ᠨᠢᠭᠡ᠂ ᠬᠤᠪᠴᠠᠰᠤ ᠬᠤᠨᠠᠷ | ᠬᠤᠳᠤᠩ ᠦᠨᠳᠤᠰᠦᠳᠡᠨ᠄ ᠬᠤᠳᠤᠩ ᠦᠨᠳᠤᠰᠦᠳᠡᠨ ᠤ ᠤᠯᠠᠩᠬᠢ ᠨᠢ | ᠴᠠᠭᠠᠨ ᠬᠤᠪᠴᠠᠰᠤ ᠡᠮᠤᠰᠴᠤ᠂ ᠡᠭᠡᠯ ᠪᠣᠷᠣᠭᠵᠢᠭᠤᠨ ᠢ | ᠡᠷᠬᠢᠮᠯᠡᠵᠤ᠂ ᠠᠯᠳᠠ ᠮᠦᠩᠭᠦᠨ ᠵᠠᠰᠠᠯ ᠴᠢᠮᠡᠭᠯᠡᠯ ᠢ ᠲᠡᠮᠡᠢ | ᠡᠳ᠋ᠯᠡᠳᠡᠭ ᠦᠭᠡᠢ᠃ ᠡᠷᠡᠭᠳᠡᠢ ᠡᠮᠡᠭᠳᠡᠢ ᠵᠠᠯᠠᠭᠤᠴᠤᠳ ᠦᠩᠭᠡ | ᠢᠯᠭᠠᠷᠠᠭᠰᠠᠨ ᠬᠤᠪᠴᠠᠰᠤ ᠬᠤᠨᠠᠷ ᠲᠤᠩ ᠴᠦᠭᠡᠨ ᠡᠮᠤᠰᠳᠡᠭ᠃ | ᠨᠠᠰᠤᠳᠠᠶᠢᠴᠤᠳ ᠤᠨ ᠤᠯᠠᠩᠬᠢ ᠨᠢ ᠠᠭᠤᠵᠢᠮ ᠡᠯᠪᠡᠭ ᠬᠤᠪᠴᠠᠰᠤ | ᠡᠮᠣᠰᠴᠦ ᠰᠢᠷᠬᠤᠨᠠᠭ ᠢᠶᠠᠨ ᠤᠷᠢᠶᠠᠵᠤ᠂ ᠴᠠᠭᠠᠨ | ᠮᠠᠯᠠᠭᠠᠢ︵ᠶᠤᠰᠤᠯᠠᠯ ᠤᠨ ᠮᠠᠯᠠᠭᠠᠢ︶ᠡᠮᠦᠰᠴᠦ᠂ ᠲᠣᠬᠣ ᠪᠠᠨ | ᠢᠯᠡ ᠭᠠᠷᠭᠠᠬᠤ ᠶᠢ ᠴᠡᠭᠡᠷᠯᠡᠳᠡᠭ᠃ ᠭᠠᠳᠠᠭᠰᠢ ᠭᠠᠷᠪᠠᠯ | ᠪᠥᠰ ᠢᠶᠡᠷ ᠲᠤᠯᠤᠭᠠᠢ ᠪᠠᠨ ᠣᠷᠢᠶᠠᠨ ᠮᠠᠯᠠᠭᠠᠢ ᠶᠢ | ᠤᠷᠤᠯᠠᠭᠤᠯᠳᠠᠭ᠃ ᠠᠾᠦ᠋ᠩ ᠤᠨ ᠮᠠᠯᠠᠭᠠᠢ ᠶᠢ ᠴᠠᠭᠠᠨ | ᠪᠦᠰ ᠢᠶᠡᠷ ᠬᠦᠪᠡᠭᠡᠯᠡᠵᠤ᠂ ᠲᠤᠳᠤᠷ᠎ᠠ ᠨᠢ ᠬᠦᠪᠦᠩ ᠵᠤᠯᠠᠵᠤ | ᠬᠢᠳᠡᠭ᠃ ᠪᠠᠶᠢᠷᠢ ᠰᠠᠭᠤᠷᠢ ᠨᠢ ᠨᠡᠯᠢᠶᠡᠳ ᠲᠤᠤᠷ᠎ᠠ ᠠᠾᠦ᠋ᠩ ᠨᠢ | ᠨᠣᠮ ᠤᠩᠰᠢᠳᠠᠭ ᠬᠦᠮᠦᠨ ᠦ ᠮᠠᠯᠠᠭᠠᠢ ᠶᠢ ᠡᠮᠤᠰᠴᠤ᠂ ᠦᠨᠳᠦᠷ | ᠤᠷᠤᠢ ᠲᠠᠢ᠂ ᠡᠮᠤᠨ᠎ᠠ ᠬᠤᠶᠢᠨ᠎ᠠ ᠨᠢ ᠬᠤᠷᠴᠠ ᠦᠨᠴᠦᠭ ᠦᠭᠡᠢ | ᠪᠠᠶᠢᠳᠠᠭ᠃ ᠡᠮᠡᠭᠲᠡᠶᠢᠴᠦᠳ ᠦᠨ ᠮᠠᠯᠠᠭᠠᠢ ᠨᠢ ᠱᠤᠪᠤᠭᠤᠷ | ᠲᠦᠭᠦᠷᠢᠭᠡᠨ ᠤᠷᠤᠢ ᠲᠠᠢ᠂ ᠲᠤᠮᠳᠠ ᠪᠠᠨ ᠨᠠᠷᠢᠪᠳᠤᠷ ᠬᠤᠯᠤ | ᠬᠡᠯᠪᠡᠷᠢᠳᠡᠢ᠂ ᠠᠯᠳᠠᠨ ᠤᠳᠠᠰᠤ ᠪᠠᠷ ᠴᠡᠴᠡᠭ ᠦᠨ ᠬᠡ | ᠬᠠᠳᠬᠤᠭᠰᠠᠨ ᠪᠠᠶᠢᠳᠠᠭ᠃ ᠬᠤᠪᠴᠠᠰᠤ ᠨᠢ ᠪᠦᠷ ᠶᠡᠭᠡ ᠵᠠᠭᠠᠮ᠎ᠠ᠂ | ᠴᠢᠬᠤᠯ ᠬᠠᠨᠴᠦᠢ᠂ ᠵᠡᠭᠦᠨ ᠲᠠᠯ᠎ᠠ ᠳᠦ ᠪᠡᠨ ᠡᠩᠭᠡᠷ ᠲᠠᠢ | ᠪᠠᠶᠢᠳᠠᠭ᠃ ᠡᠮᠡᠭᠳᠡᠢ ᠬᠦᠮᠦᠨ ᠦ ᠬᠤᠪᠴᠠᠰᠤᠨ ᠤ ᠡᠩᠭᠡᠷ ᠲᠦ | ᠬᠤᠸᠠᠷ ᠬᠠᠳᠬᠤᠵᠤ᠂ ᠲᠤᠳᠤᠷ ᠬᠤᠪᠴᠠᠰᠤ ᠶᠢᠨ ᠤᠷᠳᠤ ᠨᠢ | ᠡᠪᠤᠳᠦᠭ ᠤᠨ ᠳᠤᠤᠭᠤᠷ ᠨᠢ ᠬᠦᠷᠳᠡᠭ᠃ ᠡᠷᠡᠭᠲᠡᠶᠢᠴᠦᠳ ᠨᠢ ᠤᠷᠳᠤ | ᠬᠡᠵᠢᠭᠡ ᠲᠠᠯᠪᠢᠬᠤ ᠦᠭᠡᠢ᠂ ᠰᠠᠬᠠᠯ ᠲᠠᠯᠪᠢᠳᠠᠭ︵ᠪᠤᠳᠠᠭ᠎ᠠ | ᠢᠳᠡᠬᠦ ᠳᠦ ᠲᠦᠭᠦᠮ ᠤᠨ ᠲᠤᠯᠠᠳᠠ ᠤᠷᠤᠭᠤᠯ ᠤᠨ ᠲᠡᠭᠡᠷᠡᠬᠢ | ᠰᠠᠬᠠᠯ ᠢᠶᠠᠨ ᠲᠡᠭᠰᠢᠭᠡᠨ ᠵᠠᠰᠠᠳᠠᠭ᠃︶ᠡᠮᠡᠭᠲᠡᠶᠢᠴᠦᠳ ᠨᠢ | ᠠᠷᠤ ᠲᠠᠯ᠎ᠠ ᠳᠦ ᠪᠡᠨ ᠤᠷᠳᠤ ᠭᠡᠵᠢᠭᠡ ᠭᠦᠷᠦᠵᠤ ᠤᠯᠠᠭᠠᠨ | ᠲᠣᠷᠭ᠎ᠠ ᠪᠠᠷ ᠤᠶᠠᠳᠠᠭ ᠪᠠ ᠪᠡᠯᠪᠡᠰᠦᠷᠡᠯ ᠬᠦᠢᠴᠡᠳᠬᠡᠬᠦ ᠳᠦ | ᠬᠥᠬᠡ ᠨᠣᠭᠣᠭᠠᠨ ᠦᠩᠭᠡ ᠶᠢᠨ ᠪᠦᠰ ᠢᠶᠠᠷ ᠭᠡᠵᠢᠭᠡ ᠪᠡᠨ | ᠤᠶᠠᠳᠠᠭ᠃ ᠡᠩ ᠦᠨ ᠦᠶ᠎ᠡ ᠳᠦ ᠮᠦᠩᠬᠦ ᠪᠤᠶᠤ ᠵᠠᠰ ᠡᠭᠡᠮᠦᠭ | ᠵᠡᠭᠦᠵᠤ᠂ ᠪᠠᠶᠠᠨ ᠬᠦᠮᠦᠨ ᠨᠢ ᠠᠯᠳᠠ ᠪᠣᠶᠣ ᠰᠤᠪᠤᠳ ᠤᠨ ᠰᠦᠢᠭᠡ | ᠵᠠᠰᠠᠯ ᠢ ᠬᠡᠷᠡᠭᠯᠡᠳᠡᠭ᠃ ᠴᠢᠯᠦᠭᠡᠯᠡᠭᠳᠡᠭᠰᠡᠨ ᠦ ᠳᠠᠷᠠᠭ᠎ᠠ | ᠬᠤᠳᠤᠩ ᠦᠨᠳᠦᠰᠤᠳᠠᠨ ᠤ ᠬᠤᠪᠴᠠᠰᠤ ᠨᠢ ᠬᠢᠲᠠᠳ ᠦᠨᠳᠦᠰᠦᠳᠡᠨ ᠦ | ᠬᠤᠪᠴᠠᠰᠤ ᠲᠠᠢ ᠳᠡᠮᠡᠢ ᠶᠡᠭᠡ ᠵᠦᠷᠢᠶ᠎ᠠ ᠦᠭᠡᠢ ᠪᠣᠯᠵᠠᠢ᠂ | ᠵᠦᠪᠬᠡᠨ ᠨᠠᠰᠤᠳᠠᠶᠢᠴᠤᠳ ᠨᠢ ᠬᠠᠶᠠ ᠵᠠᠷᠢᠮ ᠳᠦ ᠪᠡᠨ | ᠦᠨᠳᠦᠰᠦᠳᠡᠨ ᠦ ᠤᠨᠴᠠᠯᠢᠭ ᠲᠠᠢ ᠬᠤᠪᠴᠠᠰᠤ ᠵᠠᠰᠠᠯ᠂ ᠴᠠᠭᠠᠨ | ᠮᠠᠯᠠᠭᠠᠢ᠂ ᠰᠠᠬᠠᠯ ᠵᠠᠰᠠᠬᠤ ᠵᠡᠷᠭᠡ ᠲᠠᠯ᠎ᠠ ᠪᠠᠷ | ᠤᠯᠠᠮᠵᠢᠯᠠᠯᠳᠦ ᠤᠨᠴᠠᠯᠢᠭ ᠰᠢᠨᠵᠢ ᠪᠡᠨ ᠬᠠᠳᠠᠭᠠᠯᠠᠵᠤ | ᠪᠠᠶᠢᠳᠠᠭ᠃ | ᠮᠠᠨᠵᠤ ᠦᠨᠳᠦᠰᠦᠳᠡᠨ᠄ ᠲᠠᠰᠢᠶᠠᠪᠴᠢ ᠲᠡᠪᠡᠯ ᠨᠢ ᠮᠠᠨᠵᠤ | ᠦᠨᠳᠣᠰᠦᠳᠡᠨ ᠦ ᠬᠠᠮᠤᠭ ᠤᠨ ᠤᠨᠴᠠᠯᠢᠭᠲᠤ ᠬᠤᠪᠴᠠᠰᠤ | ᠪᠣᠯᠣᠨ᠎ᠠ᠃ ᠰᠤᠮᠤᠨ ᠬᠠᠨᠴᠣᠢ ᠲᠠᠢ᠂ ᠪᠠᠷᠠᠭᠤᠨ | ᠲᠠᠯ᠎ᠠ ᠳᠦ ᠪᠡᠨ ᠶᠡᠭᠡ ᠡᠩᠭᠡᠷ ᠲᠠᠢ᠂ ᠲᠦᠷᠪᠡᠨ ᠤᠨᠤᠭᠤ | ᠭᠠᠷᠭᠠᠵᠤ᠂ ᠪᠦᠰᠡ ᠪᠦᠰᠡᠯᠡᠨ᠂ ᠡᠮᠵᠢᠶᠡᠷᠢᠯᠠᠨ ᠴᠢᠮᠬᠢᠳᠠᠭ᠃ | ᠮᠠᠨᠵᠤ ᠦᠨᠳᠦᠰᠦᠳᠡᠨ ᠮᠤᠷᠢ ᠰᠠᠶᠢᠨ ᠤᠨᠤᠳᠠᠭ ᠢᠶᠠᠷ ᠢᠶᠠᠨ | ᠡᠷᠡᠭᠲᠡᠶᠢᠴᠦᠳ ᠦᠨ ᠲᠠᠰᠢᠶᠠᠪᠴᠢ ᠲᠡᠪᠡᠯ ᠨᠢ ᠰᠤᠮᠤᠨ ᠬᠠᠨᠴᠤᠢ | ᠲᠠᠢ᠂ ᠮᠠᠨᠵᠤ ᠬᠡᠯᠡᠨ ᠳᠤ ᠸᠠ ᠬᠠ ᠺᠠ ᠭᠡᠳᠡᠭ᠃ ᠰᠤᠮᠤᠨ | ᠬᠠᠨᠴᠤᠢ ᠶᠢᠨ ᠠᠮᠠᠰᠠᠷ ᠲᠡᠭᠡᠷ᠎ᠡ ᠨᠢ ᠪᠠᠷᠤᠭ ᠬᠠᠭᠠᠰ ᠲᠤᠬᠤᠢ | ᠤᠷᠳᠤ᠂ ᠬᠠᠭᠠᠰ ᠲᠤᠭᠤᠷᠢᠭ ᠬᠡᠯᠪᠡᠷᠢᠳᠦ ᠬᠠᠨᠴᠦᠢ ᠶᠢᠨ ᠦᠵᠦᠬᠦᠷ | ᠬᠢᠭᠰᠡᠨ ᠨᠢ ᠶᠠᠭ ᠮᠤᠷᠢᠨ ᠲᠤᠭᠤᠷᠠᠢ ᠶᠢᠨ ᠬᠡᠯᠪᠡᠷᠢ ᠲᠠᠢ | ᠪᠠᠶᠢᠳᠠᠭ᠃ ᠡᠨᠡ ᠨᠢ ᠬᠠᠷᠪᠣᠵᠣ ᠨᠠᠮᠨᠠᠬᠤ ᠪᠠ ᠭᠠᠷ ᠢᠶᠠᠨ | ᠲᠤᠯᠠᠭᠠᠯᠠᠬᠤ ᠳᠤ ᠠᠰᠢᠭᠳᠠᠢ ᠪᠠᠶᠢᠳᠠᠭ᠃ ᠡᠮᠡᠭᠳᠡᠢ ᠬᠦᠮᠦᠨ | ᠡᠩ ᠦᠨ ᠴᠠᠭ ᠲᠤ ᠦᠷᠭᠡᠨ ᠬᠠᠨᠴᠤᠢ ᠲᠠᠢ ᠲᠠᠰᠢᠶᠠᠪᠴᠢ | ᠲᠡᠪᠡᠯ︵ᠲᠠᠶᠢᠨ ᠳᠤ ᠮᠤᠷᠳᠠᠬᠤ ᠪᠣᠶᠤ ᠲᠦᠷᠦ ᠶᠢᠨ | ᠶᠠᠪᠤᠳᠠᠯ ᠳᠤ ᠤᠷᠤᠯᠴᠠᠪᠠᠯ ᠮᠦᠨ ᠯᠠ ᠰᠤᠮᠤᠨ ᠬᠠᠨᠴᠤᠢ ᠲᠠᠢ | ᠲᠠᠰᠢᠶᠠᠪᠴᠢ ᠳᠡᠪᠡᠯ ᠡᠮᠤᠰᠳᠡᠭ ︶ᠡᠮᠤᠰᠳᠡᠭ ᠮᠦᠷᠲᠡᠭᠡᠨ | ᠵᠠᠭᠠᠮ᠎ᠠ᠂ ᠡᠩᠭᠡᠷ᠂ ᠬᠠᠨᠴᠤᠢ ᠶᠢᠨ ᠬᠦᠪᠡᠭᠡ ᠶᠢ ᠭᠤᠶᠤ | ᠦᠵᠡᠮᠵᠢᠳᠡᠢ ᠡᠮᠵᠢᠶᠡᠷᠢᠯᠡᠵᠤ︵ᠡᠭᠦᠨ ᠢ ᠮᠠᠨᠵᠤ ᠬᠡᠯᠡᠨ ᠳᠦ | ᠲᠣᠣ ᠬᠠᠨ ᠭᠡᠳᠡᠭ︶᠂ ᠪᠡᠶ᠎ᠡ ᠳᠤ ᠪᠠᠨ ᠲᠤᠩ ᠰᠠᠶᠢᠬᠠᠨ | ᠲᠤᠬᠢᠷᠠᠭᠤᠯᠤᠨ ᠤᠶᠤᠳᠠᠭ᠃ ᠬᠠᠨᠵᠢᠶᠠᠷ ᠨᠢ ᠮᠠᠨᠵᠤᠴᠤᠳ ᠤᠨ | ᠡᠮᠤᠰᠬᠦ ᠳᠤᠷᠠᠲᠠᠢ ᠨᠢᠭᠡ ᠵᠦᠢᠯ ᠦᠨ ᠬᠤᠪᠴᠠᠰᠤ ᠵᠠᠰᠠᠯ ᠮᠦᠨ᠂ | ᠮᠠᠨᠵᠤ ᠬᠡᠯᠡᠨ ᠳᠦ ᠤᠯᠤᠨᠳᠠᠢ ᠭᠡᠳᠡᠭ᠂ ᠬᠢᠲᠠᠳ ᠦᠨᠳᠦᠰᠦᠳᠡᠨ ᠦ | ︽ᠡᠯᠢᠭᠡᠪᠴᠢ︾ ᠡᠴᠡ ᠤᠯᠠᠷᠢᠵᠤ ᠢᠷᠡᠭᠰᠡᠨ ᠶᠤᠮ᠃ | ᠬᠠᠨᠵᠢᠶᠠᠷ ᠲᠤ ᠭᠣᠣᠯ ᠡᠩᠭᠡᠷ ᠲᠠᠢ᠂ ᠶᠡᠬᠡ ᠡᠩᠭᠡᠷ ᠲᠠᠢ᠂ ᠫᠢᠫᠠ | ᠡᠩᠭᠡᠷ ᠲᠠᠢ ᠭᠡᠭᠦ ᠮᠡᠲᠦ ᠤᠯᠠᠨ ᠶᠠᠩᠵᠦ ᠶᠢᠨ ᠬᠡᠯᠪᠡᠷᠢ ᠪᠣᠢ᠃ | ᠮᠠᠨᠵᠤ ᠦᠨᠳᠤᠰᠤᠳᠠᠨ ᠫᠢᠫᠠ ᠡᠩᠭᠡᠷᠲᠦ ᠬᠠᠨᠵᠢᠶᠠᠷ ᠡᠮᠦᠰᠬᠦ | ᠲᠤᠷᠠᠳᠠᠢ᠂ ᠡᠩᠭᠡᠷ ᠢ ᠨᠢ ᠵᠠᠭᠠᠮ᠎ᠠ ᠠᠴᠠ ᠨᠢ ᠪᠠᠷᠠᠭᠤᠨ | ᠮᠦᠷᠦ ᠶᠢᠨ ᠲᠤᠤᠷ᠎ᠠ ᠲᠤᠯᠲᠠᠯ᠎ᠠ ᠨᠣᠮᠣᠨ ᠬᠡᠯᠪᠡᠷᠢᠳᠠᠢ | ᠤᠶᠤᠵᠤ᠂ ᠴᠡᠭᠡᠵᠢ ᠶᠢ ᠳᠠᠭᠠᠨ ᠡᠭᠴᠡ ᠳᠣᠭᠤᠭᠰᠢ ᠪᠠᠭᠤᠭᠠᠳ | ᠪᠦᠰᠡᠯᠡᠭᠦᠷ ᠬᠦᠷᠬᠦ ᠳᠦ ᠮᠤᠷᠤᠶᠢᠯᠭᠠᠨ ᠤᠶᠤᠨ᠎ᠠ᠃ ᠲᠤᠤᠷᠠᠳᠤ | ᠡᠩᠭᠡᠷ ᠢ ᠨᠢ ᠨᠢᠭᠡ ᠬᠡᠰᠡᠭ ᠲᠤᠲᠠᠭᠤ ᠲᠠᠯᠪᠢᠳᠠᠭ ᠨᠢ ᠮᠣᠷᠢ | ᠤᠨᠤᠬᠤ ᠳᠤ ᠲᠦᠭᠦᠮ ᠪᠠᠶᠢᠳᠠᠭ᠃ ᠬᠠᠨᠵᠢᠶᠠᠷ ᠪᠣᠯᠣᠨ | ᠬᠦᠷᠮ᠎ᠡ︵ᠮᠠᠨᠵᠤ ᠬᠡᠯᠡᠨ ᠳᠤ ᠧ ᠳ᠋ᠦᠸ᠋ᠸ ᠡᠾᠸ ᠭᠡᠳᠡᠭ︶ᠨᠢ | ᠲᠡᠮᠡᠢ ᠶᠡᠭᠡ ᠵᠦᠷᠢᠶ᠎ᠡ ᠦᠭᠡᠢ᠂ ᠬᠦᠷᠮ᠎ᠡ ᠨᠢ ᠦᠨᠳᠦᠷ ᠵᠠᠭᠠᠮ᠎ᠠ | ᠭᠣᠣᠯ ᠡᠩᠭᠡᠷ ᠲᠠᠢ᠂ ᠬᠦᠷᠮ᠎ᠡ ᠶᠢᠨ ᠤᠷᠲᠤ ᠨᠢ ᠪᠦᠰᠡᠯᠡᠭᠦᠷ | ᠬᠦᠷᠴᠦ ᠬᠠᠨᠴᠤᠢ ᠨᠢ ᠲᠤᠬᠤᠢ ᠬᠦᠷᠴᠦ᠂ ᠨᠡᠯᠢᠶᠡᠳ ᠠᠭᠤᠵᠢᠭᠤ | ᠮᠦᠷᠲᠡᠭᠡᠨ ᠲᠦᠷᠪᠡᠨ ᠣᠨᠣᠭᠣ ᠭᠠᠷᠭᠠᠨ᠂ ᠮᠣᠷᠢ ᠤᠨᠤᠬᠤ ᠪᠣᠶᠤ | ᠪᠠᠭᠤᠬᠤ ᠳᠤ ᠲᠦᠭᠦᠮ ᠪᠣᠯᠭᠠᠵᠠᠢ᠃ ᠮᠠᠨᠵᠤ ᠬᠦᠮᠦᠨ ᠪᠠᠰᠠ | ᠭᠤᠶᠠᠪᠴᠢ᠂ ᠮᠠᠨᠵᠤ ᠱᠠᠬᠠᠢ ᠡᠮᠦᠰᠳᠡᠭ ᠨᠢ ᠮᠦᠨᠴᠦ ᠮᠣᠷᠢᠲᠠᠨ | ᠦᠨᠳᠦᠰᠦᠳᠡᠨ ᠦ ᠤᠨᠴᠠᠯᠢᠭ ᠪᠣᠯᠣᠨ᠎ᠠ᠃ | ᠮᠠᠨᠵᠤ ᠦᠨᠳᠤᠰᠦᠳᠡᠨ ᠤ ᠡᠷᠡᠭᠲᠡᠢ ᠡᠮᠡᠭᠲᠡᠶᠢᠴᠦᠳ | ᠲᠤᠯᠤᠭᠠᠢ ᠶᠢᠨ ᠵᠠᠰᠠᠯ ᠢ ᠲᠤᠩ ᠶᠡᠭᠡ ᠡᠷᠬᠢᠮᠯᠡᠳᠡᠭ᠃ ᠴᠢᠩ | ᠤᠯᠤᠰ ᠤᠨ ᠦᠶ᠎ᠡ ᠳᠤ ᠡᠷᠡᠭᠲᠡᠶᠢᠴᠦᠳ ᠡᠮᠦᠨᠡᠬᠢ ᠦᠰᠦ ᠪᠡᠨ | ᠣᠬᠣᠷ ᠲᠠᠯᠪᠢᠬᠤ ᠪᠣᠶᠤ ᠬᠤᠰᠤᠵᠤ ᠭᠡᠵᠢᠭᠡ ᠭᠦᠷᠦᠵᠦ ᠪᠠᠶᠢᠵᠠᠢ᠃ | ᠵᠤᠯᠠᠢ ᠲᠡᠭᠡᠷᠡᠭᠢ ᠦᠰᠦ ᠪᠡᠨ ᠬᠤᠰᠤᠵᠤ᠂ ᠠᠷᠤ ᠳᠤᠬᠤᠨ ᠳ᠋ᠡᠬᠢ | ᠦᠰᠦ ᠪᠡᠨ ᠦᠯᠡᠳᠡᠭᠡᠵᠤ ᠭᠡᠵᠢᠭᠡ ᠭᠦᠷᠦᠭᠡᠳ ᠠᠷᠤ ᠳᠦ ᠪᠡᠨ | ᠲᠠᠯᠪᠢᠬᠤ ᠪᠣᠶᠤ ᠲᠤᠯᠤᠭᠠᠢ ᠲᠡᠭᠡᠷ᠎ᠡ ᠪᠡᠨ ᠤᠷᠢᠶᠠᠳᠠᠭ᠃ | ᠴᠠᠭᠠᠭᠴᠢᠨ ᠭᠠᠬᠠᠢ ᠵᠢᠯ ᠦᠨ ᠬᠤᠪᠢᠰᠬᠠᠯ ᠠᠴᠠ ᠰᠡᠭᠦᠯᠡᠷ᠂ | ᠡᠷᠡᠭᠲᠡᠶᠢᠴᠦᠳ ᠨᠢ ᠤᠷᠳᠤ ᠬᠡᠵᠢᠭᠡ ᠪᠡᠨ ᠬᠠᠶᠢᠴᠢᠯᠠᠪᠠ᠃ | ᠭᠡᠪᠡᠴᠤ ᠤᠳᠤ ᠪᠤᠯᠳᠠᠯ᠎ᠠ ᠬᠠᠷᠠᠴᠢᠨ ᠬᠤᠰᠢᠭᠤᠨ ᠤ ᠠᠷᠪᠠᠨ | ᠭᠡᠷ ᠦᠨ ᠮᠠᠨᠵᠤ ᠦᠨᠳᠤᠰᠤᠳᠠᠨ ᠤ ᠰᠢᠶᠠᠩ ᠦᠨ ᠨᠠᠶᠠ ᠭᠠᠷᠤᠭᠰᠠᠨ | ᠨᠠᠰᠤᠳᠠᠨ ᠮᠦᠨ ᠯᠠ ᠤᠷᠳᠤ ᠬᠡᠵᠢᠭᠡ ᠪᠡᠨ ᠦᠯᠡᠳᠡᠭᠡᠭᠰᠡᠭᠡᠷ᠃ | ᠡᠮᠡᠭᠲᠡᠶᠢᠴᠦᠳ ᠨᠢ ᠪᠠᠭ᠎ᠠ ᠶᠢᠨ ᠦᠶ᠎ᠡ ᠳᠤ ᠪᠠᠨ ᠬᠦᠤ | ᠬᠡᠤᠬᠡᠨ ᠭᠡᠰᠡᠨ ᠦᠭᠡᠢ ᠡᠮᠤᠨᠡᠬᠢ ᠪᠠᠨ ᠬᠤᠰᠤᠵᠤ | ᠠᠷᠤ ᠳᠦ ᠪᠡᠨ ᠬᠡᠵᠢᠭᠡ ᠬᠦᠷᠦᠨ᠎ᠡ᠂ ᠨᠠᠰᠤ ᠨᠢ ᠬᠦᠢᠴᠡᠵᠤ | ᠬᠤᠷᠢᠮᠯᠠᠭᠰᠠᠨ ᠤ ᠲᠠᠷᠠᠭ᠎ᠠ ᠰᠡᠶ᠋ᠢ ᠭᠡᠵᠢᠭᠡ ᠪᠠᠨ | ᠤᠷᠭᠤᠭᠤᠯᠵᠤ ᠱᠠᠩᠬᠤ ᠤᠷᠢᠶᠠᠳᠠᠭ᠃ ᠰᠦᠷᠦ ᠭᠡᠵᠢᠭᠡ᠂ ᠰᠡᠷᠡᠭᠡ | ᠭᠡᠵᠢᠭᠡ᠂ ᠬᠤᠶᠠᠷ ᠰᠠᠯᠠᠭ᠎ᠠ ᠭᠡᠵᠢᠭᠡ ᠭᠡᠬᠦ ᠮᠡᠳᠦ ᠶᠢᠨ | ᠬᠡᠯᠪᠡᠷᠢ ᠶᠠᠩᠵᠤ ᠪᠠᠶᠢᠬᠤ ᠮᠦᠷᠲᠡᠭᠡᠨ ᠲᠡᠭᠡᠷ᠎ᠡ ᠨᠢ ᠠᠯᠳᠠ | ᠮᠦᠩᠭᠦᠨ ᠬᠠᠳᠬᠤᠭᠤᠷ ᠪᠣᠯᠣᠨ ᠬᠤᠸᠠᠷ ᠬᠠᠳᠬᠤᠳᠠᠭ᠃ ᠮᠠᠨᠵᠤ | ᠦᠨᠳᠦᠰᠦᠳᠡᠨ ᠦ ᠡᠮᠡᠭᠲᠡᠶᠢᠴᠦᠳ ᠶᠡᠷᠤᠳᠡᠭᠡᠨ ᠴᠡᠯᠮᠡᠨ ᠪᠦᠰ | ᠪᠣᠶᠤ ᠱᠠ ᠪᠥᠰ ᠢᠶᠡᠷ ᠬᠢᠭᠰᠡᠨ ᠵᠢᠷᠭᠤᠭᠠᠨ ᠬᠡ ᠬᠠᠳᠬᠤᠮᠠᠯ | ᠲᠠᠢ᠂ ᠰᠠᠷᠠᠪᠴᠢ ᠲᠠᠢ ᠪᠦᠭᠡᠳ ᠠᠷᠤ ᠳᠦ ᠪᠡᠨ ᠪᠦᠴᠠ ᠲᠠᠢ | ᠲᠡᠭᠰᠢ ᠤᠷᠤᠶ ᠲᠠᠢ ᠮᠠᠯᠠᠭᠠᠢ ᠡᠮᠦᠰᠳᠡᠭ᠃ ᠵᠠᠯᠠᠭᠤ | ᠪᠦᠰᠡᠭᠦᠶᠢᠴᠤᠳ ᠪᠠᠰᠠ ᠬᠥᠬᠡ ᠴᠡᠯᠮᠡᠨ᠂ ᠬᠥᠬᠡ ᠲᠣᠷᠭ᠎ᠠ ᠪᠣᠶᠤ | ᠱᠠ ᠪᠥᠰ ᠢᠶᠡᠷ ᠬᠢᠭᠰᠡᠨ ᠲᠡᠪᠢᠭᠦᠷ ᠬᠡᠯᠪᠡᠷᠢᠳᠤ ᠮᠠᠯᠠᠭᠠᠢ | ᠡᠮᠦᠰᠳᠡᠭ᠂ ᠲᠡᠬᠦᠨ ᠢᠶᠡᠨ ᠮᠠᠨᠵᠤ ᠮᠠᠯᠠᠭᠠᠢ ᠭᠡᠳᠡᠭ᠃᠂ | ᠡᠷᠡᠭᠲᠡᠶᠢᠴᠦᠳ ᠨᠢ ᠵᠢᠵᠢᠭ ᠮᠠᠯᠠᠭᠠᠢ ( ᠡᠩ ᠦᠨ ᠮᠠᠯᠠᠭᠠᠢ )᠂ | ᠢᠰᠡᠭᠡᠢ ᠮᠠᠯᠠᠭᠠᠢ ᠡᠮᠦᠰᠳᠡᠭ᠃ ᠵᠢᠵᠢᠭ ᠮᠠᠯᠠᠭᠠᠢ ᠨᠢ ᠮᠢᠩ | ᠤᠯᠤᠰ ᠤᠨ ᠦᠶ᠎ᠡ ᠶᠢᠨ ᠮᠠᠯᠠᠭᠠᠢ ᠶᠢᠨ ᠬᠡᠯᠪᠡᠷᠢ ᠶᠢ | ᠲᠠᠭᠤᠷᠢᠶᠠᠵᠤ᠂ ᠵᠢᠷᠭᠤᠭᠠᠨ ᠬᠡᠰᠡᠭ ᠢ ᠨᠡᠶᠢᠯᠡᠬᠦᠯᠦᠨ | ᠤᠶᠤᠵᠤ᠂ ᠵᠢᠷᠭᠤᠭᠠᠨ ᠤᠯᠤᠰ ᠢ ᠨᠢᠭᠡᠳᠬᠡᠭᠰᠡᠨ ᠥᠯᠵᠡᠢ | ᠪᠡᠯᠭᠡ ᠶᠢᠨ ᠰᠠᠨᠠᠭ᠎ᠠ ᠶᠢ ᠢᠯᠡᠳᠭᠡᠭᠰᠡᠨ ᠪᠠᠶᠢᠳᠠᠭ᠃ | ᠬᠤᠷᠢᠳᠤᠭᠠᠷ ᠵᠠᠭᠤᠨ ᠤ ᠬᠤᠷᠢᠭᠠᠳ ᠣᠨ ᠠᠴᠠ ᠨᠠᠭᠠᠰᠢ᠂ ᠮᠠᠨᠵᠤ | ᠦᠨᠳᠣᠰᠣᠳᠡᠨ ᠤ ᠬᠤᠪᠴᠠᠰᠤ ᠵᠠᠰᠠᠯ ᠤᠨ ᠤᠨᠴᠠᠯᠢᠭ ᠨᠢ ᠢᠳᠡᠭ | ᠢᠳᠡᠭ ᠢᠶᠡᠷ ᠬᠢᠲᠠᠳ ᠦᠨᠳᠦᠰᠦᠳᠡᠨ ᠦ ᠬᠤᠪᠴᠠᠰᠤ ᠵᠠᠰᠠᠯ ᠯᠤᠭ᠎ᠠ | ᠠᠳᠠᠯᠢ ᠪᠣᠯᠵᠤ᠂ ᠣᠳᠤ ᠪᠣᠯᠬᠤ ᠳᠤ ᠲᠡᠮᠡᠢ ᠵᠦᠷᠢᠶ᠎ᠡ ᠦᠭᠡᠢ | ᠪᠣᠯᠵᠠᠢ᠃ | ᠰᠣᠯᠣᠩᠭᠣᠰ ᠦᠨᠳᠦᠰᠦᠳᠡᠨ᠄ ᠰᠤᠯᠤᠩᠭᠤᠰ ᠦᠨᠳᠦᠰᠦᠳᠡᠨ ᠴᠡᠪᠡᠷ | ᠪᠤᠷᠤᠭᠵᠢᠭᠤᠨ ᠢ ᠡᠷᠬᠢᠮᠯᠡᠵᠤ᠂ ᠦᠷᠭᠦᠯᠵᠢ ᠴᠠᠶᠢᠪᠣᠷ ᠴᠠᠭᠠᠨ | ᠦᠩᠭᠡ ᠶᠢᠨ ᠬᠤᠪᠴᠠᠰᠤ ᠡᠮᠦᠰᠳᠡᠭ᠃ ᠵᠠᠯᠠᠭᠤ ᠢᠳᠡᠷ | ᠡᠷᠡᠭᠲᠡᠶᠢᠴᠦᠳ ᠨᠢ ᠴᠠᠭᠠᠨ ᠬᠤᠪᠴᠠᠰᠤ ᠡᠮᠤᠰᠬᠦ ᠦᠭᠡᠢ ᠴᠦ | ᠭᠡᠰᠡᠨ ᠬᠤᠪᠴᠠᠰᠤᠨ ᠡᠩᠭᠡᠷ ᠲᠤᠨᠢ ᠨᠢᠭᠡᠨ ᠵᠤᠷᠪᠤᠰ ᠴᠠᠭᠠᠨ ᠪᠦᠰ | ᠬᠦᠪᠡᠭᠡ ᠲᠠᠢ᠃ ᠲᠡᠷᠡ ᠨᠢ ᠬᠤᠪᠴᠠᠰᠤ ᠪᠠᠨ ᠬᠠᠨᠵᠠᠯᠤᠨ ᠤᠬᠢᠶᠠᠬᠤ | ᠵᠢᠴᠢ ᠬᠤᠪᠴᠠᠰᠤᠨ ᠤ ᠠᠷᠢᠭᠤᠨ ᠴᠡᠪᠡᠷ ᠢ ᠬᠠᠮᠠᠭᠠᠯᠠᠬᠤ ᠳᠤ | ᠠᠰᠢᠭᠳᠠᠢ ᠪᠠᠶᠢᠳᠠᠭ᠃ ᠡᠮᠡᠭᠲᠡᠶᠢᠴᠦᠳ ᠨᠢ ᠬᠤᠨᠳᠤᠨ᠂ ᠴᠡᠩᠬᠡᠷ᠂ | ᠭᠡᠶᠢᠪᠤᠷ ᠨᠤᠭᠤᠭᠠᠨ ᠵᠡᠷᠭᠡ ᠦᠩᠭᠡ ᠪᠣᠳᠤᠭ ᠨᠢ ᠢᠯᠭᠠᠷᠠᠭᠰᠠᠨ | ᠣᠬᠣᠷ ᠬᠦᠷᠮ᠎ᠡ ᠤᠷᠲᠤ ᠪᠠᠩᠵᠠᠯ ᠡᠮᠦᠰᠴᠦ᠂ ᠦᠩᠬᠡ ᠪᠣᠳᠤᠭ ᠪᠦᠬᠦᠢ | ᠤᠩᠭᠤᠴᠨ ᠬᠡᠯᠪᠡᠷᠢᠲᠦ ᠭᠤᠮ ᠱᠠᠬᠠᠢ ᠡᠮᠤᠰᠳᠡᠭ᠃ ᠵᠢᠰᠢᠭᠦᠦ | ᠡᠩᠭᠡᠷ ᠲᠠᠢ᠂ ᠲᠤᠪᠴᠢ ᠦᠭᠡᠢ᠂ ᠬᠠᠨᠴᠤᠢ ᠶᠢᠨ ᠲᠤᠬᠤᠢ ᠶᠢᠨ | ᠬᠡᠰᠡᠭ ᠦᠨ ᠠᠭᠤᠵᠢᠮ ᠨᠢ ᠲᠤᠬᠢᠷᠠᠮᠵᠢᠳᠠᠢ᠂ ᠬᠠᠨᠴᠤᠢ ᠶᠢᠨ | ᠠᠮᠠᠰᠠᠷ ᠨᠢ ᠪᠠᠷᠢᠭᠤ᠂ ᠡᠩᠭᠡᠷ ᠦᠨ ᠵᠢᠭᠠᠬᠠᠨ ᠪᠠᠷᠠᠭᠤᠨ | ᠬᠡᠰᠡᠭ ᠲᠦ ᠤᠷᠳᠤ ᠪᠥᠰ ᠪᠦᠴᠡ ᠪᠡᠷ ᠡᠷᠪᠡᠬᠡᠢ ᠵᠠᠩᠭᠢᠳᠤᠭᠰᠠᠨ | ᠣᠬᠣᠷ ᠬᠦᠷᠮ᠎ᠡ ᠶᠢ ︽ᠰᠸ ᠭᠣᠣ ᠯᠢ︾ ᠭᠡᠵᠤ ᠬᠡᠯᠡᠳᠡᠭ᠃ | ᠪᠠᠩᠵᠠᠯ ᠢ ᠰᠤᠯᠤᠩᠭᠤᠰ ᠬᠡᠯᠡᠨ ᠳᠦ ︽ᠴᠢ ᠮᠠ︾ ᠭᠡᠵᠤ᠂ | ᠤᠷᠢᠶᠠᠯᠳᠤᠭᠰᠠᠨ ᠪᠠᠩᠵᠠᠯ ᠪᠣᠷᠳᠤᠭᠤᠨ ᠪᠠᠩᠵᠡᠯ ᠭᠡᠵᠤ ᠬᠤᠶᠠᠷ | ᠵᠦᠢᠯ ᠪᠠᠶᠢᠳᠠᠭ᠃ ᠤᠷᠢᠶᠠᠯᠳᠤᠭᠰᠠᠨ ᠪᠠᠩᠵᠠᠯ ᠨᠢ ᠦᠷᠭᠡᠨ ᠪᠦᠰᠡ | ᠲᠠᠢ᠂ ᠤᠯᠠᠨ ᠨᠠᠷᠢᠨ ᠨᠤᠭᠤᠯᠤᠭ᠎ᠠ ᠲᠠᠢ᠂ ᠤᠨᠤᠭᠤ ᠲᠠᠢ ᠪᠦᠭᠡᠳ | ᠤᠷᠳᠤ ᠨᠢ ᠬᠥᠯ ᠦᠨ ᠪᠣᠷᠪᠢ ᠬᠦᠷᠳᠡᠭ᠃ ᠡᠨᠡ ᠬᠦ ᠬᠦᠯ ᠤᠷᠢᠶᠠᠮᠠᠷ | ᠤᠷᠳᠤ ᠪᠠᠩᠵᠡᠯ ᠢ ᠡᠮᠦᠰᠬᠦ ᠳᠦ᠂ ᠴᠤᠯᠭᠤᠢ ᠴᠠᠭᠠᠨ ᠦᠩᠭᠡ ᠶᠢᠨ | ᠬᠤᠪᠴᠠᠰᠤ ᠪᠣᠶᠤ ᠪᠠᠩᠵᠠᠯ ᠢ ᠲᠤᠳᠤᠷ ᠨᠢ ᠳᠠᠪᠬᠤᠷᠯᠠᠨ ᠡᠮᠦᠰᠴᠦ᠂ | ᠬᠤᠷᠮᠦᠢ ᠪᠠᠨ ᠳᠡᠭᠡᠭᠰᠢ ᠡᠷᠭᠦᠨ ᠪᠦᠰᠡᠨ ᠳᠦ ᠪᠡᠨ | ᠬᠠᠪᠴᠢᠭᠤᠯᠳᠠᠭ ᠴᠦ ᠪᠣᠢ᠃ ᠪᠣᠷᠳᠤᠭᠤᠨ ᠪᠠᠩᠵᠠᠯ ᠭᠡᠳᠡᠭ ᠨᠢ | ᠲᠡᠭᠡᠷ᠎ᠡ ᠲᠠᠯ᠎ᠠ ᠳ᠋ᠤᠨᠢ ᠴᠠᠭᠠᠨ ᠪᠦᠰ ᠡᠯᠢᠭᠡᠪᠴᠢ ᠲᠠᠢ᠂ | ᠡᠮᠦᠨ᠎ᠡ ᠡᠩᠭᠡᠷ ᠲᠦ᠋ᠨᠢ ᠲᠤᠪᠴᠢ ᠬᠠᠳᠠᠵᠤ᠂ ᠲᠤᠮᠳᠠᠭᠤᠷ ᠨᠢ | ᠠᠪᠴᠢᠵᠤ ᠰᠤᠨᠤᠬᠤ ᠴᠢᠨᠠᠷ ᠢᠶᠠᠷ ᠴᠢᠩᠭ᠎ᠠ ᠤᠯᠠᠨ ᠨᠠᠷᠢᠨ | ᠨᠤᠭᠤᠯᠤᠭᠠᠰᠤ ᠲᠠᠢ᠂ ᠪᠡᠶ᠎ᠠ ᠳᠤ ᠪᠠᠨ ᠲᠤᠬᠢᠷᠠᠭᠤᠯᠤᠨ ᠤᠶᠤᠳᠠᠭ | ᠪᠣᠷᠳᠤᠭᠤ ᠬᠡᠯᠪᠡᠷᠢᠳᠡᠢ ᠪᠠᠩᠵᠠᠯ ᠪᠣᠯᠣᠨ᠎ᠠ᠃ ᠡᠮᠡᠭᠡᠳ | ᠬᠦᠭᠰᠢᠳ ᠤᠨ ᠤᠯᠠᠩᠬᠢ ᠨᠢ ᠤᠷᠢᠶᠠᠯᠳᠤᠭᠰᠠᠨ ᠪᠠᠩᠵᠠᠯ ᠡᠮᠤᠰᠴᠤ᠂ | ᠲᠤᠯᠤᠭᠠᠢ ᠪᠠᠨ ᠤᠷᠳᠤ ᠲᠦᠷᠪᠡᠯᠵᠢᠨ ᠴᠠᠭᠠᠨ ᠠᠯᠴᠢᠭᠤᠷ ᠢᠶᠠᠷ | ᠲᠦᠪᠯᠡᠭᠦᠨ ᠰᠠᠶᠢᠬᠠᠨ ᠤᠷᠢᠶᠠᠳᠠᠭ ᠵᠠᠩᠰᠢᠯ ᠲᠠᠢ᠃ | ᠡᠷᠡᠭᠲᠡᠶᠢᠴᠦᠳ ᠦᠨ ᠬᠤᠪᠴᠠᠰᠤ ᠳᠤ ᠭᠣᠣᠯᠳᠠᠭᠤ ᠣᠯᠣᠨᠳᠠᠢ᠂ | ᠬᠠᠨᠵᠢᠶᠠᠷ ᠦᠮᠦᠳᠦ᠂ ᠲᠡᠪᠡᠯ ᠵᠡᠷᠭᠡ ᠪᠠᠶᠢᠳᠠᠭ ᠪᠠ ᠲᠡᠭᠡᠷ᠎ᠡ | ᠬᠤᠪᠴᠠᠰᠤ ᠨᠢ ᠬᠠᠴᠢᠨ ᠣᠬᠣᠷ᠂ ᠦᠮᠦᠳᠦᠨ ᠠᠯᠠ ᠨᠢ ᠠᠭᠤᠵᠢᠮ᠂ | ᠡᠮᠦᠰᠬᠦ ᠳᠤ ᠪᠠᠨ ᠦᠮᠦᠳᠦᠨ ᠰᠢᠷᠬᠤᠨᠠᠭ ᠤᠨ ᠲᠤᠤᠷ᠎ᠠ | ᠬᠡᠰᠡᠭ ᠢ ᠪᠥᠰ ᠢᠶᠡᠷ ᠤᠷᠢᠶᠠᠳᠠᠭ᠃ ᠭᠠᠳᠠᠭᠰᠢ ᠭᠠᠷᠬᠤ ᠳᠦ | ᠵᠢᠰᠢᠭᠦᠦ ᠡᠩᠭᠡᠷ ᠲᠠᠢ ᠪᠥᠰ ᠪᠦᠰᠡᠯᠡᠭᠦᠷ ᠲᠠᠢ ᠲᠤᠪᠴᠢ ᠲᠠᠢ | ᠲᠡᠷᠯᠢᠭ ᠲᠠᠪᠬᠤᠷᠯᠠᠨ ᠡᠮᠦᠰᠳᠡᠭ᠃ ᠠᠬᠢᠮᠠᠭ ᠨᠠᠰᠤᠨ ᠤ | ᠡᠷᠡᠭᠲᠡᠶᠢᠴᠦᠳ ᠨᠢ ᠴᠠᠭᠠᠨ ᠬᠤᠪᠴᠠᠰᠤ ᠡᠮᠦᠰᠴᠦ᠂ ᠢᠳᠡᠷᠴᠤᠳ ᠨᠢ | ᠬᠦᠷᠠᠩ ᠬᠤᠪᠴᠠᠰᠤ ᠡᠮᠦᠰᠬᠦ ᠲᠤᠷᠠᠳᠠᠢ ᠪᠠᠶᠢᠳᠠᠭ᠃ ᠤᠷᠴᠢᠮ ᠤᠨ | ᠵᠢᠯ ᠡᠴᠡ ᠰᠤᠯᠤᠩᠭᠤᠰ ᠦᠨᠳᠦᠰᠦᠳᠡᠨ ᠦ ᠡᠮᠤᠰᠬᠡᠯ ᠵᠠᠰᠠᠯ | ᠳ᠋ᠤᠨᠢ ᠬᠤᠪᠢᠷᠠᠯᠳᠠ ᠭᠠᠷᠴᠤ᠂ ᠬᠢᠲᠠᠳ ᠬᠤᠪᠴᠠᠰᠤ᠂ ᠡᠸᠦ᠋ᠷᠦᠫᠡ | ᠬᠤᠪᠴᠠᠰᠤ ᠶᠢ ᠨᠡᠶᠢᠳᠡᠮ ᠡᠮᠦᠰᠬᠦ ᠪᠣᠯᠵᠤ᠂ ᠦᠨᠳᠦᠰᠦᠳᠡᠨ ᠦ | ᠬᠤᠪᠴᠠᠰᠤ ᠪᠠᠨ ᠵᠦᠪᠬᠡᠨ ᠪᠠᠶᠠᠷ ᠲᠤᠷᠠᠰᠬᠠᠯ ᠤᠨ ᠡᠳᠦᠷ ᠪᠣᠶᠣ | ᠦᠪᠡᠳᠡᠭᠰᠢ ᠶᠤᠰᠤᠯᠠᠯ ᠤᠨ ᠠᠵᠢᠯᠯᠠᠭᠠᠨ ᠳᠤ ᠯᠠ ᠰᠠᠶ᠋ᠢ | ᠡᠮᠤᠰᠬᠦ ᠪᠣᠯᠵᠠᠢ᠃ | | |