ᠤᠯᠠᠭᠠᠨ ᠢᠳ᠋ᠡᠭᠡᠨ ᠤᠯᠠᠭᠠᠨ ᠢᠳ᠋ᠡᠭᠡᠨ ᠪᠣᠯ ᠮᠣᠩᠭᠣᠯ | ᠦᠨᠳ᠋ᠦᠰᠦᠳ᠋ᠡᠨ ᠤ ᠤᠯᠠᠮᠵᠢᠯᠠᠯᠳ᠋ᠣ ᠭᠣᠣᠯ ᠢᠳ᠋ᠡᠭᠡᠨ | ᠪᠣᠯᠣᠨ᠎ᠠ᠃ ᠦᠭᠡᠷ ᠬᠣᠨᠢᠨ ᠮᠢᠬ᠎ᠠ ᠪᠠᠷ ᠭᠣᠣᠯᠯᠠᠳ᠋ᠠᠭ᠃ | ᠦᠩᠭᠡᠷᠡᠭᠰᠡᠨ ᠳ᠋ᠤ ᠬᠤᠶᠢᠳᠦ ᠬᠡᠳᠦᠨ ᠬᠣᠰᠢᠭᠣ ᠰᠢᠶᠠᠨ ᠤ | ᠮᠣᠩᠭᠣᠯ ᠦᠨᠳ᠋ᠦᠰᠦᠳ᠋ᠡᠨ ᠭᠠᠬᠠᠢ ᠲᠡᠵᠢᠭᠡᠳ᠋ᠡᠭ ᠦᠭᠡᠢ᠂ ᠮᠣᠷᠢ᠂ | ᠡᠯᠵᠢᠭᠡ᠂ ᠨᠣᠬᠠᠢ᠂ ᠵᠢᠭᠠᠰᠤ ᠶᠢᠨ ᠮᠢᠬ᠎ᠠ ᠢᠳ᠋ᠡᠳ᠋ᠡᠭ ᠦᠭᠡᠢ᠃ | ᠮᠠᠯᠴᠢᠳ ᠤᠨ ᠮᠠᠯ ᠨᠢᠲᠤᠯᠬᠤ ᠨᠢ ᠤᠯᠠᠷᠢᠯ ᠤᠨ ᠴᠢᠨᠠᠷᠳᠠᠢ | ᠶᠤᠮ᠃ ᠶᠡᠷᠤ ᠳᠤ ᠪᠠᠨ ᠪᠢᠯᠢᠭ ᠦᠨ ᠤᠯᠠᠷᠢᠯ ᠦᠨ ᠲᠠᠪᠣᠳᠤᠭᠠᠷ | ᠰᠠᠷ᠎ᠠ ᠶᠢᠨ ᠰᠡᠭᠦᠯᠴᠢ ᠪᠡᠷ ᠡᠪᠡᠰᠦ ᠪᠡᠯᠴᠢᠭᠡᠷ ᠥᠩᠭᠡ | ᠰᠢᠮᠡᠯᠢᠭ ᠪᠣᠯᠵᠤ᠂ ᠦᠬᠡᠷ ᠬᠤᠨᠢ ᠲᠠᠷᠭᠤ ᠰᠠᠭᠤᠭᠰᠠᠨ ᠬᠤᠶᠢᠨ᠎ᠠ | ᠡᠬᠢᠯᠡᠵᠤ ᠨᠢᠲᠤᠯᠳᠠᠭ᠃ ᠭᠡᠪᠡᠴᠦ ᠶᠡᠭᠡ ᠬᠡᠮᠵᠢᠶ᠎ᠡ ᠪᠡᠷ | ᠨᠢᠲᠤᠯᠬᠤ ᠪᠢᠰᠢ᠂ ᠢᠳᠡᠬᠦ ᠬᠡᠮᠵᠢᠶ᠎ᠡ ᠪᠡᠷ ᠢᠶᠡᠨ ᠨᠢᠲᠤᠯᠵᠤ᠂ | ᠡᠳᠦᠷ ᠳᠤᠲᠤᠮ ᠤᠨ ᠢᠳᠡᠬᠦ ᠮᠢᠬ᠎ᠠ ᠪᠠᠨ ᠪᠠᠳᠤᠯᠠᠪᠠᠯ | ᠪᠣᠯᠴᠢᠬᠠᠨ᠎ᠠ᠃ ᠬᠡᠷᠪᠡ ᠦᠯᠡᠳᠡᠬᠦ ᠳᠦ ᠬᠦᠷᠪᠡᠯ ᠪᠣᠷᠴᠠᠯᠠᠨ | ᠬᠠᠳᠠᠭᠠᠵᠤ ᠬᠠᠳᠠᠭᠠᠯᠠᠳᠠᠭ᠃ ᠡᠪᠦᠯ ᠦᠨ ᠡᠬᠢ ᠪᠡᠷ ᠪᠠᠭ᠎ᠠ | ᠴᠠᠰᠤ ᠶᠢᠨ ᠡᠮᠦᠨ᠎ᠡ ᠬᠤᠶᠢᠨ᠎ᠡ ᠠᠭᠤᠷ ᠠᠮᠢᠰᠬᠤᠯ ᠬᠦᠢᠳᠡᠷᠡᠨ | ᠮᠢᠬ᠎ᠠ ᠶᠢ ᠬᠠᠳᠠᠭᠠᠯᠠᠵᠤ ᠲᠡᠶᠢᠯᠬᠦ ᠪᠣᠯᠵᠤ᠂ ᠦᠬᠡᠷ | ᠬᠤᠨᠢ ᠶᠢᠨ ᠲᠠᠷᠭᠤ ᠪᠠᠭᠤᠷᠠᠬᠤ ᠠᠴᠠ ᠡᠮᠦᠨ᠎ᠡ᠂ ᠨᠢᠭᠡ ᠤᠳᠠᠭ᠎ᠠ | ᠲᠦᠪᠯᠡᠷᠡᠭᠦᠯᠦᠨ ᠨᠢᠲᠤᠯᠵᠤ᠂ ᠪᠦᠬᠦᠯᠢ ᠡᠪᠦᠯ ᠬᠠᠪᠣᠷ ᠦᠨ | ᠬᠤᠭᠤᠴᠠᠭᠠᠨ ᠤ ᠢᠳᠡᠰᠢᠨ ᠮᠢᠬ᠎ᠠ ᠪᠠᠨ ᠭᠦᠢᠴᠡᠳ ᠨᠥᠭᠡᠴᠡᠯᠡᠨ | ᠪᠡᠯᠡᠳᠬᠡᠳᠡᠭ᠃ ᠮᠠᠯᠴᠢᠳ ᠤᠨ ᠬᠤᠨᠢ ᠢᠮᠠᠭ᠎ᠠ ᠨᠢᠲᠤᠯᠬᠤ ᠠᠷᠭ᠎ᠠ | ᠨᠢ ᠲᠣᠯᠣᠭᠠᠢ ᠢᠢ ᠨᠢ ᠤᠭᠲᠤᠯᠬᠤ ᠪᠢᠰᠢ᠂ ᠬᠠᠷᠢᠨ ᠦᠷᠦᠴᠡᠨ ᠤ | ᠬᠡᠰᠡᠭ ᠲᠦ ᠨᠢ ᠪᠠᠭ᠎ᠠ ᠬᠠᠭᠠᠯᠵᠣ᠂ ᠭᠠᠷ ᠢᠢᠠᠨ ᠤᠷᠣᠭᠣᠯᠵᠣ | ᠭᠣᠣᠯ ᠤᠨ ᠰᠤᠳᠠᠯ ᠢ ᠨᠢ ᠳᠠᠰᠣᠯᠳ᠋ᠠᠭ᠂ ᠢᠩᠭᠢᠵᠤ ᠦᠷᠦᠴᠡᠯᠡᠵᠦ | ᠠᠯᠠᠬᠤ ᠨᠢ ᠠᠷᠠᠰᠤ ᠮᠢᠬᠠᠨ ᠤ ᠪᠦᠳᠦᠨ ᠠᠷᠢᠭᠤᠨ ᠢ ᠪᠠᠳᠤᠯᠠᠵᠤ | ᠴᠢᠳᠠᠳᠠᠭ᠃ ᠮᠢᠬᠠᠨ ᠢᠳ᠋ᠡᠭᠡᠨ ᠢ ᠮᠣᠩᠭᠣᠯᠴᠣᠳ ᠤᠯᠠᠭᠠᠨ | ᠢᠳ᠋ᠡᠭᠡᠨ ᠭᠡᠳ᠋ᠡᠭ᠃ ᠤᠯᠠᠭᠠᠨ ᠢᠳ᠋ᠡᠭᠡᠨ ᠢ ᠭᠣᠣᠯᠳᠠᠭᠤ ᠬᠤᠨᠢᠨ | ᠤᠭᠣᠴᠠ ᠭᠠᠷᠭᠠᠬᠤ᠂ ᠰᠢᠬᠦᠰᠤ ᠭᠠᠷᠭᠠᠬᠤ᠂ ᠰᠢᠷᠠᠬᠣ᠂ ᠴᠢᠨᠠᠬᠣ᠂ | ᠬᠠᠭᠰᠠᠭᠠᠬᠤ᠂ ᠬᠠᠭᠤᠷᠤᠯᠭ᠎ᠠ ᠬᠢᠬᠦ᠂ ᠬᠠᠯᠠᠭᠣᠨ ᠳᠣᠭᠣᠭᠠ | ᠬᠢᠬᠦ ᠵᠡᠷᠭᠡ ᠤᠯᠠᠨ ᠵᠦᠢᠯ ᠤᠨ ᠠᠷᠭ᠎ᠠ ᠪᠠᠷ ᠢᠳᠡᠳᠡᠭ᠃ ᠪᠠᠶᠠᠷ | ᠲᠤᠷᠠᠰᠬᠠᠯ ᠦᠨ ᠡᠳ᠋ᠦᠷ ᠪᠣᠶᠣ ᠬᠦᠨᠳ᠋ᠦ ᠵᠣᠴᠢᠨ ᠢᠢᠠᠨ | ᠳᠠᠶᠢᠯᠠᠬᠣ ᠳ᠋ᠤ ᠪᠦᠬᠦᠯᠢ ᠬᠤᠨᠢᠨ ᠰᠢᠭᠦᠰᠦ ᠶᠢᠨ ᠲᠠᠶᠢᠯᠠᠯᠭ᠎ᠠ | ᠭᠠᠷᠭᠠᠳ᠋ᠠᠭ᠃ | ᠳᠠᠶᠢᠯᠠᠯᠭ᠎ᠠ ᠶᠢᠨ ᠰᠢᠷᠡᠭᠡᠨ ᠳᠦ ᠪᠦᠬᠦᠯᠢ ᠬᠤᠨᠢᠨ | ᠰᠢᠭᠦᠰᠦ ᠣᠷᠣᠭᠤᠯᠬᠤ ᠶᠢ ᠮᠣᠩᠭᠣᠯᠴᠣᠳ︽ᠪᠦᠬᠦᠯᠢ ᠳᠠᠯᠪᠢᠬᠣ︾ | ᠭᠡᠳᠡᠭ᠃ ᠡᠨᠡ ᠨᠢ ᠪᠤᠷᠬᠠᠨ ᠰᠠᠬᠢᠭᠤᠯᠰᠤᠨ ᠲᠠᠬᠢᠬᠤ᠂ ᠤᠪᠣᠭ᠎ᠠ | ᠳᠠᠬᠢᠬᠣ ᠪᠣᠯᠣᠨ ᠬᠦᠨᠳ᠋ᠦᠳ᠋ᠦ ᠵᠣᠴᠢᠨ ᠢᠢᠠᠨ ᠵᠤᠴᠢᠯᠠᠬᠤ ᠳᠤ | ᠤᠷᠤᠭᠤᠯᠳᠠᠭ ᠬᠠᠮᠣᠭ ᠦᠨ ᠶᠡᠬᠡ ᠡᠷᠬᠢᠮ ᠳᠠᠶᠢᠯᠠᠯᠭ᠎ᠠ | ᠪᠣᠯᠣᠨ᠎ᠠ᠃ ᠪᠦᠬᠦᠯᠢ ᠬᠤᠨᠢᠨ ᠰᠢᠭᠦᠰᠦ ᠤᠷᠤᠭᠤᠯᠬᠤ ᠭᠡᠳ᠋ᠡᠭ ᠨᠢ | ᠬᠣᠨᠢ ᠢᠢ ᠪᠦᠬᠦᠯᠢ ᠪᠠᠷ ᠨᠢ ᠴᠢᠨᠠᠬᠣ ᠬᠡᠰᠡᠨ ᠤᠴᠢᠷ ᠪᠢᠰᠢ᠂ | ᠬᠠᠷᠢᠨ ᠬᠣᠨᠢᠨ ᠤ ᠦᠶ᠎ᠡ ᠬᠡᠰᠢᠭᠦᠦ ᠶᠢ ᠨᠢ ᠦᠶᠡᠯᠡᠨ ᠴᠢᠨᠠᠵᠤ᠂ | ᠬᠡᠳ᠋ᠡᠰᠦ ᠢᠢ ᠨᠢ ᠴᠢᠳᠬᠤᠨ᠂ ᠭᠡᠳᠡᠰᠦ ᠳᠣᠳ᠋ᠣᠷ ᠢ ᠨᠢ ᠴᠢᠨᠠᠵᠤ | ᠪᠣᠯᠭᠣᠭᠠᠭᠠᠳ᠂ ᠬᠣᠨᠢᠨ ᠤ ᠬᠡᠪᠳ᠋ᠡᠭᠡ ᠬᠡᠯᠪᠡᠷᠢ ᠪᠠᠷ ᠰᠠᠪᠠᠨ | ᠳ᠋ᠤ ᠰᠠᠪᠠᠯᠠᠨ ᠰᠢᠷᠡᠭᠡᠨ ᠳᠤ ᠤᠷᠤᠭᠤᠯᠵᠤ᠂ ᠶᠣᠰᠣ ᠳᠠᠷᠠᠭᠠᠯᠠᠯ | ᠳᠠᠢ ᠣᠭᠲᠣᠯᠣᠨ ᠢᠳᠡᠵᠡᠭᠡᠳᠡᠭ ᠶᠣᠮ᠃ ᠵᠣᠴᠢᠨ ᠴᠥᠭᠡᠨ ᠪᠣᠯ | ᠪᠦᠬᠦᠯᠢ ᠬᠣᠨᠢᠨ ᠰᠢᠭᠦᠰᠦ ᠭᠠᠷᠭᠠᠬᠤ ᠭᠡᠰᠡᠨ ᠶᠠᠪᠤᠳᠠᠯ ᠪᠢᠰᠢ᠂ | ᠭᠡᠪᠡᠴᠤ ᠬᠣᠨᠢᠨ ᠤ ᠤᠭᠣᠴᠠ ᠵᠠᠪᠠᠯ ᠪᠠᠶᠢᠬᠣ ᠬᠡᠷᠡᠭᠳ᠋ᠡᠢ᠂ | ᠡᠰᠡ ᠲᠡᠭᠡᠪᠡᠯ ᠪᠦᠬᠦᠯᠢ ᠳᠠᠯᠪᠢᠭᠰᠠᠨ ᠳ᠋ᠤ ᠳᠣᠭᠠᠴᠢᠬᠣ ᠦᠭᠡᠢ | ᠶᠤᠮ᠃ ᠠᠷᠣ ᠬᠤᠷᠴᠢᠨᠴᠤᠳ ᠲᠦᠷᠪᠡᠨ ᠵᠦᠢᠯ ᠦᠨ ᠠᠷᠭ᠎ᠠ ᠪᠠᠷ | ᠰᠢᠭᠦᠰᠦ ᠲᠠᠪᠢᠰᠢᠯᠠᠳᠠᠭ᠄ ᠨᠢᠭᠡ ᠨᠢ᠂ ᠬᠤᠨᠢᠨ ᠤ ᠭᠡᠪᠳ᠋ᠡᠭᠡ | ᠬᠡᠯᠪᠡᠷᠢ ᠪᠠᠷ ᠦᠷᠦᠵᠦ ᠲᠠᠯᠪᠢᠨ᠎ᠠ᠃ ᠲᠠᠷᠤᠢ ᠲᠦᠷᠪᠡᠨ ᠮᠦᠴᠢ | ᠶᠢ ᠨᠢ ᠬᠡᠪᠲᠡᠭᠡ ᠬᠤᠨᠢᠨ ᠤ ᠬᠡᠯᠪᠡᠷᠢ ᠪᠡᠷ ᠲᠡᠪᠢᠰᠭᠡᠷᠯᠡᠨ | ᠦᠷᠦᠵᠦ᠂ ᠲᠡᠬᠦᠨ ᠦ ᠬᠤᠶᠠᠷ ᠬᠠᠪᠢ ᠪᠠᠷ ᠨᠠᠢᠮᠠᠨ ᠬᠠᠪᠢᠷᠭ᠎ᠠ | ᠵᠢᠭᠳᠡᠯᠡᠭᠦᠯᠦᠨ᠂ ᠭᠣᠣᠯ ᠳ᠋ᠣᠨᠢ ᠰᠡᠭᠡᠷ ᠲᠠᠯᠪᠢᠨ᠎ᠠ᠂ | ᠡᠪᠴᠢᠬᠦᠦ ᠶᠢ ᠭᠣᠣᠯᠳᠠᠭᠤᠯᠤᠨ ᠲᠠᠯᠪᠢᠵᠤ᠂ ᠡᠪᠴᠢᠭᠦᠦ ᠶᠢᠨ | ᠲᠡᠭᠡᠷ᠎ᠡ ᠲᠠᠷᠤᠭᠰᠠᠨ ᠮᠠᠩᠨᠠᠢ ᠳᠡᠭᠡᠷ᠎ᠡ ᠨᠢ ︽ | ︾ ᠲᠡᠮᠳᠡᠭ ᠲᠠᠢ ᠬᠣᠨᠢᠨ ᠲᠣᠯᠣᠭᠠᠢ ᠪᠠᠨ ᠭᠣᠣᠯ | ᠰᠠᠭᠤᠳᠠᠯ ᠥᠭᠡᠳᠡ ᠬᠠᠨᠳᠤᠭᠤᠯᠤᠨ ᠣᠷᠤᠭᠤᠯᠤᠨ᠎ᠠ᠃ ᠪᠣᠰᠤ | ᠲᠠᠪᠠᠭ ᠲᠤ ᠡᠯᠢᠭᠡ ᠠᠭᠤᠰᠬᠢ ᠵᠢᠷᠦᠬᠡ ᠵᠢᠴᠢ ᠴᠢᠳᠬᠤᠭᠰᠠᠨ | ᠭᠡᠳᠡᠰᠤ ᠲᠤᠳᠤᠷ ᠢ ᠲᠠᠪᠢᠰᠢᠯᠠᠨᠠ᠃ ᠬᠣᠶᠠᠷ ᠨᠢ᠂ ᠲᠠᠪᠠᠭ ᠲᠦ | ᠡᠯᠢᠭᠡ ᠠᠭᠣᠰᠬᠢ ᠵᠢᠷᠦᠬᠡ ᠬᠡᠳ᠋ᠡᠰᠦ ᠲᠤᠳᠤᠷ ᠵᠡᠷᠬᠡ ᠢᠢ | ᠦᠷᠦᠭᠰᠡᠨ ᠦ ᠲᠠᠷᠠᠭ᠎ᠠ᠂ ᠬᠠ ᠭᠤᠶ᠎ᠠ᠂ ᠬᠠᠪᠢᠷᠭ᠎ᠠ᠂ ᠡᠪᠴᠢᠬᠦᠦ᠂ | ᠤᠭᠣᠴᠠ᠂ ᠳᠣᠯᠣᠭᠠᠢ ᠢᠢ ᠳᠡᠰ ᠳᠠᠷᠠᠭ᠎ᠠ ᠳᠠᠢ ᠦᠷᠦᠵᠦ | ᠳᠠᠪᠠᠭᠯᠠᠨᠠ᠃ ᠭᠣᠷᠪᠠ ᠨᠢ᠂ ᠵᠣᠴᠢᠨ ᠴᠦᠭᠡᠨ ᠪᠣᠶᠣ ᠰᠢᠷᠡᠭᠡ | ᠪᠠᠭ᠎ᠠ ᠦᠶᠡᠰ᠂ ᠡᠯ᠎ᠡ ᠬᠡᠰᠡᠭ ᠡᠴᠡ ᠬᠠᠭᠠᠰ ᠢ ᠨᠢ | ᠤᠷᠤᠭᠤᠯᠤᠨ᠎ᠠ᠃ ᠲᠦᠷᠪᠡ ᠨᠢ᠂ ᠳᠠᠷᠤᠮ ᠢᠶᠠᠷ ᠵᠤᠴᠢᠯᠠᠬᠤ | ᠶᠤᠰᠤᠨ᠂ ᠲᠠᠷᠤᠢ ᠬᠤᠨᠢᠨ ᠤ ᠬᠠ ᠭᠤᠶ᠎ᠠ᠂ ᠰᠡᠭᠡᠷ᠂ ᠬᠠᠪᠢᠷᠭ᠎ᠠ᠂ | ᠡᠪᠴᠢᠭᠦᠦ ᠵᠡᠷᠭᠡ ᠶᠢ ᠳᠠᠪᠠᠭᠯᠠᠵᠣ᠂ ᠤᠭᠣᠴᠠ ᠢᠢ ᠪᠦᠬᠦᠨ ᠢ | ᠭᠠᠷᠭᠠᠬᠣ ᠦᠬᠡᠢ᠂ ᠵᠦᠪᠬᠡᠨ ᠤᠭᠤᠴᠠᠨ ᠤ ᠲᠣᠯᠣᠭᠠᠢ ᠶᠢᠨ | ᠬᠡᠰᠡᠭ ᠡᠴᠡ ᠠᠯᠠᠭ᠎ᠠ ᠳᠠᠷᠤᠮ ᠬᠢᠷᠢᠲᠡᠢ ᠬᠤᠶᠠᠷ ᠲᠠᠯ᠎ᠠ ᠶᠢᠨ | ᠰᠦᠪᠡᠷᠭᠡ ᠲᠠᠭᠠᠯᠳᠤᠭᠤᠯᠤᠨ ᠠᠪᠤᠭᠰᠠᠨ ᠲᠠᠷᠤᠮ ᠢᠶᠠᠨ | ᠲᠠᠯᠪᠢᠵᠤ᠂ ᠬᠤᠨᠢᠨ ᠲᠤᠯᠤᠭᠠᠢ ᠪᠠᠨ ᠲᠡᠭᠡᠵᠢᠯᠡᠨ ᠲᠠᠯᠪᠢᠨ᠎ᠠ᠃ | ᠬᠡᠰᠢᠭᠳ᠋ᠡᠨ ᠬᠣᠰᠢᠭᠤᠨ ᠳᠦ ᠵᠤᠮ᠎ᠠ ᠬᠤᠨᠢᠨ ᠰᠢᠭᠦᠰᠦ ᠶᠢᠨ | ᠳᠠᠶᠢᠯᠠᠯᠭ᠎ᠠ ᠬᠡᠵᠦ ᠪᠠᠶᠢᠳ᠋ᠠᠭ᠂ ᠡᠬᠦᠨ ᠢ ᠳᠡᠦᠬᠡᠨ | ᠳᠡᠭᠡᠷ᠎ᠠ︽ᠵᠤᠮ᠎ᠠ ᠰᠢᠭᠦᠰᠦ ᠶᠢᠨ ᠲᠠᠶᠢᠯᠠᠯᠭ᠎ᠠ︾ᠬᠡᠳ᠋ᠡᠭ᠃ | ᠬᠢᠬᠦ ᠠᠷᠭ᠎ᠠ ᠨᠢ ᠲᠦᠯᠦᠭᠡ ︵ᠰᠢᠳᠦᠯᠡᠩ ᠡᠷ᠎ᠡ ᠬᠣᠨᠢ) | ᠨᠢᠲᠤᠯᠵᠤ ᠶᠢ ᠭᠡᠳᠡᠰᠦ ᠳᠣᠲᠣᠷ ᠡᠷᠬᠡᠲᠡᠨ ᠢ ᠨᠢ ᠭᠠᠷᠭᠠᠨ | ᠠᠪᠴᠤ᠂ ᠠᠷᠠᠰᠣ ᠢᠢ ᠨᠢ ᠦᠪᠴᠢᠯ ᠦᠭᠡᠢ ᠪᠠᠷ ᠪᠣᠴᠠᠯᠤᠮ᠎ᠠ | ᠤᠰᠤᠨ ᠳᠤ ᠵᠤᠯᠭᠠᠭᠠᠵᠤ᠂ ᠦᠰᠦ ᠶᠢ ᠨᠢ ᠬᠤᠰᠤᠵᠤ ᠠᠷᠢᠯᠭᠠᠨ᠂ | ᠴᠢᠨᠠᠵᠤ ᠪᠣᠯᠭᠤᠭᠰᠠᠨ ᠤ ᠳᠠᠷᠠᠭ᠎ᠠ᠂ ᠮᠣᠳᠤ ᠪᠣᠶᠣ ᠭᠠᠣᠯᠢᠨ | ᠲᠠᠪᠠᠭ ᠲᠤ ᠳᠠᠪᠠᠭᠯᠠᠨ ᠲᠠᠯᠪᠢᠨ᠎ᠠ᠂ ᠬᠣᠨᠢᠨ ᠲᠣᠯᠣᠭᠠᠢ ᠶᠢ | ᠭᠣᠣᠯ ᠵᠣᠴᠢᠨ ᠤ ᠵᠦᠭ ᠬᠠᠨᠳᠤᠭᠤᠯᠤᠨ ᠲᠠᠯᠪᠢᠳᠠᠭ ᠬᠤᠷᠢᠮ | ᠳᠠᠶᠢᠯᠠᠯᠭ᠎ᠠ ᠵᠡᠷᠭᠡ ᠳᠦ ᠬᠡᠷᠡᠭᠯᠡᠳᠡᠭ ᠪᠦᠬᠦᠯᠢ ᠰᠢᠭᠦᠰᠦ | ᠪᠣᠯᠣᠨ᠎ᠠ᠃ ᠵᠣᠴᠢᠨ ᠤ ᠡᠮᠦᠨ᠎ᠡ ᠰᠢᠭᠦᠰᠦ ᠲᠡᠪᠰᠢᠭᠦᠯᠦᠭᠰᠡᠨ ᠦ | ᠲᠠᠷᠠᠭ᠎ᠠ᠂ ᠰᠢᠭᠦᠰᠦ ᠳᠡᠪᠰᠢᠭᠦᠯᠬᠦ ᠢᠷᠤᠭᠡᠯ ᠮᠠᠭᠲᠠᠭᠠᠯ | ᠤᠩᠰᠢᠵᠤ᠂ ᠲᠤᠰᠬᠠᠢ ᠬᠦᠮᠦᠨ ᠬᠠᠰᠢᠵᠤ ᠠᠬᠠᠮᠠᠳ ᠨᠠᠰᠤᠲᠠᠨ ᠠᠴᠠ | ᠰᠢᠭᠦᠰᠦ ᠶᠢᠨ ᠳᠡᠭᠡᠵᠢ ᠶᠢ ᠳᠡᠭᠷᠢ ᠭᠠᠵᠠᠷ᠂ ᠨᠤᠲᠤᠭ ᠤᠰᠣᠨ ᠤ | ᠨᠠᠪᠳ᠋ᠠᠭ ᠰᠠᠪᠳ᠋ᠠᠭ᠂ ᠠᠭᠣᠯᠠ ᠤᠰᠣᠨ ᠤ ᠡᠵᠡᠨ ᠰᠠᠬᠢᠭᠣᠰᠣ᠂ | ᠮᠣᠳ᠋ᠣᠨ ᠰᠠᠬᠢᠭᠣᠰᠣ᠂ ᠡᠵᠡᠨ ᠬᠠᠨ᠂ ᠡᠪᠦᠬᠡ ᠳᠡᠭᠡᠳ᠋ᠦᠰ᠂ | ᠴᠢᠳᠭᠦᠷ ᠲᠦ ᠡᠷᠭᠦᠭᠰᠡᠨ ᠦ ᠰᠡᠭᠦᠯᠡᠷ ᠰᠠᠶ᠋ᠢ ᠪᠣᠰᠤᠳ ᠬᠦᠮᠦᠰ | ᠬᠠᠷᠢᠯᠴᠠᠨ ᠬᠦᠨᠳᠦᠯᠡᠯᠴᠡᠵᠦ ᠶᠤᠰᠤᠷᠬᠠᠭ ᠢᠶᠠᠷ ᠭᠠᠷ | ᠬᠥᠳᠡᠯᠦᠨ ᠰᠢᠭᠦᠰᠦ ᠵᠣᠭᠤᠭᠯᠠᠨ᠎ᠠ᠃ ᠲᠡᠮᠳ᠋ᠡᠭᠯᠡᠯ ᠢ | ᠦᠨᠳ᠋ᠦᠰᠦᠯᠡᠪᠡᠯ᠂ ᠶᠤᠸᠠᠨ ᠤᠯᠣᠰ ᠦᠨ ᠦᠶ᠎ᠠ ᠳᠤ ᠪᠠᠶᠠᠷ ᠦᠨ | ᠶᠣᠰᠣᠯᠠᠯ᠂ ᠳᠠᠬᠢᠯᠭ᠎ᠠ᠂ ᠤᠷᠤᠭ ᠬᠣᠷᠢᠮ᠂ ᠵᠡᠷᠭᠡ ᠬᠡᠷᠬᠡᠮ ᠦᠨ | ᠵᠠᠯᠭᠠᠮᠵᠢᠯᠠᠯ ᠵᠡᠷᠭᠡ ᠦᠪᠡᠳᠡᠭᠰᠢ ᠶᠡᠬᠡ ᠳᠠᠶᠢᠯᠠᠯᠭ᠎ᠠ ᠳᠤ | ᠵᠤᠮ᠎ᠠ ᠬᠣᠨᠢᠨ ᠰᠢᠭᠦᠰᠦ ᠤᠷᠤᠭᠤᠯᠳᠠᠭ᠃ ᠴᠢᠩ ᠤᠯᠣᠰ ᠦᠨ ᠦᠶ᠎ᠠ | ᠳ᠋ᠤ᠂ ᠬᠡᠰᠢᠭᠲᠡᠨ ᠬᠣᠰᠢᠭᠣ ᠵᠢᠯ ᠪᠦᠷᠢ ᠢᠢᠨ 12 ᠰᠠᠷ᠎ᠠ ᠢᠢᠨ | 25 ᠤ ᠡᠳ᠋ᠦᠷ ᠴᠢᠩ ᠦᠨ ᠲᠥᠷᠥ ᠳᠦ ᠬᠣᠷᠢᠨ ᠲᠣᠯᠣᠭᠠᠢ | ᠵᠣᠮᠠᠯᠠᠭᠰᠠᠨ ᠬᠤᠨᠢᠨ ᠤ ᠠᠯᠪᠠ ᠪᠠᠷᠢᠵᠤ᠂ ᠲᠤᠰᠬᠠᠶᠢᠯᠠᠨ | ᠤᠷᠳ᠋ᠣᠨ ᠤ ᠵᠤᠮ᠎ᠠ ᠬᠤᠨᠢᠨ ᠰᠢᠭᠦᠰᠦ ᠶᠢᠨ ᠳᠠᠶᠢᠯᠠᠯᠭ᠎ᠠ ᠳᠤ | ᠬᠡᠷᠡᠭᠯᠡᠳ᠋ᠡᠭ᠃ | ᠬᠠᠷᠠᠴᠢᠨ ᠬᠣᠰᠢᠭᠣᠨ ᠳᠤ ᠰᠢᠷᠠᠭᠰᠠᠨ ᠭᠠᠬᠠᠢ ᠢᠢᠨ | ᠳᠠᠶᠢᠯᠠᠯᠭ᠎ᠠ ᠭᠡᠵᠤ ᠪᠠᠶᠢᠳᠠᠭ᠃ ᠵᠢᠯ ᠪᠦᠷᠢ ᠢᠢᠨ ᠴᠠᠭᠠᠨ | ᠰᠠᠷ᠎ᠠ᠂ ᠳᠠᠪᠣᠨ ᠰᠠᠷ᠎ᠠ ᠢᠢᠨ ᠰᠢᠨ᠎ᠡ ᠶᠢᠨ ᠭᠣᠷᠪᠠᠨ᠂ ᠨᠠᠢᠮᠠᠨ | ᠰᠠᠷ᠎ᠠ ᠢᠢᠨ ᠠᠷᠪᠠᠨ ᠳᠠᠪᠣᠨ ᠳ᠋ᠤ ᠸᠠᠩ ᠦᠨ ᠤᠷᠳ᠋ᠣᠨ ᠳ᠋ᠤ ᠶᠡᠭᠡ | ᠳᠠᠬᠢᠯᠭ᠎ᠠ ᠬᠢᠵᠦ᠂ ᠰᠦᠮ᠎ᠠ ᠬᠡᠶᠢᠳ ᠬᠢᠭᠡᠳ ᠳᠡᠭᠡᠳ᠋ᠦᠰ ᠦᠨ | ᠰᠠᠬᠢᠭᠤᠰᠤ ᠢᠶᠠᠨ ᠲᠠᠬᠢᠬᠤ ᠳᠤ ᠴᠦᠮ ᠪᠦᠬᠦᠯᠢ ᠭᠠᠬᠠᠢ | ᠰᠢᠷᠠᠵᠤ ᠲᠠᠬᠢᠳᠠᠭ᠃ ᠳᠠᠭᠢᠯᠭ᠎ᠠ ᠳᠠᠭᠤᠰᠤᠭᠰᠠᠨ ᠤ ᠳᠠᠷᠠᠭ᠎ᠠ | ᠤᠯᠠᠨ ᠬᠡᠰᠡᠭᠯᠡᠵᠦ᠂ ᠸᠠᠩ ᠨᠣᠶᠠᠨ ᠡᠴᠠ ᠠᠪᠣᠭᠠᠳ ᠵᠠᠯᠠᠨ ᠤ | ᠵᠠᠩᠭᠢ ᠬᠦᠷᠲᠡᠯ᠎ᠡ ᠬᠦᠮᠦᠨ ᠪᠣᠯᠭᠠᠨ ᠳᠤ ᠨᠢᠭᠡ ᠬᠡᠰᠡᠭ | ᠬᠤᠪᠢᠶᠠᠵᠤ ᠥᠭᠳᠡᠭ᠂ ᠡᠬᠦᠨ ᠢ︽ᠳᠠᠬᠢᠯᠭ᠎ᠠ ᠢᠢᠨ ᠬᠡᠰᠢᠭ | ᠬᠦᠷᠳᠡᠭᠡᠬᠦ︾ ᠭᠡᠳᠡᠭ᠃ ᠵᠢᠯ ᠪᠦᠷᠢ ᠢᠢᠨ ᠬᠥᠬᠡᠭᠡ ᠰᠠᠷ᠎ᠠ ᠳᠤ | ᠸᠠᠩ ᠨᠣᠶᠠᠨ ᠪᠡᠭᠡᠵᠢᠩ ᠳᠦ ᠣᠴᠢᠵᠣ ᠵᠢᠰᠢᠶ᠎ᠡ | ᠬᠦᠢᠴᠡᠳᠬᠡᠬᠦ ᠪᠡᠷ ᠶᠠᠪᠣᠬᠣ ᠳ᠋ᠤ ᠪᠠᠨ ᠬᠠᠭᠠᠨ ᠳ᠋ᠤ ᠡᠷᠭᠦᠭᠦ | ᠤᠬᠢ ᠰᠠᠶᠢᠨ ᠡᠳ᠋ ᠪᠣᠯᠬᠤ ᠰᠢᠷᠠᠭᠰᠠᠨ ᠭᠠᠬᠠᠢ ᠵᠡᠷᠭᠡ | ᠡᠷᠭᠦᠴᠡ ᠪᠡᠯᠡᠳᠬᠡᠨ ᠠᠪᠠᠴᠢᠳᠠᠭ᠃ ᠰᠢᠷᠠᠭᠰᠠᠨ ᠭᠠᠬᠠᠢ ᠢᠢ | ᠬᠢᠬᠦ ᠠᠷᠭ᠎ᠠ ᠄ ᠳᠠᠪᠢ ᠵᠢᠷᠠᠨ ᠵᠢᠩ ᠦᠨ ᠪᠣᠷᠳ᠋ᠣᠭᠰᠠᠨ ᠭᠠᠬᠠᠢ | ᠢᠢ ᠨᠢᠲᠤᠯᠵᠤ ᠵᠤᠮᠠᠯᠠᠭᠠᠳ᠂ ᠭᠡᠳ᠋ᠡᠰᠦ ᠳᠣᠳ᠋ᠣᠷ ᠢ ᠨᠢ ᠠᠪᠴᠤ | ᠭᠠᠷᠭᠠᠨ᠂ ᠬᠡᠪᠡᠯᠢ ᠶᠢᠨ ᠬᠦᠨᠳᠡᠢ ᠳ᠋ᠤᠨᠢ ᠳᠠᠪᠣᠰᠣ᠂ | ᠭᠣᠨᠢᠳ ᠤᠨ ᠦᠷ᠎ᠡ᠂ ᠶᠠᠷᠮ᠎ᠠ᠂ ᠵᠢᠭᠠᠷᠳᠦ ᠭᠠᠪᠢᠷ᠎ᠠ ᠢᠢᠨ | ᠬᠠᠯᠢᠰᠣ᠂ ᠰᠣᠩᠭᠢᠨ᠎ᠠ᠂ ᠰᠠᠷᠢᠮᠰᠠᠭ ᠵᠡᠷᠭᠡ ᠠᠮᠳ᠋ᠠ ᠤᠷᠣᠭᠣᠯᠬᠣ | ᠡᠳ᠋ ᠢ ᠬᠢᠭᠰᠡᠨ ᠦ ᠲᠠᠷᠠᠭ᠎ᠠ ᠪᠢᠳ᠋ᠡᠭᠦᠯᠡᠵᠦ᠂ ᠭᠣᠣᠯ ᠢᠶᠠᠷ | ᠨᠢ ᠮᠣᠳᠤᠨ ᠰᠢᠳᠡᠮ ᠤᠷᠤᠭᠤᠯᠵᠤ ᠨᠡᠭᠦᠷᠡᠰᠦᠨ ᠭᠠᠯ ᠳᠡᠭᠡᠷ᠎ᠠ | ᠳᠠᠮᠨᠠᠨ ᠲᠠᠯᠪᠢᠵᠤ ᠵᠦᠭᠡᠯᠡᠨ ᠭᠠᠯ ᠢᠶᠠᠷ ᠠᠯᠭᠤᠷᠬᠠᠨ ᠰᠢᠷᠠᠵᠤ | ᠪᠣᠯᠭᠣᠨᠠ ᠃ ᠰᠢᠷᠠᠭᠰᠠᠨ ᠭᠠᠬᠠᠢ ᠢᠢᠨ ᠤᠨᠴᠠᠯᠢᠭ ᠪᠣᠯ ᠄ | ᠭᠠᠳᠠᠨᠠᠬᠢ ᠨᠢ ᠬᠡᠦᠷᠡᠭ ᠳᠣᠲᠤᠷᠠᠬᠢ ᠨᠢ ᠵᠦᠭᠡᠯᠡᠨ᠂ ᠦᠨᠦᠷ | ᠠᠮᠳ᠋ᠠ ᠰᠠᠶᠢᠬᠠᠨ ᠪᠦᠭᠡᠳ ᠱᠠᠩᠳ᠋ᠠᠭᠣᠨ ᠦᠭᠡᠢ᠂ ᠤᠳᠠᠭᠠᠨ | ᠬᠠᠳᠠᠭᠠᠯᠠᠵᠤ᠂ ᠬᠣᠯᠠ ᠲᠡᠭᠡᠭᠡᠪᠦᠷᠢᠯᠡᠭᠰᠡᠨ ᠴᠤ ᠡᠪᠳᠡᠷᠡᠵᠦ | ᠬᠤᠪᠢᠷᠠᠳᠠᠭ ᠦᠭᠡᠢ᠃ | ᠴᠠᠭᠠᠨ ᠢᠳ᠋ᠡᠭᠡᠨ ᠴᠠᠭᠠᠨ ᠢᠳ᠋ᠡᠭᠡᠨ ᠪᠣᠯ ᠮᠣᠩᠭᠣᠯᠴᠣᠳ | ᠦᠨ ᠤᠯᠠᠮᠵᠢᠯᠠᠯᠳ᠋ᠣ ᠢᠳ᠋ᠡᠭᠡᠨ ᠪᠣᠯᠣᠨ᠎ᠠ᠃ ᠴᠠᠭᠠᠨ | ᠢᠳᠡᠭᠡᠨ ᠢ ᠭᠣᠣᠯᠳᠠᠭᠤ ᠦᠨᠢᠶᠡᠨ ᠰᠦ᠂ ᠬᠤᠨᠢ ᠢᠮᠠᠭᠠᠨ ᠰᠦ᠂ | ᠭᠡᠭᠦᠦ ᠶᠢᠨ ᠰᠦ᠂ ᠢᠩᠭᠡ ᠶᠢᠨ ᠰᠦ ᠪᠡᠷ ᠬᠢᠨ᠎ᠡ᠃ | ᠤᠯᠠᠭᠠᠨᠬᠠᠳ᠋ᠠ ᠤᠷᠣᠨ ᠤ ᠰᠠᠭᠠᠯᠢ ᠢᠢᠨ ᠢᠳ᠋ᠡᠭᠡᠨ ᠤ ᠲᠦᠷᠦᠯ | ᠵᠦᠢᠯ ᠳ᠋ᠤ ᠲᠦᠬᠦᠭᠡᠢ ᠰᠦ᠂ ᠡᠭᠡᠳ᠋ᠡᠭᠰᠡᠨ ᠰᠦ᠂ ᠢᠰᠭᠡᠭᠰᠡᠨ ᠰᠦ᠂ | ᠠᠶᠢᠷᠠᠭ ᠴᠠᠭ᠎ᠠ᠂ ᠰᠢᠷ᠎ᠠ ᠳᠣᠰᠣ᠂ ᠴᠦᠴᠦᠭᠡᠢ᠂ ᠠᠭᠠᠷᠤᠤᠯ | ᠡᠭᠡᠵᠡᠭᠡᠢ᠂ ᠦᠷᠦᠮ᠎ᠠ᠂ ᠬᠣᠷᠣᠳ᠂ ᠵᠦᠬᠡᠬᠡᠢ᠂ ᠰᠦ ᠳᠠᠢ ᠴᠠᠢ᠂ | ᠰᠠᠭᠠᠯᠢ ᠢᠢᠨ ᠠᠷᠢᠬᠢ ᠵᠡᠷᠭᠡ ᠠᠷᠪᠠᠨ ᠬᠡᠳ᠋ᠦᠨ ᠵᠦᠢᠯ | ᠪᠠᠶᠢᠳ᠋ᠠᠭ᠃ | ᠲᠦᠭᠦᠭᠡᠢ ᠰᠦ ᠄ ᠰᠠᠶ᠋ᠢ ᠰᠠᠭᠠᠭᠰᠠᠨ ᠰᠦ ᠶᠢ ᠰᠢᠨ᠎ᠡ ᠰᠦ | ᠪᠣᠶᠤ ᠲᠦᠬᠦᠬᠡᠢ ᠰᠦ ᠭᠡᠳᠡᠭ᠃ ᠲᠡᠷᠡ ᠨᠢ ᠴᠠᠭᠠᠨ ᠢᠳ᠋ᠡᠭᠡᠨ ᠬᠢᠬᠦ | ᠲᠦᠭᠦᠭᠡᠢ ᠡᠳ᠋ ᠪᠣᠯᠬᠤ ᠪᠦᠭᠡᠳ ᠪᠠᠰᠠ ᠰᠢᠭᠤᠳ ᠤᠤᠭᠤᠵᠤ ᠪᠣᠯᠳᠠᠭ | ᠪᠠ ᠬᠡᠦᠬᠡᠳ ᠤᠬᠵᠢᠬᠣ᠂ ᠬᠠᠭᠣᠷᠠᠭᠰᠠᠨ ᠪᠤᠳᠠᠭ᠎ᠠ ᠳᠡᠪᠲᠦᠭᠡᠨ | ᠢᠳᠡᠬᠦ᠂ ᠴᠠᠢ ᠰᠦᠯᠡᠵᠦ ᠪᠣᠯᠳᠠᠭ᠃ ᠡᠭᠦᠨ ᠢᠶᠡᠷ ᠪᠠᠷᠠᠬᠤ ᠦᠭᠡᠢ | ᠲᠦᠭᠦᠬᠡᠢ ᠰᠦ ᠢᠢ ᠵᠦᠭᠡᠯᠡᠨ ᠭᠠᠯ ᠲᠡᠭᠡᠷ᠎ᠠ ᠪᠣᠴᠠᠯᠭᠠᠵᠤ | ᠰᠢᠷ᠎ᠠ ᠳᠣᠰᠣ ᠪᠠᠭ᠎ᠠ ᠬᠢᠵᠦ ᠬᠠᠯᠠᠭᠣᠨ ᠢᠢᠠᠷ ᠤᠣᠭᠣᠪᠠᠯ | ᠬᠢᠮᠣᠷᠠᠭ᠎ᠠ ᠲᠠᠭᠰᠢᠭᠣᠷ ᠢ ᠵᠠᠰᠠᠳ᠋ᠠᠭ᠃ ᠦᠨᠢᠶᠡᠨ ᠰᠦ᠂ ᠬᠤᠨᠢ | ᠢᠮᠠᠭᠠᠨ ᠰᠦ᠂ ᠭᠡᠭᠦᠦ ᠶᠢᠨ ᠰᠦ᠂ ᠢᠩᠭᠡ ᠶᠢᠨ ᠰᠦ ᠨᠢ ᠲᠦᠭᠦᠭᠡᠢ | ᠰᠦ ᠢᠢᠨ ᠡᠬᠢ ᠢᠷᠡᠯᠳ᠋ᠡ ᠪᠣᠯᠬᠤ ᠪᠦᠭᠡᠳ ᠦᠨᠢᠶᠡᠨ ᠰᠦ ᠲᠡᠭᠡᠳᠦ | ᠢᠳᠡᠭᠡᠨ ᠶᠤᠮ᠃ | ᠬᠣᠷᠣᠳ ᠄ ᠲᠦᠬᠦᠭᠡᠢ ᠰᠦ ᠶᠢ ᠰᠠᠪᠠᠨ ᠳ᠋ᠤ ᠬᠢᠵᠦ | ᠡᠭᠡᠳᠡᠭᠦᠯᠪᠡᠯ᠂ ᠵᠥᠭᠡᠬᠡᠢ ᠪᠠ ᠡᠭᠡᠳᠡᠭᠰᠡᠨ ᠰᠦ ᠨᠢ ᠢᠯᠡ | ᠲᠤᠳᠤᠷᠬᠠᠢ ᠢᠯᠭᠠᠷᠠᠵᠤ ᠭᠠᠷᠳᠠᠭ᠃ ᠳᠡᠭᠡᠷ᠎ᠡ ᠲᠠᠯ᠎ᠠ ᠶᠢᠨ | ᠰᠢᠷᠭᠠᠯ ᠦᠩᠭᠡ ᠲᠠᠢ ᠲᠤᠰᠤ ᠠᠷᠪᠢᠨ ᠠᠭᠤᠯᠤᠭᠳᠠᠵᠤ ᠪᠠᠶᠢᠭ᠎ᠠ | ᠬᠡᠰᠡᠭ ᠢ ᠵᠥᠭᠡᠬᠡᠢ ᠭᠡᠵᠤ ᠬᠡᠯᠡᠳᠡᠭ ᠪᠠ ᠡᠭᠦᠨ ᠢ ᠬᠠᠮᠤᠵᠤ | ᠠᠪᠤᠨ᠎ᠠ᠃ ᠲᠤᠤᠷᠠᠬᠢ ᠦᠯᠡᠳᠡᠭᠰᠡᠨ ᠬᠡᠰᠡᠭ ᠲᠤᠨᠢ ᠤᠭᠤᠷᠠᠭ | ᠠᠷᠪᠢᠨ ᠠᠭᠤᠯᠤᠭᠳᠠᠵᠤ ᠪᠠᠶᠢᠳᠠᠭ ᠴᠠᠭᠠᠨ ᠥᠩᠭᠡ ᠲᠠᠢ ᠬᠡᠰᠡᠭᠷᠡᠭ | ᠪᠡᠶ᠎ᠡ ᠶᠢ ᠡᠭᠡᠳᠡᠭᠰᠡᠨ ᠰᠦ ᠭᠡᠳᠡᠭ᠃ ᠵᠥᠭᠡᠭᠡᠢ ᠶᠢ ᠨᠢ | ᠬᠠᠮᠤᠵᠤ ᠠᠪᠤᠭᠰᠠᠨ ᠤ ᠲᠠᠷᠠᠭ᠎ᠠ ᠦᠯᠡᠳᠡᠭᠰᠡᠨ ᠡᠭᠡᠳᠡᠭᠰᠡᠨ | ᠰᠦ ᠪᠡᠨ ᠲᠣᠭᠤᠭᠠᠨ ᠳᠤ ᠬᠢᠵᠦ ᠪᠣᠴᠠᠯᠭᠠᠬᠤ ᠳᠤ ᠰᠦ ᠨᠢ ᠬᠦᠰᠢᠵᠤ | ᠰᠢᠷᠠᠰᠤ ᠨᠢ ᠢᠯᠭᠠᠷᠠᠨ᠎ᠠ᠂ ᠪᠣᠴᠠᠯᠭᠠᠬᠣ ᠢᠢᠨ ᠳᠠᠭᠣ ᠰᠢᠷ᠎ᠠ | ᠤᠰᠣ ᠢᠢ ᠨᠢ ᠪᠦᠷᠢᠨ ᠱᠦᠭᠦᠷᠡᠭᠦᠯᠦᠭᠡᠳ ᠰᠠᠶᠢᠲᠤᠷ ᠨᠣᠬᠣᠯᠠᠨ | ᠨᠢᠭᠳ᠋ᠠ ᠪᠣᠯᠭᠠᠭᠠᠳ ᠬᠣᠷᠣᠳ ᠦᠨ ᠬᠡᠪ ᠲᠦ ᠲᠠᠷᠤᠵᠤ | ᠬᠡᠪᠰᠢᠭᠦᠯᠦᠭᠡᠳ ᠬᠡᠪ ᠡᠴᠠ ᠭᠠᠷᠭᠠᠨ ᠬᠠᠳᠠᠭᠠᠪᠠᠯ ᠬᠣᠷᠣᠳ | ᠪᠣᠯᠣᠨ᠎ᠠ᠃ ᠬᠡᠰᠢᠭᠳ᠋ᠡᠨ ᠬᠣᠰᠢᠭᠣᠨ ᠤ ᠬᠣᠷᠣᠳ ᠬᠢᠬᠦ ᠨᠢ | ᠪᠣᠰᠣᠳ ᠭᠠᠵᠠᠷ ᠡᠴᠠ ᠢᠯᠭᠠᠭ᠎ᠠ ᠳᠠᠢ ᠪᠠᠶᠢᠳᠠᠭ᠂ ᠲᠡᠳᠡ | ᠬᠤᠷᠤᠳ ᠢ ᠨᠤᠬᠤᠯᠠᠵᠤ ᠨᠡᠶᠢᠯᠡᠪᠡᠯ ᠬᠡᠪ ᠲᠤ ᠪᠠᠨ | ᠲᠠᠷᠤᠳᠠᠭ᠃ ᠪᠠᠰᠠ ᠬᠣᠷᠣᠳ ᠬᠢᠬᠦ ᠳᠤ ᠪᠠᠨ ᠲᠦᠭᠦᠭᠡᠢ ᠰᠦ ᠢᠢ | ᠪᠠᠭ᠎ᠠ ᠬᠡᠮᠵᠢᠶ᠎ᠠ ᠪᠠᠷ ᠬᠢᠵᠦ ᠨᠣᠬᠣᠯᠠᠳ᠋ᠠᠭ ᠴᠤ ᠪᠣᠢ᠂ | ᠡᠶᠢᠮᠦᠷᠬᠦ ᠬᠣᠷᠣᠳ ᠨᠢ ᠬᠠᠳ᠋ᠠᠭᠠᠭᠰᠠᠨ ᠤ ᠳᠠᠷᠠᠭ᠎ᠠ ᠦᠩᠭᠡ ᠨᠢ | ᠴᠠᠭᠠᠨ᠂ ᠵᠦᠭᠡᠯᠡᠨ᠂ ᠦᠨᠦᠷ ᠠᠮᠳ᠋ᠠ ᠨᠢ ᠴᠣ ᠰᠣᠷᠭᠣᠭ ᠰᠠᠶᠢᠬᠠᠨ | ᠪᠠᠶᠢᠳ᠋ᠠᠭ᠃ ᠳᠠᠬᠢᠪᠠᠯ ᠲᠦᠭᠦᠭᠡᠢ ᠰᠦ ᠪᠠᠨ ᠡᠬᠡᠳ᠋ᠡᠭᠦᠯᠬᠦ | ᠦᠭᠡᠢ ᠪᠠᠷ ᠲᠣᠭᠣᠭᠠᠨ ᠳ᠋ᠤ ᠬᠢᠵᠦ ᠪᠣᠴᠠᠯᠭᠠᠭᠠᠳ ᠦᠷᠦᠮ᠎ᠠ | ᠭᠠᠷᠭᠠᠨ ᠠᠪᠴᠤ᠂ ᠱᠠ ᠪᠦᠰᠡ ᠪᠠᠷ ᠱᠦᠭᠦᠷᠡᠬᠦᠯᠦᠨ ᠬᠢᠭᠰᠡᠨ | ᠬᠣᠷᠣᠳ︵ᠪᠢᠰᠢᠯᠠᠭ︶ ᠨᠢ ᠢᠰᠬᠦᠯᠡᠩ ᠠᠮᠳ᠋ᠠ ᠦᠭᠡᠢ᠂ ᠰᠢᠬᠢᠷ | ᠨᠠᠭᠠᠯᠳᠤᠭᠤᠯᠤᠭᠰᠠᠨ ᠬᠣᠷᠣᠳ ᠵᠠᠭᠤᠰᠢ ᠬᠢᠬᠦ ᠳ᠋ᠤ ᠬᠠᠮᠤᠭ | ᠰᠠᠶᠢᠨ ᠲᠦᠭᠦᠭᠡᠢ ᠮᠠᠲ᠋ᠧᠷᠢᠶᠠᠯ ᠪᠣᠯᠳ᠋ᠠᠭ᠂ ᠭᠡᠪᠡᠴᠣ | ᠠᠮᠠᠷᠬᠠᠨ ᠴᠢᠨᠠᠷ ᠨᠢ ᠬᠤᠪᠢᠷᠠᠵᠤ ᠡᠪᠳᠡᠷᠡᠳᠡᠭ ᠲᠣᠯᠠ ᠨᠠᠮᠣᠷ | ᠡᠪᠣᠯ ᠰᠠᠶᠢ ᠬᠢᠳ᠋ᠡᠭ᠃ | ᠦᠷᠦᠮ᠎ᠠ ᠄ ᠰᠠᠭᠠᠭᠰᠠᠨ ᠰᠦ ᠪᠠᠨ ᠳᠣᠭᠣᠭᠠᠨ ᠳ᠋ᠤ ᠬᠢᠵᠦ᠂ | ᠳᠡᠭᠡᠷ᠎ᠡ ᠨᠢ ᠵᠢᠭᠠᠬᠠᠨ ᠬᠠᠭᠤᠷᠤᠭᠰᠠᠨ ᠪᠤᠳᠠᠭ᠎ᠠ ᠬᠢᠵᠦ᠂ | ᠵᠦᠭᠡᠯᠡᠨ ᠭᠠᠯ ᠳᠡᠭᠡᠷ᠎ᠡ ᠪᠣᠴᠠᠯᠭᠠᠬᠤ ᠶᠢᠨ ᠲᠠᠭᠤ | ᠰᠢᠨᠠᠭ᠎ᠠ ᠪᠠᠷ ᠤᠯᠠᠨᠲᠠ ᠰᠠᠮᠤᠷᠤᠨ ᠬᠦᠭᠡᠰᠦᠷᠡᠭᠦᠯᠵᠦ | ᠪᠤᠴᠠᠯᠬᠤ ᠪᠠᠨ ᠪᠣᠯᠢᠭᠰᠠᠨ ᠦᠶ᠎ᠡ ᠳᠦ ᠭᠠᠯ ᠢ ᠲᠠᠷᠤᠨ᠎ᠠ᠃ | ᠳᠡᠭᠡᠭᠦᠷ ᠨᠢ ᠬᠣᠷᠣᠭᠣ ᠵᠣᠵᠠᠭᠠᠨ ᠴᠣᠬᠣᠷᠳᠠᠨ ᠴᠠᠷᠴᠠᠭᠰᠠᠨ ᠢ | ᠥᠷᠥᠮ᠎ᠡ ᠭᠡᠳᠡᠭ᠃ ᠦᠷᠦᠮ᠎ᠠ ᠨᠢ ᠰᠦᠨ ᠴᠠᠭᠠᠨ ᠦᠩᠭᠡᠳ᠋ᠡᠢ᠂ | ᠠᠩᠭᠢᠯᠣᠮ᠎ᠠ ᠰᠠᠶᠢᠬᠠᠨ ᠦᠨᠦᠷ ᠲᠠᠢ ᠬᠡᠦᠷᠡᠭ ᠠᠮᠳ᠋ᠠᠳ᠋ᠠᠢ᠂ | ᠴᠠᠭᠠᠨ ᠢᠳ᠋ᠡᠭᠡᠨ ᠤ ᠤᠬᠢ ᠪᠦᠳ᠋ᠦᠭᠡᠭᠳ᠋ᠡᠭᠦᠨ ᠪᠣᠯᠣᠨ᠎ᠠ᠃ | ᠰᠢᠷ᠎ᠠ ᠳᠣᠰᠣ ᠄ ᠡᠭᠡᠳᠡᠭᠰᠡᠨ ᠰᠦ ᠶᠢᠨ ᠲᠡᠭᠡᠷᠡᠬᠢ | ᠵᠥᠭᠡᠬᠡᠢ ᠶᠢ ᠬᠠᠮᠤᠵᠤ ᠠᠪᠤᠭᠠᠳ ᠳᠣᠭᠣᠭᠠᠨ ᠳ᠋ᠤ ᠬᠢᠵᠦ | ᠡᠷᠴᠢᠭᠡᠭᠡᠳ ᠵᠦᠭᠡᠯᠡᠨ ᠭᠠᠯ ᠢᠢᠠᠷ ᠪᠣᠴᠠᠯᠭᠠᠬᠤ ᠶᠢᠨ ᠬᠠᠮᠲᠤ | ᠰᠢᠨᠠᠭ᠎ᠠ ᠪᠠᠷ ᠠᠭᠠᠵᠢᠮ ᠬᠦᠳᠡᠯᠭᠡᠪᠡᠯ ᠲᠤᠩᠭᠠᠯᠠᠭ ᠰᠢᠷ᠎ᠠ | ᠲᠣᠰᠤ ᠢᠯᠭᠠᠷᠠᠨ ᠭᠠᠷᠳᠠᠭ᠃ ᠰᠢᠷ᠎ᠠ ᠲᠣᠰᠤ ᠨᠢ ᠮᠠᠯᠴᠢᠳ ᠦᠨ | ᠬᠣᠭᠣᠯᠠ ᠪᠣᠳᠠᠭᠠᠨ ᠳ᠋ᠤ ᠳᠣᠳ᠋ᠠᠭᠳ᠋ᠠᠵᠣ ᠪᠣᠯᠣᠰᠢ ᠦᠭᠡᠢ ᠭᠣᠣᠯ | ᠢᠳ᠋ᠡᠭᠡᠨ ᠪᠣᠯᠬᠤ ᠶᠤᠮ᠃ ᠰᠢᠷ᠎ᠠ ᠳᠣᠰᠣ ᠢᠯᠭᠠᠷᠠᠭᠣᠯᠣᠭᠠᠳ | ᠦᠯᠡᠳ᠋ᠡᠭᠰᠡᠨ ᠲᠤᠨᠳᠠᠰᠤ ᠶᠢ ᠵᠦᠴᠦᠭᠡᠢ ᠭᠡᠨ᠎ᠠ᠃ ᠮᠦᠨᠴᠦ | ᠴᠠᠭᠠᠨ ᠢᠳ᠋ᠡᠭᠡᠨ ᠤ ᠴᠢᠬᠤᠯᠠ ᠨᠢᠬᠡ ᠵᠦᠢᠯ ᠪᠣᠯᠣᠨ᠎ᠠ᠃ | ᠠᠶᠢᠷᠠᠭ ᠄ ᠬᠣᠷᠣᠳ ᠬᠢᠬᠦ ᠳ᠋ᠤ ᠢᠯᠭᠠᠷᠠᠭᠣᠯᠣᠨ ᠭᠠᠷᠭᠠᠭᠰᠠᠨ | ᠰᠢᠷᠠᠰᠤ ᠪᠠᠨ ᠰᠠᠪᠠᠨ ᠳ᠋ᠤ ᠬᠢᠵᠦ ᠳᠡᠭᠡᠷ᠎ᠠ ᠨᠢ ᠵᠣᠬᠢᠬᠣ | ᠬᠡᠮᠵᠢᠶᠡᠨ ᠤ ᠲᠦᠭᠦᠭᠡᠢ ᠰᠦ ᠬᠣᠯᠢᠭᠠᠳ ᠬᠦᠴᠢ ᠤᠷᠤᠭᠤᠯᠤᠨ᠎ᠠ᠂ | ᠨᠢᠭᠡᠨ ᠳᠠᠪᠬᠤᠷ ᠬᠦᠬᠡᠰᠦᠷᠬᠡᠭ ᠪᠦᠷᠢᠯᠳᠦᠨ ᠬᠦᠴᠢᠯᠢᠭ ᠦᠨᠦᠷ | ᠲᠠᠢ ᠪᠣᠯᠬᠣ ᠦᠶ᠎ᠠ ᠳ᠋ᠤ ᠤᠣᠭᠣᠵᠣ ᠪᠣᠯᠣᠨ᠎ᠠ᠃ ᠠᠶᠢᠷᠠᠭ ᠨᠢ | ᠪᠠᠰᠠᠴᠤ ᠰᠠᠭᠠᠯᠢ ᠢᠢᠨ ᠠᠷᠢᠬᠢᠨ ᠤ ᠬᠦᠷᠦᠩᠭᠡ ᠪᠣᠯᠣᠨ᠎ᠠ᠃ | ᠠᠶᠢᠷᠠᠭ ᠨᠢ ᠠᠷᠢᠬᠢ ᠰᠡᠷᠭᠦᠬᠡᠬᠦ᠂ ᠬᠣᠣᠷ ᠲᠠᠶᠢᠯᠬᠤ᠂ | ᠬᠣᠳ᠋ᠣᠭᠣᠳ᠋ᠣ ᠢᠢ ᠰᠠᠶᠢᠵᠢᠷᠠᠭᠣᠯᠬᠣ ᠦᠢᠯᠡᠳ᠋ᠦᠯ ᠳᠠᠢ᠂ | ᠬᠠᠭᠣᠴᠢᠨ ᠦ ᠴᠠᠭ ᠲᠦ ᠪᠠᠰᠠ ᠠᠷᠠᠰᠣ ᠰᠢᠷᠢ ᠡᠯᠳᠡᠬᠦ ᠳᠦ | ᠬᠡᠷᠡᠭᠯᠡᠵᠦ ᠪᠠᠶᠢᠵᠠᠢ᠃ | ᠰᠠᠭᠠᠯᠢ ᠢᠢᠨ ᠠᠷᠢᠬᠢ ᠄ ᠰᠠᠭᠠᠯᠢ ᠢᠢᠨ ᠠᠷᠢᠬᠢ ᠢᠢ | ᠠᠶᠢᠷᠠᠭ ᠢᠢᠠᠷ ᠬᠦᠷᠦᠩᠭᠡ ᠪᠣᠯᠭᠠᠵᠣ ᠬᠢᠳ᠋ᠡᠭ᠃ ᠨᠡᠷᠡᠬᠦ | ᠠᠷᠭ᠎ᠠ ᠪᠠᠷᠢᠯ ᠨᠢ ᠬᠠᠷ᠎ᠠ ᠠᠷᠢᠬᠢ ᠨᠡᠷᠡᠬᠦ ᠳᠠᠢ | ᠠᠳ᠋ᠠᠯᠢᠪᠳ᠋ᠣᠷ ᠪᠠᠶᠢᠳᠠᠭ᠃ ᠬᠦᠢᠴᠡᠳ ᠢᠰᠭᠡᠭᠰᠡᠨ ᠠᠶᠢᠷᠠᠭ | ᠢᠶᠠᠨ ᠳᠣᠭᠣᠭᠠᠨ ᠳ᠋ᠤ ᠬᠢᠵᠦ᠂ ᠵᠤᠬᠢᠬᠤ ᠬᠡᠮᠵᠢᠶᠡᠨ ᠤ | ᠲᠦᠭᠦᠬᠡᠢ ᠰᠦ ᠬᠢᠬᠡᠳ᠂ ᠳᠣᠭᠣᠭᠠᠨ ᠳᠡᠭᠡᠷ᠎ᠠ ᠪᠠᠨ | ᠪᠦᠷᠬᠦᠭᠡᠷ︵ᠱᠣᠪᠤᠭᠤᠷ ᠬᠡᠯᠪᠡᠷᠢᠲᠦ ᠬᠠᠯᠢᠰᠤᠯᠠᠭᠰᠠᠨ ᠪᠣᠷᠣ | ᠪᠣᠷᠭᠠᠰᠤ ᠪᠣᠶᠤ ᠬᠠᠶᠢᠯᠠᠰᠤᠨ ᠪᠣᠷᠭᠠᠰᠤ ᠪᠠᠷ ᠬᠦᠷᠦᠭᠰᠡᠨ | ᠪᠦᠷᠭᠦᠭᠡᠷ ᠭᠠᠳᠠᠭᠤᠷ ᠨᠢ ᠨᠢᠭᠡᠨ ᠳᠠᠪᠬᠤᠷ ᠨᠠᠩᠭᠢ ᠰᠢᠷᠤᠶ ᠪᠠᠷ | ᠰᠢᠪᠠᠳᠡᠭ︶ ᠢᠶᠠᠨ ᠲᠠᠭᠠᠷᠠᠭᠤᠯᠤᠨ ᠪᠢᠳᠡᠭᠦᠮᠵᠢᠯᠡᠵᠦ᠂ | ᠪᠦᠷᠬᠦᠭᠡᠷ ᠦᠨ ᠳᠣᠳ᠋ᠣᠷᠠ ᠲᠤᠰᠬᠤᠭᠤᠷ ᠪᠣᠷᠲᠤᠭᠤ ᠪᠠᠨ | ᠳᠡᠭᠦᠵᠢᠯᠡᠵᠦ᠂ ᠪᠦᠷᠬᠦᠭᠡᠷ ᠦᠨ ᠲᠡᠭᠡᠷ᠎ᠠ ᠵᠢᠯᠡᠪᠴᠢ ᠪᠡᠨ | ᠲᠠᠯᠪᠢᠵᠤ᠂ ᠲᠤᠳᠤᠷ᠎ᠠ ᠨᠢ ᠬᠦᠢᠳ᠋ᠡᠨ ᠤᠰᠣ ᠬᠢᠳᠡᠭ᠃ ᠪᠦᠷᠬᠦᠭᠡᠷ | ᠪᠣᠯᠣᠨ ᠵᠢᠯᠡᠪᠴᠢ ᠶᠢᠨ ᠵᠠᠪᠰᠠᠷ ᠢ ᠰᠢᠪᠡᠵᠦ᠂ ᠠᠷᠭᠠᠯ ᠤᠨ | ᠭᠠᠯ ᠢᠶᠠᠷ ᠠᠭᠠᠵᠢᠮᠬᠠᠨ ᠬᠠᠯᠠᠭᠤᠯᠤᠨ᠎ᠠ᠃ ᠪᠣᠴᠠᠯᠣᠭᠰᠠᠨ | ᠠᠶᠢᠷᠠᠭ ᠠᠭᠤᠷᠰᠢᠵᠤ ᠵᠢᠯᠡᠪᠴᠢᠨ ᠤ ᠢᠷᠣᠭᠠᠷ ᠤᠨ ᠬᠦᠢᠳᠡᠨ ᠳᠦ | ᠤᠴᠠᠷᠠᠵᠤ ᠤᠰᠣᠨ ᠳᠣᠰᠣᠯ ᠪᠣᠯᠣᠨ ᠲᠤᠰᠬᠤᠭᠤᠷ ᠪᠣᠷᠳᠤᠭᠤ ᠳᠤ | ᠲᠣᠰᠣᠯᠠᠳ᠋ᠠᠭ᠃ ᠡᠨᠡ ᠨᠢ ᠲᠠᠷᠤᠢ ᠰᠠᠭᠠᠯᠢ ᠢᠢᠨ ᠠᠷᠢᠬᠢ | ᠪᠣᠯᠣᠨ᠎ᠠ᠃ ᠰᠠᠭᠠᠯᠢ ᠢᠢᠨ ᠠᠷᠢᠬᠢ ᠢᠢ ᠮᠠᠯᠴᠢᠨ ᠠᠶᠢᠯ | ᠪᠣᠯᠭᠠᠨ ᠪᠦᠷ ᠨᠡᠷᠡᠵᠦ ᠴᠢᠳ᠋ᠠᠳ᠋ᠠᠭ᠃ ᠰᠠᠭᠠᠯᠢ ᠢᠢᠨ ᠠᠷᠢᠬᠢᠨ | ᠤ ᠴᠢᠨᠠᠷ ᠵᠦᠭᠡᠯᠡᠨ᠂ ᠭᠣᠰᠢᠭᠣᠨ ᠠᠮᠳ᠋ᠠ ᠦᠭᠡᠢ᠂ ᠭᠡᠪᠡᠴᠤ | ᠬᠣᠶᠢᠨᠠᠬᠢ ᠬᠦᠴᠦ ᠮᠠᠰᠢ ᠶᠡᠬᠡ᠂ ᠰᠣᠭᠳ᠋ᠣᠬᠣ ᠨᠢ ᠤᠳ᠋ᠠᠭᠠᠨ | ᠪᠣᠯᠪᠠᠴᠣ ᠰᠡᠷᠬᠦᠬᠦ ᠨᠢ ᠴᠤ ᠪᠠᠰᠠ ᠤᠳ᠋ᠠᠭᠠᠨ ᠪᠠᠶᠢᠳ᠋ᠠᠭ᠃ | ᠮᠣᠩᠭᠣᠯ ᠦᠨᠳ᠋ᠦᠰᠦᠳ᠋ᠡᠨ ᠤ ᠮᠠᠯᠴᠢᠳ ᠲᠦᠮᠡᠨ ᠦᠶ᠎ᠠ ᠤᠯᠠᠷᠢᠨ | ᠦᠨᠳ᠋ᠦᠷᠯᠢᠭ ᠬᠦᠢᠳ᠋ᠡᠨ ᠤᠷᠣᠨ ᠳ᠋ᠤ ᠨᠣᠳ᠋ᠣᠭᠯᠠᠵᠣ᠂ ᠬᠦᠢᠳ᠋ᠡᠨ | ᠢ ᠰᠡᠷᠭᠡᠶᠢᠯᠡᠬᠦ ᠶᠢᠨ ᠳᠣᠯᠠᠳ᠋ᠠ ᠰᠠᠭᠠᠯᠢ ᠢᠢᠨ ᠠᠷᠢᠬᠢ | ᠡᠳ᠋ᠯᠡᠬᠦ ᠳᠣᠷᠠᠳ᠋ᠠᠢ ᠪᠠᠶᠢᠳ᠋ᠠᠭ᠃ ᠰᠠᠭᠠᠯᠢ ᠢᠢᠨ ᠠᠷᠢᠬᠢ ᠨᠢ | ᠮᠦᠨ ᠴᠤ ᠵᠣᠴᠢᠨ ᠳᠠᠶᠢᠯᠠᠬᠣ ᠤᠬᠢ ᠰᠠᠶᠢᠨ ᠤᠮᠳ᠋ᠠᠭᠠᠨ | ᠪᠣᠯᠣᠨ᠎ᠠ᠃ ᠤᠯᠠᠭᠠᠨᠬᠠᠳᠠ ᠬᠤᠳᠠ ᠳ᠋ᠤ ᠬᠡᠰᠢᠭᠳ᠋ᠡᠨ ᠬᠣᠰᠢᠭᠣᠨ | ᠤ ᠰᠠᠭᠠᠯᠢ ᠢᠢᠨ ᠠᠷᠢᠬᠢ ᠬᠠᠮᠣᠭ ᠡᠴᠠ ᠨᠡᠷᠡᠳ᠋ᠡᠢ᠂ ᠪᠠᠭᠠᠷᠢᠨ | ᠵᠡᠭᠦᠨ ᠬᠤᠰᠢᠭᠤ ᠪᠣᠯᠣᠨ ᠪᠠᠷᠠᠭᠣᠨ ᠪᠠᠭᠠᠷᠢᠨ ᠬᠣᠰᠢᠭᠣᠨ ᠤ | ᠰᠠᠭᠠᠯᠢ ᠢᠢᠨ ᠠᠷᠢᠬᠢ ᠳᠠᠷᠠᠭᠠᠯᠠᠳᠠᠭ᠃ | ᠡᠭᠡᠳ᠋ᠡᠭᠰᠡᠨ ᠰᠦ ᠄ ᠰᠠᠭᠠᠭᠰᠠᠨ ᠰᠦ ᠪᠠᠨ ᠴᠡᠪᠡᠷ ᠰᠠᠪᠠ | ᠰᠠᠭᠠᠯᠢ ᠳᠤ ᠬᠢᠵᠦ ᠬᠠᠯᠭᠤᠨ ᠬᠦᠢᠳᠡᠨ ᠢ ᠨᠢ ᠲᠡᠩᠴᠡᠭᠦᠯᠦᠨ | ᠲᠠᠯᠪᠢᠪᠠᠯ ᠰᠦ ᠨᠢ ᠦᠪᠡᠷ ᠢᠢᠠᠨ ᠢᠰᠴᠦ ᠡᠭᠡᠳ᠋ᠡᠳ᠋ᠡᠭ᠃ | ᠲᠣᠰᠣᠯᠢᠭ ᠡᠳ᠋ ᠪᠠ ᠤᠭᠣᠷᠠᠭ ᠡᠳ᠋ ᠨᠢ ᠢᠯᠡ ᠳᠣᠳ᠋ᠣ ᠢᠯᠭᠠᠷᠠᠵᠣ᠂ | ᠳᠡᠭᠡᠷ᠎ᠠ ᠳᠠᠯ᠎ᠠ ᠢᠢᠨ ᠰᠢᠷᠭᠠᠯ ᠦᠩᠭᠡ ᠲᠠᠢ ᠲᠤᠰᠤ ᠠᠷᠪᠢᠨ | ᠠᠭᠤᠯᠤᠭᠳᠠᠵᠤ ᠪᠠᠶᠢᠬᠤ ᠬᠡᠰᠡᠭ ᠢ ᠵᠦᠭᠡᠭᠡᠢ ᠭᠡᠵᠦ᠂ ᠲᠤᠤᠷᠠᠬᠢ | ᠬᠡᠰᠡᠭ ᠲᠤᠨᠢ ᠤᠭᠤᠷᠠᠭ ᠠᠷᠪᠢᠨ ᠠᠭᠤᠯᠤᠭᠳᠠᠵᠤ ᠪᠠᠶᠢᠳᠠᠭ ᠴᠠᠭᠠᠨ | ᠦᠩᠭᠡ ᠲᠠᠢ ᠬᠡᠰᠡᠭᠷᠡᠭ ᠪᠡᠶ᠎ᠡ ᠶᠢ ᠡᠭᠡᠳ᠋ᠡᠭᠰᠡᠨ ᠰᠦ ᠭᠡᠨ᠎ᠠ᠃ | ᠡᠭᠡᠳ᠋ᠡᠭᠰᠡᠨ ᠰᠦ ᠢᠢ ᠰᠢᠬᠢᠷ ᠬᠠᠭᠣᠷᠣᠭᠰᠠᠨ ᠪᠤᠳᠠᠭ᠎ᠠ ᠳᠠᠢ | ᠵᠢᠭᠤᠷᠠᠵᠤ ᠢᠳ᠋ᠡᠪᠡᠯ ᠦᠨᠦᠷ ᠠᠩᠬᠢᠯᠦᠮ᠎ᠠ ᠥᠩᠭᠡ ᠠᠮᠲᠠ | ᠰᠠᠶᠢᠬᠠᠨ ᠰᠢᠮ᠎ᠠ ᠲᠡᠵᠢᠭᠡᠯ ᠦᠨᠳ᠋ᠦᠷ ᠪᠠᠶᠢᠳ᠋ᠠᠭ᠃ ᠰᠦ ᠶᠢ | ᠡᠭᠡᠳᠡᠭᠦᠯᠵᠦ ᠪᠠᠶᠢᠭ᠎ᠠ ᠨᠢ ᠭᠣᠣᠯᠳ᠋ᠠᠭᠣ ᠬᠣᠷᠣᠳ ᠬᠢᠬᠦ ᠪᠣᠶᠣ | ᠵᠦᠭᠡᠭᠡᠢ︵ᠵᠠᠷᠢᠮ ᠭᠠᠵᠠᠷ ᠪᠠᠰᠠ ᠦᠷᠦᠮ᠎ᠠ ᠭᠡᠳ᠋ᠡᠭ ︶ᠠᠪᠬᠣ ᠳ᠋ᠤ | ᠬᠡᠷᠡᠭᠯᠡᠳ᠋ᠡᠭ᠃ | ᠠᠭᠠᠷᠣᠣᠯ ᠄ ᠰᠠᠭᠠᠯᠢ ᠢᠢᠨ ᠠᠷᠢᠬᠢ ᠨᠡᠷᠡᠬᠦ ᠳ᠋ᠤ | ᠲᠣᠨᠣᠭᠰᠠᠨ ᠠᠭᠰᠢᠭᠤᠷᠠᠭ ᠰᠢᠷᠠᠰᠤ ᠢᠢ ᠨᠢ ᠱᠦᠭᠦᠷᠡᠬᠦᠯᠦᠭᠰᠡᠨ | ᠤ ᠳᠠᠷᠠᠭ᠎ᠠ ᠠᠳᠬᠤᠵᠤ ᠨᠡᠶᠢᠯᠡᠭᠦᠯᠦᠭᠡᠳ ᠬᠢᠭᠰᠡᠨ ᠢᠳ᠋ᠡᠭᠡᠨ | ᠪᠣᠯᠣᠨ᠎ᠠ᠃ ᠬᠠᠳ᠋ᠠᠭᠠᠭᠰᠠᠨ ᠤ ᠳᠠᠷᠠᠭ᠎ᠠ ᠢᠳ᠋ᠡᠳ᠋ᠡᠭ᠂ | ᠢᠰᠬᠦᠯᠡᠩ ᠪᠦᠭᠡᠳ ᠰᠢᠬᠢᠷᠯᠢᠭ ᠠᠮᠳ᠋ᠠᠳ᠋ᠠᠢ᠂ ᠬᠡᠦᠬᠡᠳ ᠪᠠ | ᠡᠮᠡᠭᠳ᠋ᠠᠶᠢᠴᠣᠳ ᠦᠨ ᠢᠳ᠋ᠡᠬᠦ ᠲᠣᠷᠠᠳ᠋ᠠᠢ ᠰᠠᠭᠠᠯᠢ ᠢᠢᠨ | ᠢᠳ᠋ᠡᠭᠡᠨ ᠤ ᠨᠢᠬᠡ ᠵᠦᠢᠯ ᠪᠣᠯᠣᠨ᠎ᠠ᠃ | ᠰᠦ ᠳᠠᠢ ᠴᠠᠢ ᠄ ᠰᠦ ᠳᠠᠢ ᠴᠠᠢ︵ᠬᠡᠰᠢᠭᠳ᠋ᠡᠨ ᠬᠣᠰᠢᠭᠣᠨ ᠳ᠋ᠤ | ᠠᠪᠠᠭ᠎ᠠ ᠴᠠᠢ ᠬᠡᠳ᠋ᠡᠭ ︶ᠪᠣᠯ ᠮᠣᠩᠭᠣᠯᠴᠣᠳ ᠦᠨ ᠡᠳᠦᠷ | ᠲᠣᠳᠤᠮ ᠤᠨ ᠠᠮᠢᠳᠤᠷᠠᠯ ᠳᠤ ᠲᠤᠲᠠᠭᠳᠠᠵᠤ ᠪᠣᠯᠤᠰᠢ ᠦᠭᠡᠢ | ᠳᠡᠭᠡᠳᠦ ᠤᠮᠳᠠᠭᠠᠨ ᠪᠣᠯᠣᠨ᠎ᠠ᠃ ᠬᠡᠰᠢᠭᠳ᠋ᠡᠨ ᠬᠣᠰᠢᠭᠣᠨ ᠤ | ᠠᠪᠠᠭ᠎ᠠ ᠴᠠᠢ ᠬᠢᠳ᠋ᠡᠭ ᠠᠷᠭ᠎ᠠ ᠨᠢ ᠄ ᠬᠥᠬᠡ ᠴᠠᠢ ᠪᠠᠨ ᠴᠢᠨᠠᠵᠣ | ᠪᠠᠭᠤᠯᠭᠠᠭᠰᠠᠨ ᠤ ᠳᠠᠷᠠᠭ᠎ᠠ᠂ ᠶᠡᠭᠦᠯᠡᠵᠦ ᠲᠤᠩᠭᠠᠭᠠᠳ᠂︵ᠤᠳ᠋ᠣ | ᠪᠣᠯ ᠤᠯᠠᠩᠬᠢ ᠳ᠋ᠤ ᠪᠠᠨ ᠬᠡᠪ ᠦᠨ ᠴᠠᠢ ᠪᠠᠨ ᠬᠡᠮᠬᠡᠯᠡᠭᠰᠡᠨ ᠤ | ᠳᠠᠷᠠᠭ᠎ᠠ ᠱᠠ ᠪᠦᠰ ᠤᠭᠣᠳ᠋ᠠᠨ ᠳ᠋ᠤ ᠬᠢᠵᠦ᠂ ᠠᠮᠣ ᠪᠣᠳ᠋ᠠᠭᠠ᠂ ᠰᠦ | ᠳᠠᠢ ᠪᠠᠨ ᠬᠠᠮᠳ᠋ᠣ ᠴᠣᠭ ᠴᠢᠨᠠᠳ᠋ᠠᠭ ᠪᠣᠯᠵᠠᠢ ︶ᠲᠣᠭᠤᠭ᠎ᠠ ᠪᠠᠨ | ᠤᠬᠢᠶᠠᠵᠤ ᠴᠡᠪᠡᠷᠯᠡᠨ ᠰᠢᠷ᠎ᠠ ᠳᠣᠰᠣᠨ ᠳ᠋ᠤ ᠬᠠᠭᠣᠷᠣᠭᠰᠠᠨ | ᠨᠠᠷᠢᠮᠣ ᠪᠣᠳ᠋ᠠᠭᠠ ᠶᠢ ᠲᠤᠩᠭᠠᠭᠰᠠᠨ ᠴᠠᠢ ᠪᠡᠷ ᠴᠢᠨᠠᠵᠤ᠂ | ᠣᠷᠭᠢᠯᠲᠠᠯᠠ ᠪᠣᠴᠠᠯᠭᠠᠭᠰᠠᠨ ᠤ ᠳᠠᠷᠠᠭ᠎ᠠ ᠲᠦᠭᠦᠬᠡᠢ | ᠰᠦ︵ᠪᠣᠶᠣ ᠰᠦᠨ ᠲᠠᠯᠬ᠎ᠠ ︶ᠪᠣᠯᠣᠨ ᠳᠠᠪᠣᠰᠣ ᠬᠢᠵᠦ ᠵᠦᠭᠡᠯᠡᠨ | ᠭᠠᠯ ᠢᠢᠠᠷ ᠴᠢᠨᠠᠨ᠎ᠠ᠃ ᠴᠢᠨᠠᠬᠤ ᠶᠢᠨ ᠳᠠᠭᠣ ᠰᠢᠨᠠᠭ᠎ᠠ ᠪᠠᠷ | ᠳᠠᠰᠣᠷᠠᠯ ᠦᠭᠡᠢ ᠰᠠᠮᠤᠷᠴᠤ᠂ ᠠᠩᠬᠢᠯᠦᠮ᠎ᠠ ᠰᠠᠶᠢᠬᠠᠨ ᠴᠠᠢ ᠶᠢᠨ | ᠥᠨᠥᠷ ᠬᠠᠩᠬᠤᠯᠬᠤ ᠦᠶ᠎ᠡ ᠳᠦ ᠲᠠᠷᠤᠢ ᠤᠤᠭᠤᠳᠠᠭ᠃ | ᠤᠯᠠᠭᠠᠨᠬᠠᠳ᠋ᠠ ᠢᠢᠨ ᠪᠣᠰᠣᠳ ᠭᠠᠵᠠᠷ ᠤᠨ ᠬᠢᠨ ᠰᠦ ᠳᠠᠢ ᠴᠠᠢ | ᠴᠢᠨᠠᠬᠣ ᠳ᠋ᠤ ᠪᠠᠨ ᠨᠠᠷᠢᠮᠣ ᠪᠣᠳ᠋ᠠᠭᠠ ᠬᠢᠳ᠋ᠡᠭ ᠦᠭᠡᠢ ᠶᠣᠮ᠃ | ᠤᠯᠠᠮᠵᠢᠯᠠᠯᠳᠤ ᠬᠣᠭᠣᠯᠠ ᠢᠳᠡᠭᠡᠨ ᠬᠠᠭᠣᠷᠣᠭᠰᠠᠨ | ᠪᠣᠳ᠋ᠠᠭᠠ ᠄ ᠮᠤᠩᠭᠤᠯᠴᠤᠳ ᠤᠨ ᠠᠮᠢᠳ᠋ᠣᠷᠠᠯ ᠳ᠋ᠤ | ᠳᠣᠳ᠋ᠠᠭᠳ᠋ᠠᠵᠣ ᠪᠣᠯᠣᠰᠢ ᠦᠭᠡᠢ ᠤᠯᠠᠮᠵᠢᠯᠠᠯᠳᠤ ᠭᠣᠣᠯ | ᠢᠳ᠋ᠡᠭᠡᠨ ᠤ ᠨᠢᠭᠡ ᠪᠣᠯᠣᠨ᠎ᠠ᠃ ᠬᠠᠭᠣᠷᠣᠭᠰᠠᠨ ᠪᠣᠳ᠋ᠠᠭᠠ ᠶᠢ | ᠮᠤᠩᠭᠤᠯ ᠠᠮᠤ ᠪᠠᠷ ᠬᠠᠭᠤᠷᠴᠤ ᠬᠢᠳᠡᠭ᠃ ᠪᠤᠳᠠᠭ᠎ᠠ ᠬᠠᠭᠤᠷᠬᠤ | ᠠᠯᠬᠣᠮ ᠳᠠᠷᠠᠭ᠎ᠠ ᠪᠣᠯ᠂ ᠤᠷᠢᠳ᠋ᠠᠪᠠᠷ ᠮᠣᠩᠭᠣᠯ ᠠᠮᠣ ᠪᠠᠨ | ᠳᠡᠪᠢᠨ ᠴᠡᠪᠡᠷᠯᠡᠵᠤ ᠲᠡᠮᠦᠷ ᠲᠣᠭᠤᠭᠠᠨ ᠳᠤ ᠬᠢᠵᠦ ᠲᠡᠭᠡᠷ᠎ᠡ ᠨᠢ | ᠵᠤᠬᠢᠬᠤ ᠬᠡᠮᠵᠢᠶᠡᠨ ᠦ ᠤᠰᠤ ᠬᠢᠵᠤ ᠵᠦᠭᠡᠯᠡᠨ ᠭᠠᠯ ᠢᠶᠠᠷ | ᠬᠥᠭᠡᠵᠦ︵ᠴᠢᠨᠠᠬᠤ︶ ᠬᠥᠭᠡᠬᠦ ᠶᠠᠪᠤᠴᠠ ᠳᠤ ᠪᠠᠶᠢᠳᠠᠯ ᠢ ᠨᠢ | ᠦᠵᠡᠵᠤ ᠠᠮᠤ ᠪᠠᠨ ᠲᠠᠰᠤᠷᠠᠯ ᠦᠭᠡᠢ ᠤᠷᠪᠠᠭᠤᠯᠤᠨ | ᠬᠦᠭᠡᠭᠡᠯᠭᠡᠨᠡ᠃ ᠠᠮᠤ ᠬᠦᠭᠡᠭᠡᠭᠰᠡᠨ ᠦ ᠲᠠᠷᠠᠭ᠎ᠠ | ᠲᠣᠭᠣᠭᠠᠨ ᠠᠴᠠ ᠠᠭᠤᠳᠠᠯᠠᠨ ᠭᠠᠷᠭᠠᠵᠤ ᠪᠠᠭ᠎ᠠ ᠬᠠᠲᠠᠭᠠᠭᠠᠳ | ᠲᠡᠮᠦᠷ ᠲᠣᠭᠣᠭᠠᠨ ᠳᠤ ᠪᠣᠯᠳᠠᠯ᠎ᠠ ᠬᠠᠭᠤᠷᠴᠤ ᠢᠩᠳᠡᠨ | ᠴᠠᠶᠢᠯᠭᠠᠵᠤ ᠢᠳᠡᠳᠡᠭ᠃ ᠬᠡᠷᠪᠡ ᠬᠡᠤᠷᠡᠭ ᠪᠣᠳᠠᠭ᠎ᠠ ᠬᠠᠭᠤᠷᠬᠤ | ᠭᠡᠪᠡᠯ ᠠᠮᠤ ᠶᠢ ᠬᠦᠢᠴᠡᠳ ᠬᠥᠭᠡᠭᠡᠯᠭᠡᠭᠭᠰᠡᠨ ᠤ ᠳᠠᠷᠠᠭ᠎ᠠ | ᠠᠭᠣᠳ᠋ᠠᠯᠣᠨ ᠭᠠᠷᠭᠠᠵᠣ᠂ ᠲᠣᠭᠣᠭᠠᠨ ᠳᠦ ᠪᠡᠨ ᠴᠡᠪᠡᠷ ᠴᠠᠭᠠᠨ | ᠰᠢᠷᠤᠶ ᠬᠢᠵᠤ ᠤᠯᠠᠶᠢᠳᠠᠯᠠ ᠬᠠᠯᠠᠭᠤᠯᠵᠤ ᠬᠥᠭᠡᠯᠭᠡᠭᠰᠡᠨ | ᠠᠮᠤ ᠪᠠᠨ ᠬᠤᠳᠬᠤᠭᠤᠷ ᠢᠶᠠᠷ ᠰᠢᠷᠦᠭᠦᠨ ᠭᠠᠯ ᠳᠡᠭᠡᠷ᠎ᠡ | ᠲᠦᠷᠭᠡᠨ ᠬᠤᠳᠬᠤᠵᠤ ᠠᠮᠤ ᠪᠠᠨ ᠬᠤᠸᠠᠷ ᠭᠠᠷᠲᠠᠯ᠎ᠠ ᠬᠠᠭᠤᠷᠴᠤ | ᠲᠦᠷᠭᠡᠨ ᠭᠠᠷᠭᠠᠵᠤ ᠠᠪᠤᠨ᠎ᠠ᠃ ᠲᠡᠭᠡᠭᠡᠳ ᠢᠩᠳᠡᠨ ᠴᠠᠶᠢᠯᠭᠠᠵᠤ | ᠢᠳᠡᠳᠡᠭ᠃ | ᠠᠮᠣᠰᠣ︵ᠰᠢᠷ᠎ᠠ ᠲᠣᠰᠤ ᠲᠠᠢ ᠠᠭᠰᠢᠭᠣᠨ ᠪᠣᠳ᠋ᠠᠭᠠ︶᠄ ᠠᠮᠣᠰᠣ | ᠪᠣᠯ ᠦᠨᠦᠷ ᠠᠮᠳ᠋ᠠ ᠨᠢ ᠰᠠᠶᠢᠬᠠᠨ ᠦᠪᠡᠷᠮᠢᠴᠡ ᠤᠨᠴᠠᠯᠢᠭ ᠳᠠᠢ | ᠤᠯᠠᠮᠵᠢᠯᠠᠯᠳ᠋ᠣ ᠢᠳ᠋ᠡᠭᠡᠨ ᠪᠣᠯᠣᠨ᠎ᠠ᠃ ᠬᠤᠶᠢᠳᠤ ᠬᠡᠰᠡᠭ ᠦᠨ | ᠵᠠᠷᠢᠮ ᠬᠣᠰᠢᠭᠣ ᠰᠢᠶᠠᠨ ᠤ ᠮᠠᠯᠵᠢᠬᠤ ᠤᠷᠤᠨ ᠤ ᠮᠤᠩᠭᠤᠯᠴᠤᠳ | ᠤᠳ᠋ᠣ ᠪᠣᠯᠳ᠋ᠠᠯ᠎ᠠ ᠠᠮᠤᠰᠤ ᠬᠢᠵᠤ ᠢᠳᠡᠳᠡᠭ᠃ | ᠤᠯᠠᠩᠬᠢ ᠳᠦ ᠪᠡᠨ ᠳᠠᠬᠢᠯᠭ᠎ᠠ ᠲᠠᠬᠢᠬᠤ ᠪᠣᠶᠣ ᠬᠦᠨᠳ᠋ᠦᠳ᠋ᠦ | ᠬᠡᠶᠢᠴᠢᠨ ᠢᠢᠠᠨ ᠳᠠᠶᠢᠯᠠᠬᠤ ᠦᠶ᠎ᠠ ᠳ᠋ᠤ ᠬᠢᠳᠡᠭ᠂ ᠠᠮᠣᠰᠣ ᠪᠠᠨ | ᠮᠣᠳ᠋ᠣᠨ ᠳᠠᠪᠠᠭ ᠪᠣᠶᠣ ᠮᠦᠩᠭᠦᠨ ᠳᠠᠪᠠᠭ ᠲᠦ ᠳᠦᠭᠦᠷᠲᠡᠯ᠎ᠡ | ᠬᠢᠵᠦ᠂ ᠰᠢᠨᠠᠭ᠎ᠠ ᠪᠠᠷ ᠰᠣᠪᠣᠷᠭ᠎ᠠ ᠬᠡᠯᠪᠡᠷᠢ ᠳᠠᠢ ᠪᠣᠯᠭᠠᠨ | ᠲᠦᠷᠪᠡᠨ ᠳᠠᠯ᠎ᠠ ᠳ᠋ᠤ ᠨᠢ ᠴᠢᠪᠠᠭ᠎ᠠ ᠰᠢᠭᠡᠳᠬᠡᠵᠦ᠂ ᠤᠷᠣᠢ | ᠲᠡᠭᠡᠷ᠎ᠡ ᠨᠢ ᠬᠣᠩᠬᠣᠶᠢᠯᠭᠠᠨ ᠰᠢᠷ᠎ᠠ ᠳᠣᠰᠣ ᠬᠢᠵᠦ | ᠰᠠᠬᠢᠭᠤᠯᠰᠤᠨ ᠢᠶᠠᠨ ᠲᠠᠬᠢᠬᠤ ᠪᠤᠶᠤ ᠬᠦᠨᠳᠦᠲᠦ | ᠭᠡᠶᠢᠴᠢᠨ ᠳᠤ ᠪᠠᠨ ᠡᠷᠭᠦᠨ ᠪᠠᠷᠢᠳᠠᠭ᠃ ᠠᠮᠣᠰᠣ ᠢᠳ᠋ᠡᠬᠦ ᠳᠤ | ᠤᠨᠴᠠᠭᠠᠢ ᠵᠠᠩᠰᠢᠯ ᠲᠠᠢ ᠪᠠᠶᠢᠳᠠᠭ᠃ ᠲᠠᠷᠤᠢ ᠭᠡᠶᠢᠴᠢᠨ ᠠᠮᠣᠰᠣ | ᠢᠢ ᠳᠣᠰᠴᠣ ᠠᠪᠣᠭᠰᠠᠨ ᠤ ᠬᠤᠶᠢᠨ᠎ᠠ᠂ ᠤᠷᠢᠳᠠᠪᠠᠷ ᠬᠠᠯᠪᠠᠭ᠎ᠠ | ᠪᠠᠷ ᠤᠷᠣᠢ ᠲᠡᠭᠡᠷ᠎ᠡ ᠡᠴᠠ ᠨᠢ ᠪᠠᠭᠤᠯᠭᠠᠨ ᠠᠪᠴᠤ᠂ ᠭᠠᠯ ᠤᠨ | ᠲᠠᠬᠢᠯᠭ᠎ᠠ ᠶᠢᠨ ᠢᠷᠤᠭᠡᠯ ᠤᠩᠰᠢᠵᠤ ᠭᠠᠯ ᠳᠤ ᠡᠷᠭᠦᠭᠰᠡᠨ ᠦ | ᠳᠠᠷᠠᠭ᠎ᠠ ᠰᠠᠶ᠋ᠢ ᠳᠣᠮᠳ᠋ᠠ ᠡᠴᠠ ᠨᠢ ᠲᠣᠭᠤᠷᠢᠭᠤᠯᠤᠨ ᠬᠠᠮᠤᠵᠤ | ᠢᠳᠡᠨ᠎ᠡ᠃ ᠠᠮᠣᠰᠣ ᠬᠢᠬᠦ ᠠᠷᠭ᠎ᠠ᠄ ᠵᠦᠭᠡᠭᠡᠢ ᠪᠠᠨ ᠳᠣᠭᠣᠭᠠᠨ | ᠳ᠋ᠤ ᠬᠢᠵᠦ ᠪᠣᠴᠠᠯᠭᠠᠭᠠᠳ᠂ ᠵᠣᠬᠢᠬᠣ ᠬᠡᠮᠵᠢᠶᠡᠨ ᠤ ᠠᠶᠢᠷᠠᠭ᠂ | ᠪᠤᠷᠠᠮ ᠪᠣᠶᠤ ᠴᠠᠭᠠᠨ ᠰᠢᠬᠢᠷ᠂ ᠲᠠᠪᠤᠰᠤ᠂ | ᠪᠣᠳ᠋ᠠᠭᠠ︵ᠬᠠᠳ᠋ᠠᠭᠣ ᠬᠠᠭᠣᠷᠠᠭᠰᠠᠨ ᠪᠣᠳ᠋ᠠᠭᠠ᠂ ᠨᠠᠷᠢᠮᠣ᠂ | ᠳᠣᠳ᠋ᠣᠷᠭᠠ ᠪᠦᠷ ᠪᠣᠯᠣᠨ᠎ᠠ ︶ᠬᠢᠵᠦ᠂ ᠵᠦᠭᠡᠯᠡᠨ ᠭᠠᠯ ᠢᠢᠠᠷ | ᠴᠢᠨᠠᠵᠤ ᠪᠣᠯᠭᠣᠭᠰᠠᠨ ᠤ ᠳᠠᠷᠠᠭ᠎ᠠ ᠰᠢᠷ᠎ᠠ ᠳᠣᠰᠣ᠂ | ᠬᠠᠳ᠋ᠠᠭᠠᠭᠰᠠᠨ ᠦᠵᠦᠮ᠂ ᠬᠥᠬᠡ ᠭᠦᠢᠯᠡᠰᠦ ᠶᠢᠨ ᠬᠡᠷᠴᠢᠮᠡᠯ | ᠵᠡᠷᠭᠡ ᠢᠢ ᠬᠢᠵᠦ ᠰᠢᠨᠠᠭ᠎ᠠ ᠪᠠᠷ ᠨᠤᠬᠤᠯᠠᠵᠤ ᠠᠭᠰᠢᠭᠠᠪᠠᠯ | ᠪᠣᠯᠴᠢᠬᠠᠨ᠎ᠠ᠃ | ᠲᠣᠬᠣᠯᠠᠢ ︵ᠲᠤᠭᠤᠯ ᠲᠠᠩ︶᠄ ᠶᠡᠷᠤᠳᠡᠭᠡᠨ ᠴᠠᠭᠠᠨ ᠭᠣᠯᠢᠷ᠂ | ᠰᠠᠭᠠᠭ ᠦᠨ ᠭᠣᠯᠢᠷ ᠪᠣᠶᠣ ᠶᠣᠣᠮᠠᠢ ᠢᠢᠨ ᠭᠣᠯᠢᠷ ᠢᠢᠠᠷ | ᠬᠢᠳ᠋ᠡᠭ᠃ ᠡᠭᠦᠨ ᠢ ᠬᠢᠬᠦ ᠳᠤ ᠪᠠᠨ ᠭᠣᠯᠢᠷ ᠢᠢᠠᠨ | ᠨᠤᠬᠤᠭᠰᠠᠨ ᠤ ᠲᠠᠷᠠᠭ᠎ᠠ ᠨᠢᠮᠬᠡᠯᠡᠨ ᠲᠦᠷᠪᠡᠯᠵᠢᠨ ᠪᠣᠶᠤ | ᠬᠤᠰᠢᠭᠤᠯᠵᠢᠨ ᠬᠡᠷᠴᠢᠵᠦ᠂ ᠲᠠᠪᠤᠰᠤ ᠲᠠᠢ ᠤᠰᠤᠨ ᠳᠤ ᠴᠢᠨᠠᠵᠤ | ᠪᠣᠯᠭᠤᠭᠠᠳ᠂ ᠱᠦᠭᠦᠵᠦ ᠭᠠᠷᠭᠠᠨ᠂ ᠲᠠᠬᠢᠨ ᠵᠦᠭᠡᠭᠡᠢ ᠳᠠᠢ | ᠳᠣᠭᠣᠭᠠᠨ ᠳ᠋ᠤ ᠬᠢᠵᠦ᠂ ᠪᠣᠴᠠᠯᠭᠠᠭᠠᠳ ᠢᠳᠡᠨ᠎ᠡ᠃ ᠶᠡᠷᠦ ᠨᠢ ᠵᠣᠨ | ᠤ ᠴᠠᠭ ᠤᠨ ᠤᠷᠣᠢ ᠶᠢᠨ ᠬᠣᠭᠣᠯᠠ ᠪᠣᠶᠣ ᠬᠡᠶᠢᠴᠢᠨ ᠳᠠᠶᠢᠯᠠᠬᠣ | ᠳ᠋ᠤ ᠢᠳ᠋ᠡᠬᠦᠯᠬᠦ ᠳᠣᠬᠢᠷᠠᠮᠵᠢᠳ᠋ᠠᠢ ᠰᠠᠶᠢᠬᠠᠨ ᠢᠳ᠋ᠡᠬᠡᠨ | ᠪᠣᠯᠣᠨ᠎ᠠ᠃ | ᠮᠢᠬ᠎ᠠ ᠳᠠᠢ ᠰᠢᠩᠭᠡᠨ ᠪᠣᠳ᠋ᠠᠭᠠ ᠄ ᠡᠭᠦᠨ ᠢ ᠬᠢᠬᠦ ᠠᠷᠭ᠎ᠠ | ᠨᠢ ᠬᠡᠰᠡᠭᠯᠡᠨ ᠬᠡᠷᠴᠢᠭᠰᠡᠨ ᠦᠭᠡᠷ ᠦᠨ ᠮᠢᠬ᠎ᠠ ᠪᠣᠶᠣ ᠬᠣᠨᠢᠨ | ᠮᠢᠬ᠎ᠠ ᠪᠠᠨ ᠳᠣᠭᠣᠭᠠᠨ ᠳ᠋ᠤ ᠬᠢᠵᠦ ᠰᠢᠷᠦᠭᠦᠨ ᠭᠠᠯ ᠢᠢᠠᠷ | ᠴᠢᠨᠠᠵᠤ ᠪᠣᠷᠣᠯᠠᠭᠤᠯᠤᠭᠰᠠᠨ ᠤ ᠲᠠᠷᠠᠭ᠎ᠠ ᠪᠣᠳ᠋ᠠᠭᠠ ᠬᠢᠵᠦ᠂ | ᠮᠢᠬ᠎ᠠ ᠶᠢ ᠨᠢ ᠪᠣᠯᠭᠣᠵᠤ ᠪᠣᠳ᠋ᠠᠭᠠ ᠨᠢ ᠰᠢᠯᠵᠠᠷᠠᠬᠤ ᠦᠶ᠎ᠠ | ᠳ᠋ᠤ᠂ ᠴᠢᠪᠠᠭ᠎ᠠ ᠪᠤᠯᠤᠨ ᠪᠤᠷᠠᠮ ᠨᠠᠮᠠᠵᠤ ᠰᠢᠩᠭᠡᠨ ᠬᠣᠭᠤᠯᠨ | ᠪᠣᠯᠭᠠᠨ ᠴᠢᠨᠠᠵᠤ ᠢᠳᠡᠨ᠎ᠡ᠃ ᠳᠣᠰ ᠬᠣᠭᠣᠯᠠ ᠨᠢ ᠬᠠᠯᠠᠭᠣᠨ | ᠴᠢᠨᠠᠷ ᠳᠠᠢ᠂ ᠰᠢᠮ᠎ᠠ ᠳᠡᠵᠢᠭᠡᠯ ᠡᠯᠪᠡᠭ᠂ ᠣᠯᠠᠩᠬᠢ ᠳᠦ ᠪᠡᠨ | ᠬᠦᠮᠦᠰ ᠭᠣᠷᠪᠠ ᠶᠢᠰᠦ ᠶᠢᠨ ᠬᠦᠢᠳ᠋ᠡᠨ ᠳ᠋ᠤ ᠢᠳ᠋ᠡᠳ᠋ᠡᠭ᠃ | ᠳᠡᠭᠡᠷᠡᠬᠢ ᠪᠣᠯ ᠮᠤᠩᠭᠤᠯ ᠦᠨᠳᠦᠰᠦᠳᠡᠨ ᠦ ᠤᠯᠠᠮᠵᠢᠯᠠᠯᠳ᠋ᠣ | ᠬᠣᠭᠣᠯᠠ ᠢᠳ᠋ᠡᠭᠡᠨ ᠪᠣᠯᠣᠨ᠎ᠠ᠃ ᠤᠳᠤᠬᠠᠨ ᠳᠤ ᠬᠢᠳ᠋ᠠᠳ | ᠦᠨᠳ᠋ᠦᠰᠦᠳ᠋ᠡᠨ ᠤ ᠪᠠᠩᠰᠢ᠂ ᠮᠢᠨᠳᠤᠤᠷ᠂ ᠬᠠᠭᠠᠷᠢᠭᠰᠠᠨ | ᠪᠣᠣᠪᠣ᠂ ᠳᠣᠳ᠋ᠣᠷᠭᠠ ᠵᠡᠷᠬᠡ ᠭᠣᠣᠯ ᠢᠳ᠋ᠡᠬᠡᠨ ᠨᠢ ᠮᠠᠯᠵᠢᠬᠣ | ᠤᠷᠣᠨ ᠳ᠋ᠤ ᠤᠯᠠᠮᠵᠢᠯᠠᠭᠳᠠᠨ ᠤᠷᠤᠭᠰᠠᠨ ᠪᠠ ᠰᠠᠭᠤᠷᠢᠰᠢᠯ | ᠮᠣᠩᠭᠣᠯᠴᠣᠳ ᠶᠡᠷᠦ ᠡᠴᠡ ᠡᠳ᠋ᠦᠷ ᠦᠨ ᠭᠣᠷᠪᠠᠨ ᠡᠷᠢᠨ ᠦ | ᠬᠣᠭᠣᠯᠠ ᠢᠳᠡᠵᠦ᠂ ᠴᠠᠭᠠᠨ ᠢᠳ᠋ᠡᠬᠡᠨ ᠡᠴᠠ ᠪᠣᠰᠣᠳ ᠭᠣᠣᠯ | ᠢᠳᠡᠭᠡᠨ ᠬᠣᠯᠢᠰᠢᠨ ᠢᠳ᠋ᠡᠭᠡᠨ ᠨᠢ ᠪᠦᠷ ᠬᠢᠳ᠋ᠠᠳ ᠦᠨᠳ᠋ᠦᠰᠦᠳ᠋ᠡᠨ | ᠳᠠᠢ ᠳᠡᠮᠡᠢ ᠢᠯᠭᠠᠭ᠎ᠠ ᠦᠭᠡᠢ ᠪᠣᠯᠵᠠᠢ᠃ | | |