ᠬᠠᠭᠤᠴᠢᠨ ᠤ ᠦᠶ᠎ᠡ ᠳᠦ᠂ᠮᠤᠩᠭᠤᠯ ᠦᠨᠳᠦᠰᠦᠳᠡᠨ ᠦ | ᠡᠷᠡᠭᠲᠡᠢ ᠡᠮᠡᠭᠲᠡᠢ ᠵᠠᠯᠠᠭᠤᠴᠤᠳ ᠤᠨ ᠤᠷᠤᠭ ᠤᠨ ᠶᠠᠪᠤᠳᠠᠯ ᠢ | ᠤᠯᠠᠩᠬᠢ ᠳᠦ ᠪᠡᠨ ᠡᠴᠢᠭᠡ ᠡᠬᠡ ᠨᠢ ᠡᠵᠡᠨ ᠮᠡᠳᠡᠳᠡᠭ᠃ ᠴᠦᠭᠡᠨ | ᠲᠣᠭᠠᠨ ᠤ ᠸᠠᠩ ᠭᠦᠩ ᠢᠵᠠᠭᠤᠷᠳᠠᠨ ᠠᠴᠠ ᠪᠣᠰᠣᠳ ᠨᠢ ᠪᠦᠷ ᠨᠢᠭᠡ | ᠡᠷ᠎ᠡ ᠨᠢᠭᠡ ᠡᠮ᠎ᠡ ᠶᠢᠨ ᠲᠦᠷᠢᠮ ᠪᠠᠶᠢᠵᠤ᠂ ᠢᠵᠢᠯ ᠤᠪᠤᠭᠳᠠᠨ | ᠬᠤᠭᠤᠷᠤᠨᠳᠤ ᠪᠠᠨ ᠤᠷᠤᠭᠯᠠᠵᠤ ᠪᠣᠯᠬᠣ ᠦᠭᠡᠢ ᠪᠠᠶᠢᠳᠠᠭ᠃ | ᠤᠯᠠᠭᠠᠨᠬᠠᠳᠠ ᠤᠷᠤᠨ ᠤ ᠮᠤᠩᠭᠤᠯ ᠦᠨᠳᠦᠰᠦᠳᠡᠨ ᠦ ᠤᠷᠤᠭ | ᠬᠤᠷᠢᠮ ᠤᠨ ᠵᠠᠩ ᠵᠠᠩᠰᠢᠯ ᠨᠢ ᠲᠤᠰ ᠦᠨᠳᠦᠰᠦᠳᠡᠨ ᠦ ᠪᠠᠨ | ᠤᠯᠠᠮᠵᠢᠯᠠᠯᠳᠦ ᠵᠠᠩ ᠦᠢᠯᠡ ᠶᠢ ᠬᠠᠳᠠᠭᠠᠯᠠᠭᠰᠠᠨ ᠢᠶᠠᠷ | ᠪᠠᠷᠠᠬᠤ ᠦᠭᠡᠢ᠂ ᠪᠠᠰᠠ ᠮᠠᠨᠵᠤ ᠬᠢᠳᠡᠳ ᠦᠨᠳᠦᠰᠦᠳᠡᠨ ᠦ ᠬᠡᠰᠡᠭ | ᠪᠦᠯᠦᠭ ᠵᠠᠩ ᠦᠢᠯᠡ ᠶᠢ ᠰᠢᠩᠭᠡᠭᠡᠵᠤ᠂ ᠭᠠᠵᠠᠷ ᠤᠷᠤᠨ ᠤ | ᠤᠨᠴᠠᠯᠢᠭ ᠪᠦᠬᠦᠢ ᠬᠤᠷᠢᠮ ᠶᠤᠰᠤᠯᠠᠯ ᠤᠨ ᠵᠢᠷᠤᠮ ᠭᠣᠷᠢᠮ ᠲᠠᠢ | ᠪᠣᠯᠣᠭᠰᠠᠨ ᠪᠠᠶᠢᠨ᠎ᠠ᠃ | ᠤᠷᠤᠭ ᠭᠤᠶᠤᠬᠤ᠄ ᠡᠩ ᠦᠨ ᠪᠠᠶᠢᠳᠠᠯ ᠳᠤ ᠬᠦᠦ ᠲᠠᠯ᠎ᠠ ᠶᠢᠨ | ᠡᠴᠢᠭᠡ ᠡᠬᠡ ᠨᠢ ᠤᠷᠢᠳ ᠢᠶᠠᠷ ᠯᠠᠮᠠ ᠵᠠᠯᠠᠵᠤ ᠬᠦᠤ ᠶᠢᠨ ᠢᠶᠡᠨ | ᠵᠠᠶᠠᠭ᠎ᠠ ᠲᠦᠭᠡᠷᠭᠡ ᠶᠢ ᠨᠢ ᠦᠵᠡᠬᠦᠯᠵᠤ᠂ ᠵᠠᠭᠤᠴᠢ ᠵᠠᠯᠠᠨ | ᠡᠳᠦᠷ ᠦᠨ ᠥᠩᠭᠡ ᠶᠢᠨ ᠰᠠᠶᠢᠨ ᠢ ᠰᠤᠩᠭᠤᠵᠤ᠂ ᠬᠡᠤᠭᠡᠨ ᠤ | ᠭᠡᠷ ᠲᠦ ︽ᠲᠠᠯ᠎ᠠ ᠶᠢᠨ ᠠᠷᠢᠬᠢ︾ ︵ᠤᠷᠤᠭ ᠭᠤᠶᠤᠬᠤ ᠠᠷᠢᠬᠢ︶ᠪᠠ | ᠪᠣᠰᠤᠳ ᠪᠡᠯᠡᠭ ᠰᠡᠯᠲᠡ ᠲᠠᠢ ᠤᠷᠤᠭ ᠭᠤᠶᠤᠬᠤ ᠪᠠᠷ | ᠣᠴᠢᠭᠤᠯᠤᠨ᠎ᠠ᠃ ᠤᠯᠠᠭᠠᠨᠬᠠᠳᠠ ᠤᠷᠤᠨ ᠳᠤ ᠡᠯ᠎ᠡ ᠭᠠᠵᠠᠷ ᠤᠨ | ᠠᠪᠴᠤ ᠣᠴᠢᠬᠤ ᠪᠡᠯᠡᠭ ᠰᠡᠯᠲᠡ ᠨᠢ ᠬᠠᠳᠠᠭ ᠠᠴᠠ ᠭᠠᠳᠠᠨ᠎ᠠ᠂ | ᠪᠣᠰᠤᠳ ᠲᠦᠷᠦᠯ ᠵᠦᠢᠯ᠂ ᠲᠣᠭ᠎ᠠ ᠬᠡᠮᠵᠢᠶ᠎ᠠ ᠨᠢ ᠪᠦᠷ ᠠᠳᠠᠯᠢ | ᠦᠭᠡᠢ ᠪᠠᠶᠢᠳᠠᠭ᠃ ᠪᠠᠭᠠᠷᠢᠨ ᠤ ᠭᠠᠵᠠᠷ ᠤᠷᠤᠨ ᠤ ᠬᠢᠨ ᠬᠡᠳᠦᠨ | ᠯᠤᠩᠬᠤ ᠠᠷᠢᠬᠢ ᠪᠡᠯᠡᠳᠬᠡᠨ᠎ᠠ᠃ ᠠᠷᠤ ᠬᠤᠷᠴᠢᠨ ᠤ ᠬᠢᠨ ᠤᠯᠠᠭᠠᠨ | ᠲᠣᠷᠭᠠᠨ ᠤᠲᠠᠰᠤ ᠪᠠᠷ ᠬᠤᠯᠪᠤᠭᠰᠠᠨ ᠬᠤᠶᠠᠷ ᠯᠤᠩᠬᠣ ᠠᠷᠢᠬᠢ᠂ | ᠴᠠᠢ ᠪᠠ ᠪᠣᠤᠪᠤ ᠪᠣᠭᠤᠷᠰᠤᠭ ᠪᠡᠯᠡᠳᠬᠡᠨ᠎ᠠ᠃ ᠬᠠᠷᠠᠴᠢᠨ ᠤ ᠬᠢᠨ | ᠬᠠᠷᠢᠨ ᠠᠷᠢᠬᠢ᠂ ᠮᠢᠬ᠎ᠠ᠂ ᠹᠧᠨᠲ᠋ᠢᠶᠣᠤᠷ᠂ ᠭᠤᠯᠢᠷ ᠢ ᠲᠤᠰ ᠪᠦᠷᠢ | ᠲᠦᠷᠪᠡᠨ ᠵᠢᠩ ᠢ ᠲᠦᠷᠪᠡᠨ ᠵᠢᠵᠢᠭ ᠪᠡᠯᠡᠭ ᠤᠨ ᠬᠠᠶᠢᠷᠴᠠᠭ ᠲᠤ | ᠬᠠᠶᠢᠷᠴᠠᠭᠯᠠᠵᠤ ᠬᠥᠷᠭᠡᠨ᠎ᠠ᠃ ᠵᠠᠭᠤᠴᠢ ᠨᠢ ᠭᠡᠭᠦᠦ ᠪᠣᠶᠤ | ᠯᠠᠭᠤᠰᠠ ᠤᠨᠤᠵᠤ ᠪᠣᠯᠬᠣ ᠦᠭᠡᠢ ᠪᠦᠭᠡᠳ ᠬᠡᠷᠪᠡ ᠵᠠᠮ ᠳ᠋ᠤᠨᠢ | ᠬᠣᠭᠤᠰᠤᠨ ᠰᠠᠭᠤᠯᠭ᠎ᠠ ᠲᠠᠮᠨᠠᠭᠰᠠᠳ ᠬᠠᠷᠭᠤᠪᠠᠯ ᠰᠠᠭᠤᠯᠭ᠎ᠠ | ᠳ᠋ᠤᠨᠢ ᠴᠢᠯᠠᠭᠤ ᠬᠠᠶᠠᠵᠤ᠂ ᠭᠡᠳᠡᠷᠭᠦ ᠪᠣᠴᠠᠵᠤ ᠲᠠᠬᠢᠨ ᠡᠳᠦᠷ | ᠰᠤᠩᠭᠤᠨ ᠣᠴᠢᠳᠠᠭ᠃ ᠵᠠᠭᠤᠴᠢ ᠨᠢ ᠬᠡᠤᠬᠡᠨ ᠤ ᠳᠤ ᠬᠦᠷᠦᠭᠰᠡᠨ | ᠬᠤᠶᠢᠨ᠎ᠠ ᠡᠴᠢᠭᠡ ᠡᠬᠡ ᠳ᠋ᠤᠨᠢ ᠠᠷᠢᠬᠢ ᠬᠠᠳᠠᠭ ᠪᠠᠷᠢᠵᠤ | ᠤᠷᠤᠰᠤᠮ᠎ᠠ ᠰᠠᠶᠢᠬᠠᠨ ᠤᠷᠠᠨ ᠦᠭᠡ ᠪᠡᠷ ᠤᠷᠤᠭ ᠤᠨ ᠶᠠᠪᠤᠳᠠᠯ ᠢ | ᠲᠤᠷᠠᠳᠴᠤ ᠵᠦᠪᠳᠡᠳᠡᠭ᠃ | ᠤᠷᠤᠭ ᠵᠦᠪᠰᠢᠶᠡᠷᠡᠬᠦ᠄ ᠤᠯᠠᠭᠠᠨᠬᠠᠳᠠ ᠬᠤᠳᠠ ᠶᠢᠨ ᠠᠷᠤ | ᠬᠤᠷᠴᠢᠨ ᠪᠠᠭᠠᠷᠢᠨ ᠳᠤ ᠨᠢᠭᠡ ᠵᠦᠢᠯ ᠦᠨ︽ᠤᠯᠠᠨ ᠤᠳᠠᠭ᠎ᠠ | ᠭᠤᠶᠤᠯᠭᠠᠪᠠᠯ ᠡᠷᠬᠢᠮᠯᠡᠭᠳᠡᠬᠦ᠂ ᠴᠦᠭᠡᠨ ᠭᠤᠶᠤᠯᠭᠠᠪᠠᠯ | ᠲᠤᠷᠤᠮᠵᠢᠯᠠᠭᠳᠠᠬᠤ︾ᠭᠡᠳᠡᠭ ᠬᠡᠯᠡᠯᠭᠡ ᠤᠯᠠᠮᠵᠢᠯᠠᠭᠳᠠᠨ | ᠢᠷᠡᠵᠡᠢ᠃ ᠤᠷᠤᠭ ᠭᠣᠶᠣᠭᠴᠢ ᠬᠡᠷᠪᠡ ᠦᠨᠡᠨ ᠰᠠᠨᠠᠭ᠎ᠠ ᠲᠠᠢ ᠪᠣᠯ | ᠡᠷᠬᠡᠪᠰᠢ ︽ᠪᠣᠷᠤ ᠮᠣᠷᠢ ᠶᠢ ᠲᠤᠷᠠᠲᠠᠯᠠ ᠨᠢ ᠶᠠᠪᠤᠭᠤᠯᠵᠤ᠂ | ᠪᠤᠳᠤᠩ ᠲᠠᠢ ᠠᠷᠢᠬᠢ ᠶᠢ ᠪᠠᠷᠠᠲᠠᠯ᠎ᠠ ᠨᠢ ᠭᠤᠶᠤᠯᠭᠠᠨ︾ ᠪᠠᠶᠢᠵᠤ | ᠪᠦᠳᠦᠳᠡᠭ᠃ ᠬᠡᠤᠭᠡᠨ ᠤ ᠭᠡᠷ ᠦᠨ ᠠᠬᠠᠮᠠᠳ ᠨᠢ ᠬᠦᠷᠭᠡᠨ ᠦ | ᠲᠠᠯ᠎ᠠ ᠶᠢᠨ ᠪᠠᠶᠢᠳᠠᠯ ᠢ ᠪᠦᠬᠦ ᠲᠠᠯ᠎ᠠ ᠪᠠᠷ | ᠤᠶᠢᠯᠠᠭᠠᠭᠰᠠᠨ ᠤ ᠲᠠᠷᠠᠭ᠎ᠠ᠂ ᠬᠡᠷᠪᠡ ᠤᠷᠤᠭ ᠤᠨ ᠶᠠᠪᠤᠳᠠᠯ ᠢ | ᠪᠦᠷᠢᠮᠤᠰᠤᠨ ᠵᠦᠪᠰᠢᠶᠡᠷᠡᠬᠦ ᠪᠡᠷ ᠰᠢᠭᠤᠳᠤᠭᠰᠠᠨ ᠦᠶ᠎ᠡ ᠳᠦ᠂ | ᠵᠠᠭᠤᠴᠢ ᠲᠠᠬᠢᠨ ᠣᠴᠢᠬᠤ ᠳᠤ ᠲᠣᠳᠤᠷᠬᠠᠢ ᠵᠦᠪᠰᠢᠶᠡᠷᠡᠵᠤ | ᠪᠠᠶᠢᠬᠤ ᠪᠠᠨ ᠢᠯᠡᠳᠬᠡᠬᠦ ᠮᠦᠷᠲᠡᠭᠡᠨ ᠵᠠᠭᠤᠴᠢ ᠶᠢ ᠠᠷᠢᠬᠢᠨ | ᠰᠢᠷᠡᠭᠡ ᠪᠡᠯᠡᠳᠴᠦ ᠬᠦᠨᠳᠦ ᠪᠡᠷ ᠵᠤᠴᠢᠯᠠᠳᠠᠭ᠃ ᠡᠶᠢᠮᠦᠷᠬᠦ | ᠠᠷᠢᠬᠢ ᠶᠢ ︽ᠵᠦᠪᠰᠢᠶᠡᠷᠡᠭᠰᠡᠨ ᠠᠷᠢᠬᠢ︾᠂︽ᠠᠮᠠᠨ | ᠠᠷᠢᠬᠢ︾ᠪᠣᠶᠣ ︽ᠪᠠᠭ᠎ᠠ ᠠᠷᠢᠬᠢ︾︵ᠪᠠᠭ᠎ᠠ ᠠᠷᠢᠬᠢᠨ | ᠬᠤᠷᠢᠮ︶ᠭᠡᠵᠤ ᠬᠡᠯᠡᠳᠡᠭ᠃ ᠡᠬᠦᠨ ᠡᠴᠡ ᠰᠡᠭᠦᠯᠡᠷ ᠰᠠᠶ᠋ᠢ | ᠵᠠᠭᠤᠴᠢ ᠨᠢ ᠬᠡᠤᠬᠡᠨ ᠤ ᠲᠠᠯ᠎ᠠ ᠶᠢᠨ ᠭᠡᠷ ᠦᠨ ᠠᠬᠠᠮᠠᠳ ᠲᠠᠢ | ᠬᠤᠷᠢᠮ ᠬᠢᠬᠦ ᠡᠳᠦᠷ ᠬᠤᠭᠤᠴᠠᠭ᠎ᠠ ᠪᠣᠯᠣᠨ ᠬᠠᠮᠢᠶ᠎ᠠ ᠪᠦᠬᠦᠢ | ᠬᠡᠷᠡᠭ ᠤᠴᠢᠷ ᠢ ᠵᠦᠪᠳᠡᠯᠴᠡᠳᠡᠭ᠃ | ᠤᠷᠤᠭ ᠲᠣᠭᠲᠠᠬᠤ᠄ ᠮᠣᠩᠭᠣᠯ ᠦᠨᠳᠦᠰᠦᠳᠡᠨ ᠦ ᠤᠷᠤᠭ | ᠬᠤᠷᠢᠮ ᠤᠨ ᠶᠤᠰᠤᠨ ᠳᠤ ᠤᠷᠤᠭ ᠲᠤᠭᠲᠠᠬᠤ ᠪᠣᠯ ᠨᠢᠭᠡᠨ ᠡᠷᠬᠡᠪᠰᠢ | ᠶᠠᠪᠤᠭᠳᠠᠬᠤ ᠶᠤᠰᠤᠯᠠᠯ ᠪᠣᠯᠣᠨ᠎ᠠ᠃ ᠤᠯᠠᠭᠠᠨᠬᠠᠳᠠ ᠬᠤᠳᠠ ᠶᠢᠨ | ᠡᠯ᠎ᠡ ᠭᠠᠵᠠᠷ ᠤᠨ ᠬᠡᠯᠡᠬᠦ ᠬᠡᠯᠡᠯᠭᠡ ᠨᠢ ᠠᠳᠠᠯᠢ ᠦᠭᠡᠢ᠂ | ᠠᠤᠬᠠᠨ ᠤ ᠮᠣᠩᠭᠤᠯᠴᠤᠳ ︽ᠬᠠᠳᠠᠭ ᠡᠯᠬᠦᠬᠦ︾︵ᠬᠠᠳᠠᠭ | ᠲᠠᠯᠪᠢᠬᠤ︶ᠭᠡᠳᠡᠭ᠃ ᠪᠠᠭᠠᠷᠢᠨ ᠵᠡᠷᠭᠡ ᠭᠠᠵᠠᠷ ᠤᠨ ᠬᠢᠨ ᠬᠠᠷᠢᠨ | ︽ᠶᠡᠭᠡ ᠠᠷᠢᠬᠢ ᠤᠤᠭᠤᠯᠭᠠᠬᠤ︾ (ᠶᠡᠬᠡ ᠠᠷᠢᠬᠢᠨ ᠬᠤᠷᠢᠮ︶ᠭᠡᠳᠡᠭ᠃ | ᠡᠶᠢᠮᠦᠷᠬᠦᠦ ᠶᠤᠰᠤᠯᠠᠯ ᠨᠢ ᠦᠯᠵᠠᠶᠢᠳᠤ ᠡᠳᠦᠷ ᠢ ᠰᠤᠩᠭᠤᠨ | ᠬᠡᠤᠬᠡᠨ ᠤ ᠲᠠᠯ᠎ᠠ ᠶᠢᠨ ᠭᠡᠷ ᠲᠦ ᠶᠠᠪᠤᠭᠳᠠᠳᠠᠭ᠃ | ᠬᠦᠷᠭᠡᠨ ᠦ ᠲᠠᠯ᠎ᠠ ᠶᠢᠨ ᠭᠤᠣᠯ ᠮᠡᠳᠡᠭᠦ ᠲᠦᠷᠦᠭᠦᠦ ᠬᠢᠭᠡᠳ | ᠵᠠᠭᠤᠴᠢ ᠰᠠᠳᠤᠨ ᠲᠦᠷᠦᠯ ᠦᠨ ᠲᠥᠷᠪᠡ ᠡᠴᠡ ᠲᠤᠯᠤᠭᠠᠨ ᠬᠦᠮᠦᠨ | ᠬᠡᠤᠬᠡᠨ ᠤ ᠭᠡᠷ ᠲᠦ ᠢᠷᠡᠨ᠂ ᠨᠢᠭᠡᠨ ᠵᠠᠯᠠᠭᠤ ᠬᠦᠷᠭᠡᠨ ᠢ | ᠣᠷᠤᠯᠠᠵᠤ ᠠᠷᠢᠬᠢ ᠬᠠᠳᠠᠭ ᠪᠠᠷᠢᠳᠠᠭ᠃ ︵ᠮᠤᠩᠭᠤᠯ | ᠦᠨᠳᠤᠰᠤᠳᠠᠨ ᠤ ᠵᠠᠯᠠᠭᠤ ᠡᠷᠡᠭᠳᠡᠢ ᠡᠮᠡᠭᠳᠡᠢ ᠤᠷᠤᠭ | ᠲᠤᠭᠲᠠᠭᠰᠠᠨ ᠤ ᠲᠠᠷᠠᠭ᠎ᠠ ᠬᠠᠷᠢᠯᠴᠠᠨ ᠠᠭᠤᠯᠵᠠᠬᠤ ᠦᠭᠡᠢ | ᠭᠡᠰᠡᠨ ᠡᠷᠲᠡᠨ ᠦ ᠵᠠᠩᠰᠢᠯ ᠲᠠᠢ)᠃ ᠬᠠᠷᠠᠴᠢᠨ ᠤ ᠬᠢᠨ | ᠬᠡᠤᠭᠡᠨ ᠳᠤ ᠪᠠᠨ ᠰᠦᠢᠭᠡ ᠪᠠᠭᠤᠤ ᠵᠢᠴᠢ ᠤᠷᠤᠭ ᠲᠣᠭᠲᠠᠬᠤ | ᠬᠤᠪᠴᠠᠰᠤ ᠬᠤᠨᠠᠷ ᠬᠦᠷᠭᠡᠬᠦ ᠵᠠᠩᠰᠢᠯ ᠲᠠᠢ᠃ ᠬᠠᠭᠤᠴᠢᠨ ᠤ | ᠦᠶ᠎ᠡ ᠳᠦ ᠪᠠᠰᠠ ᠪᠣᠷᠬᠠᠨ ᠤ ᠲᠠᠬᠢᠯᠭ᠎ᠠ ᠳᠤ | ᠰᠢᠬᠦᠰᠦ︵ᠪᠦᠬᠦᠯᠢ ᠬᠤᠨᠢ︶ᠪᠣᠯᠣᠨ ᠵᠤᠯᠠ ᠠᠰᠠᠭᠠᠬᠤ ᠰᠢᠷ᠎ᠠ | ᠲᠣᠰᠣ ᠵᠠᠷᠭᠡ ᠶᠢ ᠬᠦᠷᠭᠡᠳᠡᠭ᠃ ᠤᠷᠤᠭ ᠲᠣᠭᠲᠠᠬᠤ ᠶᠤᠰᠤᠯᠠᠯ | ᠲᠡᠭᠡᠷ᠎ᠠ ᠬᠤᠶᠠᠷ ᠲᠠᠯ᠎ᠠ ᠪᠠᠷ ᠢᠶᠠᠨ ᠥᠭᠴᠦ ᠠᠪᠬᠤ ᠪᠡᠯᠡᠭ ᠦᠨ | ᠲᠣᠭ᠎ᠠ᠂ ᠲᠦᠷᠦᠯ ᠵᠦᠢᠯ ᠪᠣᠯᠣᠨ ︽ᠰᠠᠭᠠᠯᠢ ᠪᠡᠯᠡᠭ ᠦᠨ | ᠬᠤᠷᠢᠮ︾ ᠤᠨ ᠪᠣᠳᠠᠳᠠᠢ ᠡᠳᠦᠷ ᠬᠤᠭᠤᠴᠠᠭ᠎ᠠ ᠶᠢ ᠬᠡᠯᠡᠯᠴᠠᠨ | ᠲᠤᠭᠳᠠᠭᠠᠨ᠎ᠠ᠃ | ᠲᠦᠬᠦᠷᠠᠩ ᠪᠡᠯᠡᠭ ᠬᠦᠷᠬᠡᠭᠦ᠄ ᠪᠠᠰᠠ ︽ᠰᠠᠭᠠᠯᠢ ᠪᠡᠯᠡᠭ ᠤᠨ | ᠬᠤᠷᠢᠮ︾ᠭᠡᠵᠤ ᠬᠡᠯᠡᠳᠡᠭ᠂ ᠬᠦᠤ ᠶᠢᠨ ᠭᠡᠷ ᠲᠦ ᠠᠮᠠᠯᠠᠨ | ᠲᠤᠭᠲᠠᠭᠰᠠᠨ ᠶᠤᠰᠤᠭᠠᠷ ᠰᠠᠭᠠᠯᠢ ᠪᠡᠯᠡᠭ ᠥᠭᠬᠦ ᠬᠤᠷᠢᠮ ᠬᠢᠨ᠎ᠡ᠃ | ᠬᠡᠤᠬᠡᠨ ᠤ ᠲᠠᠯ᠎ᠠ ᠠᠴᠠ ᠲᠥᠷᠪᠡ ᠡᠴᠡ ᠵᠢᠷᠭᠤᠭᠠᠨ ᠬᠦᠮᠦᠨ | ᠢᠷᠡᠳᠡᠭ ᠪᠠ ᠬᠦᠤ ᠶᠢᠨ ᠲᠠᠯ᠎ᠠ ᠶᠢᠨ ᠬᠢᠨ ᠴᠦ ᠰᠠᠳᠤᠨ ᠲᠦᠷᠦᠯ | ᠨᠠᠶᠢᠵᠠ ᠨᠦᠭᠦᠳ ᠡᠴᠡ ᠪᠡᠨ ᠠᠳᠠᠯᠢᠬᠠᠨ ᠲᠣᠭᠠᠨ ᠤ ᠬᠦᠮᠦᠨ ᠢ | ᠵᠠᠯᠠᠨ ᠠᠪᠴᠢᠷᠠᠵᠤ ᠢᠷᠡᠭᠰᠡᠨ ᠵᠣᠴᠢᠳ ᠢ ᠲᠠᠶᠢᠯᠠᠭᠤᠯᠳᠠᠭ᠃ | ᠰᠠᠭᠠᠯᠢ ᠶᠢᠨ ᠪᠡᠯᠡᠭ ᠰᠡᠯᠲᠡ ᠶᠢ ᠭᠤᠤᠯᠳᠠᠭᠤ ᠸᠠᠩ ᠭᠦᠩ ᠦᠨ | ᠭᠡᠷ ᠦᠨ ᠬᠢᠨᠢ ︽ᠶᠢᠰᠤ ᠶᠢᠰᠤ ᠶᠢᠨ ᠪᠡᠯᠡᠭ ᠦᠨ ᠶᠤᠰᠤ︾᠂ | ︽ᠶᠢᠰᠤ ᠲᠠᠪᠣ ᠶᠢᠨ ᠪᠡᠯᠡᠭ ᠦᠨ ᠶᠤᠰᠤ︾ ᠪᠠᠷ ᠮᠠᠯ ᠥᠭᠳᠡᠭ ᠪᠠ | ︽ᠶᠢᠰᠤ ᠲᠠᠪᠣ ᠶᠢᠨ ᠪᠡᠯᠡᠭ ︾ ᠭᠡᠳᠡᠭ ᠨᠢ ᠠᠷᠪᠠᠨ ᠲᠦᠷᠪᠠᠨ | ᠲᠤᠯᠤᠭᠠᠢ ᠮᠠᠯ ᠥᠭᠬᠦ᠂ ︽ᠶᠢᠰᠦ ᠶᠢᠰᠦ ᠶᠢᠨ ᠪᠡᠯᠡᠭ︾ ᠭᠡᠳᠡᠭ ᠨᠢ | 126 ᠲᠤᠯᠤᠭᠠᠢ ᠪᠡᠯᠡᠭ ᠦᠨ ᠮᠠᠯ ᠥᠭᠳᠡᠭ᠃ ᠬᠠᠷᠠᠴᠤ ᠠᠷᠠᠳ ᠤᠨ | ᠬᠢᠨᠢ ᠬᠡᠳᠦᠶᠢᠪᠡᠷ ︽ᠶᠢᠰᠦ ᠲᠠᠪᠤ ᠶᠢᠨ ᠪᠡᠯᠡᠭ ᠦᠨ | ᠶᠤᠰᠤ︾ ᠪᠠᠷ ᠥᠭᠭᠦᠨ᠎ᠡ ᠭᠡᠳᠡᠭ ᠪᠣᠯᠪᠠᠴᠤ ᠡᠨᠡ ᠨᠢ ᠵᠦᠪᠬᠡᠨ | ᠪᠡᠯᠭᠡᠳᠡᠯ ᠦᠨ ᠲᠣᠭ᠎ᠠ ᠲᠡᠳᠦᠢ᠂ ᠭᠡᠷ ᠦᠨ ᠬᠢᠨᠢ | ᠠᠮᠢᠳᠤᠷᠠᠯ ᠤᠨ ᠪᠠᠶᠢᠳᠠᠯ ᠢ ᠦᠵᠡᠨ ᠲᠣᠭᠲᠠᠭᠠᠳᠠᠭ᠃ ᠤᠴᠢᠷ ᠨᠢ | ᠮᠣᠩᠭᠤᠯᠴᠤᠳ ᠶᠢᠰᠦ ᠶᠢ ᠥᠯᠵᠡᠢ ᠪᠡᠯᠭᠡᠳᠦ ᠲᠣᠭ᠎ᠠ ᠭᠡᠵᠤ | ᠦᠵᠡᠳᠡᠭ᠃ ᠡᠬᠦᠨ ᠦ ᠵᠡᠷᠭᠡ ᠪᠡᠷ ᠬᠡᠤᠭᠡᠨ ᠤ ᠲᠠᠯ᠎ᠠ ᠠᠴᠠ | ᠬᠡᠤᠬᠡᠨ ᠳᠤ ᠪᠠᠨ ︽ᠥᠬᠢᠨ ᠦ ᠥᠮᠴᠢ︾ ᠥᠭᠬᠦ ᠶᠢ ᠲᠤᠩ | ᠠᠩᠬᠠᠷᠴᠤ᠂ ᠢᠨᠵᠢ ᠮᠠᠯ ᠥᠭᠬᠦ ᠴᠢᠨᠠᠭᠰᠢᠯᠠᠪᠠᠯ ᠪᠦᠷᠢᠨ ᠲᠦᠬᠦᠷ | ᠭᠡᠷ ᠦᠨ ᠡᠳ᠋ᠯᠡᠯ ᠬᠡᠷᠡᠭᠰᠡᠯ ᠲᠠᠢ ᠮᠣᠩᠭᠣᠯ ᠭᠡᠷ ᠥᠭᠬᠦ᠂ | ᠲᠤᠯᠤᠭᠠᠢ ᠶᠢᠨ ᠵᠠᠰᠠᠯ ᠴᠢᠮᠡᠭᠯᠡᠯ᠂ ᠮᠦᠷᠭᠦᠯᠳᠡ ᠶᠢᠨ ᠡᠳ᠋ | ᠪᠦᠷᠢᠨ ᠲᠠᠭᠠᠭᠤᠯᠵᠤ᠂ ᠦᠭᠡᠷ ᠬᠤᠨᠢ ᠵᠡᠷᠭᠡ ᠶᠢ ᠥᠭᠳᠡᠭ᠃ | ︽ᠪᠡᠷᠢ ᠪᠠᠭᠤᠯᠭᠠᠬᠤ ᠳᠤ ᠬᠢᠯᠪᠡᠷ ᠴᠦ᠂ ᠥᠬᠢᠨ ᠦ ᠥᠮᠴᠢ ᠶᠢ | ᠥᠭᠭᠦᠬᠦᠶᠡ ᠪᠡᠷᠭᠡ︾ᠭᠡᠳᠡᠭ ᠬᠡᠯᠡᠯᠭᠡ ᠪᠣᠢ᠃ ᠰᠠᠭᠠᠯᠢ | ᠪᠡᠯᠡᠭ ᠤᠨ ᠬᠤᠷᠢᠮ ᠲᠡᠭᠡᠷ᠎ᠠ ᠬᠤᠶᠠᠷ ᠲᠠᠯ᠎ᠠ ᠪᠠᠷ ᠢᠶᠠᠨ | ᠬᠤᠷᠢᠮ ᠤᠨ ᠶᠤᠰᠤᠯᠠᠯ ᠤᠨ ᠡᠳᠦᠷ ᠬᠤᠭᠤᠴᠠᠭ᠎ᠠ ᠵᠡᠷᠭᠡ ᠬᠡᠷᠡᠭ | ᠤᠴᠢᠷ ᠢᠶᠠᠨ ᠶᠠᠷᠢᠯᠴᠠᠨ ᠲᠤᠭᠲᠠᠭᠰᠠᠨ ᠤ ᠲᠠᠷᠠᠭ᠎ᠠ᠂ | ᠬᠡᠤᠭᠡᠨ ᠤ ᠲᠠᠯ᠎ᠠ ᠶᠢᠨ ᠬᠢᠨ ᠰᠠᠭᠠᠯᠢ ᠪᠡᠯᠡᠭ ᠢᠶᠡᠨ ᠠᠪᠤᠭᠠᠳ | ᠪᠣᠴᠠᠳᠠᠭ᠃ | ᠬᠤᠷᠢᠮ ᠤᠨ ᠶᠤᠰᠤᠯᠠᠯ᠄ ᠪᠠᠰᠠ ᠶᠡᠭᠡ ᠬᠤᠷᠢᠮ ᠭᠡᠳᠡᠭ᠃ | ᠬᠦᠤ ᠶᠢᠨ ᠲᠠᠯ᠎ᠠ ᠶᠢᠨ ᠬᠢᠨ ᠪᠡᠷᠢ ᠪᠠᠭᠤᠯᠭᠠᠬᠤ᠂ ᠬᠡᠤᠭᠡᠨ ᠤ | ᠲᠠᠯ᠎ᠠ ᠶᠢᠨ ᠬᠢᠨ ᠬᠡᠤᠭᠡᠨ ᠮᠣᠷᠳᠠᠭᠤᠯᠬᠤ᠂ ᠬᠦᠤ ᠶᠢᠨ | ᠲᠠᠯ᠎ᠠ ᠶᠢᠨ ᠬᠢᠨ ᠬᠤᠷᠢᠮ ᠤᠨ ᠳᠠᠶᠢᠯᠠᠯᠭ᠎ᠠ ᠬᠢᠬᠦ ᠵᠡᠷᠭᠡ ᠶᠢ | ᠶᠡᠷᠤᠩᠬᠡᠶᠢᠯᠡᠨ ᠨᠡᠷᠡᠶᠢᠳᠳᠡᠭ᠃ ᠬᠡᠤᠬᠡᠨ ᠤ ᠭᠡᠷ ᠦᠨ ᠬᠢᠨ | ᠡᠨᠡ ᠡᠳᠦᠷ ᠪᠣᠯᠪᠠᠯ ᠰᠡᠶ᠋ᠢ ᠬᠡᠤᠬᠡᠨ ᠳᠤ ᠪᠠᠨ ᠬᠠᠷᠢ ᠳᠤ | ᠮᠤᠷᠳᠠᠬᠤ ᠤᠴᠢᠷ ᠢ ᠵᠢᠩᠬᠢᠨᠢ ᠪᠡᠷ ᠬᠡᠯᠡᠵᠤ ᠥᠭᠳᠡᠭ ᠪᠦᠭᠡᠳ | ᠨᠢᠭᠡᠨ ᠪᠡᠷᠭᠡᠨ ᠨᠢ ︽ᠮᠣᠷᠳᠠᠬᠤ ᠴᠠᠭ ᠪᠣᠯᠵᠠᠢ︾ ᠭᠡᠵᠤ | ᠬᠡᠯᠡᠬᠦ ᠶᠢᠨ ᠳᠠᠭᠤ ᠤᠯᠠᠭᠠᠨ ᠲᠤᠷᠳᠤᠩ ᠠᠯᠴᠢᠭᠤᠷ ᠢᠶᠠᠷ | ᠬᠡᠤᠭᠡᠨ ᠤ ᠲᠣᠯᠣᠭᠠᠢ ᠶᠢ ᠪᠦᠳᠡᠭᠡᠵᠤ ᠥᠭᠳᠡᠭ᠃ ᠬᠡᠤᠭᠡᠨ | ᠮᠤᠷᠲᠠᠬᠤ ᠲᠤᠷᠠᠳᠡᠢ ᠡᠰᠡᠬᠦ ᠬᠠᠮᠢᠶ᠎ᠠ ᠦᠭᠡᠢ ᠡᠷᠬᠡᠪᠰᠢ ᠶᠡᠭᠡ | ᠲᠠᠭᠤᠨ ᠢᠶᠠᠷ ᠤᠬᠢᠯᠠᠬᠤ ᠬᠡᠷᠡᠭᠳᠡᠢ᠂ ᠲᠡᠭᠡᠬᠦ ᠦᠭᠡᠢ ᠪᠣᠯ | ᠪᠣᠰᠤᠳ ᠲᠤ ᠡᠯᠡᠭᠯᠡᠭᠳᠡᠳᠡᠭ᠃ ᠬᠠᠷᠠᠴᠢᠨ ᠤ ᠭᠠᠵᠠᠷ ᠤᠷᠤᠨ ᠤ | ᠳᠠᠳᠬᠠᠯ ᠨᠢ ᠬᠠᠷᠢᠨ ᠬᠡᠤᠭᠡᠨ ᠤ ᠭᠡᠷ ᠦᠨ ᠬᠢᠨ | ᠬᠡᠤᠭᠡᠨ ᠳᠤ ᠪᠠᠨ ᠬᠠᠨᠢ ᠪᠣᠯᠭᠠᠬᠤ ᠶᠢᠨ ᠲᠦᠯᠦᠭᠡ᠂ | ᠲᠤᠰᠬᠤᠨ ᠤ ᠪᠠᠨ ᠬᠡᠤᠭᠡᠨᠴᠤᠳ ᠪᠡᠷᠢᠶᠠᠳ ᠢ ᠵᠠᠯᠠᠨ ᠠᠪᠴᠢᠷᠠᠵᠤ | ᠬᠤᠶᠠᠷ ᠠᠷᠢᠬᠢᠨ ᠰᠢᠷᠡᠭᠡ ᠵᠠᠰᠠᠳᠠᠭ᠃ ᠬᠠᠷᠢ ᠳᠤ ᠮᠤᠷᠳᠠᠬᠤ | ᠬᠡᠤᠬᠡᠨ ᠨᠢ ᠰᠢᠷᠡᠬᠡᠨ ᠭᠤᠣᠯ ᠳᠤ ᠰᠠᠭᠤᠵᠤ᠂ ᠪᠣᠰᠣᠳ ᠨᠢ | ᠢᠳᠡᠬᠦ ᠶᠢᠨ ᠲᠠᠭᠠᠤ ︽ᠬᠡᠤᠬᠡᠨ ᠢ ᠲᠠᠶᠢᠳᠬᠤᠷᠠᠭᠤᠯᠬᠤ | ᠲᠠᠭᠤᠤ︾ᠳᠠᠭᠤᠯᠠᠳᠠᠭ᠃ ᠳᠠᠭᠤᠯᠠᠭᠰᠠᠭᠠᠷ ᠳᠠᠭᠤᠯᠠᠭᠰᠠᠭᠠᠷ | ᠬᠠᠷᠢ ᠳᠤ ᠮᠣᠷᠳᠠᠬᠤ ᠬᠡᠤᠭᠡᠨ ᠰᠡᠳᠬᠢᠯ ᠡᠪᠬᠡᠷᠡᠨ ᠤᠬᠢᠯᠠᠵᠤ | ᠰᠢᠷᠡᠭᠡᠨ ᠡᠴᠡ ᠪᠠᠭᠤᠨ᠂ ᠵᠣᠴᠢᠳ ᠤᠨ ᠠᠷᠤ ᠪᠠᠷ | ᠲᠤᠯᠤᠭᠠᠢ ᠪᠠᠨ ᠪᠥᠲᠡᠬᠡᠨ ᠬᠡᠪᠲᠡᠳᠡᠭ᠃ ᠵᠡᠷᠢᠮ ᠭᠠᠵᠠᠷ ᠨᠢ | ᠡᠶᠢᠮᠦᠷᠬᠦ ᠲᠠᠶᠢᠯᠠᠯᠭ᠎ᠠ ᠶᠢᠨ ᠰᠢᠷᠡᠭᠡ ᠶᠢ︽ᠰᠠᠭᠤᠳᠠᠯ ᠤᠨ | ᠬᠤᠷᠢᠮ︾ ᠭᠡᠳᠡᠭ ᠪᠦᠭᠡᠳ ᠲᠠᠶᠢᠯᠠᠯᠭ᠎ᠠ ᠳᠤ ᠣᠷᠣᠯᠴᠠᠭᠴᠢ ᠨᠢ | ᠭᠡᠷ ᠦᠨ ᠡᠵᠡᠨ ᠳᠦ ᠬᠤᠷᠢᠮ ᠤᠨ ᠨᠡᠮᠡᠷᠢ ᠥᠭᠬᠦ ᠪᠤᠶᠤ | ᠡᠰᠡᠭᠦᠯ᠎ᠠ ᠬᠡᠤᠬᠡᠨ ᠳᠤ ᠪᠡᠯᠡᠭ ᠬᠦᠷᠭᠡᠳᠡᠭ᠃ | ᠪᠠᠷᠢ ᠪᠠᠭᠤᠯᠭᠠᠬᠤ᠄ ᠬᠦᠤ ᠶᠢᠨ ᠭᠡᠷ ᠦᠨ ᠬᠢᠨ ᠤᠷᠢᠳᠠᠪᠠᠷ | ᠳᠠᠶᠢᠯᠠᠯᠭ᠎ᠠ ᠶᠢᠨ ᠬᠤᠷᠢᠮ ᠪᠡᠯᠡᠳᠴᠤ ᠰᠦᠩ ᠵᠠᠰᠠᠵᠤ | ᠰᠠᠭᠠᠳᠠᠭ ᠤᠨ ᠬᠦᠮᠦᠰ ᠢᠶᠡᠨ ᠳᠠᠶᠢᠯᠠᠳᠠᠭ᠃ ᠰᠠᠭᠠᠳᠠᠭ | ᠮᠤᠷᠳᠠᠬᠤ ᠳᠤ ᠬᠤᠷᠢᠮ ᠤᠨ ᠲᠦᠷᠦᠭᠦᠦ ᠬᠤᠳᠠ᠂ ᠵᠠᠭᠤᠴᠢ᠂ | ᠬᠦᠷᠭᠡᠨ ᠳᠠᠭᠠᠬᠤ ᠬᠦᠮᠦᠨ᠂ ᠬᠡᠯᠡᠵᠤ ᠶᠠᠷᠢᠬᠤ ᠳᠦ ᠪᠡᠨ | ᠰᠠᠶᠢᠨ ︽ᠬᠡᠯᠡᠮᠦᠷᠴᠢ︾︵ᠬᠤᠷᠢᠮ ᠤᠨ ᠶᠤᠰᠤᠯᠠᠯ ᠳᠤ ᠬᠤᠷᠰᠢᠶ᠎ᠠ | ᠬᠤᠯᠪᠤᠭ᠎ᠠ ᠲᠠᠢ ᠠᠰᠠᠭᠤᠨ ᠬᠠᠷᠢᠭᠤᠯᠬᠤ ᠲᠠᠳᠬᠠᠯ | ᠪᠠᠶᠢᠳᠠᠭ︶ᠪᠣᠯᠣᠨ ᠲᠤᠰᠬᠠᠶᠢᠯᠠᠨ ᠠᠷᠢᠬᠢ ᠬᠡᠮᠨᠡᠬᠦ ᠶᠢ | ᠬᠠᠮᠢᠶᠠᠷᠬᠤ ︽ᠰᠦᠩᠴᠢ︾︵ᠪᠠᠰᠠ ᠵᠠᠷᠢᠮ ᠭᠠᠵᠡᠷ ᠲᠤ ᠰᠦᠩ ᠦᠨ | ᠬᠡᠦᠬᠡᠳ ᠭᠡᠵᠤ ᠬᠡᠯᠡᠳᠡᠭ᠂ ᠬᠤᠷᠢᠮ ᠤᠨ ᠰᠢᠷᠡᠭᠡᠨ ᠳᠦ ᠳᠠᠭᠤᠤ | ᠳᠠᠭᠤᠯᠠᠬᠤ᠂ ᠠᠷᠢᠬᠢ ᠬᠡᠮᠨᠡᠨ ᠱᠠᠯᠠᠨ ᠤᠤᠭᠤᠯᠭᠠᠭᠴᠢ︶ᠨᠠᠷ | ᠲᠠᠭᠠᠯᠳᠤᠵᠤ᠂ ᠴᠦᠭᠡᠨ ᠳᠤ ᠪᠠᠨ ᠬᠡᠳᠦᠨ ᠠᠷᠪᠠᠨ ᠬᠦᠮᠦᠨ᠂ | ᠤᠯᠠᠨ ᠳᠦ ᠪᠡᠨ ᠵᠠᠭᠤᠨ ᠢᠯᠡᠭᠦᠤ ᠬᠦᠮᠦᠨ ᠠᠳᠠᠯᠢ ᠪᠣᠰᠤ | ᠪᠠᠶᠢᠳᠠᠭ᠃ ᠡᠳᠡᠭᠡᠷ ᠬᠦᠮᠦᠰ ᠨᠢ ᠭᠤᠶᠤ ᠰᠠᠶᠢᠬᠠᠨ ᠬᠤᠪᠴᠠᠰᠤ | ᠬᠤᠨᠠᠷ ᠡᠮᠦᠰᠴᠦ᠂ ᠰᠠᠶᠢᠨ ᠮᠣᠷᠢ ᠬᠣᠷᠳᠤᠨ ᠬᠦᠯᠦᠭ ᠤᠨᠤᠭᠰᠠᠨ | ᠪᠠᠶᠢᠳᠠᠭ᠃ ᠬᠠᠭᠤᠴᠢᠨ ᠤ ᠦᠶ᠎ᠡ ᠳᠦ᠂ ᠰᠢᠨ᠎ᠡ ᠬᠦᠷᠭᠡᠨ ᠨᠢ ᠭᠤᠶᠤ | ᠲᠡᠷᠯᠢᠭ ᠬᠢᠯᠡᠰᠤᠮᠡ ᠤᠤᠵᠢ ᠡᠮᠦᠰᠴᠦ᠂ ᠲᠤᠭᠤᠶ ᠮᠠᠯᠠᠭᠠᠢ | ᠵᠡᠬᠦᠨ︵ᠬᠡᠷᠪᠡ ᠢᠵᠠᠭᠤᠷᠳᠠᠨ ᠪᠤᠯ ᠪᠠᠰᠠ ᠤᠴᠤᠭᠲᠤ ᠮᠠᠯᠠᠭᠠᠢ | ᠵᠡᠭᠦᠳᠡᠭ︶ᠰᠠᠭᠠᠳᠠᠭ ᠠᠭᠰᠠᠵᠤ᠂ ᠡᠷ᠎ᠡ ᠬᠦᠮᠦᠨ ᠦ ᠰᠦᠷ | ᠵᠢᠪᠬᠤᠭ᠎ᠠ ᠶᠢ ᠬᠠᠷᠠᠭᠤᠯᠳᠠᠭ᠃ | ᠦᠩᠭᠡᠷᠡᠭᠰᠡᠨ ᠳᠦ ᠪᠠᠷᠢ ᠪᠠᠭᠤᠯᠭᠠᠬᠤ ᠪᠠᠷ ᠮᠣᠷᠳᠠᠬᠤ | ᠰᠠᠭᠠᠳᠠᠭ ᠤᠨ ᠬᠦᠮᠦᠰ ᠨᠢ ᠪᠠᠰᠠ ᠮᠤᠩᠭᠤᠯ ᠭᠡᠷ ᠪᠣᠶᠤ ᠬᠦᠰᠭᠡ | ᠮᠠᠶᠢᠬᠠᠨ᠂ ᠵᠠᠮ ᠵᠠᠭᠤᠷ᠎ᠠ ᠢᠳᠡᠬᠦ ᠠᠮᠤ ᠬᠦᠨᠡᠰᠤ᠂ ᠮᠢᠬ᠎ᠠ | ᠪᠣᠯᠣᠨ ᠬᠦᠨᠡᠰᠦᠨ ᠠᠷᠢᠬᠢ ᠪᠠᠨ ᠠᠪᠴᠤ ᠶᠠᠪᠤᠨ᠂ ᠬᠡᠤᠬᠡᠨ ᠤ | ᠭᠡᠷ ᠤᠨ ᠤᠷᠴᠢᠮ ᠪᠠᠭᠤᠳᠠᠯᠯᠠᠨ ᠰᠠᠭᠤᠭᠰᠠᠨ ᠤ ᠳᠠᠷᠠᠭ᠎ᠠ᠂ | ᠰᠠᠶ᠋ᠢ ᠬᠡᠤᠭᠡᠨ ᠤ ᠭᠡᠷ ᠲᠦ ᠬᠦᠷᠳᠡᠭ᠃ ᠬᠡᠤᠬᠡᠨ ᠤ ᠭᠡᠷ | ᠦᠢᠷᠠᠳᠤᠪᠠᠯ ᠬᠤᠶᠠᠷ ᠠᠴᠠ ᠲᠦᠷᠪᠡᠨ ᠮᠣᠷᠢᠳᠡᠨ ᠲᠤᠮᠢᠯᠠᠵᠤ | ᠴᠢᠮᠡᠭᠡ ᠬᠦᠷᠭᠡᠭᠦᠯᠦᠨ ᠮᠡᠨᠳᠦ ᠶᠢᠨ ᠤᠷᠤᠭ ᠢᠶᠠᠷ | ᠬᠦᠷᠬᠦ ᠳᠦ᠂ ᠬᠡᠤᠭᠡᠨ ᠤ ᠭᠡᠷ ᠦᠨ ᠬᠢᠨᠢ ᠬᠠᠯᠠᠭᠤᠮᠰᠤᠭ ᠢᠶᠠᠷ | ᠵᠣᠴᠢᠯᠠᠨ᠎ᠠ᠃ ᠰᠢᠨ᠎ᠡ ᠬᠦᠷᠭᠡᠨ ᠪᠣᠯᠤᠨ ᠬᠦᠷᠭᠡᠨ ᠲᠠᠭᠠᠭᠴᠢ ᠨᠢ | ᠬᠡᠤᠭᠡᠨ ᠤ ᠭᠡᠷ ᠬᠤᠷᠤᠭ᠎ᠠ ᠶᠢ ᠵᠥᠪ ᠢᠶᠡᠷ ᠨᠢᠭᠡ ᠡᠷᠬᠢᠭᠡᠳ | ᠰᠠᠶ᠋ᠢ ᠮᠤᠷᠢᠨ ᠠᠴᠠ ᠪᠠᠨ ᠪᠠᠭᠤᠳᠠᠭ᠃ ᠡᠨᠡ ᠦᠶ᠎ᠡ ᠳᠦ | ᠬᠡᠤᠬᠡᠨ ᠤ ᠲᠠᠯ᠎ᠠ ᠶᠢᠨ ᠲᠥᠷᠪᠡᠨ ᠪᠡᠷᠬᠡᠨ ᠨᠢ ᠡᠭᠦᠳᠡ | ᠲᠠᠷᠤᠵᠤ᠂ ᠰᠢᠨ᠎ᠡ ᠬᠦᠷᠭᠡᠨ ᠪᠠ ᠬᠦᠷᠭᠡᠨ ᠲᠠᠭᠠᠭᠴᠢ᠂ | ︽ᠬᠡᠯᠡᠮᠦᠷᠴᠢ︾︵ᠵᠠᠷᠢᠮ ᠭᠠᠵᠠᠷ ᠨᠢ ᠰᠠᠭᠠᠳᠠᠭ ᠤᠨ ᠬᠦᠮᠦᠰ ᠢ | ᠪᠦᠬᠦᠨ ᠢ ᠡᠭᠦᠳᠡᠨ ᠭᠠᠳᠠᠨ᠎ᠠ ᠬᠠᠰᠢᠳᠠᠭ︶ᠵᠡᠷᠭᠡ ᠬᠦᠮᠦᠰ ᠢ | ᠡᠬᠦᠳᠡᠨ ᠭᠠᠳᠠᠨ᠎ᠠ ᠬᠠᠰᠢᠨᠠ᠃ ᠢᠩᠭᠢᠬᠦ ᠳᠦ ᠬᠤᠶᠠᠷ | ᠲᠠᠯ᠎ᠠ ᠶᠢᠨ︽ᠬᠡᠯᠡᠮᠦᠷᠴᠢ︾ᠰᠢᠯᠦᠭ ᠲᠠᠭᠤᠤ ᠪᠠᠷ ᠢᠷᠠᠭᠤ | ᠰᠠᠶᠢᠬᠠᠨ ᠪᠣᠯᠪᠠᠰᠤᠨ ᠶᠦᠮᠦᠷᠯᠢᠭ ᠠᠰᠠᠭᠤᠨ ᠬᠠᠷᠢᠭᠤᠯᠵᠤ | ᠡᠭᠦᠳᠡ ᠲᠡᠷᠤᠳᠠᠭ ᠨᠢ ᠪᠠᠰᠠᠴᠤ ᠬᠤᠷᠢᠮ ᠲᠦᠷᠦ ᠶᠢᠨ | ᠶᠤᠰᠤᠯᠠᠯ ᠳᠠᠬᠢ ᠬᠠᠮᠤᠭ ᠤᠨ ᠬᠦᠷ ᠬᠥᠭᠵᠢᠶᠡᠨ ᠲᠠᠢ ᠲᠠᠯᠠᠪᠤᠷ | ᠪᠣᠯᠬᠣ ᠶᠤᠮ᠃ ᠲᠤᠰ ᠬᠤᠳᠠ ᠶᠢᠨ ᠵᠤᠩᠬᠢᠯᠠᠬᠤ ᠭᠠᠵᠠᠷ ᠤᠷᠤᠨ ᠳᠤ | ᠵᠦᠪᠬᠡᠨ ᠬᠡᠤᠭᠡᠨ ᠤ ᠭᠡᠷ ᠦᠨ ᠭᠠᠳᠠᠨ᠎ᠠ᠂ ᠢᠷᠠᠭᠤᠯᠢᠭ | ᠮᠡᠳᠭᠡᠯᠴᠡᠬᠦ ᠦᠵᠡᠭᠳᠡᠯ ᠨᠢ ᠤᠯᠠᠨ ᠪᠠᠶᠢᠳᠠᠭ᠃ ᠪᠠᠭᠠᠷᠢᠨ | ᠵᠡᠷᠭᠡ ᠭᠠᠵᠠᠷ ᠤᠳ ᠢᠶᠠᠷ ᠬᠠᠷᠢᠨ ᠡᠷᠡᠭᠳᠡᠢ ᠶᠢᠨ ᠭᠡᠷ ᠦᠨ | ᠡᠭᠦᠳᠡᠨ ᠳᠦ ᠪᠠᠰᠠ ᠡᠶᠢᠮᠦᠷᠭᠦᠤ ᠶᠤᠰᠤᠯᠠᠯ ᠶᠠᠪᠤᠭᠳᠠᠵᠤ᠂ | ᠨᠢᠭᠡ ᠪᠦᠯᠦᠭ ᠵᠠᠯᠠᠭᠤᠴᠤᠳ ᠡᠭᠦᠳᠡ ᠰᠠᠬᠢᠵᠤ᠂ ᠰᠢᠨ᠎ᠡ ᠪᠡᠷᠢ ᠶᠢ | ᠬᠠᠰᠢᠳᠠᠭ ᠦᠵᠡᠭᠳᠡᠯ ᠪᠣᠢ᠃ ᠬᠡᠤᠭᠡᠨ ᠤ ᠲᠠᠯ᠎ᠠ ᠶᠢᠨ | ᠬᠢᠨ︽ᠬᠡᠯᠡᠮᠦᠷᠴᠢ︾ ᠡᠴᠡ ᠶᠠᠩᠵᠤ ᠪᠦᠷᠢ ᠶᠢᠨ ᠠᠰᠠᠭᠤᠯᠲᠠ | ᠠᠰᠠᠭᠤᠵᠤ᠂ ᠬᠦᠤ ᠶᠢᠨ ᠲᠠᠯ᠎ᠠ ᠶᠢᠨ ᠬᠢᠨ ᠬᠠᠷᠢᠨ ᠲᠥᠭᠦᠮ ᠲᠥᠳᠡ | ᠪᠠᠶᠢᠳᠠᠭ᠃ ᠬᠦᠤ ᠶᠢᠨ ᠲᠠᠯ᠎ᠠ ᠶᠢᠨ ᠬᠢᠨ ᠡᠬᠦᠳᠡᠨ ᠲᠠᠷᠤᠭᠰᠠᠨ | ᠪᠡᠷᠭᠡᠨ ᠳᠦ︽ᠰᠢᠭᠦᠰᠤ︾ᠪᠣᠯᠣᠨ ᠬᠤᠶᠠᠷ ᠪᠣᠳᠤᠩ ᠠᠷᠢᠬᠢ ᠥᠭᠳᠡᠭ | ᠪᠠ ᠡᠮᠡᠭᠲᠡᠢ ᠶᠢᠨ ᠲᠠᠯ᠎ᠠ ᠶᠢᠨ ᠬᠢᠨ ᠬᠠᠷᠢᠨ ᠤᠷᠠᠯᠠᠨ | ᠤᠶᠤᠭᠰᠠᠨ ᠲᠠᠮᠠᠬᠢᠨ ᠬᠠᠪᠲᠠᠭ᠎ᠠ ᠶᠢ ᠤᠭᠲᠠᠷᠭᠤᠢ ᠦᠭᠡᠳᠡ | ᠰᠢᠳᠡᠨ ᠶᠠᠪᠤᠭᠤᠯᠬᠤ ᠳᠤ ᠡᠭᠦᠳᠡᠨ ᠳᠦ ᠪᠠᠶᠢᠭᠰᠠᠨ | ᠵᠠᠯᠠᠭᠤᠴᠤᠳ ᠪᠤᠯᠢᠶᠠᠯᠳᠤᠨ ᠡᠬᠢᠯᠡᠳᠡᠭ᠃ ᠵᠠᠷᠢᠮ ᠭᠠᠵᠠᠷ ᠤᠨ | ᠸᠠᠩ ᠭᠦᠩ ᠢᠵᠠᠭᠤᠷᠳᠠᠳ ᠤᠨ ᠬᠤᠷᠢᠮ ᠤᠨ ᠶᠤᠰᠤᠯᠠᠯ ᠤᠨ | ︽ᠡᠬᠦᠳᠡ ᠲᠠᠷᠤᠵᠤ ᠬᠠᠷᠢᠯᠴᠠᠨ ᠮᠡᠳᠭᠡᠯᠴᠡᠬᠦ︾ᠨᠢ ᠨᠡᠩ ᠨᠠᠷᠢᠨ | ᠲᠦᠪᠡᠭᠳᠡᠢ ᠪᠠᠶᠢᠳᠠᠭ᠂ ︽ᠸᠠᠩ ᠨᠤᠶᠠᠨ ᠤ ᠡᠭᠦᠳᠡ ᠪᠣᠯᠪᠠᠰᠤ᠂ | ᠭᠤᠷᠪᠠᠨ ᠬᠠᠭᠠᠯᠭ᠎ᠠ ᠶᠢᠨ ᠶᠤᠰᠤ︾᠂ ︽ᠲᠠᠶᠢᠵᠢ ᠬᠦᠮᠦᠨ ᠦ | ᠡᠬᠦᠳᠡ ᠪᠣᠯᠪᠠᠰᠤ᠂ ᠬᠤᠶᠠᠷ ᠬᠠᠭᠠᠯᠭ᠎ᠠ ᠶᠢᠨ ᠶᠤᠰᠤ︾᠂ | ︽ᠬᠠᠷᠠᠴᠤ ᠬᠦᠮᠦᠨ ᠦ ᠡᠬᠦᠳᠡ ᠪᠣᠯᠪᠠᠰᠤ᠂ ᠨᠢᠭᠡ | ᠬᠠᠭᠠᠯᠭ᠎ᠠ ᠶᠢᠨ ᠶᠤᠰᠤ︾ᠭᠡᠳᠡᠭ ᠬᠡᠯᠡᠯᠬᠡ ᠪᠠᠶᠢᠳᠠᠭ᠃ ᠬᠤᠶᠠᠷ | ᠲᠠᠯ᠎ᠠ ᠶᠢᠨ︽ᠬᠡᠯᠡᠨ ᠦ ᠪᠠᠶᠢᠯᠳᠤᠭᠠᠨ︾ᠨᠢ ᠰᠢᠷᠦᠭᠦᠰᠬᠦ | ᠦᠶ᠎ᠡ ᠳᠦ᠂ ᠬᠡᠤᠭᠡᠨ ᠤ ᠲᠠᠯ᠎ᠠ ᠶᠢᠨ ᠲᠦᠷᠦᠭᠦᠦ ᠨᠤᠶᠠᠨ | ︽ᠬᠤᠳᠠ︾ᠭᠠᠷᠴᠤ᠂ ᠬᠤᠶᠠᠷ ᠲᠠᠯ᠎ᠠ ᠶᠢᠨ ︽ᠬᠡᠯᠡᠮᠦᠷᠴᠢ︾ ᠳᠦ | ᠠᠷᠢᠬᠢ ᠬᠠᠳᠠᠭ ᠪᠠᠷᠢᠨ ᠤᠷᠠᠨ ᠰᠠᠶᠢᠬᠠᠨ ᠦᠭᠡ ᠪᠠᠷ ᠢᠳᠬᠠᠨ | ᠵᠣᠭᠰᠤᠭᠠᠵᠤ᠂ ᠢᠷᠡᠭᠰᠡᠨ ᠬᠦᠮᠦᠰ ᠢ ᠡᠷᠬᠢᠮ ᠵᠣᠴᠢᠨ ᠢᠶᠠᠷ | ᠭᠡᠷ ᠲᠤ ᠪᠠᠨ ᠵᠠᠯᠠᠨ ᠤᠷᠤᠭᠤᠯᠵᠤ ᠴᠠᠢ ᠪᠠᠷ ᠵᠤᠴᠢᠯᠠᠳᠠᠭ᠃ | ᠬᠡᠤᠬᠡᠨ ᠤ ᠭᠡᠷ ᠦᠨ︽ᠪᠠᠶᠠᠷ ᠤᠨ ᠬᠤᠷᠢᠮ︾︵ᠬᠤᠷᠢᠮ ᠤᠨ | ᠶᠤᠰᠤᠯᠠᠯ︶ᠨᠢ ᠡᠨᠡ ᠡᠳᠦᠷ ᠶᠡᠭᠡ ᠪᠡᠷ ᠰᠢᠷᠡᠭᠡ ᠵᠠᠰᠠᠵᠤ᠂ | ᠰᠠᠭᠠᠳᠠᠭ ᠤᠨ ᠬᠦᠮᠦᠰ ᠪᠠ ᠪᠠᠷᠢ ᠮᠣᠷᠳᠠᠭᠤᠯᠬᠤ ᠪᠠᠷ ᠢᠷᠡᠭᠰᠡᠨ | ᠰᠠᠳᠤᠨ ᠲᠦᠷᠦᠯ ᠨᠠᠶᠢᠵᠠ ᠨᠦᠭᠦᠳ ᠢᠶᠡᠨ ᠬᠠᠯᠠᠭᠤᠮᠰᠤᠭ ᠢᠶᠠᠷ | ᠵᠣᠴᠢᠯᠠᠳᠠᠭ᠃ ᠬᠤᠶᠠᠷ ᠲᠠᠯ᠎ᠠ ᠶᠢᠨ ᠲᠦᠷᠦᠭᠦᠦ ᠨᠤᠶᠠᠨ ᠢᠶᠠᠷ | ᠲᠦᠷᠦᠬᠦᠯᠡᠭᠦᠯᠦᠭᠰᠡᠨ ᠵᠣᠴᠢᠳ ᠦᠪᠡᠷ ᠥᠪᠡᠷ ᠦᠨ ᠢᠶᠡᠨ | ᠰᠠᠭᠤᠳᠠᠯ ᠳᠤ ᠰᠠᠭᠤᠬᠤ ᠶᠢᠨ ᠬᠠᠮᠲᠦ᠂ ᠬᠡᠤᠬᠡᠨ ᠤ ᠡᠴᠢᠭᠡ ᠡᠬᠡ | ᠨᠢ ᠪᠠᠰᠠ ᠰᠠᠭᠤᠳᠠᠯ ᠳᠤ ᠰᠠᠭᠠᠲᠠᠳᠠᠭ᠃ ᠬᠡᠤᠭᠡᠨ ᠮᠤᠷᠳᠠᠭᠤᠯᠬᠤ | ᠬᠤᠷᠢᠮ ᠨᠢ ᠬᠦᠷ ᠬᠥᠭᠵᠢᠶᠡᠨ ᠲᠠᠢ ᠪᠠᠶᠠᠷ ᠪᠠᠬᠠᠳᠦᠯ ᠤᠨ ᠲᠤᠮᠳᠠ | ᠶᠠᠪᠤᠭᠳᠠᠵᠤ᠂ ᠬᠡᠤᠭᠡᠨ ᠦ ᠲᠠᠯ᠎ᠠ ᠶᠢᠨ ︽ᠰᠦᠩᠴᠢ︾ᠤᠯᠠᠨ ᠳᠤ | ᠠᠷᠢᠬᠢ ᠪᠠᠷᠢᠬᠤ᠂ ᠳᠠᠭᠤᠴᠢᠳ ᠲᠠᠭᠤᠤ ᠳᠠᠭᠤᠯᠠᠬᠤ ᠠᠴᠠ | ᠭᠠᠳᠠᠨ᠎ᠠ᠂ ᠪᠠᠰᠠ ︽ᠰᠢᠨ᠎ᠡ ᠪᠡᠷᠢ ᠶᠢ ᠲᠠᠨᠢᠯᠴᠠᠭᠤᠯᠬᠤ︾᠂ | ︽ᠪᠡᠯᠭᠡᠳᠤ ᠬᠤᠭᠤᠯᠠ ᠪᠠᠷ ᠬᠦᠷᠭᠡᠨ ᠠᠮᠠᠳᠠᠬᠤ︾᠂ ︽ᠰᠢᠨ᠎ᠡ | ᠬᠦᠷᠭᠡᠨ ᠬᠤᠪᠴᠠᠯᠠᠬᠤ︾᠂︽ᠨᠤᠮᠤ ᠰᠠᠭᠠᠳᠠᠭ ᠡᠮᠡᠭᠡᠯ ᠬᠠᠵᠠᠭᠠᠷ | ᠲᠠᠢ ᠮᠣᠷᠢ ᠪᠠᠷ ᠱᠠᠩᠨᠠᠬᠤ︾ ᠵᠡᠷᠭᠡ ᠤᠯᠠᠨ ᠵᠦᠢᠯ ᠦᠨ ᠶᠤᠰᠤ | ᠤᠴᠢᠷ ᠢ ᠬᠦᠢᠴᠡᠳᠬᠡᠭᠰᠡᠨ ᠦ ᠲᠠᠷᠠᠭ᠎ᠠ ᠰᠠᠶ᠋ᠢ ︽ᠬᠤᠷᠢᠮ︾ | ᠦᠨᠳᠦᠷᠯᠡᠳᠡᠭ᠃ | ᠬᠡᠤᠬᠡᠨ ᠮᠤᠷᠳᠠᠭᠤᠯᠬᠤ᠄ ᠬᠡᠤᠬᠡᠨ ᠮᠤᠷᠳᠠᠭᠤᠯᠬᠤ ᠴᠠᠭ ᠪᠣᠯᠪᠠᠯ | ᠬᠡᠤᠬᠡᠨ ᠤ ᠲᠠᠯ᠎ᠠ ᠶᠢᠨ ᠲᠠᠭᠤᠴᠢᠨ ᠲᠦᠷᠪᠡᠨ ᠴᠠᠭ ᠤᠨ ᠲᠠᠭᠤᠤ | ᠳᠠᠭᠤᠯᠠᠵᠤ᠂ ᠬᠦᠮᠦᠨ ᠪᠦᠷᠢ ᠳᠦ ᠲᠥᠷᠪᠡᠨ ᠬᠤᠨᠳᠠᠭ᠎ᠠ ᠠᠷᠢᠭᠢ | ᠪᠠᠷᠢᠳᠠᠭ ᠪᠦᠭᠡᠳ ᠬᠦᠷᠢᠶᠠᠨ ᠡᠬᠦᠳᠡᠨ ᠳᠦ ᠬᠦᠯᠢᠰ ᠲᠠᠯᠪᠢᠵᠤ | ᠰᠤᠪᠤᠳ ᠡᠪᠡᠰᠤ᠂ ᠽᠠᠨᠳᠠᠨ ᠮᠤᠳᠤ᠂ ᠰᠦᠢᠭᠡ ᠪᠣᠶᠤ ᠠᠷᠴᠠ | ᠵᠡᠷᠭᠡ ᠶᠢ ᠤᠩᠰᠠᠭᠠᠨ ᠰᠢᠳᠠᠭᠠᠵᠤ ᠰᠠᠩ ᠲᠠᠯᠪᠢᠵᠣ᠂ ᠬᠦᠷᠭᠡᠨ | ᠬᠡᠤᠬᠡᠨ ᠬᠤᠶᠠᠷ ᠮᠤᠷᠢᠨ ᠳᠤ ᠮᠣᠷᠳᠠᠵᠤ ᠬᠦᠯᠢᠰ ᠦᠨ ᠭᠠᠯ ᠢ | ᠵᠥᠪ ᠢᠶᠡᠷ ᠭᠤᠷᠪᠠ ᠡᠷᠭᠢᠨ᠎ᠡ᠃ ᠡᠨᠡ ᠨᠢ ᠬᠦᠷᠭᠡᠨ ᠬᠡᠤᠭᠡᠨ ᠤ | ᠪᠡᠶ᠎ᠡ ᠶᠢ ᠠᠷᠢᠭᠤᠯᠠᠵᠤ ᠭᠠᠢ ᠪᠠᠷᠴᠢᠳ ᠢ ᠨᠢ ᠠᠷᠢᠯᠭᠠᠨ | ᠥᠯᠳᠡᠬᠦ ᠭᠡᠰᠡᠨ ᠰᠠᠨᠠᠭ᠎ᠠ ᠶᠢ ᠢᠯᠡᠷᠬᠡᠶᠢᠯᠡᠳᠡᠭ᠃ | ᠬᠦᠷᠭᠡᠨ ᠦ ᠲᠠᠯ᠎ᠠ ᠶᠢᠨ ᠰᠠᠭᠠᠳᠠᠭ ᠤᠨ ᠬᠦᠮᠦᠰ ᠲᠤ ᠪᠠᠰᠠ | ᠬᠡᠤᠭᠡᠨ ᠤ ᠲᠠᠯ᠎ᠠ ᠶᠢᠨ ᠰᠦᠩᠴᠢ ᠨᠠᠷ ᠮᠤᠷᠳᠠᠬᠤ ᠶᠢᠨ ᠮᠣᠯᠤᠷ᠂ | ᠲᠦᠷᠦᠭᠡᠨ ᠠᠷᠢᠬᠢ ᠪᠠᠷᠢᠨ᠎ᠠ᠃ ᠬᠦᠷᠭᠡᠨ ᠦ ᠲᠠᠯ᠎ᠠ ᠶᠢᠨ | ᠲᠦᠷᠦᠭᠦᠦ ᠨᠤᠶᠠᠨ ᠰᠦᠩᠴᠢ ᠨᠠᠷ ᠪᠠᠷᠢᠭᠰᠠᠨ︽ᠲᠦᠷᠦᠭᠡᠨ | ᠠᠷᠢᠬᠢ︾ ᠶᠢ ᠲᠤᠰᠤᠨ ᠠᠪᠴᠤ ᠲᠤᠭᠳᠠᠭᠠᠬᠤ ᠪᠤᠶᠤ ᠠᠮᠰᠠᠵᠤ | ᠮᠤᠷᠢᠨ ᠤ ᠲᠠᠯ ᠲᠡᠬᠡᠷ᠎ᠠ ᠪᠠᠨ ᠰᠠᠴᠤᠵᠤ᠂ ᠬᠣᠨᠳᠠᠭ᠎ᠠ ᠶᠢ ᠨᠢ | ᠪᠤᠴᠠᠭᠠᠬᠤ ᠪᠣᠶᠣ ᠡᠰᠡᠭᠦᠯ᠎ᠠ ᠮᠤᠷᠢᠨ ᠤ ᠬᠤᠷᠳᠤᠨ ᠢᠶᠠᠨ | ᠭᠠᠶᠢᠬᠠᠭᠤᠯᠵᠤ ᠬᠤᠨᠳᠠᠭ᠎ᠠ ᠶᠢ ᠨᠢ ᠥᠭᠬᠦ ᠦᠭᠡᠢ ᠳᠣᠪᠲᠤᠯᠤᠨ | ᠶᠠᠪᠣᠵᠣ ︽ᠮᠤᠯᠤᠷ ᠠᠪᠬᠤ︾ᠦᠵᠡᠭᠳᠡᠯ ᠪᠠᠰᠠ ᠪᠠᠶᠢᠳᠠᠭ᠂ | ᠢᠩᠬᠢᠪᠡᠯ ᠬᠡᠤᠭᠡᠨ ᠤ ᠲᠠᠯ᠎ᠠ ᠶᠢᠨ ᠬᠢᠨ ︽ᠮᠤᠯᠤᠷ ᠨᠡᠬᠡᠭᠦ︾ | ᠭᠡᠵᠤ ᠲᠠᠭᠤᠵᠤ ᠬᠦᠢᠴᠡᠪᠡᠯ ᠬᠤᠨᠳᠠᠭ᠎ᠠ ᠶᠢ ᠨᠢ ᠪᠤᠴᠠᠭᠠᠵᠤ | ᠥᠭᠬᠦ ᠶᠤᠰᠤ ᠪᠣᠢ᠃ ᠵᠠᠮ ᠤᠨ ᠲᠤᠮᠳᠠ ᠬᠦᠷᠭᠡᠨ ᠬᠡᠤᠬᠡᠨ ᠬᠤᠶᠠᠷ | ᠲᠠᠯ᠎ᠠ ᠶᠢᠨ ᠬᠢᠨ ᠮᠠᠯᠠᠭᠠᠢ ᠪᠤᠯᠢᠶᠠᠬᠤ ᠲᠣᠭᠯᠠᠭᠠᠮ ᠭᠠᠷᠭᠠᠵᠤ | ᠨᠢᠭᠡ ᠳᠦ ᠮᠤᠷᠢᠨ ᠤ ᠬᠤᠷᠳᠦᠨ ᠢᠶᠠᠨ ᠭᠠᠶᠢᠬᠠᠭᠤᠯᠵᠤ᠂ | ᠬᠤᠶᠠᠷ ᠲᠤ ᠮᠤᠷᠢᠨ ᠮᠡᠷᠭᠡᠵᠢᠯ ᠢᠶᠡᠨ ᠤᠷᠤᠯᠳᠤᠳᠠᠭ᠃ ᠪᠡᠷᠢ | ᠪᠠᠭᠤᠯᠭᠠᠬᠤ ᠬᠦᠮᠦᠰ ᠨᠢ ᠪᠠᠶᠠᠷ ᠪᠠᠬᠠᠳᠤᠯᠳᠤ ᠬᠦᠷ | ᠬᠥᠭᠵᠢᠶᠡᠨᠳᠦ ᠲᠠᠭᠤᠨ ᠤ ᠲᠤᠮᠳᠠ ᠪᠡᠷᠢ ᠪᠠᠨ ᠲᠤᠰᠴᠤ | ᠠᠪᠴᠢᠷᠠᠳᠠᠭ᠃ | ᠬᠡᠤᠬᠡᠨ ᠮᠤᠷᠳᠠᠭᠤᠯᠬᠤ ᠪᠡᠷᠢ ᠤᠭᠲᠤᠬᠤ ᠬᠦᠮᠦᠰ ᠰᠢᠨ᠎ᠡ | ᠬᠦᠷᠭᠡᠨ ᠦ ᠭᠡᠷ ᠲᠥᠭᠦᠭᠦ ᠳᠦ᠂ ᠰᠢᠨ᠎ᠡ ᠬᠦᠷᠭᠡᠨ ᠨᠢ ᠬᠦᠷᠭᠡᠨ | ᠲᠠᠭᠠᠭᠴᠢ ᠲᠠᠢ ᠪᠠᠨ ᠤᠷᠢᠳᠠᠪᠠᠷ ᠵᠠᠪᠳᠦᠨ ᠭᠡᠷ ᠲᠦ ᠪᠠᠨ ᠤᠴᠢᠵᠤ | ᠴᠢᠮᠡᠭᠡ ᠬᠦᠷᠭᠡᠭᠡᠳ᠂ ᠰᠢᠨ᠎ᠡ ᠪᠡᠷᠢ ᠶᠢᠨ ᠲᠡᠷᠭᠡ ᠤᠶᠢᠷᠡᠳᠦᠬᠤ | ᠦᠶ᠎ᠡ ᠳᠦ ᠲᠠᠬᠢᠨ ᠬᠦᠷᠭᠡᠨ ᠲᠠᠭᠠᠭᠴᠢ ᠲᠠᠢ ᠲᠦᠷᠪᠡᠨ ᠬᠦᠮᠦᠨ | ᠬᠠᠮᠳᠤ ᠤᠭᠳᠤᠳᠠᠭ᠃ ᠰᠢᠨ᠎ᠡ ᠬᠦᠷᠭᠡᠨ ᠰᠢᠨ᠎ᠡ ᠪᠡᠷᠢ ᠶᠢᠨ | ᠰᠠᠭᠤᠭᠰᠠᠨ ᠲᠡᠷᠭᠡ ᠪᠤᠶᠤ ᠮᠣᠷᠢ ᠶᠢ ᠨᠢ ᠨᠢᠭᠡ ᠡᠷᠭᠢᠭᠡᠳ᠂ ᠭᠡᠷ | ᠤᠷᠤᠭᠤ ᠪᠠᠨ ᠪᠣᠴᠠᠨ ᠲᠠᠪᠬᠢᠭᠤᠯᠳᠠᠭ᠃ ᠬᠡᠤᠭᠡᠨ ᠬᠦᠷᠬᠡᠭᠦ ᠪᠡᠷ | ᠢᠷᠡᠭᠰᠡᠨ ᠵᠠᠯᠠᠭᠤᠴᠣᠳ ᠰᠢᠨ᠎ᠡ ᠬᠦᠷᠭᠡᠨ ᠢ ᠰᠠᠯᠣᠯ ᠦᠭᠡᠢ | ᠨᠡᠬᠡᠵᠤ᠂ ᠮᠠᠯᠠᠭᠠᠢ ᠶᠢ ᠨᠢ ᠪᠣᠯᠢᠶᠠᠬᠣ ᠪᠠᠷ ᠤᠷᠤᠯᠳᠤᠵᠤ᠂ | ᠲᠡᠳᠡᠨ ᠦ ᠬᠤᠷᠳᠤᠨ ᠭᠠᠪᠰᠢᠭᠠᠢ ᠤᠢ ᠪᠢᠯᠢᠭ ᠮᠤᠷᠢᠨ ᠤ | ᠡᠷᠳᠡᠮ ᠢᠶᠡᠨ ᠦᠵᠡᠬᠦᠯᠳᠡᠭ᠃ ᠰᠢᠨ᠎ᠡ ᠪᠡᠷᠢ ᠬᠦᠤ ᠶᠢᠨ ᠭᠡᠷ ᠦᠨ | ᠭᠠᠳᠠᠨ᠎ᠠ ᠬᠦᠷᠴᠦ ᠢᠷᠡᠬᠦ ᠳᠦ᠂ ᠰᠢᠨ᠎ᠡ ᠬᠦᠷᠭᠡᠨ ᠨᠢ | ︽ᠮᠦᠷᠭᠦᠬᠦᠯᠬᠦ ᠠᠪᠤ ᠪᠣᠶᠤ ᠡᠵᠢ︾ ᠪᠣᠯᠣᠨ ᠬᠦᠤ ᠶᠢᠨ | ᠲᠠᠯ᠎ᠠ ᠶᠢᠨ ᠲᠦᠷᠦᠭᠦᠦ︽ᠬᠤᠳᠠ︾ᠵᠢᠴᠢ ᠬᠡᠳᠤᠨ ︽ᠪᠡᠷᠭᠡᠨ︾ᠲᠠᠢ | ᠬᠠᠮᠳᠤ ᠪᠠᠷ ᠰᠢᠨ᠎ᠡ ᠪᠡᠷᠢ ᠶᠢ ᠤᠭᠳᠤᠳᠠᠭ᠃ ᠰᠢᠨ᠎ᠡ ᠪᠡᠷᠢ ᠶᠢᠨ | ᠰᠠᠭᠤᠭᠰᠠᠨ ᠲᠡᠷᠭᠡ ᠬᠡᠳᠦᠶᠢᠪᠡᠷ ᠵᠤᠭᠰᠤᠭᠰᠠᠨ ᠪᠣᠯᠪᠠᠴᠤ | ᠲᠡᠷᠭᠡᠴᠢᠨ ᠨᠢ ᠠᠷᠠᠯ ᠢ ᠲᠠᠰᠤᠷᠠᠯᠳᠠ ᠦᠭᠡᠢ ᠬᠦᠳᠡᠯᠭᠡᠵᠤ | ᠪᠠᠶᠢᠳᠠᠭ᠃ ︽ᠮᠦᠷᠭᠦᠬᠦᠯᠬᠦ ᠡᠵᠢ︾ ᠨᠢ ᠰᠢᠨ᠎ᠡ ᠪᠡᠷᠢ ᠳᠦ ᠰᠦ | ᠠᠮᠰᠠᠭᠤᠯᠵᠤ᠂ ᠦᠯᠡᠳᠡᠭᠰᠡᠨ ᠢ ᠨᠢ ᠥᠪᠡᠷ ᠢᠶᠡᠨ ᠤᠤᠭᠤᠳᠠᠭ | ᠪᠦᠭᠡᠳ ᠰᠢᠨ᠎ᠡ ᠪᠡᠷᠢ ᠶᠢᠨ ᠪᠠᠷᠠᠭᠤᠨ ᠭᠠᠷ ᠢ ᠬᠦᠩᠭᠡᠭᠡᠨ | ᠲᠦᠰᠢᠵᠦ ᠲᠡᠷᠭᠡᠨ ᠡᠴᠡ ᠪᠠᠭᠤᠯᠭᠠᠨ᠂ ︽ ︾ ᠦᠰᠦᠭ ᠦᠨ ᠬᠡ | ᠤᠭᠠᠯᠵᠠᠳᠦ ᠴᠠᠭᠠᠨ ᠢᠰᠡᠭᠡᠢ ᠲᠡᠭᠡᠷ᠎ᠠ ᠠᠯᠬᠤᠭᠤᠯᠤᠨ ᠭᠡᠷ ᠲᠦ | ᠤᠷᠤᠭᠤᠯᠳᠠᠭ᠃ ᠵᠠᠷᠢᠮ ᠭᠠᠵᠠᠷ ᠤᠨ ᠬᠢᠨ ᠪᠠᠰᠠ ᠬᠠᠳᠠᠪᠴᠢᠨ | ᠳᠣᠲᠣᠷ᠎ᠠ ᠰᠢᠨ᠎ᠡ ᠬᠤᠨᠢᠨ ᠠᠷᠠᠰᠤ ᠳᠡᠪᠢᠰᠴᠦ ᠪᠠᠷᠠᠭᠤᠨ | ᠬᠦᠯ ᠢᠶᠡᠷ ᠨᠢ ᠭᠢᠰᠭᠢᠭᠦᠯᠵᠤ ᠦᠷᠦᠭᠡ ᠳ᠋ᠤᠨᠢ ᠤᠷᠤᠭᠤᠯᠳᠠᠭ᠃ | ᠤᠭᠳᠤᠯᠭ᠎ᠠ ᠶᠢᠨ ᠬᠤᠷᠢᠮ᠄ ᠰᠢᠨ᠎ᠡ ᠪᠡᠷᠢ ᠶᠢ ᠭᠡᠷ ᠲᠦ | ᠤᠷᠤᠭᠤᠯᠤᠭᠰᠠᠨ ᠤ ᠲᠠᠷᠠᠭ᠎ᠠ᠂ ᠬᠦᠤ ᠶᠢᠨ ᠲᠠᠯ᠎ᠠ ᠶᠢᠨ | ᠬᠢᠨ︽ᠤᠭᠳᠤᠯᠭ᠎ᠠ ᠶᠢᠨ ᠶᠡᠭᠡ ᠬᠤᠷᠢᠮ︾ᠲᠠᠯᠪᠢᠳᠠᠭ᠃ᠬᠤᠶᠠᠷ | ᠲᠠᠯ᠎ᠠ ᠶᠢᠨ ᠲᠦᠷᠦᠭᠦᠤ ︽ᠬᠤᠳᠠ︾ ᠪᠠᠷ ᠲᠦᠷᠦᠭᠦᠯᠡᠭᠦᠯᠦᠨ | ᠭᠤᠣᠯ ᠰᠠᠭᠤᠳᠠᠯ ᠳᠤ ᠵᠠᠯᠠᠵᠤ᠂ ᠵᠣᠴᠢᠳ ᠢ ᠦᠶ᠎ᠡ | ᠲᠠᠷᠠᠭ᠎ᠠ ᠪᠠᠷ ᠨᠢ ᠲᠣᠬᠢᠷᠠᠭᠣᠯᠣᠨ ᠰᠠᠭᠤᠯᠭᠠᠵᠤ | ᠲᠠᠶᠢᠯᠠᠳᠠᠭ᠃ ᠬᠦᠤ ᠶᠢᠨ ᠲᠠᠯ᠎ᠠ ᠶᠢᠨ ᠲᠥᠷᠪᠡᠨ ︽ᠰᠦᠩᠴᠢ︾ | ᠤᠯᠠᠨ ᠳᠤ ᠠᠷᠢᠬᠢ ᠪᠠᠷᠢᠵᠤ᠂ ᠲᠠᠭᠤᠴᠢᠳ ︽ᠬᠤᠷᠢᠮ ᠤᠨ | ᠳᠠᠭᠤᠤ︾ᠳᠠᠭᠤᠯᠠᠨ ᠨᠠᠶᠢᠷᠯᠠᠳᠠᠭ ᠪᠦᠭᠡᠳ ᠡᠨᠡ ᠬᠤᠭᠤᠷᠤᠨᠳᠤ ᠨᠢ | ᠪᠠᠰᠠ︽ᠮᠦᠷᠭᠦᠭᠦᠯᠦᠭᠰᠡᠨ ᠡᠵᠢ ︾ᠨᠢ ᠰᠢᠨ᠎ᠡ ᠪᠡᠷᠢ ᠶᠢᠨ | ︽ᠦᠰᠦ ᠶᠢ ᠨᠢ ᠬᠠᠭᠠᠯᠵᠤ︾ᠭᠤᠶᠤᠯᠠᠨ ᠵᠠᠰᠠᠬᠤ᠂︽ᠰᠢᠨ᠎ᠡ | ᠪᠡᠷᠢ ᠶᠢᠨ ᠨᠢᠭᠤᠷ ᠢ ᠨᠢ ᠷᠠᠰᠢᠶᠠᠯᠠᠬᠤ︾᠂ ︽ᠭᠠᠯ ᠪᠣᠷᠬᠠᠨ ᠳᠤ | ᠮᠦᠷᠭᠦᠭᠦᠯᠬᠦ︾᠂ ︽ᠲᠤᠰᠬᠠᠢ ᠰᠢᠷᠡᠭᠡ ᠵᠠᠰᠠᠵᠤ ᠪᠡᠷᠢ | ᠲᠠᠨᠢᠯᠴᠠᠭᠤᠯᠬᠤ︾ ᠵᠡᠷᠭᠡ ᠤᠯᠠᠨ ᠵᠦᠢᠯ ᠦᠨ ᠶᠤᠰᠤᠯᠠᠯ | ᠶᠠᠪᠤᠭᠳᠠᠳᠠᠭ᠃︽ᠪᠡᠷᠢ ᠲᠠᠨᠢᠯᠴᠠᠭᠤᠯᠬᠤ ᠰᠢᠷᠡᠭᠡ︾ᠲᠡᠭᠡᠷ᠎ᠠ᠂ | ᠡᠷᠡᠭᠳᠡᠢ ᠶᠢᠨ ᠲᠠᠯ᠎ᠠ ᠶᠢᠨ ᠬᠤᠷᠢᠮ ᠤᠨ ᠲᠦᠷᠦᠭᠦᠤ | ︽ᠬᠤᠳᠠ︾ ᠠᠴᠠ ᠰᠢᠨ᠎ᠡ ᠪᠡᠷᠢ ᠳᠦ ᠬᠠᠳᠠᠮ ᠤᠨ ᠲᠠᠯ᠎ᠠ ᠶᠢᠨ | ᠬᠢᠨᠢ ᠰᠠᠳᠤᠨ ᠲᠦᠷᠦᠯ ᠦᠳ ᠢ ᠲᠠᠨᠢᠯᠴᠠᠭᠤᠯᠬᠤ ᠳᠤ᠂ ᠰᠢᠨ᠎ᠡ | ᠪᠡᠷᠢ ᠠᠪᠤ ᠡᠵᠢ᠂ ᠠᠬᠠᠰ ᠵᠠᠬᠠᠰ ᠲᠤ ᠪᠠᠨ ᠠᠷᠢᠬᠢ ᠬᠠᠳᠠᠭ | ᠪᠠᠷᠢᠵᠤ ᠬᠤᠪᠴᠠᠰᠤ ᠬᠤᠨᠠᠷ ᠲᠠᠢ ᠮᠦᠷᠭᠦᠳᠡᠭ ᠪᠠ ᠲᠡᠭᠦᠦᠨᠠᠷ ᠲᠤ | ᠵᠠᠭᠦᠯᠳᠠ ᠵᠡᠬᠦᠯᠭᠡᠨᠠ᠃ ᠮᠦᠷᠭᠦᠯᠲᠡ ᠶᠢᠨ ᠪᠡᠯᠡᠭ ᠤᠯᠤᠭᠰᠠᠨ | ᠬᠦᠮᠦᠰ ᠬᠠᠷᠢᠭᠤ ᠪᠡᠯᠡᠭ ᠬᠦᠷᠭᠡᠨ᠎ᠡ᠃ ᠵᠠᠷᠢᠮ ᠭᠠᠵᠠᠷ ᠲᠤ | ᠭᠡᠷᠯᠡᠭᠰᠡᠨ ᠬᠣᠶᠠᠷ ᠤᠨ ᠦᠷᠭᠦᠭᠡ ᠲᠤᠳᠤᠷᠠᠬᠢ ᠬᠥᠨᠵᠢᠯᠡ | ᠲᠡᠪᠢᠰᠭᠡᠷ ᠢ ᠨᠢ ︽ᠬᠤᠯᠠᠭᠠᠶᠢᠯᠠᠨ ᠠᠪᠳᠠᠭ︾ᠪᠠ ᠡᠬᠦᠨ ᠢ | ᠬᠡᠤᠬᠡᠨ ᠢᠶᠡᠨ ᠲᠠᠭᠠᠵᠤ ᠰᠠᠭᠤᠬᠤ ᠪᠡᠷᠭᠡᠨ ᠨᠢ | ︽ᠡᠶᠡᠳᠡᠭᠦᠯᠦᠨ︾᠂ ᠰᠢᠨ᠎ᠡ ᠪᠡᠷᠢ ᠵᠤᠭᠤᠰ ᠭᠠᠷᠭᠠᠨ ᠲᠠᠬᠢᠨ ᠤᠭ | ᠤᠷᠤᠨ ᠳ᠋ᠤᠨᠢ ᠠᠪᠴᠢᠷᠠᠨ ᠲᠠᠯᠪᠢᠳᠠᠭ ᠦᠵᠡᠭᠳᠡᠯ ᠴᠦ ᠪᠣᠢ᠃ | ᠪᠠᠰᠠ ᠬᠡᠦᠬᠡᠨ ᠲᠠᠭᠠᠵᠤ ᠪᠠᠷ᠎ᠠ ᠪᠣᠯᠣᠭᠰᠠᠨ ᠬᠡᠦᠬᠡᠨ ᠪᠠ | ᠪᠡᠷᠭᠡᠨ ᠨᠢ ᠬᠠᠮᠳᠤ ᠨᠢᠭᠡ ᠦᠷᠦᠭᠡ ᠳᠦ ᠬᠤᠨᠤᠨ᠎ᠠ᠃ ᠳ᠋ᠧᠩ | ᠤᠨᠲᠠᠷᠠᠭᠠᠭᠰᠠᠨ ᠤ ᠲᠠᠷᠠᠭ᠎ᠠ᠂ ᠴᠤᠩᠬᠤᠨ ᠭᠠᠳᠠᠨ᠎ᠠ ᠠᠴᠠ | ᠵᠠᠯᠭᠠᠭ᠎ᠠ ᠪᠠᠷ ᠭᠤᠷᠪᠠ ᠤᠳᠠᠭ᠎ᠠ ᠰᠦᠢᠭᠡ ᠡᠪᠡᠰᠤ ᠤᠩᠭᠤᠰᠬᠠᠵᠤ | ᠤᠷᠤᠭᠤᠯᠳᠠᠭ︵ᠡᠨᠡ ᠨᠢ ᠠᠳᠠ ᠴᠢᠳᠬᠦᠷ ᠢ ᠳᠠᠷᠤᠵᠤ ᠭᠠᠢ | ᠪᠠᠷᠴᠢᠳ ᠢ ᠠᠷᠢᠯᠭᠠᠨ᠎ᠠ ᠭᠡᠰᠡᠨ ᠤᠳᠬ᠎ᠠ ᠲᠠᠢ︶ᠪᠦᠭᠡᠳ ᠦᠶ᠎ᠡ | ᠬᠤᠷᠠᠭ ᠤᠨ ᠵᠠᠯᠠᠭᠤᠴᠣᠳ ᠨᠢ ᠡᠯ᠎ᠡ ᠵᠦᠢᠯ ᠦᠨ ᠬᠡᠯᠪᠡᠷᠢ ᠪᠡᠷ | ᠰᠢᠨ᠎ᠡ ᠬᠤᠷᠢᠮᠯᠠᠭᠰᠠᠨ ᠬᠤᠶᠠᠷ ᠢ ᠦᠢᠮᠡᠭᠦᠯᠬᠦ ᠳᠦ ᠰᠢᠨ᠎ᠡ | ᠪᠡᠷᠢ ᠠᠷᠭ᠎ᠠ ᠪᠣᠰᠤ ᠵᠤᠭᠤᠰ ᠪᠣᠶᠤ ᠰᠢᠬᠢᠷ ᠲᠦᠭᠡᠭᠡᠨ ᠦᠭᠴᠦ | ᠨᠠᠮᠳᠠᠭᠤᠯᠳᠠᠭ᠃ | ᠲᠠᠷᠠᠭ᠎ᠠ ᠡᠳᠦᠷ ᠦᠨ ᠥᠷᠯᠦᠭᠡ ᠪᠦᠭᠦᠳᠡᠭᠡᠷ ᠢᠶᠡᠨ ᠡᠷᠲᠡᠯᠡᠨ | ᠪᠣᠰᠴᠠᠭᠠᠵᠤ᠂ ᠬᠠᠳᠠᠮ ᠡᠬᠡ ᠨᠢ ᠰᠢᠨ᠎ᠡ ᠪᠡᠷᠢ ᠶᠢᠨ ᠭᠡᠵᠢᠭᠡ ᠶᠢ | ᠰᠠᠮᠨᠠᠨ ᠥᠭᠴᠦ᠂ ᠭᠡᠷ ᠦᠨ ᠶᠤᠰᠤ ᠪᠠᠨ ᠤᠯᠠᠮᠵᠢᠯᠠᠳᠠᠭ᠃ | ᠤᠯᠠᠩᠬᠢ ᠳᠦ ᠪᠡᠨ ᠬᠡᠤᠭᠡᠨ ᠲᠠᠭᠠᠭᠰᠠᠨ ᠪᠡᠷᠭᠡᠨ ᠨᠢ | ᠬᠡᠤᠭᠡᠨ ᠮᠣᠷᠳᠠᠭᠤᠯᠤᠭᠰᠠᠨ ᠬᠦᠮᠦᠰ ᠲᠠᠢ ᠪᠠᠨ ᠴᠤᠭ ᠡᠷᠬᠢᠵᠤ᠂ | ᠬᠡᠤᠬᠡᠨ ᠤ ᠡᠬᠡ ᠨᠢ ᠭᠤᠷᠪᠠ ᠬᠤᠨᠤᠭ ᠭᠡᠷ ᠡᠷᠭᠢᠬᠦ ᠪᠣᠯᠳᠠᠯ᠎ᠠ | ᠨᠢ ᠬᠡᠤᠬᠡᠨ ᠢᠶᠠᠨ ᠲᠠᠭᠠᠵᠤ ᠰᠠᠭᠤᠳᠠᠭ᠃ | ᠴᠢᠯᠦᠭᠡᠯᠡᠭᠳᠡᠭᠰᠡᠨ ᠦ ᠲᠠᠷᠠᠭ᠎ᠠ᠂ ᠤᠷᠤᠭ ᠬᠤᠷᠢᠮ ᠤᠨ | ᠬᠠᠭᠤᠴᠢᠨ ᠵᠠᠩ ᠦᠢᠯᠡ ᠠᠭᠠᠵᠢᠮ ᠢᠶᠠᠷ ᠰᠤᠯᠠᠷᠠᠵᠤ᠂ ᠡᠷᠡᠭᠲᠡᠢ | ᠡᠮᠡᠭᠲᠡᠢ ᠵᠠᠯᠠᠭᠤᠴᠤᠳ ᠤᠨ ᠤᠯᠠᠩᠬᠢ ᠨᠢ ᠡᠷᠬᠡ ᠴᠢᠯᠦᠭᠡᠳᠦ | ᠢᠨᠠᠭ ᠲᠤᠷᠠᠯᠠᠯ ᠢᠶᠠᠷ ᠳᠠᠮᠵᠢᠵᠤ᠂ ᠨᠢᠭᠡ ᠨᠠᠰᠤᠨ ᠤ ᠬᠠᠨᠢ | ᠨᠦᠭᠦᠷ ᠢᠶᠠᠨ ᠣᠯᠵᠣ ᠬᠤᠷᠢᠮᠯᠠᠳᠠᠭ ᠪᠦᠭᠡᠳ ᠬᠤᠷᠢᠮ ᠤᠨ | ᠶᠤᠰᠤᠯᠠᠯ ᠨᠢ ᠲᠤᠩ ᠶᠡᠭᠡ ᠳᠦᠭᠦᠮᠴᠢᠯᠡᠭᠳᠡᠭᠰᠡᠨ ᠪᠠᠶᠢᠨ᠎ᠠ᠃ | | |