ᠬᠤᠭᠤᠯᠠ ᠬᠣᠰᠢ ᠬᠠᠭᠤᠴᠢᠨ ᠤ ᠦᠶ᠎ᠡ ᠳᠦ᠂ ᠨᠣᠶᠠᠳ | ᠬᠤᠳᠠᠯᠳᠤᠭᠠᠴᠢᠳ ᠪᠠᠶᠠᠨ ᠠᠶᠢᠯ ᠨᠢ ᠦᠷᠬᠦᠯᠵᠢ ᠨᠠᠷᠢᠯᠢᠭ | ᠪᠤᠳᠠᠭ᠎ᠠ ︵ᠳᠣᠲᠤᠷᠭ᠎ᠠ᠂ ᠭᠤᠯᠢᠷ) ᠪᠠᠷ ᠭᠤᠣᠯ ᠪᠣᠯᠭᠠᠵᠣ᠂ | ᠵᠢᠭᠠᠰᠤ ᠮᠢᠬ᠎ᠠ ᠦᠨᠳᠡᠭᠡ ᠪᠣᠯᠤᠨ ᠡᠯ᠎ᠡ ᠵᠦᠢᠯ ᠤᠨ | ᠨᠣᠭᠣᠭ᠎ᠠ ᠪᠠᠷ ᠬᠣᠯᠢᠰᠢᠨ ᠢᠳᠡᠭᠡᠨ ᠪᠣᠯᠭᠠᠵᠤ᠂ ᠵᠢᠯ ᠴᠠᠭᠠᠨ | ᠰᠠᠷ᠎ᠠ᠂ ᠪᠠᠶᠠᠷ ᠲᠤᠷᠠᠰᠬᠠᠯ᠂ ᠬᠤᠷᠢᠮ ᠤᠨ ᠶᠤᠰᠤᠯᠠᠯ᠂ | ᠤᠷᠤᠰᠢᠭᠤᠯᠭ᠎ᠠ ᠶᠢᠨ ᠶᠠᠪᠣᠳᠠᠯ᠂ ᠨᠠᠰᠤᠨ ᠪᠠᠶᠠᠷ᠂ ᠵᠣᠴᠢᠨ | ᠵᠠᠯᠠᠵᠤ ᠨᠠᠶᠢᠷ ᠲᠠᠯᠪᠢᠬᠤ ᠵᠡᠷᠭᠡ ᠳᠦ ᠶᠡᠬᠡ ᠪᠡᠷ ᠬᠣᠭᠣᠯᠠ | ᠬᠣᠰᠢ ᠪᠡᠯᠡᠳᠬᠡᠳᠡᠭ᠃ ᠲᠠᠷᠢᠶᠠᠴᠢᠨ ᠠᠶᠢᠯ ᠨᠢ ᠨᠠᠷᠢᠮᠤ᠂ ᠰᠢᠰᠢ᠂ | ᠡᠷᠳᠡᠨᠢ ᠰᠢᠰᠢ᠂ ᠰᠢᠯᠤᠬᠡᠢ᠂ ᠰᠠᠭᠠᠭ ᠤᠨ ᠭᠤᠯᠢᠷ᠂ | ᠶᠤᠤᠮᠠᠢ ᠶᠢᠨ ᠭᠤᠯᠢᠷ᠂ ᠪᠤᠷᠴᠠᠭ ᠤᠨ ᠲᠦᠷᠦᠯ ᠢᠶᠠᠷ ᠭᠤᠣᠯ | ᠪᠣᠯᠭᠠᠳᠠᠭ᠃ ᠡᠳᠦᠷ ᠦᠨ ᠭᠤᠷᠪᠠᠨ ᠡᠷᠡᠨ ᠦ ᠬᠣᠭᠣᠯᠠ ᠢᠳᠡᠵᠦ᠂ | ᠶᠠᠭᠠᠷᠠᠤ ᠦᠶ᠎ᠡ ᠳᠤ ᠪᠠᠨ ᠬᠤᠶᠠᠷ ᠴᠠᠭ ᠠᠭᠰᠢᠭᠤᠨ ᠨᠢᠭᠡ ᠴᠠᠭ | ᠰᠢᠩᠭᠡᠨ ᠢᠳᠡᠵᠤ᠂ ᠰᠡᠯᠡᠬᠦᠤ ᠦᠶ᠎ᠡ ᠳᠤ ᠪᠠᠨ ᠬᠤᠶᠠᠷ ᠴᠠᠭ | ᠰᠢᠩᠬᠡᠨ ᠨᠢᠭᠡ ᠴᠠᠭ ᠠᠭᠰᠢᠭᠤᠨ ᠢᠶᠠᠷ ᠦᠩᠭᠡᠷᠡᠭᠦᠯᠵᠤ᠂ | ᠲᠤᠳᠤᠷᠭ᠎ᠠ ᠭᠤᠯᠢᠷ ᠢᠳᠡᠬᠦ ᠨᠢ ᠲᠦᠢᠯ ᠦᠨ ᠴᠦᠭᠡᠨ ᠪᠠᠶᠢᠳᠠᠭ᠃ | ᠭᠡᠪᠡᠴᠤ ᠪᠠᠷᠠᠭᠤᠨ ᠬᠤᠶᠢᠳᠤ ᠬᠡᠰᠡᠭ ᠦᠨ ᠯᠢᠨᠰᠢ ᠰᠢᠶᠠᠨ᠂ | ᠬᠡᠰᠢᠭᠲᠡᠨ ᠬᠤᠰᠢᠭᠤᠨ ᠳᠤ ᠪᠤᠭᠤᠳᠠᠢ ᠶᠤᠤᠮᠠᠢ ᠲᠠᠷᠢᠵᠤ᠂ | ᠲᠡᠨᠳᠡᠬᠢ ᠶᠢᠨ ᠲᠠᠷᠢᠶᠠᠴᠢᠳ ᠶᠤᠤᠮᠠᠢ ᠪᠠᠷ ᠭᠣᠣᠯ ᠢᠳᠡᠭᠡᠨ | ᠪᠣᠯᠭᠠᠳᠠᠭ ᠴᠦ ᠭᠠᠩ ᠭᠠᠴᠢᠭ ᠵᠢᠯ ᠲᠤᠬᠢᠶᠠᠯᠳᠤᠪᠠᠯ ᠠᠭᠠᠭ | ᠨᠣᠭᠣᠭ᠎ᠠ ᠪᠠᠷ ᠤᠷᠤᠯᠠᠭᠤᠯᠳᠠᠭ᠃ | ᠴᠢᠯᠦᠭᠡᠯᠡᠭᠳᠡᠭᠰᠡᠨ ᠦ ᠳᠠᠷᠠᠭ᠎ᠠ᠂ ᠠᠷᠠᠳ ᠤᠨ ᠠᠮᠢᠳᠤᠷᠠᠯ | ᠰᠠᠶᠢᠵᠢᠷᠠᠵᠤ᠂ ᠢᠳᠡᠭᠡᠨ ᠤᠮᠳᠠᠭᠠᠨ ᠤ ᠳᠠᠳᠬᠠᠯ ᠴᠦ ᠲᠠᠭᠠᠯᠳᠤᠨ | ᠥᠭᠡᠷᠡᠴᠢᠯᠡᠭᠳᠡᠨ ᠬᠤᠪᠢᠷᠠᠭᠰᠠᠨ ᠪᠠ ᠤᠷᠴᠢᠮ ᠤᠨ | ᠵᠢᠯ ᠦᠳ ᠡᠴᠡ ᠤᠯᠠᠩᠬᠢ ᠨᠢ ᠨᠠᠷᠢᠯᠢᠭ ᠪᠤᠳᠠᠭ᠎ᠠ ᠪᠠᠷ ᠭᠤᠣᠯ | ᠪᠣᠯᠭᠠᠳᠠᠭ ᠪᠣᠯᠵᠠᠢ᠃ ᠲᠠᠷᠢᠶᠠᠯᠠᠬᠤ ᠤᠷᠤᠨ ᠳᠤ ᠦᠷᠬᠦᠯᠵᠢ | ᠮᠠᠨᠲᠸᠤ᠂ ᠬᠠᠭᠠᠷᠢᠮᠡᠯ ᠪᠤᠣᠪᠤ᠂ ᠮᠢᠨᠳᠤᠤᠷ᠂ ᠲᠤᠳᠤᠷᠭ᠎ᠠ᠂ | ᠨᠠᠷᠢᠮᠤ᠂ ᠬᠣᠶᠢᠮᠠᠭ᠂ ᠪᠤᠷᠴᠠᠭ ᠲᠠᠢ ᠪᠤᠣᠵᠠ᠂ ᠰᠠᠭᠠᠭ ᠤᠨ | ᠭᠤᠯᠢᠷ ᠤᠨ ᠲᠠᠩ᠂ ᠦᠷᠡᠳᠡᠰᠤ᠂ ᠪᠦᠷᠭᠡᠷ ᠪᠤᠭᠤᠷᠰᠤᠭ᠂ ᠨᠠᠩᠭᠢ | ᠪᠣᠣᠪᠣ ᠵᠡᠷᠭᠡ ᠶᠢ ᠦᠷᠬᠦᠯᠵᠢ ᠢᠳᠡᠳᠡᠭ᠃ ᠵᠤᠨ ᠤ ᠤᠯᠠᠷᠢᠯ ᠳᠤ᠂ | ᠲᠠᠷᠢᠶᠠᠴᠢᠳ ᠤᠨ ᠲᠠᠷᠢᠶᠠᠨ ᠤ ᠠᠵᠢᠯ ᠶᠠᠭᠠᠷᠠᠤ ᠬᠦᠴᠦ ᠶᠡᠭᠡ | ᠵᠠᠷᠤᠴᠠᠭᠤᠯᠳᠠᠭ ᠪᠠ ᠵᠤᠨ ᠤ ᠡᠳᠦᠷ ᠤᠷᠳᠤ ᠪᠠᠶᠢᠳᠠᠭ ᠠᠴᠠ | ᠨᠡᠩᠭᠢ ᠪᠤᠣᠪᠤ ᠵᠡᠷᠭᠡ ᠰᠢᠩᠭᠡᠭᠡᠬᠦ ᠳᠦ ᠤᠳᠠᠭᠠᠨ ᠢᠳᠡᠭᠡᠨ ᠢ | ᠢᠳᠡᠳᠡᠭ᠃ ᠬᠤᠳᠠ ᠪᠠᠯᠭᠠᠰᠤᠨ ᠳᠤ ᠦᠷᠬᠦᠯᠵᠢ ᠰᠤᠩᠬᠢᠨ᠎ᠠ | ᠰᠠᠷᠢᠮᠰᠠᠭ᠂ ᠬᠠᠰᠢ᠂ ᠲᠥᠪᠡᠳ ᠬᠠᠰᠢ᠂ ᠦᠷᠭᠡᠰᠤᠲᠦ ᠬᠡᠮᠬᠡ᠂ | ᠴᠢᠨᠵᠣᠣ᠂ ᠴᠠᠭᠠᠨ ᠨᠣᠭᠣᠭ᠎ᠠ᠂ ᠪᠦᠭᠡᠷᠡᠩᠬᠡᠢ ᠡᠰᠢᠳᠦ | ᠨᠣᠭᠣᠭ᠎ᠠ᠂ ᠭᠤᠭᠤᠳ ᠵᠡᠷᠭᠡ ᠨᠣᠭᠤᠭ᠎ᠠ ᠶᠢ ᠢᠳᠡᠳᠡᠭ᠃ ᠵᠤᠨ ᠤ | ᠴᠠᠭ ᠲᠤ ᠰᠤᠷᠭᠤᠭ ᠨᠤᠭᠤᠭ᠎ᠠ ᠢᠳᠡᠵᠤ᠂ ᠡᠪᠣᠯ ᠨᠣᠭᠣᠭ᠎ᠠ | ᠬᠠᠳᠠᠭᠠᠯᠠᠨ ᠢᠳᠡᠳᠡᠭ ᠪᠠ ᠪᠠᠶᠠᠨ ᠶᠠᠳᠠᠭᠤ ᠢᠯᠭᠠᠯ ᠦᠭᠡᠢ | ᠡᠳᠦᠷ ᠦᠨ ᠭᠤᠷᠪᠠᠨ ᠡᠷᠡᠨ ᠦ ᠬᠣᠭᠣᠯᠠᠨ ᠳᠤ ᠲᠠᠪᠣᠰᠤᠯᠠᠭᠰᠠᠨ | ᠨᠣᠭᠤᠭ᠎ᠠ ᠢᠳᠡᠳᠡᠭ᠃ ᠦᠨᠳᠦᠰᠦᠨ ᠳᠤ ᠪᠠᠨ ᠭᠠᠶᠢᠮᠦ᠂ ᠮᠠᠨᠵᠢᠨ | ᠪᠣᠶᠣ ᠯᠤᠤᠪᠠᠩ ᠢ ᠲᠦᠭᠦᠬᠡᠢ ᠪᠡᠷ ᠨᠢ ᠵᠤᠷᠪᠤᠰᠯᠠᠨ ᠬᠡᠷᠴᠢᠵᠤ | ᠳᠠᠪᠤᠰᠤᠯᠠᠬᠤ ᠪᠣᠶᠤ ᠰᠦᠢᠷᠡᠳᠡᠯᠠ ᠬᠡᠷᠴᠢᠵᠤ ᠴᠢᠨᠡᠵᠤ | ᠢᠳᠡᠳᠡᠭ᠃ ᠨᠠᠶᠠᠭᠠᠳ ᠣᠨ ᠠᠴᠠ ᠰᠡᠭᠦᠯᠡᠷ᠂ ᠬᠦᠯᠡᠮᠵᠢ ᠳᠦ | ᠨᠣᠭᠤᠭ᠎ᠠ ᠲᠠᠷᠢᠬᠤ ᠮᠡᠷᠭᠡᠵᠢᠯ ᠲᠡᠭᠡᠭᠰᠢᠯᠡᠭᠰᠡᠨ ᠪᠠ ᠵᠠᠮ | ᠬᠠᠷᠢᠯᠴᠠᠭ᠎ᠠ ᠳᠦᠭᠦᠮ ᠪᠣᠯᠤᠭᠰᠠᠨ ᠬᠤᠳᠠ ᠪᠠᠯᠭᠠᠰᠤᠨ ᠦ ᠬᠢᠨ | ᠡᠪᠣᠯ ᠤᠨ ᠤᠯᠠᠷᠢᠯ ᠳᠤ ᠪᠠᠰᠠ ᠰᠢᠨ᠎ᠡ ᠰᠤᠷᠭᠤᠭ ᠨᠣᠭᠣᠭ᠎ᠠ | ᠢᠳᠡᠬᠦ ᠪᠠᠷ ᠭᠤᠣᠯ ᠪᠣᠯᠭᠠᠪᠠ᠃ | ᠲᠠᠷᠢᠶᠠᠯᠠᠬᠤ ᠤᠷᠤᠨ ᠤ ᠦᠷᠬᠦᠯᠵᠢ ᠢᠳᠡᠳᠡᠭ ᠭᠤᠣᠯ | ᠢᠳᠡᠭᠡᠨ ᠢ ᠬᠢᠬᠦ ᠠᠷᠭ᠎ᠠ ᠾᠧᠯᠧ᠄ ᠰᠠᠭᠠᠭ ᠤᠨ ᠭᠤᠯᠢᠷ ᠢᠶᠠᠨ | ᠰᠠᠶᠢᠲᠤᠷ ᠨᠤᠬᠤᠵᠤ᠂ ᠪᠦᠮᠪᠦᠷᠢᠭᠡᠨ ᠤᠷᠲᠤᠯᠵᠢᠨ ᠬᠡᠯᠪᠡᠷᠢᠳᠡᠢ | ᠪᠤᠯᠭᠠᠨ᠂ ᠰᠢᠬᠠᠭᠤᠷ ᠪᠠᠭᠠᠵᠢ ᠶᠢᠨ ᠳᠣᠲᠣᠷ᠎ᠠ ᠬᠢᠵᠤ᠂ | ᠲᠣᠭᠤᠭᠠᠨ ᠳᠠᠬᠢ ᠪᠣᠴᠠᠯᠤᠭᠰᠠᠨ ᠤᠰᠤᠨ ᠳᠤ ᠲᠠᠷᠤᠵᠤ | ᠤᠷᠤᠭᠤᠯᠤᠨ᠂ ᠪᠣᠯᠭᠣᠭᠰᠠᠨ ᠤ ᠲᠠᠷᠠᠭ᠎ᠠ ᠰᠢᠬᠦᠵᠤ ᠭᠠᠷᠭᠠᠨ᠂ | ᠲᠡᠭᠡᠷ᠎ᠡ ᠨᠢ ᠱᠥᠯᠥ ᠲᠠᠢ ᠨᠤᠭᠤᠭ᠎ᠠ ᠪᠣᠶᠤ ᠬᠤᠤᠷᠭᠠ ᠬᠢᠵᠤ | ᠢᠳᠡᠳᠡᠭ᠃ | ᠨᠠᠩᠭᠢ ᠪᠣᠣᠪᠣ᠄ ᠬᠤᠳᠠ ᠪᠠᠯᠭᠠᠰᠤᠨ ᠳᠤ ᠬᠡᠷᠴᠢᠮᠡᠯ ᠨᠠᠩᠭᠢ | ᠪᠣᠣᠪᠣ ᠭᠡᠳᠡᠭ᠃ ᠰᠢᠯᠦᠭᠡᠢ ᠶᠢᠨ ᠭᠤᠯᠢᠷ ᠢᠶᠠᠨ ᠤᠰᠤ ᠪᠠᠷ | ᠵᠢᠭᠤᠷᠠᠵᠤ᠂ ᠵᠢᠩᠨᠡᠭᠦᠷ ᠲᠡᠭᠡᠷ᠎ᠠ ᠪᠡᠨ ᠨᠢᠭᠡᠨᠳᠡ | ᠪᠣᠯᠭᠤᠭᠠᠭᠰᠠᠨ ᠱᠣᠰᠢ ᠶᠢ ᠥᠷᠦᠵᠤ᠂ ᠲᠡᠬᠦᠨ ᠦ ᠲᠡᠭᠡᠬᠦᠷ ᠨᠢ | ᠭᠤᠯᠢᠷ ᠢᠶᠠᠨ ᠲᠡᠩᠴᠡᠬᠦᠨ ᠦᠷᠦᠬᠦ ᠶᠢᠨ ᠲᠠᠭᠠᠣ ᠵᠢᠩᠨᠡᠵᠤ᠂ | ᠭᠤᠯᠢᠷ ᠢᠶᠠᠨ ᠥᠷᠥᠵᠤ ᠪᠠᠷᠠᠳᠠᠯ᠎ᠠ ᠪᠣᠤᠪᠤ ᠨᠢ ᠪᠣᠯᠴᠢᠬᠠᠳᠠᠭ᠃ | ᠵᠠᠷᠢᠮ ᠨᠢ ᠪᠠᠰᠠ ᠤᠯᠠᠭᠠᠨ ᠴᠢᠪᠠᠭ᠎ᠠ ᠦᠷᠦᠳᠡᠭ ᠴᠦ ᠪᠣᠢ᠃ | ᠡᠶᠢᠮᠦᠷᠬᠦ ᠪᠣᠣᠪᠣ ᠨᠢ ᠨᠠᠭᠠᠯᠳᠤᠮᠠᠭᠠᠢ ᠴᠢᠨᠠᠷ ᠢᠶᠠᠷ | ᠴᠢᠩᠭ᠎ᠠ᠂ ᠰᠢᠷᠠᠩᠭᠤᠢ ᠦᠩᠬᠡ ᠲᠠᠢ ᠠᠩᠬᠢᠯᠦᠮ᠎ᠠ ᠦᠨᠦᠷ ᠲᠠᠢ᠂ | ᠬᠡᠷᠪᠡ ᠪᠤᠷᠠᠮ ᠪᠤᠶᠤ ᠴᠠᠭᠠᠨ ᠰᠢᠬᠢᠷ ᠲᠠᠢ ᠢᠳᠡᠪᠡᠯ ᠠᠮᠲᠠ ᠨᠢ | ᠨᠡᠩ ᠰᠠᠶᠢᠬᠠᠨ ᠪᠠᠶᠢᠳᠠᠭ᠃ | ᠪᠦᠷᠭᠡᠷ ᠪᠣᠭᠤᠷᠰᠤᠭ᠄ ᠨᠠᠷᠢᠮᠤ ᠪᠣᠯᠣᠨ ᠰᠢᠯᠦᠬᠡᠢ ᠶᠢᠨ | ᠭᠤᠯᠢᠷ ᠢ ᠵᠤᠬᠢᠬᠤ ᠬᠠᠷᠢᠴᠠᠯ ᠲᠠᠢ ᠪᠠᠷ ᠬᠣᠯᠢᠵᠤ᠂ ᠤᠰᠤ | ᠰᠠᠪᠰᠠᠨ᠂ ᠵᠢᠩᠨᠡᠬᠦᠷ ᠲᠡᠭᠡᠷ᠎ᠠ ᠰᠠᠴᠤᠨ ᠦᠷᠤᠬᠦ ᠶᠢᠨ ᠲᠠᠭᠠᠤ | ᠵᠢᠩᠨᠡᠵᠤ ᠪᠣᠯᠭᠤᠭᠰᠠᠨ ᠤ ᠲᠠᠷᠠᠭ᠎ᠠ ᠬᠡᠷᠴᠢᠵᠣ ᠬᠡᠰᠡᠭᠯᠡᠨ | ᠢᠳᠡᠳᠡᠭ᠃ ᠡᠶᠢᠮᠦᠷᠬᠦ ᠪᠣᠣᠪᠣ ᠨᠢ ᠪᠠᠭ᠎ᠠ ᠨᠠᠭᠠᠯᠳᠤᠮᠠᠭᠠᠢ | ᠴᠢᠨᠠᠷ ᠲᠠᠢ᠂ ᠬᠦᠪᠰᠦᠭᠡᠷ ᠵᠦᠭᠡᠯᠡᠨ ᠰᠠᠶᠢᠠᠬᠨ ᠠᠮᠲᠠᠲᠠᠢ | ᠪᠠᠶᠢᠳᠠᠭ᠃ | ᠶᠡᠭᠡ ᠸᠠᠩ᠄ ᠪᠠᠷᠠᠭᠤᠨ ᠬᠤᠶᠢᠳᠤ ᠶᠢᠨ ᠬᠦᠢᠳᠡᠨ ᠠᠭᠤᠯᠠᠷᠬᠠᠭ | ᠤᠷᠤᠨ ᠤ ᠲᠠᠷᠢᠶᠠᠴᠢᠳ ᠤᠨ ᠥᠷᠬᠦᠯᠵᠢ ᠢᠳᠡᠳᠡᠭ ᠬᠤᠭᠤᠯᠠ | ᠪᠣᠯᠣᠨ᠎ᠠ᠃ ᠶᠤᠤᠮᠠᠢ ᠶᠢᠨ ᠭᠤᠯᠢᠷ ᠢᠶᠠᠷ ᠭᠤᠣᠯ ᠪᠣᠯᠭᠠᠵᠤ᠂ | ᠪᠠᠭ᠎ᠠ ᠬᠡᠮᠵᠢᠶᠡᠨ ᠦ ᠰᠠᠭᠠᠭ ᠤᠨ ᠭᠣᠯᠢᠷ ᠬᠣᠯᠢᠵᠣ ᠡᠢᠰᠬᠡᠨ | ᠵᠢᠩᠨᠡᠵᠤ ᠪᠣᠯᠭᠣᠭᠠᠬᠤ ᠶᠢ ︽ᠬᠤᠶᠠᠳᠤᠭᠠᠷ ᠶᠡᠭᠡ ᠸᠠᠩ︾ ᠭᠡᠵᠤ | ᠨᠡᠷᠡᠶᠢᠳᠴᠦ᠂ ᠲᠠᠬᠢᠨ ᠴᠠᠭᠠᠨ ᠭᠤᠯᠢᠷ ᠬᠣᠯᠢᠵᠤ ᠬᠢᠭᠰᠡᠨ ᠪᠣᠯ | ︽ᠭᠤᠷᠪᠠᠳᠤᠭᠠᠷ ᠶᠡᠭᠡ ᠸᠠᠩ︾ ᠭᠡᠳᠡᠭ᠃ ᠶᠡᠭᠡ ᠸᠠᠩ ᠤᠨ ᠦᠨᠢᠷ | ᠠᠮᠲᠠ ᠨᠢ ᠬᠦᠴᠢᠯᠯᠢᠭ᠂ ᠰᠢᠬᠢᠷᠯᠢᠭ᠂ ᠰᠡᠪᠰᠡᠭᠡᠷ ᠵᠦᠭᠡᠯᠡᠨ | ᠢᠳᠡᠬᠦ ᠳᠦ ᠠᠮᠳᠠᠳᠠᠢ ᠪᠠᠶᠢᠳᠠᠭ᠃ | ᠬᠤᠶᠢᠮᠠᠭ᠄ ᠨᠠᠷᠢᠮᠤ ᠪᠠᠨ ᠤᠭᠢᠶᠠᠨ ᠳᠡᠪᠲᠦᠭᠡᠵᠦ᠂ ᠤᠰᠤ | ᠰᠦᠷᠴᠢᠨ ᠢᠩᠳᠡᠨ ᠲᠠᠯᠠᠭᠲᠠᠵᠤ ᠭᠤᠯᠢᠷ ᠪᠣᠯᠭᠠᠭᠰᠠᠨ ᠤ | ᠲᠠᠷᠠᠭ᠎ᠠ ᠰᠢᠩᠭᠡᠬᠡᠨ ᠵᠢᠭᠤᠷᠠᠵᠤ ᠰᠢᠨᠠᠭ᠎ᠠ ᠪᠠᠷ ᠬᠣᠳᠬᠣᠨ | ᠲᠣᠭᠣᠭ᠎ᠠ ᠳᠤ ᠪᠠᠨ ᠬᠢᠵᠤ ᠨᠢᠮᠭᠡᠭᠡᠨ ᠲᠠᠷᠬᠠᠵᠤ᠂ | ᠵᠥᠭᠡᠢ ᠶᠢᠨ ᠡᠭᠦᠷ ᠰᠢᠭ ᠰᠢᠪᠡᠭᠡᠨᠡᠭᠰᠡᠨ ᠨᠦᠬᠡ ᠭᠠᠷᠲᠠᠯ᠎ᠠ | ᠬᠠᠭᠠᠷᠢᠵᠤ ᠪᠣᠯᠭᠣᠭᠰᠠᠨ ᠤ ᠲᠠᠷᠠᠭ᠎ᠠ ᠢᠳᠡᠳᠡᠭ᠃ ᠬᠦᠮᠦᠰ | ᠬᠦᠴᠢᠯᠯᠢᠭ ᠰᠢᠬᠢᠷᠯᠢᠭ ᠠᠮᠳᠠᠳᠠᠢ ᠲᠤᠯᠠ ᠢᠳᠡᠬᠦ ᠲᠤᠷᠠᠳᠠᠢ | ᠪᠠᠶᠢᠳᠠᠭ᠃ ᠲᠠᠬᠢᠨ ᠵᠢᠶᠠᠩ ᠲᠦᠷᠬᠢᠨ ᠰᠤᠩᠬᠢᠨ᠎ᠠ ᠶᠢ ᠣᠷᠢᠶᠠᠨ | ᠢᠳᠡᠬᠦ ᠳᠦ ᠦᠨᠦᠷ ᠠᠮᠲᠠ ᠨᠢ ᠨᠡᠩ ᠰᠠᠶᠢᠬᠠᠨ ᠪᠠᠶᠢᠳᠠᠭ᠃ | ᠬᠠᠭᠠᠷᠢᠭᠰᠠᠨ ᠨᠠᠩᠭᠢ ᠪᠣᠣᠪᠣ᠄ ᠰᠢᠯᠦᠬᠡᠢ ᠶᠢᠨ | ᠭᠤᠯᠢᠷ ᠢᠶᠠᠨ ᠰᠠᠶᠢᠲᠤᠷ ᠵᠢᠭᠤᠷᠠᠵᠤ ᠡᠢᠰᠭᠡᠭᠰᠡᠨ ᠦ | ᠲᠠᠷᠠᠭ᠎ᠠ᠂ ᠭᠠᠷ ᠢᠶᠠᠷ ᠢᠶᠠᠨ ᠨᠢᠮᠭᠡᠯᠡᠨ ᠤᠷᠭᠤᠮᠠᠯ ᠤᠨ | ᠲᠤᠰᠤ ᠪᠠᠷ ᠬᠠᠭᠠᠷᠢᠵᠤ ᠪᠣᠯᠭᠤᠭᠠᠳ ᠢᠳᠡᠳᠡᠭ᠂ ᠪᠠᠰᠠ | ᠪᠤᠣᠪᠤ ᠶᠢᠨ ᠲᠤᠳᠤᠷ᠎ᠠ ᠨᠢ ᠪᠤᠷᠴᠠᠭ ᠬᠠᠪᠴᠢᠭᠤᠯᠵᠤ ᠨᠢᠮᠭᠡᠯᠡᠨ | ᠬᠠᠭᠠᠷᠢᠬᠤ ᠶᠢ ᠬᠠᠭᠠᠷᠢᠮᠡᠯ ᠪᠣᠷᠴᠠᠭᠲᠤ ᠨᠠᠩᠭᠢ ᠪᠣᠤᠪᠤ | ᠭᠡᠳᠡᠭ᠃ | ᠪᠣᠷᠴᠠᠭᠳᠤ ᠪᠤᠣᠵᠠ᠄ ᠰᠢᠯᠦᠭᠡᠢ ᠶᠢᠨ ᠭᠤᠯᠢᠷ ᠲᠤ | ᠨᠠᠷᠢᠮᠤ ᠶᠢᠨ ᠭᠤᠯᠢᠷ ᠪᠤᠶᠤ ᠡᠷᠳᠡᠨᠢ ᠰᠢᠰᠢ ᠶᠢᠨ ᠭᠤᠯᠢᠷ | ᠪᠠᠭ᠎ᠠ ᠬᠣᠯᠢᠵᠤ ᠰᠠᠶᠢᠳᠦᠷ ᠵᠢᠭᠤᠷᠠᠨ ᠡᠢᠰᠭᠡᠭᠰᠡᠨ ᠦ | ᠲᠠᠷᠠᠭ᠎ᠠ᠂ ᠭᠤᠯᠢᠷ ᠢᠶᠠᠨ ᠭᠠᠷ ᠢᠶᠠᠷ ᠨᠢᠮᠭᠡᠯᠡᠨ᠂ | ᠪᠣᠯᠭᠤᠭᠰᠠᠨ ᠪᠣᠷᠴᠠᠭ ᠬᠢᠵᠤ ᠲᠦᠭᠦᠷᠢᠭᠡᠨ ᠬᠡᠯᠪᠡᠷᠢᠳᠡᠢ | ᠪᠤᠯᠭᠠᠨ ᠪᠠᠷᠢᠵᠤ᠂ ᠵᠢᠩᠨᠡᠵᠤ ᠪᠣᠯᠭᠤᠭᠠᠳ ᠢᠳᠡᠳᠡᠭ᠃ ᠡᠨᠡ ᠨᠢ | ᠬᠥᠳᠡᠭᠡ ᠲᠤᠰᠬᠤᠨ ᠤ ᠤᠯᠠᠮᠵᠢᠯᠡᠯᠳᠤ ᠢᠳᠡᠭᠡᠨ ᠪᠣᠯᠬᠣ ᠶᠣᠮ᠃ | ᠪᠠᠰᠠ ᠴᠤᠯ ᠰᠢᠯᠤᠬᠡᠢ ᠶᠢᠨ ᠭᠤᠯᠢᠷ ᠢᠶᠠᠷ ᠬᠢᠭᠰᠡᠨ ᠢ ᠨᠢ | ᠨᠠᠩᠭᠢ ᠭᠤᠯᠢᠷ ᠤᠨ ᠪᠣᠷᠴᠠᠭᠳᠤ ᠪᠣᠤᠵᠠ ᠭᠡᠳᠡᠭ᠃ | ᠭᠧ ᠭᠧ ᠳ᠋ᠧᠣ᠄ ᠨᠠᠷᠢᠮᠤ ᠪᠠᠨ ᠤᠬᠢᠶᠠᠨ ᠴᠡᠪᠡᠷᠯᠡᠵᠣ᠂ | ᠬᠡᠳᠦᠨ ᠡᠳᠦᠷ ᠳᠡᠪᠲᠦᠭᠡᠭᠰᠡᠨ ᠦ ᠲᠠᠷᠠᠭ᠎ᠠ᠂ ᠲᠠᠯᠬᠠᠳᠠᠨ | ᠭᠤᠯᠢᠷᠳᠠᠵᠤ᠂ ᠭᠤᠯᠢᠷ ᠢᠶᠠᠨ ᠤᠰᠤ ᠪᠠᠷ ᠨᠤᠬᠤᠵᠤ᠂ ᠠᠮᠪᠠᠨ | ᠲᠡᠭᠡᠷ᠎ᠠ ᠪᠡᠨ ᠰᠢᠨᠠᠭᠠᠨ ᠬᠤᠷᠤᠬᠠᠢ ᠶᠤᠮ ᠰᠢᠭ ᠨᠢᠳᠡᠷᠡᠨ | ᠭᠠᠷᠭᠠᠵᠤ᠂ ᠪᠣᠴᠠᠯᠭᠠᠭᠰᠠᠨ ᠤᠰᠤᠨ ᠳᠤ ᠬᠢᠵᠤ ᠤᠷᠤᠭᠤᠯᠤᠨ | ᠪᠣᠯᠭᠣᠭᠠᠭᠰᠠᠨ ᠤ ᠲᠠᠷᠠᠭ᠎ᠠ ᠰᠢᠭᠦᠨ ᠭᠠᠷᠭᠠᠵᠤ ᠬᠦᠢᠳᠡᠨ | ᠤᠰᠤᠨ ᠳᠤ ᠬᠢᠵᠤ ᠢᠳᠡᠳᠡᠭ᠃ ᠢᠳᠡᠬᠦ ᠳᠦ ᠰᠡᠷᠢᠬᠦᠬᠡᠨ | ᠭᠤᠯᠭᠤᠮᠠᠲᠠᠭᠠᠢ ᠪᠦᠭᠡᠳ ᠠᠮᠳᠠᠳᠠᠢ᠂ ᠬᠠᠯᠠᠭᠤᠨ ᠦ ᠴᠠᠭ ᠲᠤ | ᠢᠳᠡᠬᠦ ᠳᠦ ᠬᠠᠮᠤᠭ ᠰᠠᠶᠢᠨ ᠪᠠᠶᠢᠳᠠᠭ᠃ | ᠵᠠᠷᠮ᠎ᠠ᠄ ᠮᠠᠨ ᠤ ᠬᠤᠳᠠ ᠶᠢᠨ ᠪᠠᠷᠠᠭᠤᠨ ᠬᠤᠶᠢᠳᠤ | ᠬᠡᠰᠡᠭ ᠦᠨ ᠲᠠᠷᠢᠶᠠᠴᠢᠳ ᠤᠨ ᠲᠠᠷᠢᠶᠠᠯᠠᠩ ᠤᠨ ᠶᠠᠭᠠᠷᠠᠤ | ᠤᠯᠠᠷᠢᠯ ᠳᠤ ᠢᠳᠡᠬᠦ ᠳᠦᠬᠦᠮ ᠬᠤᠭᠤᠯᠠ ᠪᠣᠯᠬᠣ ᠶᠤᠮ᠃ | ᠶᠤᠤᠮᠠᠢ ᠪᠠᠨ ᠤᠬᠢᠶᠠᠨ ᠴᠡᠪᠡᠷᠯᠡᠵᠤ ᠬᠠᠲᠠᠲᠠᠯ᠎ᠠ ᠬᠠᠭᠤᠷᠤᠨ | ᠪᠣᠯᠭᠣᠭᠠᠭᠰᠠᠨ ᠤ ᠲᠠᠷᠠᠭ᠎ᠠ᠂ ᠲᠠᠯᠠᠭᠲᠠᠨ ᠭᠤᠯᠢᠷ | ᠪᠣᠯᠭᠠᠨ᠎ᠠ᠃ ᠡᠨᠡ ᠨᠢ ᠪᠣᠴᠠᠯᠤᠭᠰᠠᠨ ᠤᠰᠤᠨ ᠳᠤ ᠵᠠᠭᠤᠷᠠᠨ | ᠢᠳᠡᠬᠦ ᠳᠦ ᠳᠦᠬᠦᠮ ᠪᠠᠶᠢᠳᠠᠭ᠃ | ᠲᠠᠶᠢᠯᠠᠯᠭ᠎ᠠ ᠶᠢᠨ ᠰᠢᠷᠡᠭᠡ᠄ ᠬᠥᠳᠡᠭᠡ ᠶᠢᠨ | ᠳᠠᠶᠢᠯᠠᠯᠭ᠎ᠠ ᠶᠢᠨ ᠰᠢᠷᠡᠭᠡ ᠨᠢ ᠤᠯᠠᠩᠬᠢ ᠳᠦ ᠪᠠᠨ ᠨᠠᠢᠮᠠᠨ | ᠶᠡᠬᠡ ᠠᠶᠠᠭ᠎ᠠ᠂ ᠭᠤᠷᠪᠠᠨ ᠲᠦᠷᠪᠡ ᠶᠢᠨ ᠰᠢᠷᠡᠭᠡ ᠪᠤᠶᠤ | ᠲᠦᠷᠪᠡᠨ ᠫᠢᠯᠠ ᠲᠠᠪᠣᠨ ᠠᠶᠠᠭ᠎ᠠ ᠵᠡᠷᠭᠡ ᠬᠡᠪ ᠬᠡᠮᠵᠢᠶ᠎ᠠ ᠲᠠᠢ | ᠪᠠᠶᠢᠳᠠᠭ᠃ ᠶᠡᠭᠡ ᠨᠠᠢᠮᠠᠨ ᠶᠡᠭᠡ ᠠᠶᠠᠭ᠎ᠠ ᠭᠡᠳᠡᠭ ᠨᠢ ᠬᠦᠢᠲᠡᠨ | ᠵᠠᠭᠤᠰᠢ ᠬᠠᠯᠠᠭᠤᠨ ᠵᠠᠭᠤᠰᠢ ᠲᠤᠰᠪᠤᠷᠢ ᠲᠦᠷᠪᠡᠨ ᠠᠶᠠᠭ᠎ᠠ | ᠭᠠᠷᠭᠠᠳᠠᠭ᠂ ᠭᠤᠷᠪᠠᠨ ᠲᠥᠷᠪᠡ ᠶᠢᠨ ᠰᠢᠷᠡᠭᠡ ᠭᠡᠳᠡᠭ ᠨᠢ | ᠲᠠᠷᠤᠢ ᠲᠦᠷᠪᠡᠨ ᠬᠦᠢᠲᠡᠨ ᠵᠠᠭᠤᠰᠢ᠂ ᠲᠦᠷᠪᠡᠨ ᠬᠠᠯᠠᠭᠤᠨ | ᠵᠠᠭᠤᠰᠢ᠂ ᠲᠦᠷᠪᠡᠨ ᠶᠡᠭᠡ ᠠᠶᠠᠭ᠎ᠠ ᠭᠠᠷᠭᠠᠬᠤ ᠶᠢ ᠬᠡᠯᠡᠳᠡᠭ᠃ | ᠲᠦᠷᠪᠡᠨ ᠫᠢᠯᠠ ᠲᠠᠪᠣᠨ ᠠᠶᠠᠭ᠎ᠠ ᠭᠡᠳᠡᠭ ᠨᠢ ᠦᠷᠦᠭᠡᠰᠦᠨ | ᠰᠢᠷᠡᠭᠡ ᠪᠡᠯᠡᠳᠬᠡᠭᠦ ᠳᠦ ᠬᠡᠷᠡᠭᠯᠡᠵᠦ᠂ ᠪᠠᠶᠠᠷ ᠤᠨ | ᠶᠤᠰᠤᠯᠠᠯ ᠳᠤ ᠶᠡᠷᠤᠳᠡᠭᠡᠨ ᠬᠡᠷᠡᠭᠯᠡᠬᠦ ᠦᠭᠡᠢ ᠶᠤᠮ᠃ | ᠬᠠᠭᠤᠴᠢᠨ ᠤ ᠦᠶ᠎ᠡ ᠳᠦ᠂ ᠠᠮᠢᠳᠤᠷᠠᠯ ᠨᠢ ᠶᠠᠳᠠᠭᠤ ᠵᠦᠳᠡᠭᠦᠦ | ᠪᠠᠶᠢᠭᠰᠠᠨ ᠴᠦ ᠨᠡᠷ᠎ᠡ ᠨᠢᠭᠤᠷ ᠢᠶᠠᠨ ᠪᠣᠳᠤᠵᠤ᠂ ᠰᠠᠶᠢᠬᠠᠨ | ᠬᠢᠳᠡᠭ ᠮᠦᠷᠳᠡᠭᠡᠨ ᠪᠠᠰᠠ ᠵᠠᠷᠤᠳᠠᠯ ᠢᠶᠠᠨ ᠪᠠᠭᠠᠰᠬᠠᠬᠤ ᠶᠢᠨ | ᠲᠦᠯᠦᠭᠡ᠂ ᠠᠶᠠᠭ᠎ᠠ ᠫᠢᠯᠠ ᠶᠢᠨ ᠢᠶᠡᠨ ᠢᠷᠤᠭᠠᠷ ᠲᠤ ᠳ᠋ᠸᠤᠹᠦ᠋ | ᠹᠧᠨᠲ᠋ᠢᠶᠣᠤᠷ ᠤᠨ ᠵᠦᠢᠯ ᠢ ᠬᠢᠳᠡᠭ᠃ ᠬᠤᠳᠠ ᠪᠠᠯᠭᠠᠰᠤᠨ ᠤ ᠬᠢᠨ | ᠳᠠᠶᠢᠯᠠᠯᠭ᠎ᠠ ᠶᠢᠨ ᠰᠢᠷᠡᠭᠡ ᠶᠢ ᠲᠤᠩ ᠠᠩᠬᠠᠷᠴᠤ᠂ | ᠶᠡᠷᠤᠳᠡᠭᠡᠨ ᠰᠢᠷᠡᠭᠡ ᠪᠦᠷᠢ ᠳᠤ ᠬᠤᠷᠢᠨ ᠬᠡᠳᠤᠨ ᠵᠦᠢᠯ ᠦᠨ | ᠨᠤᠭᠤᠭ᠎ᠠ ᠵᠠᠭᠤᠰᠢ ᠪᠡᠯᠡᠳᠴᠤ᠂ ᠵᠡᠷᠢᠮ ᠨᠢ ᠬᠦᠢᠲᠡᠨ ᠬᠠᠯᠠᠭᠤᠨ | ᠡᠯ᠎ᠡ ᠵᠦᠢᠯ ᠦᠨ ᠨᠤᠭᠤᠭ᠎ᠠ ᠵᠠᠭᠤᠰᠢ ᠠᠴᠠ ᠭᠠᠳᠠᠨ᠎ᠠ᠂ ᠪᠠᠰᠠ | ᠬᠠᠯᠠᠭᠤᠨ ᠲᠣᠭᠤᠭ᠎ᠠ ᠨᠡᠮᠡᠨ ᠭᠠᠷᠭᠠᠳᠠᠭ᠃ ᠬᠠᠯᠠᠭᠤᠨ ᠲᠣᠭᠣᠭ᠎ᠠ | ᠭᠠᠷᠭᠠᠬᠤ ᠳᠦ᠂ ᠬᠠᠶᠢᠳᠠᠢ ᠬᠦᠴᠢᠯᠯᠢᠭ ᠨᠣᠭᠤᠭ᠎ᠠ ᠵᠡᠷᠭᠡ ᠶᠢ | ᠰᠢᠷᠬᠡᠭᠯᠢᠭ ᠬᠡᠷᠴᠢᠵᠤ ᠲᠣᠭᠣᠭᠠᠨ ᠳᠤ ᠪᠠᠨ ᠬᠢᠵᠤ᠂ ᠲᠡᠭᠡᠷ᠎ᠠ | ᠨᠢ ᠹᠧᠨᠲ᠋ᠢᠶᠣᠤᠷ᠂ ᠬᠡᠷᠴᠢᠭᠰᠡᠨ ᠮᠢᠬ᠎ᠠ᠂ ᠮᠢᠬᠠᠨ | ᠪᠦᠮᠪᠦᠭᠡᠯᠢᠭ᠂ ᠳ᠋ᠸᠤᠹᠦ᠋ ᠵᠡᠷᠭᠡ ᠶᠢ ᠠᠯᠠᠭᠯᠠᠨ | ᠵᠡᠷᠭᠡᠯᠡᠵᠤ᠂ ᠲᠠᠬᠢᠨ ᠮᠢᠬᠠᠨ ᠱᠥᠯᠥ ᠬᠢᠵᠤ᠂ ᠭᠠᠯ ᠢᠶᠠᠨ | ᠨᠣᠴᠤᠭᠠᠨ ᠪᠣᠴᠠᠯᠭᠠᠨ ᠪᠣᠯᠭᠣᠭᠠᠨ᠎ᠠ᠃ | ᠠᠷᠢᠬᠢ ᠪᠣᠯ ᠳᠠᠶᠢᠯᠠᠯᠭ᠎ᠠ ᠶᠢᠨ ᠰᠢᠷᠡᠭᠡᠨ ᠳᠤ ᠵᠠᠪᠠᠯ | ᠪᠡᠯᠡᠳᠬᠡᠬᠦ ᠵᠦᠢᠯ ᠪᠣᠯᠣᠨ᠎ᠠ᠃ ︽ᠠᠷᠢᠬᠢ ᠦᠭᠡᠢ ᠪᠣᠯ ᠰᠢᠷᠡᠭᠡ | ᠪᠦᠳᠦᠬᠦ ᠦᠭᠡᠢ︾ᠭᠡᠳᠡᠭ ᠬᠡᠯᠡᠯᠭᠡ ᠪᠠᠶᠢᠳᠠᠭ᠃ ᠬᠠᠭᠤᠴᠢᠨ ᠤ | ᠦᠶ᠎ᠡ ᠳᠦ᠂ ᠬᠦᠮᠦᠰ ᠦᠨ ᠤᠯᠠᠩᠬᠢ ᠨᠢ ᠲᠤᠭᠰᠢᠨ ᠬᠠᠷ᠎ᠠ ᠠᠷᠢᠬᠢ | ᠤᠤᠭᠤᠳᠠᠭ᠃ ᠲᠠᠯᠠᠭᠠᠳ ᠣᠨ ᠠᠴᠠ ᠰᠡᠭᠦᠯᠡᠷ᠂ ᠫᠢᠸᠤ᠋᠂ ᠲᠡᠷᠠᠰᠤ | ᠪᠣᠯᠣᠨ ᠲᠤᠤᠷ᠎ᠠ ᠭᠷᠡᠳᠦ᠋ᠰ ᠦᠨ ᠬᠠᠷ᠎ᠠ ᠠᠷᠢᠬᠢ ᠤᠤᠭᠤᠬᠤ ᠬᠦᠮᠦᠰ | ᠤᠯᠠᠰᠢᠷᠠᠵᠠᠢ᠃ ᠵᠣᠴᠢᠨ ᠵᠠᠯᠠᠵᠤ ᠠᠷᠢᠬᠢ | ᠤᠤᠭᠤᠯᠭᠠᠬᠤ ᠳᠦ ᠪᠡᠨ ᠪᠠᠰᠠ ᠵᠠᠷᠢᠮ ᠨᠢ ᠬᠤᠷᠤᠭᠤ | ᠵᠢᠮᠡᠯᠴᠡᠵᠦ ᠠᠷᠢᠬᠢ ᠤᠤᠭᠤᠬᠤ ᠤᠷᠮᠠᠰᠢᠯ ᠢᠶᠠᠨ | ᠲᠡᠭᠡᠭᠰᠢᠯᠡᠬᠦᠯᠳᠡᠭ᠃ | | |