ᠢᠳᠡᠭᠡᠨ ᠤᠮᠳᠠᠭᠠᠨ ︵ᠪᠣᠰᠤᠳ ᠦᠨᠳᠤᠰᠦᠳᠡᠨ︶
ᠨᠡᠶᠢᠲᠡᠯᠡᠭᠰᠡᠨ ᠴᠠᠭ᠄
2022/12/9
     ᠬᠤᠳᠤᠩ ᠦᠨᠳᠦᠰᠦᠳᠠᠨ: ᠬᠤᠳᠤᠩ ᠦᠨᠳᠦᠰᠦᠳᠡᠨ ᠠᠷᠢᠭᠤᠨ ᠴᠡᠪᠡᠷ ᠢ ᠡᠷᠬᠢᠮᠯᠡᠳᠡᠭ᠂ ᠡᠯᠵᠢᠭᠡ ᠯᠠᠭᠤᠰᠠ ᠭᠠᠬᠠᠢ ᠨᠤᠬᠠᠢ ᠵᠡᠷᠭᠡ ᠬᠡᠪᠢᠭᠴᠢ ᠪᠣᠰᠤ ᠠᠳᠤᠭᠤᠰᠤ ᠮᠠᠯ ᠪᠣᠯᠣᠨ ᠪᠦᠷᠭᠦᠳ ᠬᠢᠷᠭᠤᠢ ᠵᠡᠷᠭᠡ ᠠᠯᠢᠪᠠ ᠲᠤᠭᠰᠢᠨ ᠬᠤᠭᠤᠯᠠᠨᠴᠢᠷ ᠵᠢᠭᠦᠷᠳᠡᠨ ᠦ ᠲᠦᠷᠦᠯ ᠦᠨ ᠮᠢᠬ᠎ᠠ ᠶᠢ ᠢᠳᠡᠬᠦ ᠶᠢ ᠴᠡᠭᠡᠷᠯᠡᠵᠤ᠂ ᠵᠦᠪᠭᠡᠨ ᠲᠤᠰᠬᠠᠢ ᠠᠾᠦ᠋ᠩ  ᠤᠨ  ᠨᠢᠲᠤᠯᠤᠭᠰᠠᠨ ᠦᠭᠡᠷ ᠬᠤᠨᠢ ᠲᠡᠮᠡᠭᠡ ᠪᠤᠭᠤ ᠵᠡᠷᠭᠡ ᠬᠡᠪᠢᠭᠴᠢ ᠠᠮᠢᠳᠠᠨ ᠤ ᠲᠦᠷᠦᠯ ᠪᠣᠯᠣᠨ ᠲᠠᠤᠯᠠᠢ ᠲᠠᠬᠢᠶ᠎ᠠ ᠨᠤᠭᠤᠰᠤ ᠭᠠᠯᠠᠭᠤ ᠭᠤᠷᠭᠤᠤᠯ ᠵᠡᠷᠭᠡ ᠡᠪᠡᠰᠦᠨ ᠲᠡᠵᠢᠭᠡᠯᠳᠤ ᠵᠢᠬᠦᠷᠳᠡᠨ ᠦ ᠲᠦᠷᠦᠯ ᠦᠨ ᠮᠢᠬ᠎ᠠ ᠶᠢ ᠢᠳᠡᠳᠡᠭ᠃ ᠬᠡᠳᠦᠶᠢᠪᠡᠷ ᠠᠾᠦ᠋ᠩ ᠤᠨ ᠨᠢᠲᠤᠯᠤᠭᠰᠠᠨ ᠠᠳᠤᠭᠤᠰᠤ ᠠᠮᠢᠲᠠᠨ ᠪᠣᠯᠪᠠᠴᠤ ᠲᠠᠷᠢᠬᠢ ᠴᠢᠮᠦᠭᠡ ᠴᠢᠰᠤ ᠶᠢ ᠨᠢ ᠢᠳᠡᠳᠡᠭ ᠦᠭᠡᠢ ᠪᠦᠭᠡᠳ ᠦᠬᠦᠵᠦ ᠤᠨᠠᠭᠰᠠᠨ ᠠᠳᠤᠭᠤᠰᠤ ᠠᠮᠢᠲᠠᠨ ᠤ ᠮᠢᠬ᠎ᠠ ᠶᠢ ᠢᠳᠡᠳᠡᠭ ᠦᠭᠡᠢ᠃     ᠬᠤᠳᠤᠩ ᠦᠨᠳᠦᠰᠦᠳᠡᠨ ᠨᠢ ᠨᠠᠷᠢᠮᠦ ᠳᠣᠲᠤᠷᠭ᠎ᠠ ᠭᠤᠯᠢᠷ ᠢᠶᠠᠷ ᠭᠤᠣᠯ ᠢᠳᠡᠭᠡᠨ ᠪᠣᠯᠭᠠᠳᠠᠭ᠃ ᠬᠤᠭᠤᠯᠠ ᠬᠢᠬᠦ  ᠳᠤ ᠪᠠᠨ ᠨᠠᠷᠢᠮᠤ ᠶᠢ ᠱᠦᠭᠦᠵᠦ ᠢᠳᠡᠬᠦ᠂ ᠰᠢᠩᠭᠡᠨ ᠪᠤᠳᠠᠭ᠎ᠠ ᠪᠣᠶᠣ ᠪᠤᠷᠴᠠᠭ ᠤᠨ ᠵᠦᠢᠯ ᠲᠠᠢ ᠬᠠᠪᠰᠤᠷᠭᠠᠨ ᠢᠳᠡᠳᠡᠭ ᠪᠦᠭᠡᠳ ᠮᠠᠨᠲᠸᠤ᠂ ᠬᠠᠭᠠᠷᠢᠭᠰᠠᠨ ᠪᠣᠤᠪᠤ᠂ ᠪᠣᠤᠰᠠ᠂ ᠪᠠᠩᠰᠢ᠂ ᠮᠢᠨᠳᠤᠤᠷ ᠵᠡᠷᠭᠡ ᠭᠤᠯᠢᠷ  ᠢᠳᠡᠭᠡᠨ ᠢ ᠢᠳᠡᠳᠡᠭ᠃ ᠵᠢᠯ ᠴᠠᠭᠠᠨ ᠰᠠᠷ᠎ᠠ ᠪᠣᠶᠣ ᠬᠤᠷᠢᠮᠯᠠᠬᠤ᠂ ᠤᠯᠠᠭᠠᠨ ᠴᠠᠭᠠᠨ ᠤ  ᠶᠠᠪᠤᠳᠠᠯ ᠲᠤᠬᠢᠶᠠᠯᠳᠤᠪᠠᠯ᠂ ᠬᠠᠭᠤᠷᠤᠯᠭ᠎ᠠ ᠬᠠᠭᠠᠷᠢᠯᠭ᠎ᠠ ᠪᠡᠯᠡᠳᠬᠡᠨ ᠰᠢᠷᠡᠭᠡᠨ ᠳᠦ ︽ᠶᠢᠰᠤᠨ ᠶᠡᠭᠡ ᠠᠶᠠᠭ᠎ᠠ︾ ᠭᠠᠷᠭᠠᠳᠠᠭ᠃ ᠮᠢᠬᠠᠨ ᠢᠳᠡᠭᠡᠨ ᠳᠦ᠂ ᠦᠬᠡᠷ ᠬᠤᠨᠢᠨ ᠤ ᠮᠢᠬ᠎ᠠ ᠪᠠᠷ ᠭᠤᠣᠯ ᠪᠣᠯᠭᠠᠵᠤ᠂ ᠲᠠᠬᠢᠶ᠎ᠠ ᠵᠢᠭᠠᠰᠤ ᠶᠢᠨ ᠮᠢᠬ᠎ᠠ ᠲᠡᠳ᠋ᠯᠡᠳᠡᠭ᠃ ᠨᠤᠭᠤᠭ᠎ᠠ ᠶᠢᠨ ᠵᠦᠢᠯ ᠨᠢ ᠵᠠᠬ᠎ᠠ ᠲᠡᠯᠭᠡᠬᠦᠷ ᠶᠢᠨ ᠪᠠᠶᠢᠳᠠᠯ ᠢ ᠦᠨᠳᠦᠰᠦᠯᠡᠳᠡᠭ᠃︽ᠶᠢᠰᠤᠨ ᠶᠡᠭᠡ ᠠᠶᠠᠭ᠎ᠠ︾ ᠭᠠᠷᠭᠠᠳᠠᠭ ᠰᠢᠷᠡᠭᠡ ᠨᠢ ᠬᠠᠮᠤᠭ ᠡᠷᠬᠢᠮ ᠳᠠᠶᠢᠯᠠᠯᠭ᠎ᠠ ᠳᠤ ᠲᠤᠭᠠᠴᠢᠭᠳᠠᠵᠤ᠂ ᠰᠢᠷᠡᠭᠡᠨ ᠦ ᠪᠠᠨ ᠲᠣᠭᠲᠠᠭᠰᠠᠨ ᠤᠷᠤᠨ ᠪᠠᠶᠢᠷᠢ ᠳᠤ ᠵᠡᠬᠦᠨ ᠭᠤᠷᠪᠠ᠂ ᠲᠤᠮᠳᠠ ᠭᠤᠷᠪᠠ᠂ ᠪᠠᠷᠠᠭᠤᠨ ᠭᠤᠷᠪᠠᠨ ᠠᠶᠠᠭ᠎ᠠ ᠲᠠᠯᠪᠢᠵᠤ ᠰᠢᠯᠵᠢᠭᠦᠯᠵᠤ ᠪᠣᠯᠳᠠᠭ ᠦᠭᠡᠢ᠃ ᠵᠡᠬᠦᠨ ᠭᠤᠷᠪᠠᠨ ᠠᠶᠠᠭ᠎ᠠ ᠨᠢ ᠴᠢᠨᠠᠭᠰᠠᠨ ᠮᠢᠬᠠᠨ ᠬᠡᠷᠴᠢᠮᠡᠭ᠂ ᠭᠡᠳᠡᠰᠤ ᠲᠤᠳᠤᠷ ᠃ ᠲᠤᠮᠳᠠ ᠭᠤᠷᠪᠠᠨ ᠠᠶᠠᠭ᠎ᠠ ᠨᠢ ᠴᠢᠨᠠᠭᠰᠠᠨ ᠲᠠᠬᠢᠶ᠎ᠠ᠂ ᠮᠢᠬᠠᠨ ᠪᠦᠮᠪᠦᠭᠡᠯᠢᠭ᠂ ᠴᠢᠨᠠᠭᠰᠠᠨ ᠵᠢᠭᠠᠰᠤ᠃ ᠪᠠᠷᠠᠭᠤᠨ ᠭᠤᠷᠪᠠᠨ ᠠᠶᠠᠭ᠎ᠠ ᠨᠢ ᠲᠡᠯᠳᠡᠤ ᠲᠠᠢ ᠮᠢᠬ᠎ᠠ᠂ ᠴᠢᠨᠠᠭᠰᠠᠨ ᠮᠢᠬ᠎ᠠ᠂ ᠮᠢᠬ᠎ᠠ ᠲᠠᠢ ᠰᠢᠷ᠎ᠠ ᠴᠡᠴᠡᠭ ᠦᠨ ᠨᠤᠭᠤᠭ᠎ᠠ ᠲᠠᠯᠪᠢᠳᠠᠭ᠃ ᠲᠡᠬᠦᠨ ᠦ ᠲᠤᠳᠤᠷ᠎ᠠ ᠲᠠᠬᠢᠶ᠎ᠠ ︵ᠭᠠᠷᠤᠳᠢ︶ ᠶᠢᠨ ᠲᠤᠯᠤᠭᠠᠢ᠂ ᠵᠢᠭᠠᠰᠤ ︵ᠯᠤᠤ︶ ᠶᠢᠨ ᠰᠡᠭᠦᠯ ᠨᠢ ᠥᠯᠵᠡᠢ ᠪᠡᠯᠭᠡ ᠪᠠ ᠪᠠᠶᠠᠨ ᠡᠷᠬᠢᠮ ᠢ ᠢᠯᠡᠷᠬᠡᠶᠢᠯᠡᠳᠡᠭ᠃ ᠨᠢᠭᠡ ᠠᠶᠠᠭ᠎ᠠ ‍ ᠭᠡᠳᠡᠰᠤ ᠳᠣᠲᠤᠷ ᠨᠢ ᠲᠠᠪᠣᠨ ᠴᠤᠯᠤ ᠪᠦᠷᠢᠨ᠂ ᠪᠦᠬᠦ ᠰᠡᠳᠬᠢᠯ ᠦᠨᠡᠨ ᠰᠠᠨᠠᠭ᠎ᠠ  ᠶᠢ ᠢᠯᠡᠳᠬᠡᠳᠡᠭ᠃ ᠴᠠᠭᠠᠨ ᠨᠤᠭᠤᠭ᠎ᠠ ᠨᠢ ᠦᠨᠡᠨᠴᠢ ᠰᠠᠨᠠᠭ᠎ᠠ ᠠᠷᠢᠭᠤᠨ ᠴᠠᠶᠢᠯᠭᠠᠨ ᠬᠠᠶᠢᠷ᠎ᠠ ᠰᠡᠳᠬᠢᠯᠭᠡ ᠶᠢ ᠢᠯᠡᠳᠬᠡᠬᠦ ᠵᠡᠷᠭᠡ ᠪᠣᠯᠣᠨ᠎ᠠ᠃ ᠰᠢᠷᠡᠭᠡ ᠡᠬᠢᠯᠡᠬᠦ ᠦᠶ᠎ᠡ ᠳᠦ᠂ ᠶᠢᠰᠤᠨ ᠠᠶᠠᠭ᠎ᠠ ᠪᠠᠨ ᠰᠢᠷᠡᠭᠡᠨ ᠲᠡᠭᠡᠷ᠎ᠠ ᠪᠠᠨ ᠲᠠᠯᠪᠢᠵᠤ᠂ ᠠᠶᠠᠭ᠎ᠠ ᠪᠦᠷᠢ ᠶᠢᠨ ᠨᠤᠭᠤᠭ᠎ᠠ ᠨᠢ ᠡᠷᠭᠡᠪᠰᠢ ᠬᠠᠯᠠᠭᠤᠨ ᠮᠦᠷᠳᠡᠭᠡᠨ ᠪᠣᠯᠭᠤᠭᠠᠭᠰᠠᠨ ᠪᠠᠶᠢᠬᠤ ᠬᠡᠷᠡᠭᠲᠡᠢ᠃ᠬᠤᠳᠤᠩᠴᠤᠳ ᠴᠠᠢ ᠤᠤᠭᠤᠬᠤ ᠵᠠᠩᠰᠢᠯ ᠲᠠᠢ ᠪᠠᠶᠢᠳᠠᠭ᠃ ᠠᠶᠢᠯ ᠪᠣᠯᠭᠠᠨ ᠴᠡᠪᠡᠷ ᠠᠷᠢᠭᠤᠨ ᠴᠠᠢ ᠶᠢᠨ ᠪᠠᠭᠠᠵᠢ ᠲᠠᠢ᠃ ᠨᠡᠩ  ᠴᠦ  ᠰᠢᠷ᠎ᠠ ᠴᠠᠢ ᠶᠢ ᠠᠮᠠᠰᠠᠷ ᠲᠠᠢ ᠠᠶᠠᠭᠠᠨ  ᠳᠦ ᠪᠡᠨ ᠪᠥᠷᠢᠵᠤ ᠤᠤᠭᠤᠬᠤ ᠲᠤᠷᠠᠳᠡᠢ ᠪᠦᠭᠡᠳ ᠵᠠᠷᠢᠮ ᠨᠢ ᠪᠠᠰᠠ ᠴᠠᠢ  ᠳᠦ ᠪᠡᠨ ᠤᠯᠠᠭᠠᠨ ᠴᠢᠪᠠᠭ᠎ᠠ ᠬᠤᠰᠢᠭ᠎ᠠ ᠶᠢᠨ ᠴᠦᠮ᠎ᠠ ᠶᠢ ᠬᠢᠳᠡᠭ᠃ ᠠᠷᠢᠬᠢ ᠲᠠᠮᠠᠬᠢ ᠡᠳ᠋ᠯᠡᠬᠦ ᠶᠢ ᠴᠡᠭᠡᠷᠯᠡᠳᠡᠭ᠃ ᠪᠤᠳᠠᠭ᠎ᠠ ᠢᠳᠡᠬᠦ ᠡᠴᠡ ᠡᠮᠦᠨ᠎ᠠ ᠬᠤᠶᠢᠨ᠎ᠠ ᠪᠦᠷ ᠭᠠᠷ ᠢᠶᠠᠨ ᠤᠬᠢᠶᠠᠳᠠᠭ᠃ ᠮᠠᠨᠲᠸᠤ ᠬᠠᠭᠠᠷᠢᠭᠰᠠᠨ ᠪᠣᠤᠪᠤ ᠵᠡᠷᠭᠡ ᠢᠳᠡᠭᠡᠨ ᠢ ᠢᠳᠡᠵᠤ᠂ ᠪᠦᠬᠦᠯᠢ ᠬᠠᠬᠤᠤᠯᠢ ᠪᠠᠷ ᠵᠠᠯᠭᠢᠬᠤ ᠶᠢ ᠴᠡᠭᠡᠷᠯᠡᠵᠤ᠂ ᠡᠷᠬᠡᠪᠰᠢ ᠪᠠᠭ᠎ᠠ ᠪᠠᠭ᠎ᠠ ᠡᠮᠬᠦᠯᠡᠨ ᠵᠠᠵᠢᠯᠤᠨ ᠢᠳᠡᠬᠦ ᠶᠢ ᠡᠷᠬᠢᠮᠯᠡᠳᠡᠭ᠃ ᠢᠰᠯᠠᠮ ᠤᠨ ᠱᠠᠰᠢᠨᠲᠠᠨ  ᠪᠤᠰᠤ ᠬᠥᠮᠥᠰ ᠬᠤᠳᠤᠩᠴᠤᠳ ᠤᠨ ᠬᠡᠷᠡᠭᠯᠡᠳᠡᠭ ᠬᠤᠳᠳᠤᠭ ᠠᠴᠠ ᠭᠠᠷ ᠬᠦᠳᠡᠯᠦᠨ ᠤᠰᠤ ᠲᠠᠲᠠᠵᠤ ᠪᠣᠯᠬᠣ ᠦᠭᠡᠢ᠂ ᠬᠡᠷᠪᠡ ᠤᠰᠤ ᠬᠡᠷᠡᠭᠯᠡᠬᠦ ᠴᠢᠬᠤᠯᠠ ᠲᠠᠢ ᠦᠶ᠎ᠡ ᠳᠦ ᠬᠤᠳᠤᠩ ᠬᠦᠮᠦᠨ ᠤᠷᠤᠯᠠᠨ ᠠᠪᠴᠤ ᠥᠭᠳᠡᠭ᠃ ᠦᠯᠡᠳᠡᠭᠰᠡᠨ ᠤᠰᠤ ᠶᠢ ᠬᠤᠳᠳᠤᠭ ᠪᠣᠶᠣ ᠤᠰᠤᠨ ᠭᠠᠩ ᠳᠤ ᠪᠤᠴᠠᠭᠠᠵᠤ ᠬᠢᠬᠦ ᠶᠢ ᠴᠡᠭᠡᠷᠯᠡᠳᠡᠭ᠃     ᠰᠤᠯᠤᠩᠭᠤᠰ ᠦᠨᠳᠦᠰᠦᠳᠡᠨ᠄ ᠶᠡᠷᠤᠳᠡᠭᠡᠨ ᠳᠤᠳᠤᠷᠭ᠎ᠠ ᠪᠤᠳᠠᠭ᠎ᠠ ᠪᠠᠷ ᠭᠣᠣᠯ ᠬᠤᠭᠤᠯᠠ ᠪᠠᠨ ᠪᠣᠯᠭᠠᠳᠠᠭ᠃  ᠲᠤᠲᠤᠷᠭ᠎ᠠ ᠪᠤᠳᠠᠭ᠎ᠠ᠂ ᠬᠦᠢᠳᠡᠨ ᠭᠤᠯᠢᠷ ᠬᠤᠭᠤᠯᠠ᠂ ᠪᠣᠭᠤᠷᠰᠤᠭ ᠬᠢᠵᠦ ᠢᠳᠡᠬᠦ ᠲᠤᠷᠠᠳᠠᠢ᠃ ᠬᠣᠯᠢᠰᠢᠨ ᠢᠳᠡᠭᠡᠨ ᠦ ᠲᠦᠷᠦᠯ ᠵᠦᠢᠯ ᠨᠢ ᠠᠷᠪᠢᠨ᠂ ᠴᠠᠢ ᠪᠦᠷᠢᠬᠦ᠂ ᠲᠡᠪᠳᠦᠭᠡᠭᠰᠡᠨ ᠨᠣᠭᠣᠭ᠎ᠠ᠂ ᠯᠠᠵᠤᠤ ᠵᠢᠶᠠᠩ᠂ ᠬᠣᠷᠳᠤᠨ ᠴᠠᠭᠠᠨ᠂ ᠳ᠋ᠠ ᠵᠢᠶᠠᠩ ᠱᠥᠯᠥ᠂ ᠬᠦᠢᠳᠡᠨ ᠱᠥᠯᠥ᠂ ᠶᠣᠸᠠᠢ ᠺᠸᠤ ᠽᠢ ᠱᠥᠯᠥ᠂ ᠯᠠᠵᠤᠤ ᠶᠢᠨ ᠠᠮᠳᠠᠳᠤ ᠱᠥᠯᠥ᠂ ᠰᠢᠷᠠᠭᠰᠠᠨ ᠦᠭᠡᠷ ᠤᠨ ᠮᠢᠬ᠎ᠠ᠂ ᠲᠦᠬᠦᠬᠡᠢ ᠦᠭᠡᠷ ᠦᠨ ᠮᠢᠬᠠᠨ ᠬᠢᠮ᠎ᠠ ᠵᠢᠴᠢ ᠣᠯᠠᠨ ᠵᠦᠢᠯ ᠦᠨ ᠲᠠᠪᠣᠰᠤᠳᠠᠢ ᠨᠣᠭᠤᠭ᠎ᠠ ᠵᠡᠷᠭᠡ ᠨᠢ ᠴᠦᠮ ᠦᠪᠡᠷᠮᠢᠴᠠ ᠣᠨᠴᠠᠯᠢᠭ ᠲᠠᠢ ᠶᠤᠮ᠃ ᠨᠤᠬᠠᠢ ᠶᠢᠨ ᠮᠢᠬ᠎ᠠ ᠨᠢ ᠰᠤᠯᠤᠩᠭᠤᠰ ᠦᠨᠳᠦᠰᠦᠳᠡᠨ ᠦ ᠢᠳᠡᠬᠦ ᠲᠤᠷᠠᠳᠠᠢ ᠮᠢᠬᠠᠨ ᠢᠳᠡᠭᠡᠨ ᠦ ᠨᠢᠭᠡ ᠪᠣᠯᠬᠣ ᠪᠦᠭᠡᠳ ᠤᠯᠠᠩᠬᠢ  ᠳᠦ ᠪᠡᠨ ᠭᠤᠷᠪᠠᠨ ᠹᠦ᠋ ᠶᠢᠨ ᠬᠠᠯᠭᠤᠨ ᠳᠤ ᠢᠳᠡᠨ᠎ᠡ᠃ ᠭᠡᠪᠡᠴᠦ ᠤᠯᠠᠭᠠᠨ ᠴᠠᠭᠠᠨ ᠤ ᠤᠴᠢᠷ ᠪᠣᠯᠤᠨ ᠪᠠᠶᠠᠷ ᠲᠤᠷᠠᠰᠬᠠᠯ ᠤᠨ ᠡᠳᠦᠷ ᠨᠣᠬᠠᠢ ᠠᠯᠠᠬᠤ ᠶᠢ ᠴᠡᠭᠡᠷᠯᠡᠳᠡᠭ᠃ ᠭᠤᠱᠤᠭᠤᠨ ᠠᠮᠲᠠ ᠲᠠᠢ ᠢᠳᠡᠭᠡᠨ ᠢ ᠢᠳᠡᠬᠦ ᠲᠤᠷᠠᠳᠠᠢ ᠪᠠᠶᠢᠳᠠᠭ ᠨᠢ ᠰᠤᠯᠤᠩᠭᠤᠰᠴᠣᠳ ᠤᠨ ᠬᠣᠯᠢᠰᠢᠨ ᠢᠳᠡᠭᠡᠨ ᠦ ᠲᠤᠪᠣᠶᠢᠮ᠎ᠠ ᠤᠨᠴᠠᠯᠢᠭ ᠪᠣᠯᠣᠨ᠎ᠠ᠃       ᠰᠣᠯᠣᠩᠭᠤᠰ ᠦᠨᠳᠦᠰᠦᠳᠡᠨ ᠬᠤᠭᠤᠯᠠ ᠢᠳᠡᠬᠦ  ᠳᠤ ᠪᠠᠨ ᠨᠠᠰᠤᠳᠠᠨ  ᠳᠦ ᠪᠡᠨ ᠲᠤᠰᠬᠠᠢ ᠨᠢᠭᠡᠨ ᠵᠢᠵᠢᠭ ᠰᠢᠷᠡᠭᠡ ᠲᠠᠯᠪᠢᠵᠤ ᠥᠭᠳᠡᠭ ᠪᠠ ᠡᠷᠬᠢᠮ ᠬᠦᠨᠳᠤᠳᠤ ᠵᠣᠴᠢᠨ ᠢᠷᠡᠪᠡᠯ ᠠᠬᠠᠮᠠᠳ ᠤᠨ ᠰᠢᠷᠡᠭᠡᠨ ᠳᠦ ᠰᠠᠭᠤᠯᠭᠠᠵᠤ ᠬᠦᠨᠳᠦᠳᠬᠡᠵᠦ ᠪᠠᠶᠢᠬᠤ ᠪᠠᠨ ᠢᠯᠡᠳᠬᠡᠨ᠎ᠠ᠃ ᠤᠤᠭᠤᠬᠤ ᠤᠰᠤ ᠪᠠᠨ ᠪᠤᠳᠤᠩ ᠢᠶᠠᠷ ᠲᠤᠯᠤᠭᠠᠢ ᠲᠡᠭᠡᠷ᠎ᠠ ᠪᠠᠨ ᠲᠠᠯᠪᠢᠵᠤ ᠠᠪᠴᠢᠷᠠᠳᠠᠭ ᠨᠢ ᠡᠮᠡᠭᠲᠡᠶᠢᠴᠦᠳ ᠦᠨ ᠠᠵᠢᠯ ᠪᠣᠯᠣᠨ᠎ᠠ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ