ᠮᠣᠩᠭᠤᠯ ᠦᠨᠳᠦᠰᠦᠳᠡᠨ ᠪᠢᠯᠢᠭ ᠤᠨ ᠤᠯᠠᠷᠢᠯ ᠤᠨ | ᠨᠢᠭᠡᠳᠦᠭᠡᠷ ᠰᠠᠷ᠎ᠠ ᠶᠢ ︽ᠴᠠᠭᠠᠨ ᠰᠠᠷ᠎ᠠ︾ ᠭᠡᠳᠡᠭ᠃ ᠲᠠᠷᠤᠢ | ᠥᠯᠵᠡᠢ ᠮᠥᠷ ᠲᠠᠢ ᠵᠣᠯ ᠵᠢᠷᠭᠠᠯ ᠲᠠᠢ ᠰᠠᠷ᠎ᠠ᠂ ᠪᠠᠰᠠ︽ᠰᠢᠨ᠎ᠡ | ᠵᠢᠯ︾ ᠭᠡᠵᠤ ᠬᠡᠯᠡᠳᠡᠭ᠃ ᠮᠤᠩᠭᠤᠯᠴᠤᠳ ᠶᠡᠷᠤᠳᠡᠭᠡᠨ ᠬᠥᠬᠡᠭᠡ | ᠰᠠᠷ᠎ᠠ ᠶᠢᠨ ᠲᠤᠮᠳᠠᠴᠢ ᠠᠴᠠ ᠴᠡᠪᠡᠷᠯᠡᠭᠡ ᠪᠡᠨ ᠡᠬᠢᠯᠡᠨ | ᠬᠢᠵᠤ᠂ ᠢᠳᠡᠭᠡᠨ ᠤᠮᠳᠠᠭᠠᠨ ᠬᠤᠪᠴᠠᠰᠤ ᠬᠤᠨᠠᠷ ᠠᠴᠠ ᠡᠬᠢᠯᠡᠨ | ᠬᠡᠷᠡᠭᠯᠡᠬᠦ ᠵᠦᠢᠯ ᠢᠶᠡᠨ ᠪᠡᠯᠡᠳᠭᠡᠳᠡᠭ᠃ ᠨᠠᠶᠢᠵᠠ ᠨᠥᠬᠥᠳ | ᠪᠣᠯᠣᠨ ᠬᠥᠷᠰᠢ ᠵᠡᠷᠭᠡᠯᠡᠳᠡᠭᠡ ᠶᠢᠨ ᠬᠢᠨ ᠳᠤ ᠪᠠᠨ ᠴᠠᠭᠠᠨ | ᠬᠠᠳᠠᠭ ᠲᠠᠢ ᠬᠦᠯᠳᠡᠭᠦᠤ ᠮᠢᠬ᠎ᠠ ᠵᠡᠷᠭᠡ ᠪᠡᠯᠡᠭ ᠬᠦᠷᠭᠡᠳᠡᠭ ᠪᠠ | ᠨᠡᠩ ᠴᠦ ᠦᠢᠷ᠎ᠠ ᠲᠦᠷᠦᠯ ᠪᠤᠶᠤ ᠠᠬᠠᠮᠠᠳ ᠲᠤ ᠪᠠᠨ ᠪᠦᠬᠦᠯᠢ | ᠦᠬᠡᠷ ᠪᠦᠬᠦᠯᠢ ᠬᠤᠨᠢ ᠶᠢᠨ ᠪᠡᠯᠡᠭ ᠬᠦᠷᠭᠡᠳᠡᠭ᠃ | ᠡᠮᠡᠭᠲᠡᠶᠢᠴᠦᠳ ᠨᠢ ᠰᠢᠨ᠎ᠡ ᠵᠢᠯ ᠳᠦ ᠡᠮᠤᠰᠬᠦ ᠬᠤᠪᠴᠠᠰᠤ | ᠬᠤᠨᠠᠷ᠂ ᠬᠠᠳᠬᠤᠮᠠᠯ ᠭᠣᠳᠤᠯ᠂ ᠨᠠᠭᠠᠮᠠᠯ ᠭᠤᠲᠤᠯ ᠣᠶᠣᠨ | ᠶᠠᠭᠠᠷᠠᠬᠤ ᠳᠤ᠂ ᠡᠷᠡᠭᠲᠡᠶᠢᠴᠦᠳ ᠨᠢ ᠬᠠᠷᠢᠨ ᠡᠮᠡᠬᠡᠯ | ᠬᠠᠵᠠᠭᠠᠷ ᠨᠣᠭᠲᠣ ᠵᠡᠷᠭᠡ ᠪᠡᠨ ᠵᠠᠰᠠᠨ ᠴᠢᠮᠡᠵᠤ ᠶᠠᠭᠠᠷᠠᠳᠠᠭ᠃ | ᠪᠠᠰᠠ ᠰᠠᠳᠤᠨ ᠰᠦᠯᠪᠡᠭᠡ ᠨᠠᠶᠢᠵᠠ ᠨᠥᠬᠥᠳ ᠤᠯᠠᠨ ᠠᠶᠢᠯ ᠨᠢ | ᠴᠠᠭᠠᠨ ᠢᠳᠡᠭᠡᠨ ᠪᠣᠯᠣᠨ ᠠᠷᠢᠬᠢ ᠲᠠᠮᠠᠬᠢ ᠴᠠᠢ ᠰᠢᠬᠢᠷ ᠵᠡᠷᠭᠡ | ᠵᠤᠴᠢᠯᠠᠬᠤ ᠵᠦᠢᠯ ᠪᠣᠯᠣᠨ ᠪᠡᠯᠡᠭ ᠰᠡᠯᠲᠡ ᠬᠤᠳᠠᠯᠳᠤᠨ ᠠᠪᠳᠠᠭ᠃ | ᠪᠢᠳᠡᠬᠦᠨ ᠦ ᠡᠳᠤᠷ ᠪᠣᠯ ᠶᠤᠰᠤ ᠵᠠᠩᠰᠢᠯ ᠬᠠᠮᠤᠭ ᠠᠷᠪᠢᠨ | ᠨᠢᠭᠡᠨ ᠡᠳᠦᠷ ᠪᠣᠯᠣᠨ᠎ᠠ᠃ ᠪᠢᠳᠡᠬᠦᠨ ᠦ ᠡᠮᠦᠨ᠎ᠠ ᠡᠳᠦᠷ ᠡᠴᠡ | ᠡᠬᠢᠯᠡᠭᠡᠳ ᠮᠠᠯᠴᠢᠳ ᠲᠤᠰᠬᠠᠢ ᠴᠠᠭᠠᠨ ᠰᠠᠷ᠎ᠠ ᠳᠤ ᠵᠤᠷᠢᠭᠤᠯᠵᠤ | ᠡᠪᠣᠯ ᠤᠨ ᠢᠳᠡᠰᠢᠨ ᠦᠶ᠎ᠡ ᠶᠢᠨ ᠪᠡᠯᠡᠳᠬᠡᠨ ᠬᠠᠳᠠᠭᠠᠯᠠᠭᠰᠠᠨ | ᠦᠬᠡᠷ ᠬᠤᠨᠢᠨ ᠤ ᠲᠤᠯᠤᠭᠠᠢ ᠰᠢᠬᠢᠷ᠎ᠠ ᠶᠢ ᠬᠤᠶᠢᠬᠠᠯᠠᠵᠤ | ᠤᠬᠢᠶᠠᠨ ᠴᠡᠪᠡᠷᠯᠡᠵᠤ ᠲᠣᠭᠤᠭᠠᠨ ᠳᠤ ᠪᠠᠨ ᠬᠢᠵᠤ ᠴᠢᠨᠠᠳᠠᠭ᠃ | ᠪᠢᠳᠡᠭᠦᠨ ᠦ ᠡᠳᠦᠷ ᠦᠨ ᠯᠤᠤ ᠴᠠᠭ ᠲᠤ᠂ ᠪᠣᠷᠬᠠᠨ ᠢᠶᠠᠨ | ᠰᠠᠶᠢᠬᠠᠨ ᠵᠦᠯᠭᠦᠨ ᠠᠷᠴᠢᠵᠤ ᠤᠷᠤᠨ ᠳ᠋ᠤᠨᠢ ᠲᠡᠭᠰᠢᠭᠡᠨ | ᠲᠠᠯᠪᠢᠨ᠂ ᠲᠠᠬᠢᠯᠭ᠎ᠠ ᠶᠢᠨ ᠰᠢᠷᠡᠭᠡᠨ ᠲᠡᠭᠡᠷ᠎ᠠ ᠴᠠᠭᠠᠨ | ᠢᠳᠡᠭᠡᠨ᠂ ᠪᠣᠤᠪᠤ ᠪᠣᠭᠤᠷᠰᠤᠭ ᠵᠢᠮᠢᠰ ᠵᠡᠷᠭᠡ ᠲᠠᠬᠢᠯᠭ᠎ᠠ ᠶᠢᠨ | ᠡᠳ᠋ ᠢᠶᠡᠨ ᠲᠠᠯᠪᠢᠵᠤ᠂ ᠵᠤᠯᠠ ᠳᠦ ᠪᠡᠨ ᠰᠢᠨ᠎ᠡ ᠰᠢᠷ᠎ᠠ ᠲᠤᠰᠤ | ᠨᠡᠮᠡᠨ᠂ ᠮᠦᠩᠭᠡ ᠶᠢᠨ ᠵᠤᠯᠠ ᠪᠠᠨ ᠠᠰᠠᠭᠠᠨ᠎ᠠ᠃ ᠨᠠᠷᠠᠨ | ᠮᠠᠨᠳᠤᠬᠤ ᠶᠢᠨ ᠦᠶ᠎ᠡ ᠪᠡᠷ ᠤᠷᠢᠳᠡᠪᠠᠷ ᠴᠢᠨᠠᠵᠤ ᠪᠣᠯᠭᠤᠭᠰᠠᠨ | ᠬᠤᠨᠢᠨ ᠲᠤᠯᠤᠭᠠᠢ ᠡᠴᠡ ᠨᠢᠭᠡ ᠶᠢ ᠱᠦᠭᠦᠨ ᠭᠠᠷᠭᠠᠵᠤ | ᠪᠣᠷᠬᠠᠨ ᠢᠶᠡᠨ ᠲᠠᠬᠢᠭᠰᠠᠨ ᠦ ᠲᠠᠷᠠᠭ᠎ᠠ᠂ ᠭᠡᠷ ᠦᠨ ᠠᠬᠠᠮᠠᠳ | ᠨᠢ ᠲᠠᠪᠠᠭ ᠲᠤ ᠲᠠᠯᠪᠢᠭᠰᠠᠨ ᠮᠢᠬᠠᠨ ᠠᠴᠠ ᠨᠢᠭᠡ ᠬᠡᠰᠡᠭ | ᠤᠭᠳᠤᠯᠤᠨ ᠠᠪᠴᠤ ᠳᠡᠭᠡᠵᠢ ᠶᠢ ᠨᠢ ᠠᠮᠰᠠᠭᠰᠠᠨ ᠤ ᠳᠠᠷᠠᠭ᠎ᠠ᠂ | ᠬᠡᠤᠬᠡᠳ ᠠᠴᠢ ᠨᠠᠷ ᠨᠢ ᠠᠬᠠᠮᠠᠳ ᠨᠠᠰᠤᠳᠠᠨ ᠳᠦ ᠪᠡᠨ ᠠᠷᠢᠬᠢ | ᠪᠠᠷᠢᠨ ᠢᠷᠤᠭᠡᠯ ᠰᠤᠨᠤᠰᠳᠠᠭ᠃ ᠢᠩᠬᠢᠭᠡᠳ ᠰᠠᠶ᠋ᠢ ᠪᠦᠬᠦ ᠭᠡᠷ | ᠪᠦᠯᠢ ᠪᠡᠷ ᠢᠶᠡᠨ ᠳᠤᠭᠤᠶᠢᠯᠠᠨ ᠰᠠᠭᠤᠯᠴᠠᠵᠤ ᠲᠤᠯᠤᠭᠠᠢ | ᠰᠢᠭᠢᠷ᠎ᠡ ᠮᠦᠯᠵᠢᠵᠦ ᠡᠷᠲᠡ ᠶᠢᠨ ᠬᠣᠭᠣᠯᠠ ᠪᠠᠨ | ᠢᠳᠡᠵᠡᠭᠡᠳᠡᠭ᠃ ᠳᠡᠭᠵᠢᠨ ᠬᠡᠤᠬᠡᠳ ᠲᠡᠭᠦᠤᠨᠠᠷ ᠨᠢ ᠮᠦᠯᠵᠢᠭᠰᠡᠨ | ᠶᠠᠰᠤ ᠪᠠᠨ ᠮᠤᠷᠳᠠᠭᠠᠳᠤᠢ ᠬᠡᠤᠬᠡᠨ ᠤ ᠨᠡᠷ᠎ᠡ ᠪᠡᠷ | ᠨᠡᠷᠡᠯᠡᠵᠤ ᠨᠢᠭᠡ ᠮᠦᠷ ᠵᠢᠭᠰᠠᠭᠠᠨ ᠲᠠᠯᠪᠢᠭᠠᠳ᠂ ᠨᠣᠬᠠᠢ ᠶᠢ | ᠳᠠᠭᠤᠳᠠᠨ ᠢᠳᠡᠬᠦᠯᠳᠡᠭ᠂ ᠨᠣᠬᠠᠢ ᠨᠡᠷᠡᠯᠡᠭᠰᠡᠨ ᠶᠠᠰᠤ ᠶᠢᠨ | ᠠᠯᠢ ᠶᠢ ᠨᠢ ᠤᠷᠢᠲᠠᠵᠤ ᠵᠠᠭᠤᠵᠤ ᠶᠠᠪᠣᠪᠠᠯ ᠲᠠᠷᠤᠢ ᠲᠡᠷᠡ | ᠬᠡᠤᠬᠡᠨ ᠤᠷᠢᠳᠠᠪᠠᠷ ᠰᠠᠶᠢᠨ ᠠᠶᠢᠯ ᠳᠤ ᠮᠤᠷᠳᠠᠨ᠎ᠠ ᠭᠡᠳᠡᠭ᠃ | ᠢᠩᠭᠢᠵᠤ ᠬᠡᠤᠬᠡᠨᠴᠤᠳ ᠢᠶᠠᠷ ᠨᠠᠭᠠᠳᠴᠤ ᠱᠣᠭᠯᠠᠨ ᠪᠠᠶᠠᠷ ᠤᠨ | ᠡᠳᠦᠷ ᠦᠨ ᠵᠤᠭ᠎ᠠ ᠴᠡᠩᠬᠡᠯ ᠢᠶᠡᠨ ᠪᠣᠯᠭᠠᠳᠠᠭ᠃ ᠡᠮᠦᠨ᠎ᠠ | ᠬᠤᠰᠢᠭᠤ ᠰᠢᠶᠠᠨ ᠤ ᠵᠠᠷᠢᠮ ᠨᠢ ᠪᠠᠰᠠ ᠬᠦᠷᠢᠶᠠᠨ ᠤ ᠪᠠᠨ | ᠳᠣᠲᠤᠷᠠᠬᠢ ᠪᠠᠷᠠᠭᠤᠨ ᠡᠮᠦᠨ᠎ᠡ ᠪᠣᠯᠤᠩ ᠳᠤ ᠬᠦᠯᠳᠡᠭᠦᠰᠦ | ᠣᠪᠣᠭᠠᠯᠠᠨ︽ᠲᠡᠭᠷᠢ ᠣᠪᠣᠭ᠎ᠠ︾ ᠪᠣᠰᠬᠠᠵᠤ᠂ ᠤᠷᠤᠢ ᠲᠡᠭᠷᠢ | ᠲᠠᠬᠢᠬᠤ ᠳᠤ ᠪᠡᠯᠡᠳᠬᠡᠳᠡᠭ᠃ ᠬᠤᠶᠢᠳᠦ ᠬᠡᠰᠡᠭ ᠦᠨ ᠠᠷᠤ | ᠬᠤᠷᠴᠢᠨ ᠪᠠᠭᠠᠷᠢᠨ ᠵᠡᠷᠭᠡ ᠬᠣᠰᠢᠭᠤ ᠨᠢ ᠪᠢᠲᠡᠭᠦᠨ ᠦ ᠰᠦᠨᠢ | ᠪᠠᠰᠠ ᠡᠪᠣᠭᠡ ᠳᠡᠭᠡᠳᠦᠰ ᠢᠶᠡᠨ ᠲᠠᠬᠢᠳᠠᠭ ᠴᠦ ᠪᠣᠢ᠃ | ᠪᠢᠲᠡᠭᠦᠨ ᠳᠦ ᠪᠦᠬᠦ ᠭᠡᠷ ᠢᠶᠡᠷ ᠢᠶᠡᠨ ᠰᠦᠨᠢᠵᠢᠨ ᠤᠨᠲᠠᠬᠤ | ᠦᠭᠡᠢ᠂ ᠬᠡᠤᠬᠡᠳ ᠤᠳ ᠨᠢ ᠫᠤᠤᠵᠢᠩ ᠲᠠᠯᠪᠢᠵᠤ᠂ ᠵᠠᠯᠠᠭᠤᠴᠤᠳ | ᠪᠣᠭᠤᠨ ᠵᠢᠷᠭᠢᠭᠡ᠂ ᠮᠤᠩᠭᠤᠯ ᠰᠢᠲᠠᠷ᠎ᠠ ᠵᠡᠷᠭᠡ ᠶᠢ ᠨᠠᠭᠠᠳᠴᠤ᠂ | ᠨᠠᠰᠤᠲᠠᠶᠢᠴᠤᠳ ᠨᠢ ᠪᠣᠷᠬᠠᠨ ᠢᠶᠠᠨ ᠲᠠᠬᠢᠵᠤ ᠮᠠᠨᠢ | ᠲᠤᠭᠠᠯᠠᠳᠠᠭ ᠪᠦᠭᠡᠳ ᠡᠮᠡᠭᠲᠡᠶᠢᠴᠦᠳ ᠨᠢ ᠵᠢᠯ ᠦᠨ ᠬᠣᠭᠣᠯᠠ ᠴᠠᠢ | ᠪᠠᠨ ᠪᠡᠯᠡᠳᠬᠡᠵᠤ ᠶᠠᠭᠠᠷᠠᠳᠠᠭ᠃ ᠰᠦᠨᠢ ᠲᠤᠮᠳᠠ ᠶᠢᠨ | ᠬᠤᠯᠤᠭᠠᠨ᠎ᠠ ᠴᠠᠭ ᠲᠤ ᠠᠬᠠᠰ ᠵᠠᠬᠠᠰ ᠤᠨ ᠢᠶᠠᠨ ᠳᠠᠭᠠᠭᠤᠯᠭ᠎ᠠ | ᠲᠤᠤᠷ᠎ᠠ ᠪᠦᠬᠦ ᠭᠡᠷ ᠢᠶᠡᠷ ᠢᠶᠡᠨ ᠲᠡᠭᠷᠢ ᠲᠠᠬᠢᠵᠤ ᠪᠤᠷᠬᠠᠨ | ᠲᠠᠬᠢᠨ᠂ ︽ᠲᠡᠭᠷᠢ ᠣᠪᠣᠭ᠎ᠠ︾ ᠶᠢᠨ ᠲᠡᠭᠡᠷ᠎ᠠ ᠪᠠᠮᠪᠠᠷ | ᠨᠤᠴᠤᠭᠠᠨ᠂ ᠣᠪᠣᠭ᠎ᠠ ᠪᠡᠨ ᠨᠢᠭᠡ ᠲᠤᠭᠤᠷᠢᠨ ᠡᠷᠭᠢᠵᠦ᠂ | ᠪᠠᠷᠠᠭᠤᠨᠰᠢ ᠬᠠᠨᠳᠤᠨ ᠮᠦᠷᠭᠦᠨ᠎ᠠ᠃ ᠵᠠᠷᠢᠮ ᠲᠡᠭᠡᠳᠦᠰ ᠢᠶᠡᠨ | ᠲᠠᠬᠢᠳᠠᠭ ᠠᠶᠢᠯ ᠤᠨ ᠨᠠᠰᠤᠲᠠᠶᠢᠴᠤᠳ ᠨᠢ ᠬᠡᠦᠬᠡᠳ ᠠᠴᠢ | ᠨᠠᠷ ᠢᠶᠠᠨ ᠳᠠᠭᠠᠭᠤᠯᠤᠨ ᠲᠡᠭᠡᠳᠦᠰ ᠦᠨ ᠤᠩᠭᠤᠨ ᠤ ᠪᠠᠨ | ᠥᠭᠡᠳᠡ ᠵᠠᠭᠤᠨ ᠠᠯᠬᠤᠮ ᠠᠯᠬᠤᠵᠤ᠂ ᠭᠠᠯ ᠨᠤᠴᠤᠭᠠᠨ᠂ | ᠰᠠᠭᠠᠯᠢ ᠶᠢᠨ ᠠᠷᠢᠬᠢ᠂ ᠬᠤᠨᠢᠨ ᠰᠢᠭᠢᠷ᠎ᠡ ᠶᠢᠨ ᠮᠢᠬ᠎ᠠ ᠪᠣᠯᠣᠨ | ᠪᠤᠤᠪᠤ ᠪᠣᠭᠤᠷᠰᠤᠭ ᠢᠶᠠᠨ ᠡᠷᠭᠦᠵᠦ ᠮᠦᠷᠭᠦᠭᠰᠡᠨ ᠦ | ᠲᠠᠷᠠᠭ᠎ᠠ᠂ ᠰᠡᠶ᠋ᠢ ᠭᠡᠷ ᠲᠤ ᠪᠠᠨ ᠣᠷᠤᠵᠤ ᠰᠦᠨᠢ ᠲᠤᠮᠳᠠ ᠶᠢᠨ | ᠪᠣᠳᠠᠭ᠎ᠠ ᠢᠳᠡᠳᠡᠭ᠃ ᠪᠢᠲᠡᠭᠦᠨ ᠳᠦ ᠪᠠᠩᠰᠢ ᠢᠳᠡᠬᠦ ᠠᠴᠠ | ᠭᠠᠳᠠᠨ᠎ᠠ᠂ ᠡᠮᠦᠨ᠎ᠠ ᠬᠤᠰᠢᠭᠤ ᠰᠢᠶᠠᠨ ᠨᠢ ᠪᠠᠰᠠ ᠰᠢᠷ᠎ᠠ ᠲᠤᠰᠤ | ᠪᠤᠷᠠᠮ ᠲᠠᠢ ᠲᠦᠭᠦᠷᠢᠭᠡᠨ ᠪᠤᠣᠪᠤ ᠬᠠᠭᠠᠷᠢᠵᠤ᠂ ᠰᠢᠷᠡᠭᠡᠨ | ᠲᠡᠭᠡᠷ᠎ᠠ ᠪᠠᠨ ᠲᠠᠯᠪᠢᠨ ᠪᠢᠲᠡᠭᠦᠨ ᠤ ᠪᠤᠳᠠᠭ᠎ᠠ | ᠢᠳᠡᠬᠦ ᠳᠤ ᠪᠠᠨ ᠬᠦᠮᠦᠨ ᠪᠦᠷᠢ ᠨᠢᠭᠡ ᠬᠡᠰᠡᠭ ᠢᠳᠡᠵᠤ᠂ ᠪᠦᠬᠦ | ᠭᠡᠷ ᠢᠶᠡᠷ ᠢᠶᠡᠨ ᠡᠪ ᠨᠠᠶᠢᠷᠠᠮᠳᠠᠭᠤ ᠪᠠᠶᠢᠬᠤ ᠪᠠᠨ | ᠢᠯᠡᠷᠬᠡᠶᠢᠯᠡᠳᠡᠭ᠃ | ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠦ᠂ ᠭᠡᠷ | ᠪᠦᠯᠢ ᠶᠢᠨ ᠳᠣᠲᠤᠷ᠎ᠠ ᠪᠠᠨ ᠲᠡᠰ ᠲᠠᠷᠠᠭᠠᠯᠠᠨ ᠠᠮᠤᠷ ᠮᠡᠨᠳᠦ | ᠠᠰᠠᠭᠤᠨ ᠵᠣᠯᠭᠠᠬᠤ ᠠᠴᠠ ᠭᠠᠳᠠᠨ᠎ᠠ᠂ ᠪᠠᠰᠠ ︽ᠵᠦᠭ ᠲᠤ | ᠭᠠᠷᠬᠤ︾ᠪᠠ ︽ᠰᠢᠨ᠎ᠡ ᠶᠢᠨ ᠵᠤᠯᠭᠠᠯᠳᠠ︾ᠬᠢᠬᠦ ᠶᠠᠪᠣᠳᠠᠯ | ᠪᠣᠢ᠃︽ᠵᠦᠭ ᠲᠤ ᠭᠠᠷᠬᠤ︾ᠭᠡᠳᠡᠭ ᠢ ᠪᠠᠰᠠ ᠮᠦᠷ ᠭᠠᠷᠭᠠᠬᠤ | ᠭᠡᠳᠡᠭ᠂ ᠲᠠᠷᠤᠢ ᠨᠠᠷᠠ ᠭᠠᠷᠬᠤ ᠦᠶ᠎ᠡ ᠳᠦ ᠨᠠᠢᠮᠠᠨ ᠬᠦᠯᠢᠯ ᠤᠨ | ᠵᠢᠷᠤᠬᠠᠢ ᠪᠠᠷ ᠲᠦᠯᠭᠡᠳᠡᠭᠰᠡᠨ ᠶᠣᠰᠤᠭᠠᠷ᠂ ᠬᠦᠮᠦᠨ | ᠪᠦᠷᠢ ᠶᠢᠨ ᠬᠠᠮᠤᠭ ᠤᠨ ᠰᠠᠶᠢᠨ ᠦᠯᠵᠠᠶᠢᠳᠤ ᠵᠦᠭ ᠲᠤ ᠪᠠᠨ | ᠮᠣᠷᠢ ᠤᠨᠤᠬᠤ ᠪᠣᠶᠤ ᠠᠯᠬᠤᠨ ᠭᠠᠷᠴᠣ ᠨᠢᠭᠡᠨ ᠬᠡᠰᠡᠭ ᠶᠠᠪᠤᠵᠤ᠂ | ᠰᠢᠷᠤᠶ ᠤᠪᠤᠭᠠᠯᠠᠨ ᠬᠦᠵᠢ ᠠᠰᠠᠭᠠᠭᠰᠠᠨ ᠤ ᠲᠠᠷᠠᠭ᠎ᠠ ᠪᠣᠴᠠᠨ | ᠢᠷᠡᠵᠦ ᠦᠯᠵᠠᠢ ᠪᠡᠯᠭᠡ ᠲᠠᠢ ᠶᠠᠪᠤᠬᠤ ᠪᠠᠨ ᠪᠡᠯᠭᠡᠳᠡᠳᠡᠭ᠃ | ᠪᠠᠰᠠ ᠵᠠᠷᠢᠮ ᠨᠢ ᠭᠠᠷ ᠲᠤ ᠪᠡᠨ ᠡᠨᠡ ᠬᠦ ᠵᠦᠭ ᠢ ᠲᠦᠯᠦᠭᠡᠯᠡᠭᠦ | ᠨᠢᠭᠡ ᠶᠠᠭᠤᠮ᠎ᠠ ᠠᠪᠴᠤ ᠶᠠᠪᠤᠨ᠎ᠠ᠃ ᠵᠢᠱᠢᠶᠡᠯᠡᠪᠠᠯ ᠭᠸᠨ ᠤ | ᠤᠷᠤᠨ ᠤ ᠵᠦᠭ ᠲᠦ ᠭᠠᠷᠪᠠᠯ ᠨᠢᠭᠡᠨ ᠬᠡᠰᠡᠭ ᠴᠢᠯᠠᠭᠤ ᠠᠳᠬᠤᠵᠤ᠂ | ᠰᠢᠶᠦ᠋ᠨ ᠦ ᠤᠷᠤᠨ ᠤ ᠵᠦᠭ ᠲᠦ ᠭᠠᠷᠪᠡᠯ ᠨᠢᠭᠡᠨ ᠠᠳᠬᠤ ᠰᠢᠷᠤᠢ | ᠠᠪᠴᠤ᠂ ᠬᠡᠷ ᠦᠨ ᠡᠭᠦᠳᠡ ᠡᠴᠡ ᠪᠠᠨ ᠵᠠᠭᠤᠨ ᠠᠯᠬᠤᠮ ᠶᠠᠪᠤᠵᠤ | ᠭᠠᠷ ᠲᠠᠬᠢ ᠶᠠᠭᠤᠮ᠎ᠠ ᠪᠠᠨ ᠬᠠᠶᠠᠭᠠᠳ ᠪᠣᠴᠠᠵᠤ ᠢᠷᠡᠳᠡᠭ᠃ | ᠪᠠᠭᠠᠷᠢᠨ ᠪᠠᠷᠠᠭᠤᠨ ᠬᠤᠰᠢᠭᠤᠨ ᠤ ᠠᠷᠭ᠎ᠠ ᠨᠢ ᠪᠠᠰᠠ ᠪᠠᠭ᠎ᠠ | ᠤᠨᠳᠤᠤ ᠪᠠᠶᠢᠳᠠᠭ᠂ ᠭᠠᠷ ᠲᠠᠬᠢ ᠶᠠᠭᠤᠮ᠎ᠠ ᠪᠠᠨ ᠬᠠᠶᠠᠭᠰᠠᠨ ᠤ | ᠲᠠᠷᠠᠭ᠎ᠠ ᠲᠠᠬᠢᠨ ᠪᠡᠶ᠎ᠡ ᠶᠢᠨ ᠬᠠᠷᠰᠢ ᠵᠦᠭ ᠢ ᠲᠤᠭᠤᠷᠢᠨ | ᠭᠠᠷᠴᠤ ᠪᠣᠴᠠᠵᠤ ᠢᠷᠡᠳᠡᠭ᠃ ᠰᠢᠨ᠎ᠡ ᠶᠢᠨ ᠵᠣᠯᠭᠠᠯᠳᠠ ᠬᠢᠬᠦ᠃ | ᠨᠢᠭᠡᠨᠳᠡ ᠵᠦᠭ ᠲᠦ ᠭᠠᠷᠤᠭᠰᠠᠨ ᠦ ᠲᠠᠷᠠᠭ᠎ᠠ ᠵᠦᠭ ᠲᠦ ᠭᠠᠷᠬᠤ | ᠴᠡᠭᠡᠷ ᠦᠭᠡᠢ ᠪᠣᠯᠵᠤ ᠠᠶᠢᠯ ᠲᠠᠷᠠᠭᠠᠯᠠᠨ ᠰᠢᠨ᠎ᠡ ᠵᠢᠯ ᠦᠨ | ᠵᠤᠯᠭᠠᠯᠳᠠ ᠬᠢᠳᠡᠭ᠃ ᠰᠢᠨ᠎ᠡ ᠵᠢᠯ ᠦᠨ ᠵᠤᠯᠭᠠᠯᠳᠠ ᠨᠢ | ᠤᠷᠢᠳᠡᠪᠡᠷ ᠭᠡᠷ ᠦᠨ ᠬᠦᠮᠦᠰ ᠦᠨ ᠲᠠᠢ ᠪᠠᠨ ᠵᠣᠯᠭᠠᠵᠣ᠂ ᠲᠠᠬᠢᠨ | ᠦᠢᠷ᠎ᠠ ᠬᠤᠯᠠ ᠶᠢᠨ ᠰᠠᠳᠤᠨ ᠲᠥᠷᠥᠯ ᠲᠠᠢ ᠪᠠᠨ ᠵᠣᠯᠭᠠᠭᠰᠠᠨ ᠤ | ᠲᠠᠷᠠᠭ᠎ᠠ᠂ ᠰᠠᠶ᠋ᠢ ᠪᠣᠰᠣᠳ ᠬᠦᠮᠦᠰ ᠲᠠᠢ ᠵᠣᠯᠭᠠᠳᠠᠭ᠃ ᠠᠶᠢᠯ | ᠲᠤᠭᠤᠷᠢᠬᠤ ᠳᠤ ᠤᠷᠢᠳᠠᠪᠠᠷ ᠪᠣᠷᠬᠠᠨ ᠳ᠋ᠤᠨᠢ ᠬᠦᠵᠢ ᠠᠰᠠᠭᠠᠨ | ᠮᠦᠷᠭᠦᠵᠤ᠂ ᠳᠠᠷᠠᠭ᠎ᠠ ᠨᠢ ᠨᠠᠰᠤᠲᠠᠶᠢᠴᠤᠳ ᠲᠤ ᠠᠷᠢᠬᠢ ᠪᠠᠷᠢᠵᠣ | ᠪᠡᠯᠡᠭ ᠢᠶᠡᠨ ᠭᠠᠷᠳᠠᠭᠤᠯᠤᠭᠰᠠᠨ ᠤ ᠳᠠᠷᠠᠭ᠎ᠠ ᠮᠦᠷᠭᠦᠳᠡᠭ᠃ | ᠰᠢᠨ᠎ᠡ ᠪᠡᠷᠢ ᠵᠤᠯᠭᠠᠪᠠᠯ ᠡᠮᠡᠭᠡᠨ ᠨᠠᠰᠤᠳᠠᠨ ᠠᠴᠠ ᠰᠢᠨ᠎ᠡ | ᠪᠠᠷᠢ ᠶᠢᠨ ᠲᠤᠯᠤᠭᠠᠢ ᠳᠤ ᠬᠤᠸᠠᠷ ᠵᠡᠭᠦᠯᠭᠡᠬᠦ ᠪᠣᠶᠣ | ᠬᠤᠪᠴᠠᠰᠤ ᠬᠤᠨᠠᠷ ᠪᠡᠯᠭᠡᠯᠡᠳᠡᠭ᠃ | ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠤᠨ ᠡᠳᠦᠷ ᠢ | ᠮᠤᠩᠭᠤᠯᠴᠤᠳ ᠬᠠᠮᠤᠭ ᠦᠯᠵᠠᠶ ᠪᠡᠯᠭᠡ ᠲᠠᠢ ᠡᠳᠦᠷ ᠭᠡᠵᠤ ᠦᠵᠡᠳᠡᠭ | ᠲᠤᠯᠠ ᠬᠦᠮᠦᠰ ᠪᠡᠯᠭᠡᠳᠡᠯ ᠦᠨ ᠴᠢᠨᠠᠷᠳᠠᠢ ᠪᠠᠭ᠎ᠠ ᠰᠠᠭ᠎ᠠ ᠠᠵᠢᠯ | ᠢᠶᠡᠨ ᠡᠬᠢᠯᠡᠭᠦᠯᠵᠤ᠂ ᠰᠢᠨ᠎ᠡ ᠨᠢᠭᠡᠨ ᠵᠢᠯ ᠳᠦ ᠤᠴᠢᠷ ᠪᠦᠬᠦᠨ | ᠤᠷᠤᠭᠰᠢᠳᠠᠢ ᠶᠠᠪᠤᠭᠳᠠᠬᠤ ᠶᠢᠨ ᠪᠡᠯᠭᠡ ᠲᠡᠮᠪᠡᠷᠢᠯ | ᠪᠣᠯᠭᠠᠳᠠᠭ᠃ ᠰᠢᠨ᠎ᠡ ᠪᠡᠷᠢ ᠬᠦᠷᠭᠡᠨ ᠲᠠᠢ ᠪᠠᠨ ᠬᠠᠮᠳᠤ | ᠰᠢᠨ᠎ᠡ ᠶᠢᠨ ᠵᠤᠯᠭᠠᠯᠳᠠ ᠬᠢᠬᠦ ᠪᠡᠷ ᠲᠦᠷᠬᠦᠮᠴᠢᠯᠡᠳᠡᠭ᠃ | ᠮᠤᠩᠭᠤᠯᠴᠤᠳ ᠴᠠᠭᠠᠨ ᠰᠠᠷ᠎ᠠ ᠶᠢᠨ ᠰᠢᠨ᠎ᠡ ᠶᠢᠨ ᠲᠠᠪᠤᠨ ᠂ | ᠠᠷᠪᠠᠨ ᠭᠤᠷᠪᠠᠨ ᠨᠢ ᠰᠤᠨᠳᠤᠭᠤᠢ ᠡᠳᠦᠷ᠂ ᠬᠠᠮᠤᠭ ᠪᠡᠯᠭᠡ | ᠲᠡᠮᠪᠡᠷᠢᠯ ᠦᠭᠡᠢ ᠡᠳᠦᠷ ᠭᠡᠵᠤ ᠦᠵᠡᠳᠡᠭ ᠲᠤᠯᠠ ︽ᠠᠩᠭᠠᠷᠬᠠᠢ | ᠡᠳᠦᠷ︾ᠭᠡᠳᠡᠭ᠂ ᠡᠶᠢᠮᠦ ᠡᠴᠡ ᠡᠨᠡ ᠬᠦ ᠡᠳᠦᠷ ᠭᠠᠳᠠᠭᠰᠢ ᠭᠠᠷᠬᠤ | ᠪᠣᠶᠤ ᠦᠢᠷ᠎ᠠ ᠰᠠᠳᠤᠨ ᠢᠶᠠᠨ ᠡᠷᠬᠢᠨ ᠦᠵᠡᠬᠦ ᠨᠠᠶᠢᠵᠢ | ᠨᠦᠭᠦᠳ ᠦᠨ ᠳᠤ ᠪᠠᠨ ᠣᠴᠢᠬᠤ ᠶᠢ ᠴᠡᠭᠡᠷᠯᠡᠳᠡᠭ᠃ | ᠮᠠᠯ ᠢ ᠰᠢᠨᠡᠯᠡᠬᠦᠯᠬᠦ ᠪᠠᠰᠠ︽ᠬᠠᠪᠤᠷ ᠢ ᠤᠭᠲᠤᠬᠤ | ᠳᠠᠶᠢᠯᠠᠯᠭ᠎ᠠ︾ᠭᠡᠵᠤ ᠬᠡᠯᠡᠳᠡᠭ᠃ ᠲᠤᠭᠲᠠᠭᠰᠠᠨ ᠡᠳᠦᠷ ᠭᠡᠵᠤ | ᠪᠠᠶᠢᠳᠠᠭ ᠦᠭᠡᠢ᠂ ᠴᠠᠭᠠᠨ ᠰᠠᠷ᠎ᠠ ᠠᠴᠠ ᠬᠠᠩᠰᠢ ᠪᠣᠯᠳᠠᠯᠠᠬᠢ | ᠬᠤᠭᠤᠴᠠᠭᠠᠨ ᠳᠤ ᠡᠳᠦᠷ ᠰᠤᠩᠭᠤᠨ ᠶᠠᠪᠤᠭᠳᠠᠳᠠᠭ᠃ ᠡᠨᠡ ᠪᠣᠯ | ᠮᠤᠩᠭᠤᠯᠴᠤᠳ ᠤᠨ ᠠᠯᠢ ᠡᠷᠲᠡᠨ ᠡᠴᠡ ᠤᠯᠠᠮᠵᠢᠯᠠᠵᠤ ᠢᠷᠡᠭᠰᠡᠨ | ᠤᠯᠠᠮᠵᠢᠯᠡᠯᠳᠤ ᠪᠠᠶᠠᠷ ᠤᠨ ᠡᠳᠦᠷ ᠪᠣᠯᠬᠣ ᠶᠤᠮ᠃ | ᠤᠯᠠᠩᠬᠢ ᠳᠦ ᠪᠡᠨ ᠠᠶᠢᠯ ᠰᠠᠭᠤᠷᠢᠰᠢᠯ ᠢᠶᠠᠷ ᠨᠢᠭᠡᠴᠠ | ᠪᠣᠯᠭᠠᠨ ᠶᠠᠪᠤᠭᠳᠠᠵᠤ᠂ ᠡᠷᠡᠭᠲᠡᠢ ᠡᠮᠡᠭᠲᠡᠢ᠂ ᠬᠥᠭᠰᠢᠨ | ᠵᠠᠯᠠᠭᠤ ᠢᠯᠭᠠᠯ ᠦᠭᠡᠢ ᠪᠦᠭᠦᠳᠡᠭᠡᠷ ᠢᠶᠡᠨ ᠬᠡᠭᠡᠷ᠎ᠡ | ᠲᠠᠯ᠎ᠠ ᠳᠤ ᠴᠤᠭᠯᠠᠷᠠᠨ ᠬᠦᠰᠭᠡ ᠮᠠᠶᠢᠬᠠᠨ ᠢᠶᠠᠨ ᠪᠣᠰᠬᠠᠵᠤ᠂ | ᠲᠣᠭᠤᠭ᠎ᠠ ᠲᠤᠯᠭ᠎ᠠ ᠪᠠᠨ ᠲᠤᠯᠵᠤ᠂ ᠮᠢᠬ᠎ᠠ ᠲᠠᠢ ᠰᠢᠩᠭᠡᠨ | ᠪᠤᠳᠠᠭ᠎ᠠ ᠴᠢᠨᠠᠳᠠᠭ ᠮᠦᠷᠳᠡᠭᠡᠨ ᠪᠦᠬᠦ ᠲᠤᠰᠬᠤᠨ ᠢᠶᠠᠷ ᠢᠶᠠᠨ | ᠠᠳᠤᠭᠤ ᠮᠠᠯ ᠤᠨ ᠢᠶᠠᠨ ᠲᠠᠷᠭᠤ ᠲᠡᠪᠡᠭᠡᠷᠡᠭ ᠦᠨ ᠪᠠᠶᠢᠳᠠᠯ ᠢ | ᠦᠵᠡᠵᠤ᠂ ᠬᠦᠴᠦ ᠲᠠᠷᠭᠤ ᠰᠠᠶᠢᠲᠠᠢ ᠦᠷ᠎ᠡ ᠶᠢᠨ ᠮᠠᠯ ᠳᠤ | ᠦᠩᠭᠡᠳᠤ ᠵᠠᠩᠭ᠎ᠠ ᠵᠡᠭᠦᠯᠭᠡᠵᠤ᠂ ᠰᠢᠷ᠎ᠠ ᠲᠤᠰᠤ ᠪᠣᠶᠤ ᠵᠦᠭᠡᠭᠡᠢ | ᠲᠠᠢ ᠬᠠᠭᠤᠷᠤᠭᠰᠠᠨ ᠪᠤᠳᠠᠭ᠎ᠠ ᠪᠠᠷ ᠮᠢᠯᠢᠶᠠᠨ ᠣᠩᠭᠣᠯᠠᠵᠤ᠂ | ᠲᠠᠪᠤᠨ ᠬᠣᠰᠢᠭᠤ ᠮᠠᠯ ᠲᠠᠯ᠎ᠠ ᠲᠦᠭᠦᠷᠡᠩ ᠦᠰᠴᠤ ᠦᠷᠡᠵᠢᠬᠦ ᠶᠢ | ᠪᠡᠯᠬᠡᠳᠡᠳᠡᠭ᠃ ᠲᠠᠷᠠᠭ᠎ᠠ ᠨᠢ ᠪᠥᠬᠡ ᠪᠠᠷᠢᠯᠳᠤᠬᠤ᠂ ᠦᠯᠢᠭᠡᠷ | ᠬᠡᠯᠡᠬᠦ᠂ ᠲᠠᠭᠤᠤ ᠳᠠᠭᠤᠯᠠᠬᠤ ᠵᠡᠷᠭᠡ ᠨᠠᠶᠢᠷ ᠨᠠᠭᠠᠳᠤᠮ ᠬᠢᠵᠦ᠂ | ᠳᠦᠭᠦᠮ ᠳᠠᠶᠢᠯᠠᠯᠭ᠎ᠠ ᠬᠢᠵᠤ᠂ ᠬᠡᠭᠡᠷ᠎ᠡ ᠮᠢᠬ᠎ᠠ ᠲᠠᠢ ᠰᠢᠩᠭᠡᠨ | ᠪᠤᠳᠠᠭ᠎ᠠ ᠢᠳᠡᠵᠡᠭᠡᠳᠡᠭ᠃ | | | |