ᠮᠤᠩᠭᠤᠯᠴᠤᠳ ᠤᠯᠠᠨ ᠵᠢᠯ ᠦᠨ ᠲᠤᠷᠰᠢ᠂ ᠭᠣᠣᠯᠳᠠᠭᠤ ᠮᠣᠩᠭᠣᠯ | ᠭᠡᠷ᠂ ᠪᠥᠮᠪᠦᠭᠡᠨ ᠭᠡᠷ᠂ ᠪᠦᠷᠭᠡ ᠭᠡᠷ ᠪᠠ ᠪᠠᠶᠢᠰᠢᠩ ᠭᠡᠷ ᠵᠡᠷᠭᠡ | ᠤᠯᠠᠨ ᠵᠦᠢᠯ ᠤᠨ ᠭᠡᠷ ᠦᠳ ᠲᠦ ᠤᠷᠤᠰᠢᠨ ᠠᠮᠢᠳᠤᠷᠠᠵᠤ ᠪᠠᠶᠢᠪᠠ᠃ | | ᠮᠣᠩᠭᠣᠯ ᠭᠡᠷ ᠄ ᠮᠣᠩᠭᠣᠯ ᠭᠡᠷ ᠢ ᠪᠠᠰᠠ ᠤᠪᠣᠬᠠᠢ᠂ ᠢᠰᠡᠬᠡᠢ | ᠭᠡᠷ᠂ ᠴᠠᠴᠠᠷ ᠭᠡᠵᠦ ᠨᠡᠷᠡᠯᠡᠳ᠋ᠡᠭ᠃ ᠮᠤᠩᠭᠤᠯ ᠭᠡᠷ ᠪᠦᠮᠪᠦᠷᠭᠡᠨ | ᠬᠡᠯᠪᠡᠷᠢ ᠳᠠᠢ᠂ ᠮᠤᠩᠭᠤᠯ ᠭᠡᠷ ᠦᠨ ᠦᠨᠳᠤᠰᠤᠨ ᠪᠦᠳᠦᠴᠠ ᠨᠢ | ᠭᠡᠷ ᠦᠨ ᠮᠤᠳᠤ᠂ ᠪᠦᠷᠢᠶᠠᠰᠤ᠂ ᠤᠭᠤᠰᠤᠷ᠂ ᠪᠦᠰᠡᠯᠡᠭᠦᠷ | ᠵᠡᠷᠭᠡ ᠪᠠᠷ ᠪᠦᠷᠢᠯᠳᠦᠳᠡᠭ ᠪᠠ ᠬᠤᠰᠤ ᠮᠤᠳᠤᠨ ᠪᠦᠳᠦᠴᠡ ᠲᠠᠢ᠂ | ᠪᠦᠬᠦᠯᠢ ᠴᠤᠭᠴᠠ ᠶᠢ ᠤᠩᠭᠠᠰᠤᠨ ᠲᠡᠭᠡᠰᠦ᠂ ᠬᠢᠯᠭᠠᠰᠤᠨ | ᠲᠡᠭᠡᠰᠦ ᠪᠤᠶᠤ ᠰᠤᠷ ᠤᠭᠤᠰᠤᠷ ᠪᠦᠰᠡᠯᠡᠭᠦᠷ ᠢᠶᠠᠷ ᠬᠤᠯᠪᠤᠨ | ᠲᠤᠯᠭᠠᠭᠤᠷᠢᠯᠠᠨ ᠪᠣᠰᠬᠠᠳᠠᠭ᠃ ᠡᠪᠦᠯ ᠳᠤ ᠪᠠᠨ ᠢᠰᠡᠬᠡᠢ | ᠪᠦᠷᠢᠶᠡᠰᠤ ᠲᠠᠪᠬᠤᠷᠯᠠᠨᠠ᠃ ᠭᠡᠷ ᠤᠨ ᠤᠷᠣᠢ ᠳ᠋ᠤ ᠨᠢ ᠳᠣᠭᠣᠨᠣ | ᠳᠠᠢ᠂ ᠡᠨᠡ ᠨᠢ ᠠᠭᠠᠷ ᠨᠡᠪᠲᠡᠷᠡᠬᠦ᠂ ᠤᠳ᠋ᠣᠭᠠ ᠳᠣᠭᠣᠰᠣ | ᠭᠠᠷᠬᠣ᠂ ᠨᠠᠷᠠᠨ ᠤ ᠭᠡᠷᠡᠯ ᠳᠣᠰᠬᠣ ᠳ᠋ᠤ ᠠᠰᠢᠭᠳ᠋ᠠᠢ | ᠪᠠᠶᠢᠳᠠᠭ᠃ ᠪᠦᠮᠪᠦᠷᠭᠡᠨ ᠬᠡᠯᠪᠡᠷᠢ ᠲᠠᠢ ᠪᠣᠯᠬᠣᠷ ᠶᠡᠬᠡ ᠴᠠᠰᠤ | ᠰᠢᠭᠤᠷᠭᠠᠨ ᠳᠤ ᠭᠡᠷ ᠦᠨ ᠬᠠᠶᠠᠭ᠎ᠠ ᠶᠢ ᠰᠢᠷᠤᠢ ᠴᠠᠰᠤ ᠳᠠᠷᠤᠬᠤ | ᠰᠠᠯᠬᠢ ᠨᠡᠪᠳᠡᠷᠡᠭᠦ ᠶᠢ ᠰᠡᠷᠭᠡᠶᠢᠯᠡᠳᠡᠭ᠃ ᠮᠤᠩᠭᠤᠯᠴᠤᠳ | ᠤᠯᠠᠩᠬᠢ ᠳ᠋ᠤ ᠪᠠᠨ ᠠᠭᠤᠳᠠᠮ ᠰᠠᠷᠠᠭᠤᠯ ᠬᠠᠭᠤᠷᠠᠢ ᠦᠨᠳ᠋ᠦᠷ ᠰᠢᠭ | ᠭᠠᠵᠠᠷ ᠢ ᠰᠣᠩᠭᠣᠵᠣ ᠮᠤᠩᠭᠤᠯ ᠭᠡᠷ ᠢᠶᠡᠨ ᠡᠮᠦᠨᠡᠰᠢ ᠪᠣᠶᠤ | ᠵᠡᠬᠦᠨ ᠡᠮᠦᠨᠡᠰᠢ ᠬᠠᠨᠳᠤᠭᠤᠯᠤᠨ ᠪᠣᠰᠬᠠᠳ᠋ᠠᠭ᠂ | ᠡᠪᠦᠯ ᠳᠤ ᠪᠠᠨ ᠳᠤᠯᠠᠭᠠᠨ ᠵᠤᠨ ᠳᠦ ᠪᠡᠨ ᠰᠡᠷᠢᠭᠦᠨ᠂ | ᠡᠷᠤᠬᠡ ᠪᠠᠨ ᠲᠠᠲᠠᠪᠠᠯ ᠰᠡᠷᠢᠭᠦᠨ ᠲᠠᠭᠠᠯᠠᠮᠵᠢᠳᠠᠢ | ᠪᠠᠶᠢᠳ᠋ᠠᠭ᠃ ᠮᠣᠩᠭᠣᠯ ᠭᠡᠷ ᠨᠢ ᠡᠷᠦᠬᠡ᠂ ᠳᠣᠭᠣᠨᠣ᠂ ᠤᠨᠢ᠂ | ᠬᠠᠨ᠎ᠠ᠂ ᠬᠠᠭᠠᠯᠭ᠎ᠠ ᠵᠡᠷᠬᠡ ᠳᠠᠪᠣᠨ ᠬᠡᠰᠡᠭ ᠢᠢᠠᠷ | ᠪᠦᠷᠢᠯᠳᠦᠵᠤ᠂ ᠬᠠᠨ᠎ᠠ ᠪᠠᠷ ᠭᠣᠣᠯ ᠴᠤᠭᠴᠠ ᠪᠣᠯᠭᠠᠳᠠᠭ᠃ | ᠮᠣᠩᠭᠣᠯ ᠭᠡᠷ ᠢ ᠶᠡᠷᠤᠳᠡᠭᠡᠨ ᠠᠷᠪᠠᠨ ᠬᠤᠶᠠᠷ ᠬᠠᠨ᠎ᠠ ᠲᠠᠢ᠂ | ᠨᠠᠢᠮᠠᠨ ᠬᠠᠨ᠎ᠠ ᠲᠠᠢ᠂ ᠵᠢᠷᠭᠤᠭᠠᠨ ᠬᠠᠨ᠎ᠠ ᠲᠠᠢ᠂ ᠲᠦᠷᠪᠡᠨ | ᠬᠠᠨ᠎ᠠ ᠲᠠᠢ ᠭᠡᠵᠤ ᠬᠤᠪᠢᠶᠠᠨ᠂ ᠬᠠᠨ᠎ᠠ ᠶᠢᠨ ᠲᠣᠭ᠎ᠠ ᠶᠢᠨ | ᠠᠳᠠᠯᠢ ᠪᠣᠰᠤ ᠪᠠᠷ ᠮᠤᠩᠭᠤᠯ ᠭᠡᠷ ᠦᠨ ᠶᠡᠭᠡ ᠪᠠᠭ᠎ᠠ | ᠲᠤᠭᠲᠠᠭᠠᠭᠳᠠᠳᠠᠭ᠃ ᠬᠠᠨ᠎ᠠ ᠢᠢ ᠪᠠᠭᠤᠯᠭᠠᠪᠠᠯ ᠡᠪᠬᠡᠵᠤ | ᠪᠣᠯᠬᠤ ᠮᠥᠷᠳᠡᠭᠡᠨ ᠨᠡᠬᠦᠬᠦ ᠪᠠᠭᠤᠬᠤ ᠳᠦ ᠲᠡᠷᠬᠡᠨ ᠤ | ᠳᠡᠪᠢᠰᠭᠡᠷ ᠬᠢᠵᠦ ᠪᠣᠯᠣᠨ᠎ᠠ᠃ ᠡᠩ ᠦᠨ ᠮᠣᠩᠭᠣᠯ ᠭᠡᠷ ᠦᠨ | ᠦᠨᠳ᠋ᠦᠷ ᠨᠢ ᠪᠠᠷᠣᠭ ᠠᠷᠪᠠᠨ ᠭᠣᠷᠪᠠ ᠡᠴᠠ ᠠᠷᠪᠠᠨ ᠲᠦᠷᠪᠡᠨ | ᠳᠣᠬᠣᠢ᠂ ᠮᠣᠩᠭᠣᠯ ᠭᠡᠷ ᠦᠨ ᠬᠠᠭᠠᠯᠭ᠎ᠠ ᠶᠢᠨ ᠦᠨᠳᠦᠷ ᠨᠢ | ᠪᠠᠷᠣᠭ ᠭᠣᠷᠪᠠᠨ ᠳᠣᠬᠣᠢ ᠳᠠᠪᠣ ᠵᠢᠷᠭᠣᠭᠠᠨ ᠢᠮᠠᠬᠣ ᠪᠠᠶᠢᠳᠠᠭ᠃ | ᠮᠣᠩᠭᠣᠯ ᠭᠡᠷ ᠦᠨ ᠭᠣᠣᠯ ᠳᠣᠮᠳ᠋ᠠ ᠳᠣᠯᠭ᠎ᠠ ᠳᠠᠯᠪᠢᠵᠣ ᠠᠷᠭᠠᠯ | ᠲᠦᠯᠡᠨ ᠳᠣᠯᠠᠭᠠᠯᠠᠬᠣ ᠪᠠᠷ ᠪᠠᠷᠠᠬᠣ ᠦᠭᠡᠢ᠂ ᠴᠠᠢ ᠪᠣᠳ᠋ᠠᠭᠠ | ᠪᠡᠨ ᠴᠢᠨᠠᠳᠠᠭ᠃ ᠵᠡᠬᠦᠨ ᠡᠮᠦᠨ᠎ᠡ ᠲᠠᠯ᠎ᠠ ᠳᠤ ᠢᠳᠡᠭᠡᠨ | ᠤᠮᠳᠠᠭᠠᠨ ᠤ ᠰᠠᠪᠠ ᠰᠠᠭᠠᠯᠢ ᠪᠠᠭᠠᠵᠢ ᠬᠡᠷᠡᠭᠰᠡᠯ ᠢ | ᠲᠠᠯᠪᠢᠵᠤ᠂ ᠪᠠᠷᠠᠭᠤᠨ᠂ ᠬᠤᠶᠢᠳᠤ᠂ ᠵᠡᠬᠦᠨ ᠲᠠᠯ᠎ᠠ ᠪᠠᠷ ᠮᠤᠳᠤᠨ | ᠣᠷᠣ ᠲᠠᠯᠪᠢᠳᠠᠭ᠃ ᠪᠠᠷᠠᠭᠣᠨ ᠬᠣᠶᠢᠳ᠋ᠣ ᠲᠠᠯ᠎ᠠ ᠶᠢ | ᠲᠡᠬᠡᠳ᠋ᠦᠯᠡᠨ ᠦᠵᠡᠵᠦ ᠪᠣᠷᠬᠠᠨ ᠭᠥᠩᠭᠠᠷᠠᠪᠠ ᠪᠠᠨ ᠲᠠᠯᠪᠢᠳᠠᠭ | ᠪᠠ ᠬᠤᠶᠢᠳᠦ ᠲᠠᠯ᠎ᠠ ᠪᠡᠷ ᠨᠢ ᠬᠤᠪᠴᠠᠰᠤ ᠬᠤᠨᠠᠷ ᠬᠤᠴᠢᠯᠭ᠎ᠠ | ᠲᠡᠪᠢᠰᠭᠡᠷ ᠢᠶᠡᠨ ᠬᠤᠷᠢᠶᠠᠳᠠᠭ᠃ | ᠪᠦᠮᠪᠦᠭᠡᠨ ᠭᠡᠷ ᠄ ᠶᠡᠷᠤᠳᠡᠭᠡᠨ ᠪᠦᠮᠪᠦᠩ ᠴᠤ ᠭᠡᠳ᠋ᠡᠭ᠃ | ᠮᠣᠩᠭᠣᠯ ᠭᠡᠷ ᠤᠨ ᠲᠦᠯᠦᠪᠲᠠᠢ ᠲᠦᠭᠦᠮ ᠭᠡᠷ ᠪᠣᠯᠣᠨ᠎ᠠ᠃ | ᠮᠠᠲ᠋ᠧᠷᠢᠶᠠᠯ ᠪᠠᠭ᠎ᠠ ᠭᠡᠷᠡᠭᠯᠡᠵᠦ ᠪᠣᠰᠬᠠᠬᠤ ᠳᠤ ᠳᠦᠭᠦᠮ᠂ | ᠲᠣᠶᠢᠫᠦ᠋ ᠪᠣᠯᠣᠨ ᠵᠢᠮ ᠢᠶᠡᠷ ᠵᠡᠷᠭᠡᠯᠡᠭᠡᠳ ᠲᠤᠳᠤᠷ᠎ᠠ | ᠭᠠᠳᠠᠨ᠎ᠠ ᠠᠴᠠ ᠨᠢ ᠰᠢᠪᠠᠷ ᠢᠶᠠᠷ ᠰᠢᠪᠠᠵᠤ᠂ ᠤᠷᠤᠢ ᠶᠢ ᠨᠢ | ᠡᠪᠡᠰᠦ︵ᠲᠡᠷᠡᠰᠤ︶ ᠪᠡᠷ ᠪᠦᠲᠡᠭᠡᠵᠤ᠂ ᠳᠣᠭᠣᠨᠣ ᠭᠠᠷᠭᠠᠨ᠎ᠠ᠃ | ᠭᠡᠷ ᠳᠣᠳ᠋ᠣᠷᠠ ᠨᠢ ᠬᠠᠭᠠᠰ ᠳᠣᠭᠣᠷᠢᠭ ᠬᠡᠯᠪᠡᠷᠢ ᠢᠢᠨ ᠬᠠᠨᠵᠣ | ᠪᠠᠷᠢᠪᠠᠯ ᠪᠣᠯᠴᠢᠬᠠᠨ᠎ᠠ᠃ ᠪᠠᠰᠠ ᠪᠣᠷᠭᠠᠰᠣ ᠪᠠᠷ ᠪᠠᠷᠢᠭᠰᠠᠨ | ᠪᠦᠮᠪᠦᠬᠡᠨ ᠭᠡᠷ ᠴᠤ ᠪᠠᠶᠢᠳ᠋ᠠᠭ᠃ ᠤᠷᠢᠳ᠋ᠠᠪᠠᠷ ᠲᠡᠭᠰᠢᠬᠡᠨ | ᠭᠠᠵᠠᠷ ᠳᠡᠭᠡᠷ᠎ᠡ ᠪᠦᠮᠪᠦᠬᠡᠨ ᠭᠡᠷ ᠦᠨ ᠶᠡᠬᠡ ᠪᠠᠭ᠎ᠠ ᠢᠢ | ᠦᠨᠳ᠋ᠦᠰᠦᠯᠡᠨ ᠨᠢᠭᠡ ᠳᠣᠬᠣᠢ ᠬᠦᠨ ᠭᠣᠣ ᠶᠢ ᠳᠣᠭᠣᠶᠢᠯᠠᠨ | ᠤᠬᠣᠵᠣ᠂ ᠬᠠᠭᠠᠯᠭ᠎ᠠ ᠢᠢᠨ ᠤᠷᠣ ᠢᠢ ᠦᠯᠡᠳ᠋ᠡᠭᠡᠨ᠂ ᠠᠷᠪᠠᠨ | ᠰᠡᠨᠲ᠋ᠢᠮᠧᠲ᠋ᠷ ᠪᠦᠷᠢ ᠳ᠋ᠤ ᠨᠢᠭᠡ ᠪᠣᠷᠭᠠᠰᠤ ᠬᠠᠳᠬᠤᠨ ᠰᠢᠷᠣᠢ | ᠪᠠᠷ ᠪᠣᠯᠠᠵᠣ ᠲᠤᠭᠲᠠᠭᠠᠭᠰᠠᠨ ᠤ ᠲᠠᠷᠠᠭ᠎ᠠ᠂ ᠪᠣᠷᠭᠠᠰᠣ ᠪᠠᠨ | ᠳᠣᠯᠣᠭ᠎ᠠ ᠨᠠᠢᠮᠠᠨ ᠳᠣᠬᠣᠢ ᠦᠨᠳ᠋ᠦᠷ ᠬᠦᠷᠦᠵᠦ᠂ ᠤᠷᠣᠢ ᠢᠢ ᠨᠢ | ᠪᠠᠰᠠ ᠪᠣᠷᠭᠠᠰᠣ ᠪᠠᠷ ᠬᠦᠷᠦᠵᠦ ᠭᠠᠷᠭᠠᠳᠠᠭ᠃ ᠬᠦᠷᠦᠵᠦ | ᠪᠠᠷᠠᠭᠰᠠᠨ ᠤ ᠳᠠᠷᠠᠭ᠎ᠠ ᠭᠠᠳ᠋ᠠᠨ᠎ᠠ ᠳᠣᠳ᠋ᠣᠷᠠ ᠡᠴᠠ ᠨᠢ | ᠰᠢᠪᠠᠷ ᠪᠣᠶᠣ ᠰᠢᠩᠭᠡᠨ ᠦᠭᠡᠷ ᠦᠨ ᠪᠠᠭᠠᠰᠣ ᠪᠠᠷ ᠳᠣᠯᠣᠭ᠎ᠠ | ᠨᠠᠢᠮᠨ ᠤᠳ᠋ᠠᠭ᠎ᠠ ᠭᠥᠯᠢᠢᠲᠡᠯ᠎ᠡ ᠰᠠᠶᠢᠬᠠᠨ ᠰᠢᠪᠠᠵᠤ᠂ | ᠬᠦᠢᠳ᠋ᠡᠨ ᠠᠴᠠ ᠰᠡᠷᠭᠡᠶᠢᠯᠡᠳᠡᠭ᠃ ᠡᠬᠦᠨ ᠡᠴᠠ ᠭᠠᠳᠠᠨ᠎ᠠ ᠪᠠᠰᠠ | ᠬᠦᠷᠦᠬᠦ ᠦᠭᠡᠢ ᠪᠠᠷ ᠰᠢᠭᠣᠳ ᠪᠦᠳ᠋ᠦᠭᠦᠨ ᠬᠤᠰᠤ᠂ ᠤᠯᠢᠶᠠᠰᠤ᠂ | ᠤᠳᠠᠨ ᠮᠤᠳᠤ ᠪᠡᠷ ᠪᠦᠮᠪᠦᠭᠡᠨ ᠭᠡᠷ ᠪᠠᠷᠢᠳᠠᠭ ᠴᠤ ᠪᠣᠢ᠃ | ᠪᠦᠷᠭᠡ ᠄ ᠪᠦᠮᠪᠦᠭᠡᠨ ᠭᠡᠷ ᠳᠠᠢ ᠠᠳ᠋ᠠᠯᠢᠪᠳ᠋ᠣᠷ᠂ ᠪᠣᠷᠭᠠᠰᠤ | ᠵᠡᠷᠭᠡ ᠪᠡᠷ ᠭᠦᠷᠦᠵᠤ ᠬᠢᠭᠰᠡᠨ ᠤᠷᠤᠢ ᠨᠢ ᠪᠦᠮᠪᠦᠭᠡᠷ᠂ ᠰᠢᠪᠠᠷ | ᠪᠠᠷ ᠰᠢᠪᠠᠬᠣ ᠦᠭᠡᠢ ᠢᠰᠡᠭᠡᠢ ᠪᠣᠶᠤ ᠡᠪᠡᠰᠦ ᠪᠡᠷ ᠪᠦᠲᠡᠭᠡᠳᠡᠭ | ᠰᠠᠭᠤᠴᠠ ᠪᠣᠯᠣᠨ᠎ᠠ᠃ ᠪᠠᠭᠣᠯᠭᠠᠬᠣ ᠳ᠋ᠤ ᠲᠦᠭᠦᠮ᠂ ᠮᠠᠯᠴᠢᠳ | ᠵᠣᠰᠠᠯᠠᠩ ᠳ᠋ᠤ ᠭᠠᠷᠬᠣ᠂ ᠠᠪᠠ ᠬᠢᠬᠦ ᠦᠶ᠎ᠠ ᠳ᠋ᠤ ᠲᠦᠷ ᠵᠠᠭᠤᠷ᠎ᠠ | ᠰᠠᠭᠣᠬᠣ ᠳ᠋ᠤ ᠭᠡᠷᠡᠭᠯᠡᠳ᠋ᠡᠭ᠃ ᠰᠠᠭᠣᠭᠠᠯᠢ ᠤᠷᠣᠨ ᠳ᠋ᠤ | ᠪᠦᠷᠭᠡ ᠶᠢ ᠤᠯᠠᠩᠬᠢ ᠳᠦ ᠪᠡᠨ ᠭᠠᠯ ᠳᠣᠭᠣᠭᠠᠨ ᠤ ᠭᠡᠷ ᠪᠣᠶᠣ | ᠰᠠᠩ ᠬᠦᠮᠦᠷᠬᠡ ᠪᠣᠯᠭᠠᠨ ᠭᠡᠷᠡᠭᠯᠡᠳ᠋ᠡᠭ᠃ | ᠪᠠᠶᠢᠰᠢᠩ ᠭᠡᠷ ᠄ ᠴᠢᠯᠦᠭᠡᠯᠡᠭᠳ᠋ᠡᠬᠦ ᠡᠴᠠ ᠡᠮᠦᠨ᠎ᠠ ᠰᠦᠮ᠎ᠠ | ᠬᠡᠶᠢᠳ ᠡᠴᠠ ᠭᠠᠳ᠋ᠠᠨ᠎ᠠ᠂ ᠸᠠᠩ ᠬᠦᠩ᠂ ᠢᠵᠠᠭᠣᠷᠳ᠋ᠠᠨ᠂ ᠪᠠᠶᠠᠨ | ᠡᠷᠦᠭᠡ ᠰᠠᠶ᠋ᠢ ᠪᠠᠶᠢᠰᠢᠩ ᠭᠡᠷ ᠲᠦ ᠰᠠᠭᠤᠳᠠᠭ᠃ ᠸᠠᠭᠠᠷ | ᠲᠣᠭᠣᠰᠬ᠎ᠠ ᠢᠢᠨ ᠪᠦᠳ᠋ᠦᠴᠡ ᠳᠠᠢ᠂ ᠤᠯᠠᠩᠬᠢ ᠨᠢ ᠮᠠᠨᠵᠣ | ᠮᠠᠶ᠋ᠢᠭ ᠤᠨ ᠲᠦᠷᠪᠡᠯᠵᠢᠨ ᠬᠦᠷᠢᠶᠡᠯᠡᠩ ᠢ ᠳᠠᠭᠣᠷᠢᠶᠠᠨ | ᠪᠠᠷᠢᠵᠤ᠂ ᠭᠣᠣᠯ ᠲᠢᠩᠬᠢᠮ᠂ ᠤᠨᠲᠠᠬᠤ ᠦᠷᠦᠭᠡ ᠪᠣᠯᠣᠨ ᠭᠠᠯ | ᠳᠣᠭᠣᠭᠠᠨ ᠤ ᠦᠷᠦᠭᠡ ᠵᠡᠷᠭᠡ ᠶᠢ ᠲᠤᠰᠠᠭᠠᠷ ᠲᠤᠬᠢᠷᠠᠭᠤᠯᠵᠤ | ᠬᠡᠷᠡᠮ ᠬᠠᠰᠢᠶ᠎ᠠ ᠪᠠᠶᠢᠭᠤᠯᠵᠤ᠂ ᠭᠡᠷ ᠪᠠᠷᠢᠯᠭ᠎ᠠ ᠨᠢ ᠭᠣᠶᠣ | ᠬᠡᠬᠡᠨᠴᠢᠷ ᠪᠠᠶᠢᠳ᠋ᠠᠭ᠃ ᠴᠢᠯᠦᠭᠡᠯᠡᠭᠳ᠋ᠡᠭᠰᠡᠨ ᠤ | ᠳᠠᠷᠠᠭ᠎ᠠ᠂ ᠤᠨᠴᠠᠭᠠᠶᠢᠯᠠᠨ ᠵᠢᠷᠠᠭᠠᠳ ᠤᠨ ᠡᠴᠡ ᠰᠡᠭᠦᠯᠡᠷ | ᠮᠠᠯᠴᠢᠳ ᠰᠠᠭᠤᠷᠢᠰᠢᠨ ᠠᠮᠢᠳᠤᠷᠠᠭᠰᠠᠨ ᠠᠴᠠ ᠪᠠᠶᠢᠰᠢᠩ ᠭᠡᠷ | ᠤᠯᠠᠰᠢᠷᠠᠵᠤ᠂ ᠨᠠᠶᠠᠭᠠᠳ ᠤᠨ ᠪᠣᠯᠬᠣ ᠳ᠋ᠤ ᠮᠠᠯᠴᠢᠳ ᠸᠠᠭᠠᠷ | ᠳᠣᠭᠣᠰᠬᠠ ᠶᠢᠨ ᠪᠦᠳ᠋ᠦᠴᠡ ᠳᠠᠢ ᠪᠠᠶᠢᠰᠢᠩ ᠭᠡᠷ ᠲᠦ ᠰᠠᠭᠤᠬᠤ | ᠨᠢ ᠡᠩ ᠦᠨ ᠶᠠᠪᠣᠳᠠᠯ ᠪᠣᠯᠵᠠᠢ᠃ | | |