ᠡᠷᠳᠡᠢ ᠶᠢᠨ ᠪᠠᠶᠠᠷ
ᠨᠡᠶᠢᠲᠡᠯᠡᠭᠰᠡᠨ ᠴᠠᠭ᠄
2022/12/9
      ᠪᠠᠴᠠᠭ ᠲᠠᠶᠢᠯᠬᠤ ᠪᠠᠶᠠᠷ ᠭᠡᠳᠡᠭ᠂ ᠢᠰᠯᠠᠮ ᠤᠨ ᠱᠠᠰᠢᠨ ᠤ ᠤᠯᠠᠷᠢᠯ ᠤᠨ ᠶᠢᠰᠦᠳᠦᠭᠡᠷ ᠰᠠᠷ᠎ᠠ ᠪᠣᠯ  ᠪᠠᠴᠠᠭ ᠪᠠᠷᠢᠬᠤ ᠰᠠᠷ᠎ᠠ ᠪᠣᠯᠣᠨ᠎ᠠ᠃ ᠲᠤᠰ ᠰᠠᠷ᠎ᠠ ᠳᠤ ᠬᠤᠳᠤᠩᠴᠤᠳ ᠤᠨ ᠠᠷᠪᠠᠨ ᠨᠠᠰᠣᠨ ᠠᠴᠠ ᠲᠡᠭᠡᠭᠰᠢᠬᠢ ᠡᠷᠡᠭᠦᠯ ᠬᠦᠮᠦᠰ ᠴᠦᠮ ︽ᠪᠠᠴᠠᠭ ᠪᠠᠷᠢᠬᠤ︾ ᠬᠡᠷᠡᠭᠳᠡᠢ᠃ ︽ᠪᠠᠴᠠᠭ ᠪᠠᠷᠢᠬᠤ︾ᠭᠡᠳᠡᠭ ᠨᠢ ᠦᠷ ᠴᠠᠶᠢᠬᠤ ᠠᠴᠠ ᠡᠬᠢᠯᠡᠨ ᠨᠠᠷᠠ ᠤᠨᠠᠬᠤ ᠪᠣᠯᠳᠠᠯ᠎ᠠ ᠢᠳᠡᠵᠤ ᠤᠤᠭᠤᠬᠤ ᠪᠠ ᠣᠷᠤ ᠬᠠᠮᠳᠤᠳᠬᠠᠵᠤ ᠪᠣᠯᠬᠣ ᠦᠭᠡᠢ᠃  ᠪᠠᠴᠠᠭ ᠪᠠᠷᠢᠬᠤ ᠰᠠᠷ᠎ᠠ ᠭᠡᠳᠡᠭ ᠨᠢ ᠠᠷᠠᠪ ᠬᠡᠯᠡᠨ ᠳᠦ ︽ᠲᠠᠪᠲᠠᠨ ᠪᠣᠯᠪᠠᠰᠤᠷᠠᠬᠤ︾ᠭᠡᠰᠡᠨ ᠤᠳᠬ᠎ᠠ ᠲᠠᠢ᠃ ᠬᠣᠲᠤᠩ ᠦᠨᠳᠦᠰᠦᠳᠡᠨ ᠦ ︽ᠪᠠᠴᠠᠭ ᠪᠠᠷᠢᠬᠤ︾ᠨᠢ ᠡᠷᠴᠢ ᠵᠣᠷᠢᠭ ᠢᠶᠠᠨ ᠡᠷᠴᠢᠯᠡᠨ ᠪᠡᠶ᠎ᠡ ᠮᠠᠬᠠᠪᠣᠳ ᠢᠶᠠᠨ ᠪᠣᠯᠪᠠᠰᠤᠷᠠᠭᠤᠯᠵᠤ᠂ ᠶᠠᠳᠠᠭᠤ ᠵᠦᠳᠡᠬᠦᠤ ᠬᠦᠮᠦᠰ ᠦᠨ ᠦᠯᠦᠰᠭᠦᠯᠡᠩ ᠵᠤᠪᠠᠯᠠᠩ ᠢ ᠪᠡᠶᠡᠳᠡᠨ ᠤᠶᠢᠯᠠᠭᠠᠬᠤ ᠭᠡᠰᠡᠨ ᠠᠭᠤᠯᠭ᠎ᠠ ᠲᠠᠢ ᠃  ᠪᠠᠴᠠᠭ ᠪᠠᠷᠢᠬᠤ ᠬᠤᠭᠤᠴᠠᠭ᠎ᠠ ᠨᠢ ᠶᠢᠰᠤᠳᠦᠭᠡᠷ ᠰᠠᠷ᠎ᠠ ᠠᠴᠠ  ᠪᠠᠴᠠᠭ ᠪᠠᠷᠢᠭᠠᠳ ᠠᠷᠪᠠᠳᠤᠭᠠᠷ ᠰᠠᠷ᠎ᠠ ᠶᠢᠨ ᠰᠢᠨ᠎ᠡ ᠶᠢᠨ ᠬᠤᠶᠠᠷ ᠪᠣᠶᠣ ᠰᠢᠨ᠎ᠡ ᠶᠢᠨ ᠭᠤᠷᠪᠠᠨ ᠳᠤ︵ᠰᠢᠨ᠎ᠡ ᠬᠠᠪᠢᠷᠭᠠᠨ ᠰᠠᠷᠠ ᠭᠠᠷᠬᠤ ᠪᠠᠷ ᠪᠠᠷᠢᠮᠵᠢᠶ᠎ᠠ ᠪᠣᠯᠭᠠᠳᠠᠭ︶ᠪᠠᠴᠠᠭ ᠲᠠᠶᠢᠯᠠᠨ᠎ᠠ᠃ ᠪᠠᠴᠠᠭ ᠲᠠᠶᠢᠯᠬᠤ ᠡᠳᠦᠷ ᠨᠢ ᠲᠠᠷᠤᠢ ᠡᠷᠳᠡᠢ ᠶᠢᠨ ᠪᠠᠶᠠᠷ ᠤᠨ ᠡᠳᠦᠷ ᠪᠣᠯᠣᠨ᠎ᠠ᠃ ᠲᠤᠰ ᠡᠳᠦᠷ ᠨᠢ ᠬᠤᠳᠤᠩᠴᠤᠳ ᠪᠡᠶ᠎ᠡ ᠪᠡᠨ ᠤᠭᠢᠶᠠᠵᠤ ᠠᠷᠢᠭᠤᠳᠬᠠᠭᠠᠳ ᠰᠢᠨ᠎ᠡ ᠬᠤᠪᠴᠠᠰᠤ ᠡᠮᠤᠰᠴᠦ ᠯᠠᠯᠤ ᠶᠢᠨ ᠰᠦᠮ᠎ᠡ ᠳᠦ ᠬᠦᠷᠴᠦ ᠮᠦᠷᠭᠦᠯ ᠬᠢᠳᠡᠭ᠃ ᠮᠦᠷᠭᠦᠯ ᠬᠢᠵᠤ ᠪᠠᠷᠠᠭᠠᠳ ᠬᠠᠷᠢᠯᠴᠠᠨ ᠭᠠᠷ ᠠᠳᠬᠤᠯᠴᠠᠨ ᠪᠠᠶᠠᠷ ᠬᠦᠷᠭᠡᠳᠡᠭ ᠮᠦᠷᠳᠡᠭᠡᠨ ᠡᠷᠤᠬᠡ ᠪᠣᠯᠭᠠᠨ ᠶᠢᠤ ᠰᠢᠶᠠᠩ ᠪᠣᠤᠪᠤ ᠬᠢᠵᠤ ᠬᠠᠷᠢᠯᠴᠠᠨ ᠬᠦᠷᠭᠡᠳᠡᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ