ᠤᠷᠤᠭ ᠬᠤᠷᠢᠮ ᠤᠨ ᠵᠠᠩᠰᠢᠯ ︵ᠬᠤᠳᠤᠩ ᠦᠨᠳᠦᠰᠦᠳᠡᠨ︶
ᠨᠡᠶᠢᠲᠡᠯᠡᠭᠰᠡᠨ ᠴᠠᠭ᠄
2022/12/9
       ᠶᠡᠬᠡᠩᠬᠢ ᠠᠭᠤᠯᠭ᠎ᠠ ᠨᠢ ᠬᠢᠲᠠᠳ ᠦᠨᠳᠦᠰᠦᠳᠡᠨ ᠦ ᠵᠠᠩᠰᠢᠯ ᠲᠠᠢ ᠠᠳᠠᠯᠢᠬᠠᠨ ᠪᠠᠶᠢᠳᠠᠭ᠃ ᠠᠳᠠᠯᠢ ᠪᠣᠰᠤ ᠲᠠᠯ᠎ᠠ ᠨᠢ᠄ ᠨᠢᠭᠡ ᠳᠦ᠂ ᠲᠤᠰ ᠦᠨᠳᠦᠰᠦᠳᠡᠨ ᠬᠤᠭᠤᠷᠤᠨᠳᠤ ᠪᠠᠨ ᠤᠷᠤᠭᠯᠠᠬᠤ ᠶᠢ ᠡᠷᠬᠢᠮᠯᠠᠨ᠎ᠠ᠃ ᠪᠣᠰᠤᠳ ᠦᠨᠳᠦᠰᠦᠳᠡᠨ ᠲᠠᠢ ᠤᠷᠤᠭᠯᠠᠪᠠᠯ ᠨᠦᠭᠦᠭᠡ ᠡᠲᠡᠭᠡᠳ ᠨᠢ ᠡᠷᠬᠡᠪᠰᠢ ᠬᠤᠲᠤᠩ ᠦᠨᠳᠦᠰᠦᠲᠡᠨ ᠦ ᠠᠯᠢᠪᠠ ᠵᠠᠩᠰᠢᠯ ᠢ ᠳᠠᠭᠠᠬᠤ ᠬᠡᠷᠡᠭᠲᠡᠢ᠃ ᠬᠤᠶᠠᠷ ᠲᠤ᠂ ᠴᠢᠰᠤ ᠭᠡᠳᠡᠷᠭᠦ ᠤᠷᠤᠰᠬᠤ ᠶᠢ ᠴᠡᠭᠡᠷᠯᠡᠨ᠎ᠡ ︵ᠲᠠᠷᠤᠢ ᠠᠪᠠᠭ᠎ᠠ ᠡᠵᠢ ᠶᠢᠨ ᠬᠡᠦᠬᠡᠨ ᠨᠢ ᠨᠠᠭᠠᠴᠤ ᠠᠪᠤ ᠶᠢᠨ ᠢᠶᠡᠨ ᠬᠦᠤ ᠲᠠᠢ ᠬᠤᠷᠢᠮᠯᠠᠵᠤ ᠪᠣᠯᠬᠤ ᠦᠭᠡᠢ︶᠃ ᠬᠦᠤ ᠬᠡᠤᠬᠡᠨ ᠨᠢ ᠤᠷᠤᠭᠯᠠ‍ᠬᠤ ᠨᠠᠰᠤᠨ ᠳᠤ ᠬᠦᠷᠪᠡᠯ ᠵᠠᠭᠤᠴᠢ ᠡᠷᠢᠵᠤ ᠤᠷᠤᠭ ᠬᠡᠯᠡᠯᠴᠡᠭᠦᠯᠳᠡᠭ ᠪᠠ ᠤᠷᠤᠭ ᠲᠣᠭᠲᠠᠬᠤ ᠦᠶ᠎ᠡ ᠳᠦ ᠬᠦᠤ ᠶᠢᠨ ᠲᠠᠯ᠎ᠠ ᠶᠢᠨ ᠬᠢᠨ ᠭᠠᠷᠠᠭ ᠤᠨ ᠲᠠᠪᠣᠨ ᠤ ᠡᠳᠦᠷ ᠬᠡᠤᠬᠡᠨ ᠤ ᠳᠤ ᠯᠤᠤ ᠭᠠᠷᠤᠳᠢ ᠶᠢᠨ ᠬᠡ ᠵᠢᠷᠤᠭ ᠲᠠᠢ ᠪᠣᠤᠪᠤ  ᠰᠠᠪᠠᠯᠠᠭᠰᠠᠨ ᠪᠠᠶᠠᠷ ᠤᠨ ᠬᠠᠶᠢᠷᠴᠠᠭ᠂ ᠳ᠋ᠸᠤ ᠠᠮᠤ᠂ ᠳ᠋ᠸᠤ ᠭᠤᠯᠢᠷ᠂ ᠨᠢᠭᠡ ᠬᠤᠨᠢ ︵ᠬᠤᠨᠢ ᠦᠭᠡᠢ ᠪᠣᠯ ᠲᠦᠴᠢᠨ ᠵᠢᠩ ᠬᠤᠨᠢᠨ ᠮᠢᠬ᠎ᠠ ᠦᠭᠴᠦ ᠪᠣᠯᠣᠨ᠎ᠠ) ᠪᠣᠯᠣᠨ ᠬᠤᠪᠴᠠᠰᠤ ᠬᠤᠨᠠᠷ ᠪᠥᠰ ᠪᠠᠷᠠᠭ᠎ᠠ ᠵᠡᠷᠭᠡ ᠰᠠᠭᠠᠯᠢ ᠶᠢᠨ ᠪᠡᠯᠡᠭ ᠲᠠᠢ ᠬᠦᠷᠳᠡᠭ᠃ ᠬᠤᠷᠢᠮᠯᠠᠬᠤ ᠶᠢᠨ ᠡᠮᠦᠨ᠎ᠡ ᠡᠳᠦᠷ ᠬᠦᠤ ᠶᠢᠨ ᠲᠠᠯ᠎ᠠ ᠨᠢ ᠶᠸᠦ ᠰᠢᠶᠠᠩ ᠪᠣᠤᠪᠤ ᠬᠢᠵᠦ ︽ᠡᠷᠭᠦᠯᠲᠡ︾ᠲᠠᠯᠪᠢᠨ᠂ ᠠᠯᠯᠠᠾ ᠤᠨ ᠦᠷᠦᠰᠢᠶᠠᠯ ᠳᠤ ᠲᠠᠯᠠᠷᠬᠠᠵᠤ᠂ ᠦᠩᠭᠡᠷᠡᠵᠦ ᠤᠳᠤᠭᠰᠠᠨ ᠬᠦᠮᠦᠰ ᠢᠶᠡᠨ ᠲᠤᠷᠠᠰᠬᠠᠵᠤ ᠪᠠᠶᠢᠬᠤ ᠪᠠᠨ ᠢᠯᠡᠳᠭᠡᠳᠡᠭ᠃ ᠬᠤᠷᠢᠮᠯᠠᠬᠤ ᠡᠳᠦᠷ ᠰᠢᠨ᠎ᠡ ᠬᠦᠷᠭᠡᠨ ᠨᠢ ᠡᠷᠡᠭᠲᠡᠢ ᠡᠮᠡᠭᠲᠡᠢ ᠬᠤᠶᠠᠷ ᠬᠦᠮᠦᠨ ᠪᠣᠯᠣᠨ ᠨᠢᠭᠡᠨ ᠪᠠᠭᠠᠴᠤᠤᠯ ᠲᠠᠭᠠᠭᠤᠯ‍ᠤᠨ ᠶᠠᠪᠣᠬᠤ ᠪᠦᠭᠡᠳ ᠴᠢᠮᠡᠭᠰᠡᠨ ᠲᠡᠷᠭᠡ ᠨᠢᠭᠡ᠂ ᠡᠮᠡᠭᠡᠯ ᠲᠠᠢ ᠮᠣᠷᠢ ᠨᠢᠭᠡ᠂ ᠦᠩᠭᠡᠲᠦ ᠳ᠋ᠧᠩ ᠲᠦᠷᠪᠡ᠂ ᠲᠡᠭᠦᠵᠢᠯᠡᠭᠦᠷ ᠳ᠋ᠧᠩ ᠬᠤᠶᠠᠷ ᠬᠣᠣᠰ ᠪᠡᠯᠡᠳᠬᠡᠭᠡᠳ ᠰᠢᠨ᠎ᠡ ᠪᠡᠷᠢ ᠲᠤᠰᠬᠤ ᠪᠠᠷ ᠶᠠᠪᠤᠳᠠᠭ᠃ ᠬᠡᠤᠬᠡᠨ ᠨᠢ ᠰᠡᠤᠬᠡ ᠲᠡᠷᠭᠡᠨ ᠳᠦ ᠰᠠᠭᠤᠵᠤ ᠶᠠᠪᠤᠭᠰᠠᠨ ᠵᠠᠮ ᠢᠶᠠᠨ ᠡᠭᠡᠵᠦ ᠪᠣᠴᠠᠬᠤ ᠦᠭᠡᠢ ᠶᠢᠨ ᠲᠤᠯᠠ ᠵᠠᠮ ᠲᠤᠭᠤᠷᠢᠤ ᠵᠠᠮᠨᠠᠨ ᠶᠠᠪᠤᠳᠠᠭ᠃ ᠬᠤᠷᠢᠮᠯᠠᠬᠤ ᠶᠤᠰᠤᠯᠠᠯ ᠳᠤ᠂ ᠠᠾᠦ᠋ᠩ ᠢ ᠤᠷᠢᠵᠤ ︽ᠢ ᠵᠠ ᠪᠥ᠋︾ ᠪᠢᠴᠢᠭ ᠪᠢᠴᠢᠭᠦᠯᠵᠤ᠂ ᠱᠠᠰᠢᠨ ᠰᠤᠷᠲᠠᠬᠤᠨ ᠤ ᠳᠤᠲᠤᠭᠠᠳᠤ ᠳᠤ ᠬᠠᠤᠯᠢ ᠪᠠᠷ ᠲᠤᠭᠲᠠᠭᠰᠠᠨ ᠤᠷᠤᠭ ᠤᠨ ᠭᠡᠷᠡᠴᠢ ᠪᠣᠯᠭᠠᠳᠠᠭ᠃ ᠬᠤᠷᠢᠮ ᠤᠨ ᠶᠤᠰᠤᠯᠠᠯ ᠳᠤ ᠤᠷᠤᠯᠴᠠᠭᠰᠠᠳ ᠪᠡᠶ᠎ᠡ ᠪᠡᠨ ᠤᠭᠢᠶᠠᠵᠤ ᠠᠷᠢᠭᠤᠳᠬᠠᠨ᠂ ᠰᠠᠶᠢᠬᠠᠨ ᠬᠤᠪᠴᠠᠰᠤ ᠪᠠᠨ ᠡᠮᠦᠰᠳᠡᠭ᠃ ᠪᠠᠰᠠ ᠬᠤᠷᠢᠮ ᠤᠨ ᠶᠤᠰᠤᠯᠠᠯ ᠡᠷᠬᠢᠯᠡᠬᠦ ᠬᠦᠮᠦᠨ ᠢ ᠵᠠᠯᠠᠳᠠᠭ᠃ ᠬᠡᠤᠬᠡᠨ ᠤ ᠲᠠᠯ᠎ᠠ ᠶᠢᠨ ᠵᠣᠴᠢᠨ ᠢ ᠤᠭᠲᠤᠨ ᠠᠪᠬᠤ ᠳᠤ ᠬᠠᠷᠢᠯᠴᠠᠨ ᠶᠤᠰᠤᠯᠠᠨ ᠠᠭᠤᠯᠵᠠᠵᠤ᠂︽ᠭᠠᠷ ᠠᠳᠬᠤᠯᠴᠠ‍ᠭᠰᠠᠨ︾ ᠤ ᠳᠠᠷᠠᠭ᠎ᠠ ᠰᠠᠭᠤᠳᠠᠯ ᠳᠤ ᠰᠠᠭᠤᠯᠴᠠᠨ᠎ᠠ᠃ ᠠᠾᠦ᠋ᠩ ᠭᠣᠣᠯ ᠰᠢᠷᠡᠭᠡᠨ ᠳᠦ ᠰᠠᠭᠤᠵᠤ᠂ ᠬᠤᠷᠢᠮ ᠤᠨ ᠶᠣᠰᠤᠯᠠᠯ ᠡᠷᠬᠢᠯᠡᠭᠴᠢ ᠬᠠᠵᠠᠭᠤ ᠳ᠋ᠤᠨᠢ ᠰᠠᠭᠤᠵᠤ᠂ ᠰᠢᠨ᠎ᠡ ᠬᠦᠷᠭᠡᠨ ᠢᠰᠡᠭᠡᠢ ᠲᠡᠭᠡᠷ᠎ᠡ ᠰᠦᠭᠦᠳᠴᠦ᠂ ᠠᠾᠦ᠋ᠩ ᠤᠯᠠᠨ ᠳᠤ ᠬᠡᠨ ᠦ ᠬᠦᠪᠡᠭᠦᠨ ᠨᠢ ᠬᠡᠨ ᠦ ᠬᠡᠤᠬᠡᠨ ᠲᠠᠢ ᠬᠤᠷᠢᠮᠯᠠᠬᠤ ᠵᠢᠴᠢ ᠤᠷᠤᠭ ᠪᠠᠳᠤᠯᠠᠭᠴᠢ ᠬᠦᠮᠦᠨ ᠵᠡᠷᠭᠡ ᠶᠢ ᠲᠤᠩᠬᠠᠭᠯᠠᠬᠤ ᠪᠦᠭᠡᠳ ᠠᠷᠠᠪ ᠦᠰᠦᠭ ᠢᠶᠡᠷ ᠤᠯᠠᠭᠠᠨ ᠴᠠᠭᠠᠰᠤᠨ ᠲᠡᠭᠡᠷ᠎ᠡ ᠪᠢᠴᠢᠭᠰᠡᠨ ︽ᠢ ᠵᠠ ᠪᠥ᠋︾ ᠶᠢ ᠰᠢᠨ᠎ᠡ ᠬᠦᠷᠭᠡᠨ ᠳᠦ ᠦᠭᠬᠦ ᠦᠶ᠎ᠡ ᠳᠦ᠂ ᠬᠤᠶᠠᠷ ᠲᠠᠯ᠎ᠠ ᠶᠢᠨ ᠭᠡᠷ ᠦᠨ ᠠᠬᠠᠮᠠᠳ ᠨᠠᠶᠢᠵᠠ ᠨᠦᠭᠦᠳ ᠨᠢ ᠲᠠᠬᠢᠨᠲᠠ ︽ᠭᠠᠷ ᠠᠳᠬᠤᠯᠴᠠᠨ︾ᠪᠠᠶᠠᠷ ᠬᠦᠷᠭᠡᠬᠦ ᠶᠢᠨ ᠬᠠᠮᠲᠦ᠂ ᠰᠢᠨ᠎ᠡ ᠬᠦᠷᠭᠡᠨ ᠳᠦ  ᠵᠠᠯᠭ᠎ᠠ ᠪᠠᠷ ᠭᠤᠷᠪᠠᠨᠲᠠ ᠴᠢᠪᠠᠭ᠎ᠠ ᠬᠠᠶᠠᠵᠤ ᠦᠭᠬᠦᠨ ᠢᠷᠤᠭᠡᠨ ᠪᠡᠯᠭᠡᠯᠡᠵᠦ ᠪᠠᠶᠢᠬᠤ ᠪᠠᠨ ᠢᠯᠡᠳᠬᠡᠳᠡᠭ᠃ ᠢᠩᠭᠢᠭᠡᠳ ᠤᠯᠠᠨ ᠵᠣᠴᠢᠳ ᠠᠾᠦ᠋ᠩ ᠲᠠᠢ ᠬᠠᠮᠳᠦ ᠰᠢᠨ᠎ᠡ ᠬᠦᠷᠭᠡᠨ ᠦ ︽ᠶᠢᠰᠤᠨ ᠲᠤᠮᠤ ᠠᠶᠠᠭ᠎ᠠ︾ ᠶᠢᠨ ᠳᠠᠶᠢᠯᠠᠯᠭ᠎ᠠ ᠳᠤ ᠤᠷᠤᠯᠴᠠᠨ᠎ᠠ᠃ ᠬᠤᠷᠢᠮᠯᠠᠬᠤ ᠶᠤᠰᠤᠯᠠᠯ ᠲᠠᠭᠤᠰᠤᠭᠰᠠᠨ ᠤ ᠲᠠᠷᠠᠭ᠎ᠠ᠂ ᠨᠢᠭᠡᠨ ᠱᠤᠭ ᠲᠠᠢ ᠶᠠᠪᠤᠳᠠᠯ ᠭᠡᠪᠡᠯ ︽ᠠᠪᠤ ᠡᠵᠢ ᠪᠡᠷ ᠨᠢ ᠱᠣᠭᠯᠠᠨ ᠨᠠᠭᠠᠳᠬᠤ︾ᠦᠵᠡᠭᠳᠡᠯ ᠪᠣᠢ᠃ ᠨᠢᠭᠡ ᠪᠦᠯᠦᠭ ᠱᠣᠭ ᠨᠠᠭᠠᠳᠤᠮ ᠳᠤ ᠳᠤᠷᠠᠲᠠᠢ ᠬᠦᠮᠦᠰ ᠠᠪᠤ ᠡᠵᠢ  ᠶᠢᠨ ᠬᠢᠨ ᠴᠢᠷᠠᠢ ᠶᠢ ᠨᠢ ᠬᠠᠷᠠᠯᠠᠭᠤᠯᠵᠤ᠂ ᠤᠯᠠᠭᠠᠨ ᠬᠤᠪᠴᠠᠰᠤ ᠨᠤᠭᠤᠭᠠᠨ ᠦᠮᠦᠳᠦ ᠡᠮᠦᠰᠦᠭᠦᠯᠦᠨ ᠱᠣᠭᠯᠠᠬᠤ ᠶᠢᠨ ᠬᠠᠮᠲᠤ ᠪᠠᠰᠠ ᠬᠠᠮᠲᠤ ᠪᠠᠷ  ᠶᠠᠩᠭᠠᠷ ᠦᠰᠦᠷᠤᠨ ᠨᠠᠶᠢᠷᠯᠠᠳᠠᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ