ᠤᠯᠠᠭᠠᠨᠬᠠᠳ᠋ᠠ ᠤᠷᠣᠨ ᠤ ᠲᠡᠮᠦᠷ ᠦᠨ ᠳᠠᠷᠬᠠᠨ᠂ ᠮᠣᠳ᠋ᠣᠨ | ᠳᠠᠷᠬᠠᠨ᠂ ᠸᠠᠭᠠᠷᠴᠢᠨ ᠨᠢ ᠪᠦᠷ ᠦᠪᠡᠷ ᠦᠪᠡᠷ ᠦᠨ ᠪᠦᠷᠢᠨ ᠢᠵᠢ | ᠬᠦᠳ᠋ᠡᠯᠮᠦᠷᠢ ᠢᠢᠨ ᠵᠠᠩ ᠵᠠᠩᠰᠢᠯ ᠲᠠᠢ ᠪᠠᠶᠢᠳ᠋ᠠᠭ᠃ ᠲᠡᠮᠦᠷ | ᠦᠨ ᠳᠠᠷᠬᠠᠨ ᠪᠤᠯᠤᠨ ᠮᠣᠳ᠋ᠣᠨ ᠳᠠᠷᠬᠠᠨ ᠦ ᠦᠢᠯᠡᠳᠬᠡᠯ ᠦᠨ | ᠶᠣᠰᠣ ᠲᠦᠷᠢᠮ ᠤᠯᠠᠨ ᠪᠠᠶᠢᠵᠤ᠂ ᠦᠢᠯᠡᠳᠪᠦᠷᠢᠯᠡᠯ ᠦᠨ ᠪᠠᠭᠠᠵᠢ | ᠬᠡᠷᠡᠭᠰᠡᠯ ᠢ ᠲᠣᠷ᠎ᠠ ᠪᠠᠷ ᠬᠦᠳ᠋ᠡᠯᠭᠡᠳᠡᠭ ᠦᠭᠡᠢ᠂ ᠲᠡᠮᠦᠷ | ᠳᠠᠪᠳ᠋ᠠᠬᠣ ᠳ᠋ᠤ ᠬᠡᠷᠡᠭᠯᠡᠳ᠋ᠡᠭ ᠲᠦᠰᠢ ᠪᠠ ᠬᠦᠭᠡᠷᠭᠡ ᠢᠢ | ᠲᠣᠷ᠎ᠠ ᠪᠠᠷ ᠢᠶᠠᠨ ᠳᠣᠭᠰᠢᠬᠣ ᠪᠣᠶᠣ ᠲᠦᠯᠬᠢᠨ ᠰᠢᠯᠵᠢᠬᠦᠯᠵᠦ | ᠪᠣᠯᠬᠣ ᠦᠭᠡᠢ᠂ ᠰᠢᠨ᠎ᠠ ᠢᠢᠨ ᠪᠠᠶᠠᠷ ᠪᠣᠯᠪᠠᠯ ᠬᠦᠵᠢ ᠠᠰᠬᠠᠨ | ᠲᠠᠬᠢᠯᠭ᠎ᠠ ᠲᠠᠯᠪᠢᠵᠤ ᠠᠮᠣᠷ ᠲᠦᠪᠰᠢᠨ ᠢᠶᠡᠨ ᠳᠠᠭᠠᠳᠬᠠᠳ᠋ᠠᠭ᠃ | ᠮᠤᠳᠤᠨ ᠲᠠᠷᠬᠠᠨ ᠤ ᠱᠠᠪᠢ ᠨᠢ ᠪᠠᠶ᠎ᠠ ᠪᠠᠨ ᠳᠠᠭᠠᠭᠠᠨ ᠠᠵᠢᠯ | ᠡᠷᠬᠢᠯᠡᠬᠦ ᠬᠡᠮᠵᠢᠶᠡᠨ ᠳᠦ ᠬᠦᠷᠪᠡᠯ ᠪᠠᠭᠰᠢ ᠨᠢ | ᠱᠠᠪᠢ ᠳᠦ ᠪᠡᠨ ᠮᠣᠳ᠋ᠣᠴᠢᠨ ᠤ ᠬᠡᠷᠡᠭᠯᠡᠬᠦ ᠨᠢᠭᠡ ᠢᠵᠢ | ᠪᠠᠭᠠᠵᠢ ᠬᠡᠷᠡᠭᠰᠡᠯ ᠪᠡᠯᠭᠡᠯᠡᠳᠡᠭ ᠪᠦᠭᠡᠳ ᠱᠠᠪᠢ ᠪᠠᠨ | ᠳᠠᠭᠠᠭᠣᠯᠣᠨ ᠮᠤᠳᠤᠨ ᠲᠠᠷᠬᠠᠨ ᠤ ᠫᠦᠰᠡᠨ ᠳ᠋ᠤ ᠤᠴᠢᠵᠣ | ᠪᠠᠷᠠᠭᠠᠨᠳ᠋ᠠᠨ ᠬᠣᠵᠢᠮ ᠬᠠᠷᠠᠭᠠᠯᠵᠠᠵᠣ ᠪᠠᠶᠢᠬᠣ ᠢᠢ | ᠬᠦᠰᠡᠳ᠋ᠡᠭ᠃ ᠳᠠᠷᠬᠠᠨᠴᠣᠳ ᠭᠠᠳ᠋ᠠᠭᠰᠢ ᠭᠠᠷᠴᠣ ᠬᠤᠳᠠᠯᠳᠤᠭ᠎ᠠ | ᠬᠢᠬᠦ ᠳᠤ ᠪᠠᠨ ᠦᠪᠡᠷ ᠦᠪᠡᠷ ᠦᠨ ᠦᠪᠡᠷᠮᠢᠴᠡ ᠬᠤᠳᠠᠯᠳᠤᠨ | ᠠᠪᠤᠭᠴᠢ ᠶᠢ ᠲᠠᠲᠠᠬᠤ ᠠᠷᠭ᠎ᠠ ᠪᠠᠶᠢᠳ᠋ᠠᠭ᠃ ᠬᠢᠳ᠋ᠣᠭ᠎ᠠ | ᠬᠠᠳ᠋ᠣᠭᠣᠷ ᠬᠠᠶᠢᠴᠢ ᠪᠢᠯᠡᠭᠦᠳᠡᠬᠦ ᠪᠢᠯᠡᠭᠦᠷᠴᠢᠨ ᠤᠬᠣᠷ | ᠪᠢᠰᠬᠢᠬᠦᠷ ᠦᠯᠢᠶᠡᠵᠦ︽ᠦ ᠦ︾ᠳᠠᠭᠣ ᠭᠠᠷᠭᠠᠨ᠎ᠠ᠃ ᠦᠰᠦ ᠵᠠᠰᠠᠭᠴᠢ | ᠳᠠᠮᠨᠠᠭᠣᠷ ᠳᠠᠮᠨᠠᠵᠣ᠂ ᠳᠠᠮᠨᠠᠭᠤᠷ ᠤᠨ ᠨᠢᠭᠡ ᠳᠠᠯ᠎ᠠ ᠳ᠋ᠤᠨᠢ | ᠪᠠᠭᠠᠵᠢ ᠬᠡᠷᠡᠭᠰᠡᠯ ᠦᠨ ᠬᠠᠶᠢᠷᠴᠠᠭ︵ᠮᠣᠳ᠋ᠣᠨ ᠰᠠᠨᠳ᠋ᠠᠯᠢ | ᠪᠠᠭᠳ᠋ᠠᠨᠠ︶᠂ ᠨᠦᠭᠦᠭᠡ ᠳᠠᠯ᠎ᠠ ᠳ᠋ᠤᠨᠢ ᠵᠡᠰ ᠭᠠᠳ᠋ᠣᠷᠠ ᠪᠠ | ᠬᠤᠪᠤᠩ ᠪᠠᠶᠢᠳᠠᠭ᠃ ᠭᠠᠷ ᠲᠦ ᠪᠠᠨ ︽ᠮᠠᠶᠢᠮᠠᠢ ᠢᠢᠨ | ᠣᠷᠢᠶᠠᠯᠠᠭᠤᠷ︾︵ᠲᠣᠮᠣ ᠬᠢᠮᠰᠠ ᠬᠡᠯᠪᠡᠷᠢ ᠲᠠᠢ︶ ᠰᠠᠵᠢᠯᠠᠵᠣ᠂ | ᠲᠤᠮᠳᠠᠭᠤᠷ ᠨᠢ ᠰᠢᠳᠡᠮ ᠢᠶᠠᠷ ᠡᠳ᠋ᠡᠬᠦ ᠳᠦ︽ᠦᠩ ᠦᠩ︾ᠬᠡᠬᠦ | ᠳᠠᠭᠣ ᠭᠠᠷᠣᠨ᠎ᠠ᠃ ᠲᠡᠮᠦᠷ ᠦᠨ ᠲᠠᠷᠬᠠᠨ ᠳᠠᠮᠨᠠᠭᠤᠷ ᠢᠶᠠᠷ | ᠵᠣᠣᠬᠠ ᠪᠠ ᠨᠡᠬᠦᠷᠡᠰᠦ ᠪᠠᠨ ᠲᠠᠮᠨᠠᠨ ᠪᠠᠷᠬᠢᠷᠠᠨ ᠬᠡᠰᠤᠵᠤ | ᠤᠷ᠎ᠠ ᠡᠷᠳ᠋ᠡᠮ ᠢᠶᠠᠨ ᠬᠤᠳᠠᠯᠳᠤᠨ ᠠᠮᠢᠳᠤᠷᠠᠳᠠᠭ᠃ | | |