠭᠡᠯᠡᠵᠤ᠂ ᠲᠤᠳᠤᠷ᠎ᠠ ᠨᠢ ᠬᠦᠪᠦᠩ ᠵᠤᠯᠠᠵᠤ ᠬᠢᠳᠡᠭ᠃ ᠪᠠᠶᠢᠷᠢ ᠰᠠᠭᠤᠷᠢ ᠨᠢ ᠨᠡᠯᠢᠶᠡᠳ ᠲᠤᠤᠷ᠎ᠠ ᠠᠾᠦ᠋ᠩ ᠨᠢ ᠨᠣᠮ ᠤᠩᠰᠢᠳᠠᠭ ᠬᠦᠮᠦᠨ ᠦ ᠮᠠᠯᠠᠭᠠᠢ ᠶᠢ ᠡᠮᠤᠰᠴᠤ᠂ ᠦᠨᠳᠦᠷ ᠤᠷᠤᠢ ᠲᠠᠢ᠂ ᠡᠮᠤᠨ᠎ᠠ ᠬᠤᠶᠢᠨ᠎ᠠ ᠨᠢ ᠬᠤᠷᠴᠠ ᠦᠨᠴᠦᠭ ᠦᠭᠡᠢ ᠪᠠᠶᠢᠳᠠᠭ᠃ ᠡᠮᠡᠭᠲᠡᠶᠢᠴᠦᠳ ᠦᠨ ᠮᠠᠯᠠᠭᠠᠢ ᠨᠢ ᠱᠤᠪᠤᠭᠤᠷ ᠲᠦᠭᠦᠷᠢᠭᠡᠨ ᠤᠷᠤᠢ ᠲᠠᠢ᠂ ᠲᠤᠮᠳᠠ ᠪᠠᠨ ᠨᠠᠷᠢᠪᠳᠤᠷ ᠬᠤᠯᠤ ᠬᠡᠯᠪᠡᠷᠢᠳᠡᠢ᠂ ᠠᠯᠳᠠᠨ ᠤᠳᠠᠰᠤ ᠪᠠᠷ ᠴᠡᠴᠡᠭ ᠦᠨ ᠬᠡ ᠬᠠᠳᠬᠤᠭᠰᠠᠨ ᠪᠠᠶᠢᠳᠠᠭ᠃ ᠬᠤᠪᠴᠠᠰᠤ ᠨᠢ ᠪᠦᠷ ᠶᠡᠭᠡ ᠵᠠᠭᠠᠮ᠎ᠠ᠂ ᠴᠢᠬᠤᠯ ᠬᠠᠨᠴᠦᠢ᠂ ᠵᠡᠭᠦᠨ ᠲᠠᠯ᠎ᠠ  ᠳᠦ ᠪᠡᠨ ᠡᠩᠭᠡᠷ ᠲᠠᠢ ᠪᠠᠶᠢᠳᠠᠭ᠃ ᠡᠮᠡᠭᠳᠡᠢ ᠬᠦᠮᠦᠨ ᠦ ᠬᠤᠪᠴᠠᠰᠤᠨ ᠤ ᠡᠩᠭᠡᠷ ᠲᠦ ᠬᠤᠸᠠᠷ ᠬᠠᠳᠬᠤᠵᠤ᠂ ᠲᠤᠳᠤᠷ ᠬᠤᠪᠴᠠᠰᠤ ᠶᠢᠨ ᠤᠷᠳᠤ ᠨᠢ ᠡᠪᠤᠳᠦᠭ ᠤᠨ ᠳᠤᠤᠭᠤᠷ ᠨᠢ ᠬᠦᠷᠳᠡᠭ᠃ ᠡᠷᠡᠭᠲᠡᠶᠢᠴᠦᠳ ᠨᠢ ᠤᠷᠳᠤ ᠬᠡᠵᠢᠭᠡ ᠲᠠᠯᠪᠢᠬᠤ ᠦᠭᠡᠢ᠂ ᠰᠠᠬᠠᠯ ᠲᠠᠯᠪᠢᠳᠠᠭ︵ᠪᠤᠳᠠᠭ᠎ᠠ ᠢᠳᠡᠬᠦ ᠳᠦ ᠲᠦᠭᠦᠮ  ᠤᠨ ᠲᠤᠯᠠᠳᠠ ᠤᠷᠤᠭᠤᠯ ᠤᠨ ᠲᠡᠭᠡᠷᠡᠬᠢ ᠰᠠᠬᠠᠯ ᠢᠶᠠᠨ ᠲᠡᠭᠰᠢᠭᠡᠨ ᠵᠠᠰᠠᠳᠠᠭ᠃︶ᠡᠮᠡᠭᠲᠡᠶᠢᠴᠦᠳ ᠨᠢ ᠠᠷᠤ ᠲᠠᠯ᠎ᠠ  ᠳᠦ ᠪᠡᠨ ᠤᠷᠳᠤ ᠭᠡᠵᠢᠭᠡ ᠭᠦᠷᠦᠵᠤ ᠤᠯᠠᠭᠠᠨ ᠲᠣᠷᠭ᠎ᠠ ᠪᠠᠷ ᠤᠶᠠᠳᠠᠭ ᠪᠠ ᠪᠡᠯᠪᠡᠰᠦᠷᠡᠯ ᠬᠦᠢᠴᠡᠳᠬᠡᠬᠦ ᠳᠦ ᠬᠥᠬᠡ ᠨᠣᠭᠣᠭᠠᠨ ᠦᠩᠭᠡ ᠶᠢᠨ ᠪᠦᠰ ᠢᠶᠠᠷ ᠭᠡᠵᠢᠭᠡ ᠪᠡᠨ ᠤᠶᠠᠳᠠᠭ᠃ ᠡᠩ ᠦᠨ ᠦᠶ᠎ᠡ ᠳᠦ ᠮᠦᠩᠬᠦ ᠪᠤᠶᠤ ᠵᠠᠰ ᠡᠭᠡᠮᠦᠭ ᠵᠡᠭᠦᠵᠤ᠂ ᠪᠠᠶᠠᠨ ᠬᠦᠮᠦᠨ ᠨᠢ ᠠᠯᠳᠠ ᠪᠣᠶᠣ ᠰᠤᠪᠤᠳ ᠤᠨ ᠰᠦᠢᠭᠡ ᠵᠠᠰᠠᠯ ᠢ ᠬᠡᠷᠡᠭᠯᠡᠳᠡᠭ᠃ ᠴᠢᠯᠦᠭᠡᠯᠡᠭᠳᠡᠭᠰᠡᠨ ᠦ ᠳᠠᠷᠠᠭ᠎ᠠ ᠬᠤᠳᠤᠩ ᠦᠨᠳᠦᠰᠤᠳᠠᠨ ᠤ ᠬᠤᠪᠴᠠᠰᠤ ᠨᠢ ᠬᠢᠲᠠᠳ ᠦᠨᠳᠦᠰᠦᠳᠡᠨ ᠦ ᠬᠤᠪᠴᠠᠰᠤ ᠲᠠᠢ ᠳᠡᠮᠡᠢ ᠶᠡᠭᠡ ᠵᠦᠷᠢᠶ᠎ᠠ ᠦᠭᠡᠢ ᠪᠣᠯᠵᠠᠢ᠂ ᠵᠦᠪᠬᠡᠨ ᠨᠠᠰᠤᠳᠠᠶᠢᠴᠤᠳ ᠨᠢ ᠬᠠᠶᠠ ᠵᠠᠷᠢᠮ  ᠳᠦ ᠪᠡᠨ ᠦᠨᠳᠦᠰᠦᠳᠡᠨ ᠦ ᠤᠨᠴᠠᠯᠢᠭ ᠲᠠᠢ ᠬᠤᠪᠴᠠᠰᠤ ᠵᠠᠰᠠᠯ᠂ ᠴᠠᠭᠠᠨ ᠮᠠᠯᠠᠭᠠᠢ᠂ ᠰᠠᠬᠠᠯ ᠵᠠᠰᠠᠬᠤ ᠵᠡᠷᠭᠡ ᠲᠠᠯ᠎ᠠ ᠪᠠᠷ ᠤᠯᠠᠮᠵᠢᠯᠠᠯᠳᠦ ᠤᠨᠴᠠᠯᠢᠭ ᠰᠢᠨᠵᠢ ᠪᠡᠨ ᠬᠠᠳᠠᠭᠠᠯᠠᠵᠤ ᠪᠠᠶᠢᠳᠠᠭ᠃    ᠮᠠᠨᠵᠤ ᠦᠨᠳᠦᠰᠦᠳᠡᠨ᠄ ᠲᠠᠰᠢᠶᠠᠪᠴᠢ ᠲᠡᠪᠡᠯ ᠨᠢ ᠮᠠᠨᠵᠤ ᠦᠨᠳᠣᠰᠦᠳᠡᠨ ᠦ ᠬᠠᠮᠤᠭ ᠤᠨ ᠤᠨᠴᠠᠯᠢᠭᠲᠤ ᠬᠤᠪᠴᠠᠰᠤ ᠪᠣᠯᠣᠨ᠎ᠠ᠃ ᠰᠤᠮᠤᠨ ᠬᠠᠨᠴᠣᠢ ᠲᠠᠢ᠂ ᠪᠠᠷᠠᠭᠤᠨ ᠲᠠᠯ᠎ᠠ  ᠳᠦ ᠪᠡᠨ ᠶᠡᠭᠡ ᠡᠩᠭᠡᠷ ᠲᠠᠢ᠂ ᠲᠦᠷᠪᠡᠨ ᠤᠨᠤᠭᠤ ᠭᠠᠷᠭᠠᠵᠤ᠂ ᠪᠦᠰᠡ ᠪᠦᠰᠡᠯᠡᠨ᠂ ᠡᠮᠵᠢᠶᠡᠷᠢᠯᠠᠨ ᠴᠢᠮᠬᠢᠳᠠᠭ᠃ ᠮᠠᠨᠵᠤ ᠦᠨᠳᠦᠰᠦᠳᠡᠨ ᠮᠤᠷᠢ ᠰᠠᠶᠢᠨ ᠤᠨᠤᠳᠠᠭ ᠢᠶᠠᠷ ᠢᠶᠠᠨ ᠡᠷᠡᠭᠲᠡᠶᠢᠴᠦᠳ ᠦᠨ ᠲᠠᠰᠢᠶᠠᠪᠴᠢ ᠲᠡᠪᠡᠯ ᠨᠢ ᠰᠤᠮᠤᠨ ᠬᠠᠨᠴᠤᠢ ᠲᠠᠢ᠂ ᠮᠠᠨᠵᠤ ᠬᠡᠯᠡᠨ ᠳᠤ ᠸᠠ ᠬᠠ ᠺᠠ ᠭᠡᠳᠡᠭ᠃ ᠰᠤᠮᠤᠨ ᠬᠠᠨᠴᠤᠢ ᠶᠢᠨ ᠠᠮᠠᠰᠠᠷ  ᠲᠡᠭᠡᠷ᠎ᠡ ᠨᠢ ᠪᠠᠷᠤᠭ ᠬᠠᠭᠠᠰ ᠲᠤᠬᠤᠢ ᠤᠷᠳᠤ᠂ ᠬᠠᠭᠠᠰ ᠲᠤᠭᠤᠷᠢᠭ ᠬᠡᠯᠪᠡᠷᠢᠳᠦ ᠬᠠᠨᠴᠦᠢ ᠶᠢᠨ ᠦᠵᠦᠬᠦᠷ ᠬᠢᠭᠰᠡᠨ ᠨᠢ ᠶᠠᠭ ᠮᠤᠷᠢᠨ ᠲᠤᠭᠤᠷᠠᠢ ᠶᠢᠨ ᠬᠡᠯᠪᠡᠷᠢ ᠲᠠᠢ ᠪᠠᠶᠢᠳᠠᠭ᠃ ᠡᠨᠡ ᠨᠢ ᠬᠠᠷᠪᠣᠵᠣ ᠨᠠᠮᠨᠠᠬᠤ ᠪᠠ ᠭᠠᠷ ᠢᠶᠠᠨ ᠲᠤᠯᠠᠭᠠᠯᠠᠬᠤ ᠳᠤ ᠠᠰᠢᠭᠳᠠᠢ ᠪᠠᠶᠢᠳᠠᠭ᠃ ᠡᠮᠡᠭᠳᠡᠢ ᠬᠦᠮᠦᠨ ᠡᠩ ᠦᠨ ᠴᠠᠭ ᠲᠤ ᠦᠷᠭᠡᠨ ᠬᠠᠨᠴᠤᠢ ᠲᠠᠢ  ᠲᠠᠰᠢᠶᠠᠪᠴᠢ ᠲᠡᠪᠡᠯ︵ᠲᠠᠶᠢᠨ ᠳᠤ ᠮᠤᠷᠳᠠᠬᠤ ᠪᠣᠶᠤ ᠲᠦᠷᠦ ᠶᠢᠨ ᠶᠠᠪᠤᠳᠠᠯ ᠳᠤ ᠤᠷᠤᠯᠴᠠᠪᠠᠯ ᠮᠦᠨ ᠯᠠ ᠰᠤᠮᠤᠨ ᠬᠠᠨᠴᠤᠢ ᠲᠠᠢ ᠲᠠᠰᠢᠶᠠᠪᠴᠢ ᠳᠡᠪᠡᠯ ᠡᠮᠤᠰᠳᠡᠭ ︶ᠡᠮᠤᠰᠳᠡᠭ ᠮᠦᠷᠲᠡᠭᠡᠨ ᠵᠠᠭᠠᠮ᠎ᠠ᠂ ᠡᠩᠭᠡᠷ᠂ ᠬᠠᠨᠴᠤᠢ  ᠶᠢᠨ ᠬᠦᠪᠡᠭᠡ ᠶᠢ ᠭᠤᠶᠤ ᠦᠵᠡᠮᠵᠢᠳᠡᠢ ᠡᠮᠵᠢᠶᠡᠷᠢᠯᠡ‍ᠵᠤ︵ᠡᠭᠦᠨ ᠢ ᠮᠠᠨᠵᠤ ᠬᠡᠯᠡᠨ ᠳᠦ ᠲᠣᠣ ᠬᠠᠨ ᠭᠡᠳᠡᠭ︶᠂ ᠪᠡᠶ᠎ᠡ  ᠳᠤ ᠪᠠᠨ ᠲᠤᠩ ᠰᠠᠶᠢᠬᠠᠨ ᠲᠤᠬᠢᠷᠠᠭᠤᠯᠤᠨ ᠤᠶᠤᠳᠠᠭ᠃ ᠬᠠᠨᠵᠢᠶᠠᠷ ᠨᠢ ᠮᠠᠨᠵᠤᠴᠤᠳ ᠤᠨ ᠡᠮᠤᠰᠬᠦ ᠳᠤᠷᠠᠲᠠᠢ ᠨᠢᠭᠡ ᠵᠦᠢᠯ ᠦᠨ ᠬᠤᠪᠴᠠᠰᠤ ᠵᠠᠰᠠᠯ ᠮᠦᠨ᠂ ᠮᠠᠨᠵᠤ ᠬᠡᠯᠡᠨ ᠳᠦ ᠤᠯᠤᠨᠳᠠᠢ ᠭᠡᠳᠡᠭ᠂ ᠬᠢᠲᠠᠳ ᠦᠨᠳᠦᠰᠦᠳᠡᠨ ᠦ ︽ᠡᠯᠢᠭᠡᠪᠴᠢ︾ ᠡᠴᠡ ᠤᠯᠠᠷᠢᠵᠤ ᠢᠷᠡᠭᠰᠡᠨ ᠶᠤᠮ᠃ ᠬᠠᠨᠵᠢᠶᠠᠷ ᠲᠤ ᠭᠣᠣᠯ ᠡᠩᠭᠡᠷ ᠲᠠᠢ᠂ ᠶᠡᠬᠡ ᠡᠩᠭᠡᠷ ᠲᠠᠢ᠂ ᠫᠢᠫᠠ ᠡᠩᠭᠡᠷ ᠲᠠᠢ ᠭᠡᠭᠦ ᠮᠡᠲᠦ ᠤᠯᠠᠨ ᠶᠠᠩᠵᠦ ᠶᠢᠨ ᠬᠡᠯᠪᠡᠷᠢ ᠪᠣᠢ᠃ ᠮᠠᠨᠵᠤ ᠦᠨᠳᠤᠰᠤᠳᠠᠨ ᠫᠢᠫᠠ ᠡᠩᠭᠡᠷᠲᠦ ᠬᠠᠨᠵᠢᠶᠠᠷ ᠡᠮᠦᠰᠬᠦ ᠲᠤᠷᠠᠳᠠᠢ᠂ ᠡᠩᠭᠡᠷ ᠢ ᠨᠢ ᠵᠠᠭᠠᠮ᠎ᠠ ᠠᠴᠠ ᠨᠢ ᠪᠠᠷᠠᠭᠤᠨ ᠮᠦᠷᠦ ᠶᠢᠨ ᠲᠤᠤᠷ᠎ᠠ ᠲᠤᠯᠲᠠᠯ᠎ᠠ ᠨᠣᠮᠣᠨ ᠬᠡᠯᠪᠡᠷᠢᠳᠠᠢ ᠤᠶᠤᠵᠤ᠂ ᠴᠡᠭᠡᠵᠢ ᠶᠢ ᠳᠠᠭᠠᠨ ᠡᠭᠴᠡ ᠳᠣᠭᠤᠭᠰᠢ ᠪᠠᠭᠤᠭᠠᠳ ᠪᠦᠰᠡᠯᠡᠭᠦᠷ ᠬᠦᠷᠬᠦ ᠳᠦ ᠮᠤᠷᠤᠶᠢᠯᠭᠠᠨ ᠤᠶᠤᠨ᠎ᠠ᠃ ᠲᠤᠤᠷᠠᠳᠤ ᠡᠩᠭᠡᠷ ᠢ ᠨᠢ ᠨᠢᠭᠡ ᠬᠡᠰᠡᠭ ᠲᠤᠲᠠᠭᠤ ᠲᠠᠯᠪᠢᠳᠠᠭ ᠨᠢ ᠮᠣᠷᠢ ᠤᠨᠤᠬᠤ ᠳᠤ ᠲᠦᠭᠦᠮ ᠪᠠᠶᠢᠳᠠᠭ᠃ ᠬᠠᠨᠵᠢᠶᠠᠷ ᠪᠣᠯᠣᠨ ᠬᠦᠷᠮ᠎ᠡ︵ᠮᠠᠨᠵᠤ ᠬᠡᠯᠡᠨ  ᠳᠤ ᠧ ᠳ᠋ᠦᠸ᠋ᠸ ᠡᠾᠸ ᠭᠡᠳᠡᠭ︶ᠨᠢ ᠲᠡᠮᠡᠢ ᠶᠡᠭᠡ ᠵᠦᠷᠢᠶ᠎ᠡ ᠦᠭᠡᠢ᠂ ᠬᠦᠷᠮ᠎ᠡ ᠨᠢ ᠦᠨᠳᠦᠷ ᠵᠠᠭᠠᠮ᠎ᠠ ᠭᠣᠣᠯ ᠡᠩᠭᠡᠷ ᠲᠠᠢ᠂ ᠬᠦᠷᠮ᠎ᠡ ᠶᠢᠨ ᠤᠷᠲᠤ ᠨᠢ ᠪᠦᠰᠡᠯᠡᠭᠦᠷ ᠬᠦᠷᠴᠦ ᠬᠠᠨᠴᠤᠢ ᠨᠢ ᠲᠤᠬᠤᠢ ᠬᠦᠷᠴᠦ᠂ ᠨᠡᠯᠢᠶᠡᠳ ᠠᠭᠤᠵᠢᠭᠤ ᠮᠦᠷᠲᠡᠭᠡᠨ ᠲᠦᠷᠪᠡᠨ ᠣᠨᠣᠭᠣ ᠭᠠᠷᠭᠠᠨ᠂ ᠮᠣᠷᠢ ᠤᠨᠤᠬᠤ ᠪᠣᠶᠤ ᠪᠠᠭᠤᠬᠤ ᠳᠤ ᠲᠦᠭᠦᠮ ᠪᠣᠯᠭᠠᠵᠠᠢ᠃ ᠮᠠᠨᠵᠤ ᠬᠦᠮᠦᠨ ᠪᠠᠰᠠ ᠭᠤᠶᠠᠪᠴᠢ᠂ ᠮᠠᠨᠵᠤ ᠱᠠᠬᠠᠢ ᠡᠮᠦᠰᠳᠡᠭ ᠨᠢ ᠮᠦᠨᠴᠦ ᠮᠣᠷᠢᠲᠠᠨ ᠦᠨᠳᠦᠰᠦᠳᠡᠨ ᠦ ᠤᠨᠴᠠᠯᠢᠭ ᠪᠣᠯᠣᠨ᠎ᠠ᠃    ᠮᠠᠨᠵᠤ ᠦᠨᠳᠤᠰᠦᠳᠡᠨ ᠤ ᠡᠷᠡᠭᠲᠡᠢ ᠡᠮᠡᠭᠲᠡᠶᠢᠴᠦᠳ ᠲᠤᠯᠤᠭᠠᠢ ᠶᠢᠨ ᠵᠠᠰᠠᠯ ᠢ ᠲᠤᠩ ᠶᠡᠭᠡ ᠡᠷᠬᠢᠮᠯᠡᠳᠡᠭ᠃ ᠴᠢᠩ ᠤᠯᠤᠰ  ᠤᠨ ᠦᠶ᠎ᠡ ᠳᠤ ᠡᠷᠡᠭᠲᠡᠶᠢᠴᠦᠳ ᠡᠮᠦᠨᠡᠬᠢ ᠦᠰᠦ ᠪᠡᠨ ᠣᠬᠣᠷ ᠲᠠᠯᠪᠢᠬᠤ ᠪᠣᠶᠤ ᠬᠤᠰᠤᠵᠤ ᠭᠡᠵᠢᠭᠡ ᠭᠦᠷᠦᠵᠦ ᠪᠠᠶᠢᠵᠠᠢ᠃ ᠵᠤᠯᠠᠢ ᠲᠡᠭᠡᠷᠡᠭᠢ ᠦᠰᠦ ᠪᠡᠨ ᠬᠤᠰᠤᠵᠤ᠂ ᠠᠷᠤ ᠳᠤᠬᠤᠨ ᠳ᠋ᠡᠬᠢ ᠦᠰᠦ ᠪᠡᠨ ᠦᠯᠡᠳᠡᠭᠡᠵᠤ ᠭᠡᠵᠢᠭᠡ ᠭᠦᠷᠦᠭᠡᠳ ᠠᠷᠤ  ᠳᠦ ᠪᠡᠨ ᠲᠠᠯᠪᠢᠬᠤ ᠪᠣᠶᠤ ᠲᠤᠯᠤᠭᠠᠢ ᠲᠡᠭᠡᠷ᠎ᠡ ᠪᠡᠨ ᠤᠷᠢᠶᠠᠳᠠᠭ᠃ ᠴᠠᠭᠠᠭᠴᠢᠨ ᠭᠠᠬᠠᠢ ᠵᠢᠯ ᠦᠨ ᠬᠤᠪᠢᠰᠬᠠᠯ   ᠠᠴᠠ ᠰᠡᠭᠦᠯᠡᠷ᠂ ᠡᠷᠡᠭᠲᠡᠶᠢᠴᠦᠳ  ᠨᠢ ᠤᠷᠳᠤ ᠬᠡᠵᠢᠭᠡ ᠪᠡᠨ ᠬᠠᠶᠢᠴᠢᠯᠠᠪᠠ᠃ ᠭᠡᠪᠡᠴᠤ ᠤᠳᠤ ᠪᠤᠯᠳᠠᠯ᠎ᠠ ᠬᠠᠷᠠᠴᠢᠨ ᠬᠤᠰᠢᠭᠤᠨ ᠤ ᠠᠷᠪᠠᠨ ᠭᠡᠷ ᠦᠨ ᠮᠠᠨᠵᠤ ᠦᠨᠳᠤᠰᠤᠳᠠᠨ ᠤ ᠰᠢᠶᠠᠩ ᠦᠨ ᠨᠠᠶᠠ ᠭᠠᠷᠤᠭᠰᠠᠨ ᠨᠠᠰᠤᠳᠠᠨ ᠮᠦᠨ ᠯᠠ ᠤᠷᠳᠤ ᠬᠡᠵᠢᠭᠡ ᠪᠡᠨ ᠦᠯᠡᠳᠡᠭᠡᠭᠰᠡᠭᠡᠷ᠃ ᠡᠮᠡᠭᠲᠡᠶᠢᠴᠦᠳ ᠨᠢ ᠪᠠᠭ᠎ᠠ ᠶᠢᠨ ᠦᠶ᠎ᠡ  ᠳᠤ ᠪᠠᠨ ᠬᠦᠤ ᠬᠡᠤᠬᠡᠨ ᠭᠡᠰᠡᠨ ᠦᠭᠡᠢ ᠡᠮᠤᠨᠡᠬᠢ ᠪᠠᠨ ᠬᠤᠰᠤᠵᠤ ᠠᠷᠤ  ᠳᠦ ᠪᠡᠨ ᠬᠡᠵᠢᠭᠡ ᠬᠦᠷᠦᠨ᠎ᠡ᠂ ᠨᠠᠰᠤ ᠨᠢ ᠬᠦᠢᠴᠡᠵᠤ ᠬᠤᠷᠢᠮᠯᠠᠭᠰᠠᠨ ᠤ ᠲᠠᠷᠠᠭ᠎ᠠ ᠰᠡᠶ᠋ᠢ ᠭᠡᠵᠢᠭᠡ ᠪᠠᠨ ᠤᠷᠭᠤᠭᠤᠯᠵᠤ ᠱᠠᠩᠬᠤ ᠤᠷᠢᠶᠠᠳᠠᠭ᠃ ᠰᠦᠷᠦ ᠭᠡᠵᠢᠭᠡ᠂ ᠰᠡᠷᠡᠭᠡ ᠭᠡᠵᠢᠭᠡ᠂ ᠬᠤᠶᠠᠷ ᠰᠠᠯᠠᠭ᠎ᠠ ᠭᠡᠵᠢᠭᠡ ᠭᠡᠬᠦ ᠮᠡᠳᠦ ᠶᠢᠨ ᠬᠡᠯᠪᠡᠷᠢ ᠶᠠᠩᠵᠤ ᠪᠠᠶᠢᠬᠤ ᠮᠦᠷᠲᠡᠭᠡᠨ ᠲᠡᠭᠡᠷ᠎ᠡ ᠨᠢ ᠠᠯᠳᠠ ᠮᠦᠩᠭᠦᠨ ᠬᠠᠳᠬᠤᠭᠤᠷ ᠪᠣᠯᠣᠨ ᠬᠤᠸᠠᠷ ᠬᠠᠳᠬᠤᠳᠠᠭ᠃ ᠮᠠᠨᠵᠤ ᠦᠨᠳᠦᠰᠦᠳᠡᠨ ᠦ ᠡᠮᠡᠭᠲᠡᠶᠢᠴᠦᠳ ᠶᠡᠷᠤᠳᠡᠭᠡᠨ ᠴᠡᠯᠮᠡᠨ ᠪᠦᠰ ᠪᠣᠶᠤ ᠱᠠ ᠪᠥᠰ ᠢᠶᠡᠷ ᠬᠢᠭᠰᠡᠨ ᠵᠢᠷᠭᠤᠭᠠᠨ ᠬᠡ ᠬᠠᠳᠬᠤᠮᠠᠯ ᠲᠠᠢ᠂ ᠰᠠᠷᠠᠪᠴᠢ ᠲᠠᠢ ᠪᠦᠭᠡᠳ ᠠᠷᠤ  ᠳᠦ ᠪᠡᠨ ᠪᠦᠴᠠ ᠲᠠᠢ ᠲᠡᠭᠰᠢ ᠤᠷᠤᠶ ᠲᠠᠢ ᠮᠠᠯᠠᠭᠠᠢ ᠡᠮᠦᠰᠳᠡᠭ᠃ ᠵᠠᠯᠠᠭᠤ ᠪᠦᠰᠡᠭᠦᠶᠢᠴᠤᠳ ᠪᠠᠰᠠ ᠬᠥᠬᠡ ᠴᠡᠯᠮᠡᠨ᠂ ᠬᠥᠬᠡ ᠲᠣᠷᠭ᠎ᠠ ᠪᠣᠶᠤ ᠱᠠ ᠪᠥᠰ ᠢᠶᠡᠷ ᠬᠢᠭᠰᠡᠨ ᠲᠡᠪᠢᠭᠦᠷ ᠬᠡᠯᠪᠡᠷᠢᠳᠤ ᠮᠠᠯᠠᠭᠠᠢ ᠡᠮᠦᠰᠳᠡᠭ᠂ ᠲᠡᠬᠦᠨ ᠢᠶᠡᠨ ᠮᠠᠨᠵᠤ ᠮᠠᠯᠠᠭᠠᠢ ᠭᠡᠳᠡᠭ᠃᠂ ᠡᠷᠡᠭᠲᠡᠶᠢᠴᠦᠳ ᠨᠢ ᠵᠢᠵᠢᠭ ᠮᠠᠯᠠᠭᠠᠢ ( ᠡᠩ ᠦᠨ ᠮᠠᠯᠠᠭᠠᠢ )᠂ ᠢᠰᠡᠭᠡᠢ ᠮᠠᠯᠠᠭᠠᠢ ᠡᠮᠦᠰᠳᠡᠭ᠃ ᠵᠢᠵᠢᠭ ᠮᠠᠯᠠᠭᠠᠢ ᠨᠢ ᠮᠢᠩ ᠤᠯᠤᠰ ᠤᠨ ᠦᠶ᠎ᠡ ᠶᠢᠨ ᠮᠠᠯᠠᠭᠠᠢ ᠶᠢᠨ ᠬᠡᠯᠪᠡᠷᠢ ᠶᠢ ᠲᠠᠭᠤᠷᠢᠶᠠᠵᠤ᠂ ᠵᠢᠷᠭᠤᠭᠠᠨ ᠬᠡᠰᠡᠭ ᠢ ᠨᠡᠶᠢᠯᠡᠬᠦᠯᠦᠨ ᠤᠶᠤᠵᠤ᠂ ᠵᠢᠷᠭᠤᠭᠠᠨ ᠤᠯᠤᠰ ᠢ ᠨᠢᠭᠡᠳᠬᠡᠭᠰᠡᠨ ᠥᠯᠵᠡᠢ ᠪᠡᠯᠭᠡ ᠶᠢᠨ ᠰᠠᠨᠠᠭ᠎ᠠ ᠶᠢ ᠢᠯᠡᠳᠭᠡᠭᠰᠡᠨ ᠪᠠᠶᠢᠳᠠᠭ᠃ ᠬᠤᠷᠢᠳᠤᠭᠠᠷ ᠵᠠᠭᠤᠨ ᠤ ᠬᠤᠷᠢᠭᠠᠳ ᠣᠨ ᠠᠴᠠ ᠨᠠᠭᠠᠰᠢ᠂ ᠮᠠᠨᠵᠤ ᠦᠨᠳᠣᠰᠣᠳᠡᠨ ᠤ ᠬᠤᠪᠴᠠᠰᠤ ᠵᠠᠰᠠᠯ ᠤᠨ ᠤᠨᠴᠠᠯᠢᠭ ᠨᠢ ᠢᠳᠡᠭ ᠢᠳᠡᠭ ᠢᠶᠡᠷ ᠬᠢᠲᠠᠳ ᠦᠨᠳᠦᠰᠦᠳᠡᠨ ᠦ ᠬᠤᠪᠴᠠᠰᠤ ᠵᠠᠰᠠᠯ ᠯᠤᠭ᠎ᠠ ᠠᠳᠠᠯᠢ ᠪᠣᠯᠵᠤ᠂ ᠣᠳᠤ ᠪᠣᠯᠬᠤ ᠳᠤ ᠲᠡᠮᠡᠢ ᠵᠦᠷᠢᠶ᠎ᠡ ᠦᠭᠡᠢ ᠪᠣᠯᠵᠠᠢ᠃     ᠰᠣᠯᠣᠩᠭᠣᠰ ᠦᠨᠳᠦᠰᠦᠳᠡᠨ᠄ ᠰᠤᠯᠤᠩᠭᠤᠰ ᠦᠨᠳᠦᠰᠦᠳᠡᠨ ᠴᠡᠪᠡᠷ ᠪᠤᠷᠤᠭᠵᠢᠭᠤᠨ ᠢ ᠡᠷᠬᠢᠮᠯᠡᠵᠤ᠂ ᠦᠷᠭᠦᠯᠵᠢ ᠴᠠᠶᠢᠪᠣᠷ ᠴᠠᠭᠠᠨ ᠦᠩᠭᠡ ᠶᠢᠨ ᠬᠤᠪᠴᠠᠰᠤ ᠡᠮᠦᠰᠳᠡᠭ᠃ ᠵᠠᠯᠠᠭᠤ ᠢᠳᠡᠷ ᠡᠷᠡᠭᠲᠡᠶᠢᠴᠦᠳ ᠨᠢ ᠴᠠᠭᠠᠨ ᠬᠤᠪᠴᠠᠰᠤ ᠡᠮᠤᠰᠬᠦ ᠦᠭᠡᠢ ᠴᠦ ᠭᠡᠰᠡᠨ ᠬᠤᠪᠴᠠᠰᠤᠨ ᠡᠩᠭᠡᠷ ᠲᠤᠨᠢ ᠨᠢᠭᠡᠨ ᠵᠤᠷᠪᠤᠰ ᠴᠠᠭᠠᠨ ᠪᠦᠰ ᠬᠦᠪᠡᠭᠡ ᠲᠠᠢ᠃ ᠲᠡᠷᠡ ᠨᠢ ᠬᠤᠪᠴᠠᠰᠤ ᠪᠠᠨ ᠬᠠᠨᠵᠠᠯᠤᠨ ᠤᠬᠢᠶᠠᠬᠤ ᠵᠢᠴᠢ ᠬᠤᠪᠴᠠᠰᠤᠨ ᠤ ᠠᠷᠢᠭᠤᠨ ᠴᠡᠪᠡᠷ ᠢ ᠬᠠᠮᠠᠭᠠᠯᠠᠬᠤ ᠳᠤ ᠠᠰᠢᠭᠳᠠᠢ ᠪᠠᠶᠢᠳᠠᠭ᠃ ᠡᠮᠡᠭᠲᠡᠶᠢᠴᠦᠳ ᠨᠢ ᠬᠤᠨᠳᠤᠨ᠂ ᠴᠡᠩᠬᠡᠷ᠂ ᠭᠡᠶᠢᠪᠤᠷ ᠨᠤᠭᠤᠭᠠᠨ ᠵᠡᠷᠭᠡ ᠦᠩᠭᠡ ᠪᠣᠳᠤᠭ ᠨᠢ ᠢᠯᠭᠠᠷᠠᠭᠰᠠᠨ ᠣᠬᠣᠷ ᠬᠦᠷᠮ᠎ᠡ ᠤᠷᠲᠤ ᠪᠠᠩᠵᠠᠯ ᠡᠮᠦᠰᠴᠦ᠂ ᠦᠩᠬᠡ ᠪᠣᠳᠤᠭ ᠪᠦᠬᠦᠢ ᠤᠩᠭᠤᠴᠨ ᠬᠡᠯᠪᠡᠷᠢᠲᠦ ᠭᠤᠮ ᠱᠠᠬᠠᠢ ᠡᠮᠤᠰᠳᠡᠭ᠃ ᠵᠢᠰᠢᠭᠦᠦ ᠡᠩᠭᠡᠷ ᠲᠠᠢ᠂ ᠲᠤᠪᠴᠢ ᠦᠭᠡᠢ᠂ ᠬᠠᠨᠴᠤᠢ ᠶᠢᠨ ᠲᠤᠬᠤᠢ ᠶᠢᠨ ᠬᠡᠰᠡᠭ ᠦᠨ ᠠᠭᠤᠵᠢᠮ ᠨᠢ ᠲᠤᠬᠢᠷᠠᠮᠵᠢᠳᠠᠢ᠂ ᠬᠠᠨᠴᠤᠢ ᠶᠢᠨ ᠠᠮᠠᠰᠠᠷ ᠨᠢ ᠪᠠᠷᠢᠭᠤ᠂ ᠡᠩᠭᠡᠷ ᠦᠨ ᠵᠢᠭᠠᠬᠠᠨ ᠪᠠᠷᠠᠭᠤᠨ ᠬᠡᠰᠡᠭ ᠲᠦ ᠤᠷᠳᠤ ᠪᠥᠰ ᠪᠦᠴᠡ ᠪᠡᠷ ᠡᠷᠪᠡᠬᠡᠢ ᠵᠠᠩᠭᠢᠳᠤᠭᠰᠠᠨ ᠣᠬᠣᠷ ᠬᠦᠷᠮ᠎ᠡ ᠶᠢ ︽ᠰᠸ ᠭᠣᠣ ᠯᠢ︾ ᠭᠡᠵᠤ ᠬᠡᠯᠡᠳᠡᠭ᠃ ᠪᠠᠩᠵᠠᠯ ᠢ ᠰᠤᠯᠤᠩᠭᠤᠰ ᠬᠡᠯᠡ‍ᠨ ᠳᠦ ︽ᠴᠢ ᠮᠠ︾ ᠭᠡᠵᠤ᠂ ᠤᠷᠢᠶᠠᠯᠳᠤᠭᠰᠠᠨ ᠪᠠᠩᠵᠠᠯ ᠪᠣᠷᠳᠤᠭᠤᠨ ᠪᠠᠩᠵᠡᠯ ᠭᠡᠵᠤ ᠬᠤᠶᠠᠷ ᠵᠦᠢᠯ ᠪᠠᠶᠢᠳᠠᠭ᠃ ᠤᠷᠢᠶᠠᠯᠳᠤᠭᠰᠠᠨ ᠪᠠᠩᠵᠠᠯ ᠨᠢ ᠦᠷᠭᠡᠨ ᠪᠦᠰᠡ ᠲᠠᠢ᠂ ᠤᠯᠠᠨ ᠨᠠᠷᠢᠨ ᠨᠤᠭᠤᠯᠤᠭ᠎ᠠ ᠲᠠᠢ᠂ ᠤᠨᠤᠭᠤ ᠲᠠᠢ ᠪᠦᠭᠡᠳ ᠤᠷᠳᠤ ᠨᠢ ᠬᠥᠯ ᠦᠨ ᠪᠣᠷᠪᠢ ᠬᠦᠷᠳᠡᠭ᠃ ᠡᠨᠡ ᠬᠦ ᠬᠦᠯ ᠤᠷᠢᠶᠠᠮᠠᠷ ᠤᠷᠳᠤ ᠪᠠᠩᠵᠡᠯ ᠢ ᠡᠮᠦᠰᠬᠦ  ᠳᠦ᠂ ᠴᠤᠯᠭᠤᠢ ᠴᠠᠭᠠᠨ ᠦᠩᠭᠡ ᠶᠢᠨ ᠬᠤᠪᠴᠠᠰᠤ ᠪᠣᠶᠤ ᠪᠠᠩᠵᠠᠯ ᠢ ᠲᠤᠳᠤᠷ ᠨᠢ ᠳᠠᠪᠬᠤᠷᠯᠠᠨ ᠡᠮᠦᠰᠴᠦ᠂ ᠬᠤᠷᠮᠦᠢ ᠪᠠᠨ ᠳᠡᠭᠡᠭᠰᠢ ᠡᠷᠭᠦᠨ ᠪᠦᠰᠡᠨ ᠳᠦ ᠪᠡᠨ ᠬᠠᠪᠴᠢᠭᠤᠯᠳᠠᠭ ᠴᠦ ᠪᠣᠢ᠃ ᠪᠣᠷᠳᠤᠭᠤᠨ ᠪᠠᠩᠵᠠᠯ ᠭᠡᠳᠡᠭ ᠨᠢ ᠲᠡᠭᠡᠷ᠎ᠡ ᠲᠠᠯ᠎ᠠ ᠳ᠋ᠤᠨᠢ ᠴᠠᠭᠠᠨ ᠪᠦᠰ ᠡᠯᠢᠭᠡᠪᠴᠢ ᠲᠠᠢ᠂ ᠡᠮᠦᠨ᠎ᠡ ᠡᠩᠭᠡᠷ  ᠲᠦ᠋ᠨᠢ ᠲᠤᠪᠴᠢ ᠬᠠᠳᠠᠵᠤ᠂ ᠲᠤᠮᠳᠠᠭᠤᠷ ᠨᠢ ᠠᠪᠴᠢᠵᠤ ᠰᠤᠨᠤᠬᠤ ᠴᠢᠨᠠᠷ  ᠢᠶᠠᠷ ᠴᠢᠩᠭ᠎ᠠ ᠤᠯᠠᠨ ᠨᠠᠷᠢᠨ ᠨᠤᠭᠤᠯᠤᠭᠠᠰᠤ ᠲᠠᠢ᠂ ᠪᠡᠶ᠎ᠠ ᠳᠤ ᠪᠠᠨ ᠲᠤᠬᠢᠷᠠᠭᠤᠯᠤᠨ ᠤᠶᠤᠳᠠᠭ ᠪᠣᠷᠳᠤᠭᠤ ᠬᠡᠯᠪᠡᠷᠢᠳᠡᠢ ᠪᠠᠩᠵᠠᠯ ᠪᠣᠯᠣᠨ᠎ᠠ᠃ ᠡᠮᠡᠭᠡᠳ ᠬᠦᠭᠰᠢᠳ ᠤᠨ ᠤᠯᠠᠩᠬᠢ ᠨᠢ ᠤᠷᠢᠶᠠᠯᠳᠤᠭᠰᠠᠨ ᠪᠠᠩᠵᠠᠯ ᠡᠮᠤᠰᠴᠤ᠂ ᠲᠤᠯᠤᠭᠠᠢ ᠪᠠᠨ ᠤᠷᠳᠤ ᠲᠦᠷᠪᠡᠯᠵᠢᠨ ᠴᠠᠭᠠᠨ ᠠᠯᠴᠢᠭᠤᠷ  ᠢᠶᠠᠷ ᠲᠦᠪᠯᠡᠭᠦᠨ ᠰᠠᠶᠢᠬᠠᠨ ᠤᠷᠢᠶᠠᠳᠠᠭ ᠵᠠᠩᠰᠢᠯ ᠲᠠᠢ᠃ ᠡᠷᠡᠭᠲᠡᠶᠢᠴᠦᠳ ᠦᠨ ᠬᠤᠪᠴᠠᠰᠤ ᠳᠤ ᠭᠣᠣᠯᠳᠠᠭᠤ ᠣᠯᠣᠨᠳᠠᠢ᠂ ᠬᠠᠨᠵᠢᠶᠠᠷ ᠦᠮᠦᠳᠦ᠂ ᠲᠡᠪᠡᠯ ᠵᠡᠷᠭᠡ ᠪᠠᠶᠢᠳᠠᠭ ᠪᠠ ᠲᠡᠭᠡᠷ᠎ᠡ ᠬᠤᠪᠴᠠᠰᠤ ᠨᠢ ᠬᠠᠴᠢᠨ ᠣᠬᠣᠷ᠂ ᠦᠮᠦᠳᠦᠨ ᠠᠯᠠ ᠨᠢ ᠠᠭᠤᠵᠢᠮ᠂ ᠡᠮᠦᠰᠬᠦ  ᠳᠤ ᠪᠠᠨ ᠦᠮᠦᠳᠦᠨ ᠰᠢᠷᠬᠤᠨᠠᠭ  ᠤᠨ ᠲᠤᠤᠷ᠎ᠠ ᠬᠡᠰᠡᠭ ᠢ ᠪᠥᠰ ᠢᠶᠡᠷ ᠤᠷᠢᠶᠠᠳᠠᠭ᠃ ᠭᠠᠳᠠᠭᠰᠢ ᠭᠠᠷᠬᠤ ᠳᠦ ᠵᠢᠰᠢᠭᠦᠦ ᠡᠩᠭᠡᠷ ᠲᠠᠢ ᠪᠥᠰ ᠪᠦᠰᠡᠯᠡᠭᠦᠷ ᠲᠠᠢ ᠲᠤᠪᠴᠢ ᠲᠠᠢ ᠲᠡᠷᠯᠢᠭ ᠲᠠᠪᠬᠤᠷᠯᠠᠨ ᠡᠮᠦᠰᠳᠡᠭ᠃ ᠠᠬᠢᠮᠠᠭ ᠨᠠᠰᠤᠨ ᠤ ᠡᠷᠡᠭᠲᠡᠶᠢᠴᠦᠳ ᠨᠢ ᠴᠠᠭᠠᠨ ᠬᠤᠪᠴᠠᠰᠤ ᠡᠮᠦᠰᠴᠦ᠂ ᠢᠳᠡᠷᠴᠤᠳ ᠨᠢ ᠬᠦᠷᠠᠩ ᠬᠤᠪᠴᠠᠰᠤ ᠡᠮᠦᠰᠬᠦ ᠲᠤᠷᠠᠳᠠᠢ ᠪᠠᠶᠢᠳᠠᠭ᠃ ᠤᠷᠴᠢᠮ ᠤᠨ ᠵᠢᠯ ᠡᠴᠡ ᠰᠤᠯᠤᠩᠭᠤᠰ ᠦᠨᠳᠦᠰᠦᠳᠡᠨ ᠦ ᠡᠮᠤᠰᠬᠡᠯ ᠵᠠᠰᠠᠯ ᠳ᠋ᠤᠨᠢ ᠬᠤᠪᠢᠷᠠᠯᠳᠠ ᠭᠠᠷᠴᠤ᠂ ᠬᠢᠲᠠᠳ ᠬᠤᠪᠴᠠᠰᠤ᠂ ᠡᠸᠦ᠋ᠷᠦᠫᠡ ᠬᠤᠪᠴᠠᠰᠤ ᠶᠢ ᠨᠡᠶᠢᠳᠡᠮ ᠡᠮᠦᠰᠬᠦ ᠪᠣᠯᠵᠤ᠂ ᠦᠨᠳᠦᠰᠦᠳᠡᠨ ᠦ ᠬᠤᠪᠴᠠᠰᠤ ᠪᠠᠨ ᠵᠦᠪᠬᠡᠨ ᠪᠠᠶᠠᠷ ᠲᠤᠷᠠᠰᠬᠠᠯ ᠤᠨ ᠡᠳᠦᠷ ᠪᠣᠶᠣ ᠦᠪᠡᠳᠡᠭᠰᠢ ᠶᠤᠰᠤᠯᠠᠯ ᠤᠨ ᠠᠵᠢᠯᠯᠠᠭᠠᠨ ᠳᠤ ᠯᠠ ᠰᠠᠶ᠋ᠢ ᠡᠮᠤᠰᠬᠦ ᠪᠣᠯᠵᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ