ᠴᠠᠭᠠᠨ ᠰᠠᠷ᠎ᠠ
ᠨᠡᠶᠢᠲᠡᠯᠡᠭᠰᠡᠨ ᠴᠠᠭ᠄
2022/12/9
      ᠮᠣᠩᠭᠤᠯ ᠦᠨᠳᠦᠰᠦᠳᠡᠨ ᠪᠢᠯᠢᠭ ᠤᠨ ᠤᠯᠠᠷᠢᠯ ᠤᠨ ᠨᠢᠭᠡᠳᠦᠭᠡᠷ ᠰᠠᠷ᠎ᠠ  ᠶᠢ ︽ᠴᠠᠭᠠᠨ ᠰᠠᠷ᠎ᠠ︾ ᠭᠡᠳᠡᠭ᠃ ᠲᠠᠷᠤᠢ ᠥᠯᠵᠡᠢ ᠮᠥᠷ ᠲᠠᠢ ᠵᠣᠯ ᠵᠢᠷᠭᠠᠯ ᠲᠠᠢ ᠰᠠᠷ᠎ᠠ᠂ ᠪᠠᠰᠠ︽ᠰᠢᠨ᠎ᠡ ᠵᠢᠯ︾ ᠭᠡᠵᠤ ᠬᠡᠯᠡᠳᠡᠭ᠃ ᠮᠤᠩᠭᠤᠯᠴᠤᠳ ᠶᠡᠷᠤᠳᠡᠭᠡᠨ ᠬᠥᠬᠡᠭᠡ ᠰᠠᠷ᠎ᠠ ᠶᠢᠨ ᠲᠤᠮᠳᠠᠴᠢ ᠠᠴᠠ ᠴᠡᠪᠡᠷᠯᠡᠭᠡ ᠪᠡᠨ ᠡᠬᠢᠯᠡᠨ ᠬᠢᠵᠤ᠂ ᠢᠳᠡᠭᠡᠨ ᠤᠮᠳᠠᠭᠠᠨ ᠬᠤᠪᠴᠠᠰᠤ ᠬᠤᠨᠠᠷ ᠠᠴᠠ ᠡᠬᠢᠯᠡᠨ ᠬᠡᠷᠡᠭᠯᠡᠬᠦ ᠵᠦᠢᠯ ᠢᠶᠡᠨ ᠪᠡᠯᠡᠳᠭᠡᠳᠡᠭ᠃ ᠨᠠᠶᠢᠵᠠ ᠨᠥᠬᠥ‍ᠳ ᠪᠣᠯᠣᠨ ᠬᠥᠷᠰᠢ ᠵᠡᠷᠭᠡᠯᠡᠳᠡᠭᠡ ᠶᠢᠨ ᠬᠢᠨ  ᠳᠤ ᠪᠠᠨ ᠴᠠᠭᠠᠨ ᠬᠠᠳᠠᠭ ᠲᠠᠢ ᠬᠦᠯᠳᠡᠭᠦᠤ ᠮᠢᠬ᠎ᠠ ᠵᠡᠷᠭᠡ ᠪᠡᠯᠡᠭ ᠬᠦᠷᠭᠡᠳᠡᠭ ᠪᠠ ᠨᠡᠩ ᠴᠦ ᠦᠢᠷ᠎ᠠ ᠲᠦᠷᠦᠯ ᠪᠤᠶᠤ ᠠᠬᠠᠮᠠᠳ  ᠲᠤ ᠪᠠᠨ ᠪᠦᠬᠦᠯᠢ ᠦᠬᠡᠷ ᠪᠦᠬᠦᠯᠢ ᠬᠤᠨᠢ  ᠶᠢᠨ ᠪᠡᠯᠡᠭ ᠬᠦᠷᠭᠡᠳᠡᠭ᠃ ᠡᠮᠡᠭᠲᠡᠶᠢᠴᠦᠳ ᠨᠢ ᠰᠢᠨ᠎ᠡ ᠵᠢᠯ ᠳᠦ ᠡᠮᠤᠰᠬᠦ ᠬᠤᠪᠴᠠᠰᠤ ᠬᠤᠨᠠᠷ᠂ ᠬᠠᠳᠬᠤᠮᠠᠯ ᠭᠣᠳᠤᠯ᠂ ᠨᠠᠭᠠᠮᠠᠯ ᠭᠤᠲᠤᠯ ᠣᠶᠣᠨ ᠶᠠᠭᠠᠷᠠᠬᠤ ᠳᠤ᠂ ᠡᠷᠡᠭᠲᠡᠶᠢᠴᠦᠳ ᠨᠢ ᠬᠠᠷᠢᠨ ᠡᠮᠡᠬᠡᠯ ᠬᠠᠵᠠᠭᠠᠷ ᠨᠣᠭᠲᠣ ᠵᠡᠷᠭᠡ ᠪᠡᠨ ᠵᠠᠰᠠᠨ ᠴᠢᠮᠡᠵᠤ ᠶᠠᠭᠠᠷᠠᠳᠠᠭ᠃ ᠪᠠᠰᠠ ᠰᠠᠳᠤᠨ ᠰᠦᠯᠪᠡᠭᠡ ᠨᠠᠶᠢᠵᠠ ᠨᠥᠬᠥᠳ ᠤᠯᠠᠨ ᠠᠶᠢᠯ ᠨᠢ ᠴᠠᠭᠠᠨ ᠢᠳᠡᠭᠡᠨ ᠪᠣᠯᠣᠨ ᠠᠷᠢᠬᠢ ᠲᠠᠮᠠᠬᠢ ᠴᠠᠢ ᠰᠢᠬᠢᠷ ᠵᠡᠷᠭᠡ ᠵᠤᠴᠢᠯᠠᠬᠤ ᠵᠦᠢᠯ ᠪᠣᠯᠣᠨ ᠪᠡᠯᠡᠭ ᠰᠡᠯᠲᠡ ᠬᠤᠳᠠᠯᠳᠤᠨ ᠠᠪᠳᠠᠭ᠃     ᠪᠢᠳᠡᠬᠦᠨ ᠦ ᠡᠳᠤᠷ ᠪᠣᠯ ᠶᠤᠰᠤ ᠵᠠᠩᠰᠢᠯ ᠬᠠᠮᠤᠭ ᠠᠷᠪᠢᠨ ᠨᠢᠭᠡᠨ ᠡᠳᠦᠷ ᠪᠣᠯᠣᠨ᠎ᠠ᠃ ᠪᠢᠳᠡᠬᠦᠨ ᠦ ᠡᠮᠦᠨ᠎ᠠ ᠡᠳᠦᠷ ᠡᠴᠡ ᠡᠬᠢᠯᠡᠭᠡᠳ ᠮᠠᠯᠴᠢᠳ ᠲᠤᠰᠬᠠᠢ ᠴᠠᠭᠠᠨ ᠰᠠᠷ᠎ᠠ ᠳᠤ ᠵᠤᠷᠢᠭᠤᠯᠵᠤ ᠡᠪᠣᠯ ᠤᠨ ᠢᠳᠡᠰᠢᠨ ᠦᠶ᠎ᠡ ᠶᠢᠨ ᠪᠡᠯᠡᠳᠬᠡᠨ ᠬᠠᠳᠠᠭᠠᠯᠠᠭᠰᠠᠨ ᠦᠬᠡᠷ ᠬᠤᠨᠢᠨ ᠤ ᠲᠤᠯᠤᠭᠠᠢ ᠰᠢᠬᠢᠷ᠎ᠠ ᠶᠢ ᠬᠤᠶᠢᠬᠠᠯᠠᠵᠤ ᠤᠬᠢᠶᠠᠨ ᠴᠡᠪᠡᠷᠯᠡᠵᠤ ᠲᠣᠭᠤᠭᠠᠨ ᠳᠤ ᠪᠠᠨ ᠬᠢᠵᠤ ᠴᠢᠨᠠᠳᠠᠭ᠃ ᠪᠢᠳᠡᠭᠦᠨ ᠦ ᠡᠳᠦᠷ ᠦᠨ ᠯᠤᠤ ᠴᠠᠭ ᠲᠤ᠂ ᠪᠣᠷᠬᠠᠨ ᠢᠶᠠᠨ ᠰᠠᠶᠢᠬᠠᠨ ᠵᠦᠯᠭᠦᠨ ᠠᠷᠴᠢᠵᠤ ᠤᠷᠤᠨ ᠳ᠋ᠤᠨᠢ ᠲᠡᠭᠰᠢᠭᠡᠨ ᠲᠠᠯᠪᠢᠨ᠂ ᠲᠠᠬᠢᠯᠭ᠎ᠠ ᠶᠢᠨ ᠰᠢᠷᠡᠭᠡᠨ ᠲᠡᠭᠡᠷ᠎ᠠ  ᠴᠠᠭᠠᠨ ᠢᠳᠡᠭᠡᠨ᠂ ᠪᠣᠤᠪᠤ ᠪᠣᠭᠤᠷᠰᠤᠭ ᠵᠢᠮᠢᠰ ᠵᠡᠷᠭᠡ ᠲᠠᠬᠢᠯᠭ᠎ᠠ ᠶᠢᠨ ᠡᠳ᠋ ᠢᠶᠡᠨ ᠲᠠᠯᠪᠢᠵᠤ᠂ ᠵᠤᠯᠠ  ᠳᠦ ᠪᠡᠨ ᠰᠢᠨ᠎ᠡ ᠰᠢᠷ᠎ᠠ ᠲᠤᠰᠤ ᠨᠡᠮᠡᠨ᠂ ᠮᠦᠩᠭᠡ ᠶᠢᠨ ᠵᠤᠯᠠ ᠪᠠᠨ ᠠᠰᠠᠭᠠᠨ᠎ᠠ᠃ ᠨᠠᠷᠠᠨ ᠮᠠᠨᠳᠤᠬᠤ ᠶᠢᠨ ᠦᠶ᠎ᠡ ᠪᠡᠷ ᠤᠷᠢᠳᠡᠪᠠᠷ ᠴᠢᠨᠠᠵᠤ ᠪᠣᠯᠭᠤᠭᠰᠠᠨ ᠬᠤᠨᠢᠨ ᠲᠤᠯᠤᠭᠠᠢ ᠡᠴᠡ ᠨᠢᠭᠡ ᠶᠢ ᠱᠦᠭᠦᠨ ᠭᠠᠷᠭᠠᠵᠤ ᠪᠣᠷᠬᠠᠨ ᠢᠶᠡᠨ ᠲᠠᠬᠢᠭᠰᠠᠨ ᠦ ᠲᠠᠷᠠᠭ᠎ᠠ᠂ ᠭᠡᠷ ᠦᠨ ᠠᠬᠠᠮᠠᠳ ᠨᠢ ᠲᠠᠪᠠᠭ ᠲᠤ ᠲᠠᠯᠪᠢᠭᠰᠠᠨ ᠮᠢᠬᠠᠨ ᠠᠴᠠ ᠨᠢᠭᠡ ᠬᠡᠰᠡᠭ ᠤᠭᠳᠤᠯᠤᠨ ᠠᠪᠴᠤ ᠳᠡᠭᠡᠵᠢ ᠶᠢ ᠨᠢ ᠠᠮᠰᠠᠭᠰᠠᠨ ᠤ ᠳᠠᠷᠠᠭ᠎ᠠ᠂ ᠬᠡᠤᠬᠡᠳ ᠠᠴᠢ ᠨᠠᠷ ᠨᠢ ᠠᠬᠠᠮᠠᠳ ᠨᠠᠰᠤᠳᠠᠨ  ᠳᠦ ᠪᠡᠨ ᠠᠷᠢᠬᠢ ᠪᠠᠷᠢᠨ ᠢᠷᠤᠭᠡᠯ ᠰᠤᠨᠤᠰᠳᠠᠭ᠃ ᠢᠩᠬᠢᠭᠡᠳ ᠰᠠᠶ᠋ᠢ ᠪᠦᠬᠦ ᠭᠡᠷ ᠪᠦᠯᠢ ᠪᠡᠷ ᠢᠶᠡᠨ ᠳᠤᠭᠤᠶᠢᠯᠠᠨ ᠰᠠᠭᠤᠯᠴᠠᠵᠤ ᠲᠤᠯᠤᠭᠠᠢ ᠰᠢᠭᠢᠷ᠎ᠡ ᠮᠦᠯᠵᠢᠵᠦ ᠡᠷᠲᠡ ᠶᠢᠨ ᠬᠣᠭᠣᠯᠠ ᠪᠠᠨ ᠢᠳᠡᠵᠡᠭᠡᠳᠡᠭ᠃ ᠳᠡᠭᠵᠢᠨ ᠬᠡᠤᠬᠡᠳ ᠲᠡᠭᠦᠤᠨᠠᠷ ᠨᠢ ᠮᠦᠯᠵᠢᠭᠰᠡᠨ ᠶᠠᠰᠤ ᠪᠠᠨ ᠮᠤᠷᠳᠠᠭᠠᠳᠤᠢ ᠬᠡᠤᠬᠡᠨ ᠤ ᠨᠡᠷ᠎ᠡ ᠪᠡᠷ ᠨᠡᠷᠡᠯᠡᠵᠤ ᠨᠢᠭᠡ ᠮᠦᠷ ᠵᠢᠭᠰᠠᠭᠠᠨ ᠲᠠᠯᠪᠢᠭᠠᠳ᠂ ᠨᠣᠬᠠᠢ  ᠶᠢ ᠳᠠᠭᠤᠳᠠᠨ ᠢᠳᠡᠬᠦᠯᠳᠡᠭ᠂ ᠨᠣᠬᠠᠢ ᠨᠡᠷᠡᠯᠡᠭᠰᠡᠨ ᠶᠠᠰᠤ ᠶᠢᠨ ᠠᠯᠢ ᠶᠢ ᠨᠢ ᠤᠷᠢᠲᠠᠵᠤ ᠵᠠᠭᠤᠵᠤ ᠶᠠᠪᠣᠪᠠᠯ ᠲᠠᠷᠤᠢ ᠲᠡᠷᠡ ᠬᠡᠤᠬᠡᠨ  ᠤᠷᠢᠳᠠᠪᠠᠷ ᠰᠠᠶᠢᠨ ᠠᠶᠢᠯ ᠳᠤ ᠮᠤᠷᠳᠠᠨ᠎ᠠ ᠭᠡᠳᠡᠭ᠃ ᠢᠩᠭᠢᠵᠤ ᠬᠡᠤᠬᠡᠨᠴᠤᠳ ᠢᠶᠠᠷ ᠨᠠᠭᠠᠳᠴᠤ ᠱᠣᠭᠯᠠᠨ ᠪᠠᠶᠠᠷ ᠤᠨ ᠡᠳᠦᠷ ᠦᠨ ᠵᠤᠭ᠎ᠠ ᠴᠡᠩᠬᠡᠯ ᠢᠶᠡᠨ ᠪᠣᠯᠭᠠᠳᠠᠭ᠃ ᠡᠮᠦᠨ᠎ᠠ ᠬᠤᠰᠢᠭᠤ ᠰᠢᠶᠠᠨ ᠤ ᠵᠠᠷᠢᠮ ᠨᠢ ᠪᠠᠰᠠ ᠬᠦᠷᠢᠶᠠᠨ ᠤ ᠪᠠᠨ ᠳᠣᠲᠤᠷᠠᠬᠢ ᠪᠠᠷᠠᠭᠤᠨ ᠡᠮᠦᠨ᠎ᠡ ᠪᠣᠯᠤᠩ ᠳᠤ ᠬᠦᠯᠳᠡᠭᠦᠰᠦ ᠣᠪᠣᠭᠠᠯᠠᠨ︽ᠲᠡᠭᠷᠢ ᠣᠪᠣᠭ᠎ᠠ︾ ᠪᠣᠰᠬᠠᠵᠤ᠂ ᠤᠷᠤᠢ ᠲᠡᠭᠷᠢ ᠲᠠᠬᠢᠬᠤ ᠳᠤ ᠪᠡᠯᠡᠳᠬᠡᠳᠡᠭ᠃ ᠬᠤᠶᠢᠳᠦ ᠬᠡᠰᠡᠭ ᠦᠨ ᠠᠷᠤ ᠬᠤᠷᠴᠢᠨ ᠪᠠᠭᠠᠷᠢᠨ ᠵᠡᠷᠭᠡ ᠬᠣᠰᠢᠭᠤ ᠨᠢ ᠪᠢᠲᠡᠭᠦᠨ ᠦ ᠰᠦᠨᠢ ᠪᠠᠰᠠ ᠡᠪᠣᠭᠡ ᠳᠡᠭᠡᠳᠦᠰ ᠢᠶᠡᠨ ᠲᠠᠬᠢᠳᠠᠭ ᠴᠦ ᠪᠣᠢ᠃ ᠪᠢᠲᠡᠭᠦᠨ ᠳᠦ ᠪᠦᠬᠦ ᠭᠡᠷ ᠢᠶᠡᠷ ᠢᠶᠡᠨ ᠰᠦᠨᠢᠵᠢᠨ ᠤᠨᠲᠠᠬᠤ ᠦᠭᠡᠢ᠂ ᠬᠡᠤᠬᠡᠳ ᠤᠳ ᠨᠢ ᠫᠤᠤᠵᠢᠩ ᠲᠠᠯᠪᠢᠵᠤ᠂ ᠵᠠᠯᠠᠭᠤᠴᠤᠳ ᠪᠣᠭᠤᠨ ᠵᠢᠷᠭᠢᠭᠡ᠂ ᠮᠤᠩᠭᠤᠯ ᠰᠢᠲᠠᠷ᠎ᠠ ᠵᠡᠷᠭᠡ ᠶᠢ ᠨᠠᠭᠠᠳᠴᠤ᠂ ᠨᠠᠰᠤᠲᠠᠶᠢᠴᠤᠳ ᠨᠢ ᠪᠣᠷᠬᠠᠨ ᠢᠶᠠᠨ ᠲᠠᠬᠢᠵᠤ ᠮᠠᠨᠢ ᠲᠤᠭᠠᠯᠠᠳᠠᠭ ᠪᠦᠭᠡᠳ ᠡᠮᠡᠭᠲᠡᠶᠢᠴᠦᠳ ᠨᠢ ᠵᠢᠯ ᠦᠨ ᠬᠣᠭᠣᠯᠠ ᠴᠠᠢ ᠪᠠᠨ ᠪᠡᠯᠡᠳᠬᠡᠵᠤ ᠶᠠᠭᠠᠷᠠᠳᠠᠭ᠃ ᠰᠦᠨᠢ ᠲᠤᠮᠳᠠ  ᠶᠢᠨ ᠬᠤᠯᠤᠭᠠᠨ᠎ᠠ ᠴᠠᠭ ᠲᠤ ᠠᠬᠠᠰ ᠵᠠᠬᠠᠰ ᠤᠨ ᠢᠶᠠᠨ ᠳᠠᠭᠠᠭᠤᠯᠭ᠎ᠠ ᠲᠤᠤᠷ᠎ᠠ ᠪᠦᠬᠦ ᠭᠡᠷ ᠢᠶᠡᠷ ᠢᠶᠡᠨ ᠲᠡᠭᠷᠢ ᠲᠠᠬᠢᠵᠤ ᠪᠤᠷᠬᠠᠨ ᠲᠠᠬᠢ‍ᠨ᠂ ︽ᠲᠡᠭᠷᠢ ᠣᠪᠣᠭ᠎ᠠ︾ ᠶᠢᠨ ᠲᠡᠭᠡᠷ᠎ᠠ ᠪᠠᠮᠪᠠᠷ ᠨᠤᠴᠤᠭᠠᠨ᠂ ᠣᠪᠣᠭ᠎ᠠ  ᠪᠡᠨ ᠨᠢᠭᠡ ᠲᠤᠭᠤᠷᠢᠨ ᠡᠷᠭᠢᠵᠦ᠂ ᠪᠠᠷᠠᠭᠤᠨᠰᠢ ᠬᠠᠨᠳᠤᠨ ᠮᠦᠷᠭᠦᠨ᠎ᠠ᠃ ᠵᠠᠷᠢᠮ ᠲᠡᠭᠡᠳᠦᠰ ᠢᠶᠡᠨ ᠲᠠᠬᠢᠳᠠᠭ ᠠᠶᠢᠯ ᠤᠨ ᠨᠠᠰᠤᠲᠠᠶᠢᠴᠤᠳ ᠨᠢ ᠬᠡᠦᠬᠡᠳ ᠠᠴᠢ ᠨᠠᠷ ᠢᠶᠠᠨ ᠳᠠᠭᠠᠭᠤᠯᠤᠨ ᠲᠡᠭᠡᠳᠦᠰ ᠦᠨ ᠤᠩᠭᠤᠨ ᠤ ᠪᠠᠨ ᠥᠭᠡᠳᠡ ᠵᠠᠭᠤᠨ ᠠᠯᠬᠤᠮ ᠠᠯᠬᠤᠵᠤ᠂ ᠭᠠᠯ ᠨᠤᠴᠤᠭᠠᠨ᠂ ᠰᠠᠭᠠᠯᠢ ᠶᠢᠨ ᠠᠷᠢᠬᠢ᠂ ᠬᠤᠨᠢᠨ ᠰᠢᠭᠢᠷ᠎ᠡ ᠶᠢᠨ ᠮᠢᠬ᠎ᠠ ᠪᠣᠯᠣᠨ ᠪᠤᠤᠪᠤ ᠪᠣᠭᠤᠷᠰᠤᠭ ᠢᠶᠠᠨ ᠡᠷᠭᠦᠵᠦ ᠮᠦᠷᠭᠦᠭᠰᠡᠨ ᠦ ᠲᠠᠷᠠᠭ᠎ᠠ᠂ ᠰᠡᠶ᠋ᠢ ᠭᠡᠷ  ᠲᠤ ᠪᠠᠨ ᠣᠷᠤᠵᠤ ᠰᠦᠨᠢ ᠲᠤᠮᠳᠠ ᠶᠢᠨ ᠪᠣᠳᠠᠭ᠎ᠠ ᠢᠳᠡᠳᠡᠭ᠃ ᠪᠢᠲᠡᠭᠦᠨ ᠳᠦ ᠪᠠᠩᠰᠢ ᠢᠳᠡᠬᠦ ᠠᠴᠠ ᠭᠠᠳᠠᠨ᠎ᠠ᠂ ᠡᠮᠦᠨ᠎ᠠ ᠬᠤᠰᠢᠭᠤ ᠰᠢᠶᠠᠨ ᠨᠢ ᠪᠠᠰᠠ ᠰᠢᠷ᠎ᠠ ᠲᠤᠰᠤ ᠪᠤᠷᠠᠮ ᠲᠠᠢ ᠲᠦᠭᠦᠷᠢᠭᠡᠨ ᠪᠤᠣᠪᠤ ᠬᠠᠭᠠᠷᠢᠵᠤ᠂ ᠰᠢᠷᠡᠭᠡᠨ ᠲᠡᠭᠡᠷ᠎ᠠ ᠪᠠᠨ ᠲᠠᠯᠪᠢᠨ ᠪᠢᠲᠡᠭᠦᠨ ᠤ ᠪᠤᠳᠠᠭ᠎ᠠ ᠢᠳᠡᠬᠦ  ᠳᠤ ᠪᠠᠨ ᠬᠦᠮᠦᠨ ᠪᠦᠷᠢ ᠨᠢᠭᠡ ᠬᠡᠰᠡᠭ ᠢᠳᠡᠵᠤ᠂ ᠪᠦᠬᠦ ᠭᠡᠷ ᠢᠶᠡᠷ ᠢᠶᠡᠨ ᠡᠪ ᠨᠠᠶᠢᠷᠠᠮᠳᠠᠭᠤ ᠪᠠᠶᠢᠬᠤ ᠪᠠᠨ ᠢᠯᠡᠷᠬᠡᠶᠢᠯᠡᠳᠡᠭ᠃      ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠦ᠂ ᠭᠡᠷ ᠪᠦᠯᠢ ᠶᠢᠨ ᠳᠣᠲᠤᠷ᠎ᠠ ᠪᠠᠨ ᠲᠡᠰ ᠲᠠᠷᠠᠭᠠᠯᠠᠨ ᠠᠮᠤᠷ ᠮᠡᠨᠳᠦ ᠠᠰᠠᠭᠤᠨ ᠵᠣᠯᠭᠠᠬᠤ ᠠᠴᠠ ᠭᠠᠳᠠᠨ᠎ᠠ᠂ ᠪᠠᠰᠠ ︽ᠵᠦᠭ ᠲᠤ ᠭᠠᠷᠬᠤ︾ᠪᠠ ︽ᠰᠢᠨ᠎ᠡ ᠶᠢᠨ ᠵᠤᠯᠭᠠᠯᠳᠠ︾ᠬᠢᠬᠦ ᠶᠠᠪᠣᠳᠠᠯ ᠪᠣᠢ᠃︽ᠵᠦᠭ ᠲᠤ ᠭᠠᠷᠬᠤ︾ᠭᠡᠳᠡᠭ ᠢ ᠪᠠᠰᠠ ᠮᠦᠷ ᠭᠠᠷᠭᠠᠬᠤ ᠭᠡᠳᠡᠭ᠂ ᠲᠠᠷᠤᠢ ᠨᠠᠷᠠ ᠭᠠᠷᠬᠤ ᠦᠶ᠎ᠡ ᠳᠦ ᠨᠠᠢᠮᠠᠨ ᠬᠦᠯᠢᠯ ᠤᠨ ᠵᠢᠷᠤᠬᠠᠢ ᠪᠠᠷ ᠲᠦᠯᠭᠡᠳᠡᠭᠰᠡᠨ ᠶᠣᠰᠤᠭᠠᠷ᠂ ᠬᠦᠮᠦᠨ ᠪᠦᠷᠢ ᠶᠢᠨ ᠬᠠᠮᠤᠭ ᠤᠨ ᠰᠠᠶᠢᠨ ᠦᠯᠵᠠᠶᠢᠳᠤ ᠵᠦᠭ  ᠲᠤ ᠪᠠᠨ ᠮᠣᠷᠢ ᠤᠨᠤᠬᠤ ᠪᠣᠶᠤ ᠠᠯᠬᠤᠨ ᠭᠠᠷᠴᠣ ᠨᠢᠭᠡᠨ ᠬᠡᠰᠡᠭ ᠶᠠᠪᠤᠵᠤ᠂ ᠰᠢᠷᠤᠶ ᠤᠪᠤᠭᠠᠯᠠᠨ ᠬᠦᠵᠢ ᠠᠰᠠᠭᠠᠭᠰᠠᠨ ᠤ ᠲᠠᠷᠠᠭ᠎ᠠ ᠪᠣᠴᠠᠨ ᠢᠷᠡᠵᠦ ᠦᠯᠵᠠᠢ ᠪᠡᠯᠭᠡ ᠲᠠᠢ ᠶᠠᠪᠤᠬᠤ ᠪᠠᠨ ᠪᠡᠯᠭᠡᠳᠡᠳᠡᠭ᠃ ᠪᠠᠰᠠ ᠵᠠᠷᠢᠮ ᠨᠢ ᠭᠠᠷ ᠲᠤ ᠪᠡᠨ ᠡᠨᠡ ᠬᠦ ᠵᠦᠭ ᠢ ᠲᠦᠯᠦᠭᠡᠯᠡᠭᠦ ᠨᠢᠭᠡ ᠶᠠᠭᠤᠮ᠎ᠠ ᠠᠪᠴᠤ ᠶᠠᠪᠤᠨ᠎ᠠ᠃ ᠵᠢᠱᠢᠶᠡᠯᠡᠪᠠᠯ ᠭᠸᠨ ᠤ ᠤᠷᠤᠨ ᠤ ᠵᠦᠭ ᠲᠦ ᠭᠠᠷᠪᠠᠯ ᠨᠢᠭᠡᠨ ᠬᠡᠰᠡᠭ ᠴᠢᠯᠠᠭᠤ ᠠᠳᠬᠤᠵᠤ᠂ ᠰᠢᠶᠦ᠋ᠨ ᠦ ᠤᠷᠤᠨ ᠤ ᠵᠦᠭ ᠲᠦ ᠭᠠᠷᠪᠡᠯ ᠨᠢᠭᠡᠨ ᠠᠳᠬᠤ ᠰᠢᠷᠤᠢ ᠠᠪᠴᠤ᠂ ᠬᠡᠷ ᠦᠨ ᠡᠭᠦᠳᠡ ᠡᠴᠡ ᠪᠠᠨ ᠵᠠᠭᠤᠨ ᠠᠯᠬᠤᠮ ᠶᠠᠪᠤᠵᠤ ᠭᠠᠷ ᠲᠠᠬᠢ ᠶᠠᠭᠤᠮ᠎ᠠ ᠪᠠᠨ ᠬᠠᠶᠠᠭᠠᠳ ᠪᠣᠴᠠᠵᠤ ᠢᠷᠡᠳᠡᠭ᠃ ᠪᠠᠭᠠᠷᠢᠨ ᠪᠠᠷᠠᠭᠤᠨ ᠬᠤᠰᠢᠭᠤᠨ ᠤ ᠠᠷᠭ᠎ᠠ ᠨᠢ ᠪᠠᠰᠠ ᠪᠠᠭ᠎ᠠ ᠤᠨᠳᠤᠤ ᠪᠠᠶᠢᠳᠠᠭ᠂ ᠭᠠᠷ ᠲᠠᠬᠢ ᠶᠠᠭᠤᠮ᠎ᠠ ᠪᠠᠨ ᠬᠠᠶᠠᠭᠰᠠᠨ ᠤ ᠲᠠᠷᠠᠭ᠎ᠠ ᠲᠠᠬᠢᠨ ᠪᠡᠶ᠎ᠡ ᠶᠢᠨ ᠬᠠᠷᠰᠢ ᠵᠦᠭ ᠢ ᠲᠤᠭᠤᠷᠢᠨ ᠭᠠᠷᠴᠤ ᠪᠣᠴᠠᠵᠤ ᠢᠷᠡᠳᠡᠭ᠃ ᠰᠢᠨ᠎ᠡ ᠶᠢᠨ ᠵᠣᠯᠭᠠᠯᠳᠠ ᠬᠢᠬᠦ᠃ ᠨᠢᠭᠡᠨᠳᠡ ᠵᠦᠭ ᠲᠦ ᠭᠠᠷᠤᠭᠰᠠᠨ  ᠦ ᠲᠠᠷᠠᠭ᠎ᠠ ᠵᠦᠭ ᠲᠦ ᠭᠠᠷᠬᠤ ᠴᠡᠭᠡᠷ ᠦᠭᠡᠢ ᠪᠣᠯᠵᠤ ᠠᠶᠢᠯ ᠲᠠᠷᠠᠭᠠᠯᠠᠨ ᠰᠢᠨ᠎ᠡ ᠵᠢᠯ ᠦᠨ ᠵᠤᠯᠭᠠᠯᠳᠠ ᠬᠢᠳᠡᠭ᠃ ᠰᠢᠨ᠎ᠡ ᠵᠢᠯ ᠦᠨ ᠵᠤᠯᠭᠠᠯᠳᠠ ᠨᠢ ᠤᠷᠢᠳᠡᠪᠡᠷ ᠭᠡᠷ ᠦᠨ ᠬᠦᠮᠦᠰ ᠦᠨ ᠲᠠᠢ ᠪᠠᠨ ᠵᠣᠯᠭᠠᠵᠣ᠂ ᠲᠠᠬᠢᠨ ᠦᠢᠷ᠎ᠠ ᠬᠤᠯᠠ ᠶᠢᠨ ᠰᠠᠳᠤᠨ ᠲᠥᠷᠥᠯ ᠲᠠᠢ ᠪᠠᠨ ᠵᠣᠯᠭᠠᠭᠰᠠᠨ ᠤ ᠲᠠᠷᠠᠭ᠎ᠠ᠂ ᠰᠠᠶ᠋ᠢ ᠪᠣᠰᠣᠳ ᠬᠦᠮᠦᠰ ᠲᠠᠢ ᠵᠣᠯᠭᠠᠳᠠᠭ᠃ ᠠᠶᠢᠯ ᠲᠤᠭᠤᠷᠢᠬᠤ ᠳᠤ ᠤᠷᠢᠳᠠᠪᠠᠷ ᠪᠣᠷᠬᠠᠨ ᠳ᠋ᠤᠨᠢ ᠬᠦᠵᠢ ᠠᠰᠠᠭᠠᠨ ᠮᠦᠷᠭᠦᠵᠤ᠂ ᠳᠠᠷᠠᠭ᠎ᠠ ᠨᠢ ᠨᠠᠰᠤᠲᠠᠶᠢᠴᠤᠳ ᠲᠤ ᠠᠷᠢᠬᠢ ᠪᠠᠷᠢᠵᠣ ᠪᠡᠯᠡᠭ  ᠢᠶᠡᠨ ᠭᠠᠷᠳᠠᠭᠤᠯᠤᠭᠰᠠᠨ ᠤ ᠳᠠᠷᠠᠭ᠎ᠠ ᠮᠦᠷᠭᠦᠳᠡᠭ᠃ ᠰᠢᠨ᠎ᠡ ᠪᠡᠷᠢ ᠵᠤᠯᠭᠠᠪᠠᠯ ᠡᠮᠡᠭᠡᠨ ᠨᠠᠰᠤᠳᠠᠨ ᠠᠴᠠ ᠰᠢᠨ᠎ᠡ ᠪᠠᠷᠢ ᠶᠢᠨ ᠲᠤᠯᠤᠭᠠᠢ ᠳᠤ ᠬᠤᠸᠠᠷ ᠵᠡᠭᠦᠯᠭᠡᠬᠦ ᠪᠣᠶᠣ ᠬᠤᠪᠴᠠᠰᠤ ᠬᠤᠨᠠᠷ ᠪᠡᠯᠭᠡᠯᠡᠳᠡᠭ᠃     ᠴᠠᠭᠠᠨ ᠰᠠᠷ᠎ᠠ ᠶᠢᠨ ᠰᠢᠨ᠎ᠡ ᠶᠢᠨ ᠬᠤᠶᠠᠷ  ᠤᠨ ᠡᠳᠦᠷ ᠢ ᠮᠤᠩᠭᠤᠯᠴᠤᠳ ᠬᠠᠮᠤᠭ ᠦᠯᠵᠠᠶ ᠪᠡᠯᠭᠡ ᠲᠠᠢ ᠡᠳᠦᠷ ᠭᠡᠵᠤ ᠦᠵᠡᠳᠡᠭ ᠲᠤᠯᠠ ᠬᠦᠮᠦᠰ ᠪᠡᠯᠭᠡᠳᠡᠯ ᠦᠨ ᠴᠢᠨᠠᠷᠳᠠᠢ ᠪᠠᠭ᠎ᠠ ᠰᠠᠭ᠎ᠠ ᠠᠵᠢᠯ  ᠢᠶᠡᠨ ᠡᠬᠢᠯᠡᠭᠦᠯᠵᠤ᠂ ᠰᠢᠨ᠎ᠡ ᠨᠢᠭᠡᠨ ᠵᠢᠯ  ᠳᠦ ᠤᠴᠢᠷ ᠪᠦᠬᠦᠨ ᠤᠷᠤᠭᠰᠢᠳᠠᠢ ᠶᠠᠪᠤᠭᠳᠠᠬᠤ ᠶᠢᠨ ᠪᠡᠯᠭᠡ ᠲᠡᠮᠪᠡᠷᠢᠯ  ᠪᠣᠯᠭᠠᠳᠠᠭ᠃ ᠰᠢᠨ᠎ᠡ ᠪᠡᠷᠢ ᠬᠦᠷᠭᠡᠨ ᠲᠠᠢ ᠪᠠᠨ ᠬᠠᠮᠳᠤ ᠰᠢᠨ᠎ᠡ ᠶᠢᠨ ᠵᠤᠯᠭᠠᠯᠳᠠ ᠬᠢᠬᠦ ᠪᠡᠷ ᠲᠦᠷᠬᠦᠮᠴᠢᠯᠡᠳᠡᠭ᠃ ᠮᠤᠩᠭᠤᠯᠴᠤᠳ ᠴᠠᠭᠠᠨ ᠰᠠᠷ᠎ᠠ ᠶᠢᠨ ᠰᠢᠨ᠎ᠡ ᠶᠢᠨ ᠲᠠᠪᠤᠨ ᠂ ᠠᠷᠪᠠᠨ ᠭᠤᠷᠪᠠᠨ ᠨᠢ ᠰᠤᠨᠳᠤᠭᠤᠢ ᠡᠳᠦᠷ᠂ ᠬᠠᠮᠤᠭ ᠪᠡᠯᠭᠡ ᠲᠡᠮᠪᠡᠷᠢᠯ ᠦᠭᠡᠢ ᠡᠳᠦᠷ ᠭᠡᠵᠤ ᠦᠵᠡᠳᠡᠭ ᠲᠤᠯᠠ ︽ᠠᠩᠭᠠᠷᠬᠠᠢ ᠡᠳᠦᠷ︾ᠭᠡᠳᠡᠭ᠂ ᠡᠶᠢᠮᠦ ᠡᠴᠡ ᠡᠨᠡ ᠬᠦ ᠡᠳᠦᠷ ᠭᠠᠳᠠᠭᠰᠢ ᠭᠠᠷᠬᠤ ᠪᠣᠶᠤ ᠦᠢᠷ᠎ᠠ ᠰᠠᠳᠤᠨ ᠢᠶᠠᠨ ᠡᠷᠬᠢᠨ ᠦᠵᠡᠬᠦ ᠨᠠᠶᠢᠵᠢ ᠨᠦᠭᠦᠳ ᠦᠨ  ᠳᠤ ᠪᠠᠨ ᠣᠴᠢᠬᠤ ᠶᠢ ᠴᠡᠭᠡᠷᠯᠡᠳᠡᠭ᠃     ᠮᠠᠯ ᠢ ᠰᠢᠨᠡᠯᠡᠬᠦᠯᠬᠦ ᠪᠠᠰᠠ︽ᠬᠠᠪᠤᠷ  ᠢ ᠤᠭᠲᠤᠬᠤ ᠳᠠᠶᠢᠯᠠᠯᠭ᠎ᠠ︾ᠭᠡᠵᠤ ᠬᠡᠯᠡᠳᠡᠭ᠃ ᠲᠤᠭᠲᠠᠭᠰᠠᠨ ᠡᠳᠦᠷ ᠭᠡᠵᠤ ᠪᠠᠶᠢᠳᠠᠭ ᠦᠭᠡᠢ᠂ ᠴᠠᠭᠠᠨ ᠰᠠᠷ᠎ᠠ ᠠᠴᠠ ᠬᠠᠩᠰᠢ ᠪᠣᠯᠳᠠᠯᠠᠬᠢ ᠬᠤᠭᠤᠴᠠᠭᠠᠨ ᠳᠤ ᠡᠳᠦᠷ ᠰᠤᠩᠭᠤᠨ ᠶᠠᠪᠤᠭᠳᠠᠳᠠᠭ᠃ ᠡᠨᠡ ᠪᠣᠯ ᠮᠤᠩᠭᠤᠯᠴᠤᠳ ᠤᠨ ᠠᠯᠢ ᠡᠷᠲᠡᠨ ᠡᠴᠡ ᠤᠯᠠᠮᠵᠢᠯᠠᠵᠤ ᠢᠷᠡᠭᠰᠡᠨ ᠤᠯᠠᠮᠵᠢᠯᠡᠯᠳᠤ ᠪᠠᠶᠠᠷ ᠤᠨ ᠡᠳᠦᠷ ᠪᠣᠯᠬᠣ ᠶᠤᠮ᠃ ᠤᠯᠠᠩᠬᠢ  ᠳᠦ ᠪᠡᠨ ᠠᠶᠢᠯ ᠰᠠᠭᠤᠷᠢᠰᠢᠯ ᠢᠶᠠᠷ ᠨᠢᠭᠡᠴᠠ ᠪᠣᠯᠭᠠᠨ ᠶᠠᠪᠤᠭᠳᠠᠵᠤ᠂ ᠡᠷᠡᠭᠲᠡᠢ ᠡᠮᠡᠭᠲᠡᠢ᠂ ᠬᠥᠭᠰᠢᠨ ᠵᠠᠯᠠᠭᠤ ᠢᠯᠭᠠᠯ ᠦᠭᠡᠢ ᠪᠦᠭᠦᠳᠡᠭᠡᠷ ᠢᠶᠡᠨ ᠬᠡᠭᠡᠷ᠎ᠡ ᠲᠠᠯ᠎ᠠ ᠳᠤ ᠴᠤᠭᠯᠠᠷᠠᠨ ᠬᠦᠰᠭᠡ ᠮᠠᠶᠢᠬᠠᠨ ᠢᠶᠠᠨ ᠪᠣᠰᠬᠠᠵᠤ᠂ ᠲᠣᠭᠤᠭ᠎ᠠ ᠲᠤᠯᠭ᠎ᠠ ᠪᠠᠨ ᠲᠤᠯᠵᠤ᠂ ᠮᠢᠬ᠎ᠠ ᠲᠠᠢ ᠰᠢᠩᠭᠡᠨ ᠪᠤᠳᠠᠭ᠎ᠠ ᠴᠢᠨᠠᠳᠠᠭ ᠮᠦᠷᠳᠡᠭᠡᠨ ᠪᠦᠬᠦ ᠲᠤᠰᠬᠤᠨ ᠢᠶᠠᠷ ᠢᠶᠠᠨ ᠠᠳᠤᠭᠤ ᠮᠠᠯ ᠤᠨ ᠢᠶᠠᠨ ᠲᠠᠷᠭᠤ ᠲᠡᠪᠡᠭᠡᠷᠡᠭ ᠦᠨ ᠪᠠᠶᠢᠳᠠᠯ ᠢ ᠦᠵᠡᠵᠤ᠂ ᠬᠦᠴᠦ ᠲᠠᠷᠭᠤ ᠰᠠᠶᠢᠲᠠᠢ ᠦᠷ᠎ᠡ ᠶᠢᠨ ᠮᠠᠯ  ᠳᠤ ᠦᠩᠭᠡᠳᠤ ᠵᠠᠩᠭ᠎ᠠ ᠵᠡᠭᠦᠯᠭᠡᠵᠤ᠂ ᠰᠢᠷ᠎ᠠ ᠲᠤᠰᠤ ᠪᠣᠶᠤ ᠵᠦᠭᠡᠭᠡᠢ ᠲᠠᠢ ᠬᠠᠭᠤᠷᠤᠭᠰᠠᠨ ᠪᠤᠳᠠᠭ᠎ᠠ ᠪᠠᠷ ᠮᠢᠯᠢᠶᠠᠨ ᠣᠩᠭᠣᠯᠠᠵᠤ᠂ ᠲᠠᠪᠤᠨ ᠬᠣᠰᠢᠭᠤ ᠮᠠᠯ ᠲᠠᠯ᠎ᠠ ᠲᠦᠭᠦᠷᠡᠩ ᠦᠰᠴᠤ ᠦᠷᠡᠵᠢᠬᠦ  ᠶᠢ ᠪᠡᠯᠬᠡᠳᠡᠳᠡᠭ᠃ ᠲᠠᠷᠠᠭ᠎ᠠ ᠨᠢ ᠪᠥᠬᠡ ᠪᠠᠷᠢᠯᠳᠤᠬᠤ᠂ ᠦᠯᠢᠭᠡᠷ ᠬᠡᠯᠡᠬᠦ᠂ ᠲᠠᠭᠤᠤ ᠳᠠᠭᠤᠯᠠᠬᠤ ᠵᠡᠷᠭᠡ ᠨᠠᠶᠢᠷ ᠨᠠᠭᠠᠳᠤᠮ ᠬᠢᠵᠦ᠂ ᠳᠦᠭᠦᠮ ᠳᠠᠶᠢᠯᠠᠯᠭ᠎ᠠ ᠬᠢᠵᠤ᠂  ᠬᠡᠭᠡᠷ᠎ᠡ ᠮᠢᠬ᠎ᠠ ᠲᠠᠢ ᠰᠢᠩᠭᠡᠨ ᠪᠤᠳᠠᠭ᠎ᠠ  ᠢᠳᠡᠵᠡᠭᠡᠳᠡᠭ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ