ᠥᠲᠡᠯᠦᠭᠡ ᠨᠠᠰᠤᠲᠠᠨ ᠡᠪᠡᠳᠴᠢᠨ ᠢᠶᠡᠷ ᠨᠠᠰᠤ ᠪᠠᠷᠠᠭᠰᠠᠨ ᠤ | ᠲᠠᠷᠠᠭ᠎ᠠ᠂ ᠲᠤᠯᠤᠭᠠᠨ ᠴᠠᠭ ᠤᠨ ᠲᠤᠳᠤᠷ᠎ᠠ ᠬᠦᠳᠡᠯᠭᠡᠳᠡᠭ | ᠦᠭᠡᠢ᠂ ᠡᠨᠡ ᠨᠢ ᠲᠠᠬᠢᠨ ᠠᠮᠢ ᠣᠷᠤᠴᠢᠬᠠᠬᠣ ᠮᠠᠭᠠᠳ ᠭᠡᠵᠤ ᠬᠦᠰᠡᠨ | ᠡᠷᠡᠮᠡᠯᠵᠡᠯᠡᠭᠰᠡᠨ ᠶᠠᠪᠤᠳᠠᠯ ᠪᠣᠯᠣᠨ᠎ᠠ᠃ ᠲᠤᠯᠤᠭᠠᠨ ᠴᠠᠭ | ᠦᠩᠭᠡᠷᠡᠭᠰᠡᠨ ᠬᠤᠶᠢᠨ᠎ᠠ᠂ ᠤᠷᠤᠰᠢᠭᠤᠯᠬᠤ ᠪᠡᠯᠡᠳᠭᠡᠯ ᠬᠢᠬᠦ | ᠪᠣᠯᠣᠨ᠎ᠠ᠃ ᠭᠠᠰᠢᠭᠤᠳᠠᠬᠤ ᠬᠡᠯᠪᠡᠷᠢ ᠨᠢ ᠸᠠᠩ ᠭᠥᠩ | ᠢᠵᠠᠭᠤᠷᠳᠠᠨ ᠨᠠᠰᠤ ᠪᠠᠷᠠᠪᠠᠯ ᠪᠦᠬᠦ ᠬᠤᠰᠢᠭᠤᠨ ᠤ ᠶᠡᠭᠡ ᠪᠠᠭ᠎ᠠ | ᠨᠣᠶᠠᠳ ᠢᠵᠠᠭᠤᠷᠳᠠᠨ ᠴᠦᠮ ᠴᠢᠨᠳᠡᠷ ᠲᠦ᠋ᠨᠢ ᠮᠦᠷᠭᠦᠵᠤ | ᠬᠠᠮᠳᠤ ᠪᠠᠷ ᠭᠠᠰᠢᠭᠤᠳᠠᠳᠠᠭ ᠪᠦᠭᠡᠳ ᠪᠦᠬᠦ ᠬᠤᠰᠢᠭᠤᠨ ᠤ ᠠᠷᠠᠳ | ᠢᠷᠭᠡᠳ ᠭᠠᠰᠢᠭᠤᠳᠠᠯ ᠤᠨ ᠬᠤᠪᠴᠠᠰᠤ ᠡᠮᠦᠰᠴᠦ᠂ ᠰᠦᠮ᠎ᠠ ᠳᠤ | ᠶᠡᠭᠡᠪᠡᠷ ᠨᠣᠮ ᠤᠩᠰᠢᠭᠤᠯᠳᠠᠭ᠃ ᠬᠡᠷᠪᠡ ᠨᠠᠰᠤ ᠪᠠᠷᠠᠭᠴᠢ ᠨᠢ | ᠨᠠᠰᠤᠨ ᠰᠡᠬᠦᠳᠡᠷ ᠦᠨᠳᠦᠷ ᠮᠦᠷᠳᠡᠬᠡᠨ ᠶᠡᠭᠡ ᠬᠦᠨᠳᠦᠳᠡᠢ ᠪᠤᠶᠤ | ᠭᠡᠷ ᠨᠢ ᠶᠡᠭᠡ ᠪᠠᠶᠠᠨ ᠪᠤᠯ ᠴᠢᠨᠳᠠᠷ ᠢ ᠨᠢ ᠭᠤᠷᠪᠠ ᠠᠴᠠ | ᠲᠤᠯᠤᠭ᠎ᠠ ᠬᠤᠨᠤᠭ ᠲᠠᠯᠪᠢᠵᠤ᠂ ᠯᠠᠮᠠ ᠵᠠᠯᠠᠵᠤ ᠨᠤᠮ | ᠤᠩᠰᠢᠭᠤᠯᠤᠨ᠂ ᠪᠣᠶᠠᠨ ᠢ ᠨᠢ ᠬᠢᠵᠤ᠂ ᠪᠣᠳᠢ ᠮᠥᠷ ᠤᠨ ᠦᠢᠯᠡ ᠶᠢ | ᠦᠢᠯᠡᠳᠴᠦ ᠥᠭᠳᠡᠭ᠃ ᠨᠠᠰᠤ ᠪᠠᠷᠠᠭᠴᠢ ᠶᠢᠨ ᠴᠢᠨᠳᠠᠷ ᠢ | ᠭᠠᠷᠭᠠᠬᠤ ᠳᠦ ᠪᠡᠨ ᠴᠤᠩᠬᠤ ᠪᠠᠷ ᠲᠠᠮᠨᠠᠨ ᠭᠠᠷᠭᠠᠳᠠᠭ᠃ | ᠬᠡᠷᠪᠡ ᠮᠤᠩᠭᠤᠯ ᠭᠡᠷ ᠪᠣᠯ ᠬᠠᠨ᠎ᠠ ᠶᠢ ᠨᠢ ᠴᠤᠴᠠᠯᠤᠨ | ᠭᠠᠷᠭᠠᠳᠠᠭ᠃ ᠨᠠᠰᠤ ᠪᠠᠷᠠᠭᠰᠠᠨ ᠠᠴᠠ ᠰᠡᠭᠦᠯᠡᠷ᠂ ᠭᠡᠷ | ᠪᠦᠯᠢ ᠶᠢᠨ ᠬᠢᠨ ᠵᠠᠭᠤᠨ ᠬᠤᠨᠤᠭ ᠤᠨ ᠲᠤᠳᠤᠷ᠎ᠠ ᠤᠷᠤᠭ | ᠬᠤᠷᠢᠮ ᠤᠨ ᠪᠠᠶᠠᠷ ᠬᠢᠵᠤ ᠪᠣᠯᠬᠤ ᠦᠭᠡᠢ᠂ ᠪᠦᠰᠡᠭᠦᠶᠢᠴᠦᠳ | ᠬᠡᠭᠦᠷ ᠤᠩᠭᠤᠨ ᠤ ᠭᠠᠵᠠᠷ ᠣᠴᠢᠬᠤ ᠦᠭᠡᠢ᠂ ᠡᠭᠡᠮᠦᠭ ᠬᠠᠳᠬᠤᠭᠤᠷ | ᠲᠣᠯᠣᠭᠠᠢ ᠶᠢᠨ ᠵᠠᠰᠠᠯ ᠵᠡᠭᠦᠭᠦ ᠦᠭᠡᠢ᠂ ᠤᠯᠠᠭᠠᠨ ᠨᠣᠭᠤᠭᠠᠨ | ᠢᠯᠡᠳᠠᠢ ᠬᠤᠪᠴᠠᠰᠦ ᠡᠮᠦᠰᠬᠦ ᠦᠭᠡᠢ᠃ ᠡᠷᠡᠭᠲᠡᠶᠢᠴᠦᠦᠯ ᠨᠢ | ᠰᠠᠬᠠᠯ ᠬᠡᠵᠢᠭᠡ ᠲᠠᠯᠪᠢᠨ᠎ᠠ᠂ ᠠᠷᠢᠭᠢ ᠲᠠᠷᠠᠰᠤ ᠤᠤᠭᠤᠵᠤ ᠪᠣᠯᠬᠤ | ᠦᠭᠡᠢ᠂ ᠬᠥᠷ ᠨᠠᠶᠢᠷ ᠲᠤ ᠤᠷᠤᠯᠴᠠᠬᠤ ᠦᠭᠡᠢ᠂ ᠵᠠᠮ ᠵᠠᠭᠤᠷ᠎ᠠ | ᠲᠠᠨᠢᠯ ᠮᠡᠳᠡᠯ ᠦᠨ ᠬᠦᠮᠦᠨ ᠤᠴᠠᠷᠠᠪᠠᠴᠤ ᠬᠡᠯᠡᠯᠴᠡᠬᠦ ᠦᠭᠡᠢ | ᠪᠡᠷ ᠦᠩᠭᠡᠷᠡᠵᠤ ᠭᠠᠰᠢᠭᠤᠳᠠᠯ ᠳᠤ ᠪᠠᠶᠢᠭ᠎ᠠ ᠪᠠᠨ | ᠢᠯᠡᠳᠬᠡᠨ᠎ᠠ᠃ | ᠮᠤᠩᠭᠤᠯᠴᠤᠳ ᠤᠨ ᠤᠷᠤᠰᠢᠭᠤᠯᠭ᠎ᠠ ᠶᠢᠨ ᠶᠤᠰᠤ ᠨᠢ | ᠯᠠᠮᠠ ᠶᠢᠨ ᠱᠠᠰᠢᠨ ᠤ ᠨᠦᠯᠦᠭᠡ ᠶᠢ ᠬᠦᠷᠳᠡᠵᠤ᠂ ᠶᠡᠭᠡ ᠲᠦᠯᠦᠪ | ᠲᠤᠨᠢ ᠨᠢᠰᠭᠡᠬᠦ ︵ᠰᠤᠯᠠ ᠬᠠᠶᠠᠬᠤ︶᠂ ᠳᠡᠭᠳᠡᠭᠡᠬᠦ᠂ | ᠪᠣᠯᠠᠰᠢᠯᠠᠬᠤ ᠵᠡᠷᠭᠡ ᠭᠤᠷᠪᠡᠨ ᠵᠦᠢᠯ ᠪᠠᠶᠢᠳᠠᠭ᠃ ᠤᠩᠨᠢᠭᠤᠳ | ᠬᠤᠰᠢᠭᠤᠨ ᠠᠴᠠ ᠬᠤᠶᠢᠰᠢᠬᠢ ᠮᠠᠯᠵᠢᠬᠤ ᠤᠷᠤᠨ ᠳᠤ᠂ ᠸᠠᠩ ᠭᠦᠩ | ᠢᠵᠠᠭᠤᠷᠳᠠᠨ᠂ ᠯᠠᠮᠠ ᠬᠤᠸᠠᠷᠠᠭ᠂ ᠲᠡᠭᠡᠳᠤ ᠲᠠᠪᠬᠤᠷᠭᠠᠳᠠᠨ | ᠦᠬᠦᠪᠡᠯ ᠭᠠᠯ ᠢᠶᠠᠷ ᠳᠡᠭᠳᠡᠭᠡᠵᠦ᠂ ᠬᠠᠷᠠᠴᠤ ᠠᠷᠠᠳ ᠨᠢ ᠬᠥᠳᠡᠭᠡ | ᠰᠤᠯᠠ ᠬᠠᠶᠠᠵᠤ ᠨᠢᠰᠭᠡᠬᠦ ᠦᠵᠡᠭᠳᠡᠯ ᠲᠣᠩ ᠤᠯᠠᠨ ᠪᠠᠶᠢᠳᠠᠭ᠃ | ᠡᠮᠦᠨ᠎ᠡ ᠬᠤᠰᠢᠭᠤ ᠰᠢᠶᠠᠨ ᠨᠢ ᠴᠢᠩ ᠤᠯᠤᠰ ᠤᠨ ᠲᠤᠮᠳᠠᠴᠢ | ᠰᠡᠭᠦᠯᠴᠢ ᠶᠢᠨ ᠦᠶ᠎ᠡ ᠶᠢᠨ ᠬᠤᠭᠤᠴᠠᠭᠠᠨ ᠠᠴᠠ ᠭᠠᠵᠠᠷ | ᠪᠣᠯᠠᠰᠢᠯᠠᠬᠤ ᠨᠢ ᠠᠭᠠᠵᠢᠮ ᠢᠶᠠᠷ ᠲᠡᠯᠭᠡᠷᠡᠵᠠᠢ᠃ ᠰᠢᠨ᠎ᠡ | ᠲᠤᠮᠳᠠᠳᠤ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ | ᠪᠠᠯᠠᠷᠯᠢᠭ ᠨᠢᠰᠭᠡᠬᠦ ᠤᠷᠤᠰᠢᠭᠤᠯᠭ᠎ᠠ᠂ ᠳᠡᠭᠳᠡᠭᠡᠬᠦ | ᠤᠷᠤᠰᠢᠭᠤᠯᠭ᠎ᠠ ᠶᠢ ᠦᠭᠡᠢ ᠪᠣᠯᠭᠠᠵᠤ᠂ ᠪᠦᠷ ᠭᠠᠵᠠᠷ | ᠪᠣᠯᠠᠰᠢᠯᠠᠵᠣ ᠤᠷᠤᠰᠢᠭᠤᠯᠬᠤ ᠪᠣᠯᠵᠠᠢ᠃ | ᠨᠢᠰᠭᠡᠬᠦ ᠤᠷᠤᠰᠢᠭᠤᠯᠭ᠎ᠠ᠄ ᠬᠠᠮᠤᠭ ᠡᠷᠲᠡᠨ ᠦᠶ᠎ᠡ ᠳᠤ ᠪᠠᠨ | ᠥᠬᠦᠭᠰᠡᠳ ᠦᠨ ᠬᠡᠭᠦᠷ ᠢ ᠮᠤᠩᠭᠤᠯ ᠭᠡᠷ ᠲᠠᠢ ᠨᠢ ᠬᠠᠮᠳᠤ | ᠦᠯᠡᠳᠡᠭᠡᠵᠤ᠂ ᠭᠡᠷ ᠦᠨ ᠬᠦᠮᠦᠰ ᠨᠢ ᠠᠳᠤᠭᠤ ᠮᠠᠯ ᠢᠶᠠᠨ ᠲᠠᠭᠤᠵᠤ | ᠦᠭᠡᠷ᠎ᠠ ᠭᠠᠵᠠᠷ ᠨᠡᠭᠦᠳᠡᠯᠯᠡᠨ ᠶᠠᠪᠣᠳᠠᠭ᠃ ᠪᠠᠰᠠ ᠵᠠᠷᠢᠮ ᠨᠢ | ᠥᠬᠦᠭᠰᠡᠳ ᠤᠨ ᠬᠤᠪᠴᠠᠰᠤ ᠬᠤᠨᠠᠷ ᠢ ᠪᠦᠬᠦᠨ ᠢ ᠲᠠᠶᠢᠯᠠᠨ | ᠠᠪᠴᠤ᠂ ᠦᠭᠡᠷ ᠲᠡᠷᠭᠡᠨ ᠲᠡᠭᠡᠷ᠎ᠠ ᠲᠡᠭᠡᠭᠡᠵᠤ᠂ ᠪᠦᠢᠳᠠ | ᠪᠦᠭᠯᠡᠭᠦᠦ ᠡᠵᠡᠬᠦᠢ ᠬᠡᠬᠡᠷ᠎ᠠ ᠬᠥᠳᠡᠭᠡ ᠪᠡᠷ ᠦᠬᠡᠷ ᠢ | ᠲᠠᠰᠢᠭᠤᠷᠳᠡᠨ ᠲᠦᠷᠭᠡᠨ ᠶᠠᠪᠤᠭᠤᠯᠬᠤ ᠳᠤ ᠬᠡᠭᠦᠷ ᠨᠢ ᠬᠠᠮᠢᠭ᠎ᠠ | ᠤᠨᠡᠪᠡᠯ ᠲᠡᠨᠳᠡ ᠨᠢ ᠲᠠᠷᠤᠢ ᠤᠷᠤᠰᠢᠭᠤᠯᠭ᠎ᠠ ᠶᠢᠨ ᠭᠠᠵᠠᠷ | ᠪᠣᠯᠳᠠᠭ ᠪᠠᠶᠢᠪᠠ᠃ ᠤᠷᠤᠰᠢᠭᠤᠯᠬᠤ ᠪᠠᠷ ᠣᠴᠢᠭᠰᠠᠨ ᠬᠦᠮᠦᠰ ᠨᠢ | ᠬᠡᠭᠦᠷ ᠥᠭᠡᠳᠡ ᠨᠢ ᠬᠠᠨᠳᠤᠨ ᠭᠠᠵᠠᠷ ᠰᠦᠬᠦᠳᠴᠦ ︽ᠡᠨᠡ ᠪᠣᠯ ᠴᠢᠨᠤ | ᠡᠬᠦᠷᠢᠳᠡ ᠶᠢᠨ ᠤᠷᠤᠰᠢᠬᠤ ᠨᠤᠲᠤᠭ ᠴᠢᠨᠢ ᠪᠣᠯᠣᠨ᠎ᠠ︾ᠭᠡᠵᠤ | ᠭᠤᠷᠪᠠᠨᠳᠠ ᠬᠡᠯᠡᠭᠡᠳ ᠲᠦᠷᠭᠡᠨ ᠪᠣᠴᠠᠳᠠᠭ᠃ ᠪᠣᠴᠠᠬᠤ | ᠵᠠᠮ ᠳᠦ ᠪᠡᠨ ᠡᠷᠬᠢᠨ ᠬᠠᠷᠠᠵᠤ ᠪᠣᠯᠬᠣ ᠦᠭᠡᠢ᠃ | ᠭᠡᠷ ᠲᠤ ᠪᠠᠨ ᠬᠠᠷᠢᠭᠰᠠᠨ ᠬᠤᠶᠢᠨ᠎ᠠ ᠲᠡᠷᠭᠡ ᠪᠠᠨ ᠬᠦᠮᠦᠷᠢᠨ | ᠭᠤᠷᠪᠠᠨ ᠡᠳᠦᠷ ᠦᠨ ᠲᠤᠳᠤᠷ᠎ᠠ ᠬᠦᠳᠡᠯᠭᠡᠬᠦ ᠦᠭᠡᠢ᠃ ᠭᠤᠷᠪᠠᠨ | ᠡᠳᠦᠷ ᠦᠩᠭᠡᠷᠡᠭᠰᠡᠨ ᠬᠤᠶᠢᠨ᠎ᠠ ᠭᠡᠷ ᠦᠨ ᠬᠦᠮᠦᠰ ᠨᠢ ᠬᠡᠭᠦᠷ | ᠲᠠᠯᠪᠢᠭᠰᠠᠨ ᠭᠠᠵᠠᠷ ᠣᠴᠢᠵᠤ ᠦᠵᠡᠳᠡᠭ᠂ ᠬᠡᠷᠪᠡ ᠬᠡᠭᠦᠷ ᠴᠤᠭᠴᠠ | ᠨᠢ ᠵᠢᠭᠦᠷᠳᠡᠨ ᠰᠢᠪᠠᠭᠤᠳ ᠲᠤ ᠪᠦᠷ ᠢᠳᠡᠭᠳᠡᠭᠰᠡᠨ ᠪᠣᠯ | ᠦᠭᠦᠭᠰᠡᠨ ᠬᠦᠮᠦᠨ ᠦ ᠰᠦᠨᠡᠰᠤ ᠨᠢ ᠨᠢᠭᠡᠨᠲᠡ ᠲᠡᠭᠷᠢ ᠳᠦ ᠭᠠᠷᠴᠤ | ᠳ᠋ᠸᠪᠡᠵᠠᠨ ︵ᠴᠡᠩᠭᠡᠯ ᠦᠨ ᠣᠷᠤᠨ︶ ᠳᠤ ᠬᠦᠷᠴᠡᠢ ᠭᠡᠵᠤ | ᠦᠵᠡᠳᠡᠭ᠂ ᠬᠡᠷᠪᠡ ᠬᠡᠭᠦᠷ ᠴᠤᠭᠴᠠ ᠨᠢ ᠠᠷᠢᠶᠠᠳᠠᠨ ᠳᠤ | ᠡᠪᠳᠡᠭᠳᠡᠭᠰᠡᠨ ᠪᠣᠶᠤ ᠡᠰᠡᠬᠦᠯ᠎ᠠ ᠬᠡᠭᠦᠷ ᠨᠢ ᠤᠤᠯ ᠬᠡᠪ ᠢᠶᠡᠷ | ᠪᠦᠷᠢᠨ ᠪᠦᠳᠤᠨ ᠪᠠᠶᠢᠪᠠᠯ᠂ ᠠᠮᠢᠳᠦ ᠳᠦ ᠪᠡᠨ ᠦᠢᠯᠡᠳᠦᠭᠰᠡᠨ | ᠬᠢᠯᠢᠨᠴᠡ ᠨᠢ ᠲᠤᠩ ᠶᠡᠭᠡ ᠨᠢᠭᠦᠯ ᠨᠢ ᠪᠠᠷᠠᠭᠠᠳᠤᠢ᠂ ᠦᠷ᠎ᠡ | ᠬᠡᠤᠬᠡᠳ ᠲᠡᠭᠡᠨ ᠮᠠᠭᠤ ᠢᠷᠸ᠎ᠠ ᠪᠣᠯᠤᠨ᠎ᠠ ᠭᠡᠵᠤ ᠦᠵᠡᠨ᠂ ᠯᠠᠮᠠ | ᠵᠠᠯᠠᠨ ᠨᠣᠮ ᠤᠩᠰᠢᠭᠤᠯᠵᠤ᠂ ᠨᠠᠰᠤ ᠪᠠᠷᠠᠭᠴᠢ ᠶᠢᠨ ᠨᠢᠭᠦᠯ ᠢ ᠨᠢ | ᠠᠷᠢᠯᠭᠠᠵᠤ ᠥᠭᠬᠦ ᠶᠢᠨ ᠲᠦᠯᠦᠭᠡ ᠵᠠᠯᠪᠠᠷᠢᠨ ᠲᠠᠭᠠᠳᠬᠠᠳᠠᠭ᠃ | ᠲᠠᠬᠢᠭᠠᠳ ᠬᠡᠭᠦᠷ ᠲᠡᠭᠡᠷ᠎ᠠ ᠨᠢ ᠣᠴᠢᠵᠤ ᠰᠢᠷ᠎ᠠ ᠲᠣᠰᠤ᠂ ᠴᠠᠭᠠᠨ | ᠢᠳᠡᠭᠡ᠂ ᠠᠷᠢᠬᠢ ᠡᠷᠬᠦᠵᠤ ᠵᠢᠭᠦᠷᠳᠡᠨ ᠰᠢᠪᠠᠭᠤ ᠢᠷᠡᠵᠤ | ᠢᠳᠡᠭᠦ ᠶᠢ ᠬᠦᠯᠢᠶᠡᠳᠡᠭ᠃ | ᠭᠠᠯ ᠢᠶᠠᠷ ᠲᠡᠭᠳᠡᠭᠡᠬᠦ᠄ ᠮᠤᠩᠭᠤᠯᠴᠤᠳ ᠤᠨ ᠲᠡᠭᠳᠡᠭᠡᠬᠦ | ᠭᠡᠳᠡᠭ ᠨᠢ ᠪᠣᠷᠬᠠᠨ ᠱᠠᠰᠢᠨ ᠰᠢᠳᠦᠬᠦ ᠲᠠᠢ ᠬᠤᠯᠪᠤᠭ᠎ᠠ ᠲᠠᠢ | ᠪᠠᠶᠢᠳᠠᠭ᠃ ᠸᠠᠩ ᠭᠦᠩ ᠢᠵᠠᠭᠤᠷᠳᠠᠨ᠂ ᠯᠠᠮᠠ ᠬᠤᠸᠠᠷᠠᠭ᠂ ᠮᠠᠯ ᠤᠨ | ᠡᠵᠡᠨ ᠵᠡᠷᠭᠡ ᠪᠠᠶᠠᠳ ᠥᠭᠦᠪᠡᠯ᠂ ᠬᠡᠭᠦᠷ ᠢ ᠨᠢ ᠬᠦᠪᠦᠩ ᠪᠣᠶᠤ | ᠴᠠᠭᠠᠨ ᠪᠦᠰ ᠢᠶᠡᠷ ᠤᠷᠢᠶᠠᠵᠤ᠂ ᠤᠪᠤᠭᠠᠯᠠᠭᠰᠠᠨ ᠲᠦᠯᠦᠭᠡᠨ ᠦ | ᠲᠡᠭᠡᠷ᠎ᠠ ᠲᠠᠯᠪᠢᠵᠤ᠂ ᠰᠢᠷ᠎ᠠ ᠲᠣᠰᠤ ᠠᠰᠬᠠᠵᠤ ᠰᠢᠲᠠᠭᠠᠳᠠᠭ᠃ | ᠰᠢᠲᠠᠭᠠᠭᠰᠠᠨ ᠤ ᠲᠠᠷᠠᠭ᠎ᠠ ᠶᠠᠰᠤ ᠶᠢ ᠨᠢ ᠲᠡᠬᠦᠨ ᠠᠪᠴᠤ᠂ | ᠲᠠᠪᠤᠨ ᠦᠩᠭᠡ ᠶᠢᠨ ᠲᠤᠷᠭ᠎ᠠ ᠳᠤᠷᠳᠤᠩ ᠳᠤ ᠪᠠᠭᠯᠠᠨ᠂ ᠶᠢᠰᠦᠨ | ᠦᠩᠭᠡ ᠶᠢᠨ ᠤᠳᠠᠰᠤ ᠪᠠᠷ ᠤᠷᠢᠶᠠᠵᠤ᠂ ᠠᠯᠳᠠ ᠮᠦᠩᠭᠦ ᠰᠤᠪᠤᠳ | ᠡᠷᠳᠡᠨᠢ ᠶᠢᠨ ᠵᠠᠰᠠᠯ ᠲᠠᠢ ᠨᠢ ᠬᠠᠮᠳᠤ ᠮᠤᠳᠤᠨ ᠬᠠᠶᠢᠷᠴᠠᠭ ᠲᠤ | ᠬᠢᠵᠤ᠂ ᠭᠠᠵᠠᠷ ᠲᠤ ᠪᠣᠯᠠᠵᠤ ᠪᠣᠩᠬᠣᠨ ᠪᠣᠰᠬᠠᠵᠤ ᠴᠠᠭᠠᠨ | ᠴᠤᠬᠤᠶ ᠪᠠᠷ ᠴᠣᠬᠣᠶᠢᠳᠠᠳᠠᠭ᠃ ᠬᠡᠷᠪᠡ ᠭᠡᠭᠡᠨ | ᠬᠤᠳᠤᠭᠲᠤ︵ᠬᠤᠪᠢᠯᠭᠠᠨ︶ᠪᠣᠯ ᠬᠠᠷᠢᠨ ᠴᠠᠭᠠᠨ ᠰᠤᠪᠤᠷᠭ᠎ᠠ | ᠪᠠᠷᠢᠵᠤ᠂ ᠶᠡᠷᠤᠳᠡᠭᠡᠨ ᠯᠠᠮᠠ ᠶᠢᠨ ᠰᠤᠪᠤᠷᠭ᠎ᠠ ᠭᠡᠵᠤ | ᠨᠡᠷᠡᠯᠡᠵᠤ ᠦᠨᠢᠳᠡ ᠶᠢᠨ ᠲᠤᠷᠠᠰᠬᠠᠯ ᠪᠣᠯᠭᠠᠳᠠᠭ᠃ ᠲᠡᠭᠡᠳᠤ | ᠲᠠᠪᠬᠤᠷᠭ᠎ᠠ ᠶᠢᠨ ᠯᠠᠮᠠ᠂ ᠡᠷᠳᠡᠮᠳᠦ ᠬᠤᠸᠠᠷᠠᠭ ᠲᠠᠭᠠᠯᠠᠯ | ᠲᠡᠭᠦᠰᠪᠡᠯ᠂ ᠶᠠᠰᠤᠨ ᠦᠨᠡᠰᠦ ᠶᠢ ᠨᠢ ᠱᠠᠨ ᠰᠢ ᠶᠢᠨ ᠤᠳᠠᠢ | ᠠᠭᠤᠯᠠᠨ ᠤ ᠪᠤᠷᠬᠠᠨ ᠤ ᠭᠠᠵᠠᠷ ᠠᠪᠠᠴᠢᠵᠤ ᠤᠷᠤᠰᠢᠭᠤᠯᠳᠠᠭ᠃ | ᠤᠨᠴᠠᠭᠠᠶ ᠪᠠᠶᠢᠳᠠᠯ ᠤᠨ ᠲᠤᠤᠷ᠎ᠠ ᠬᠠᠷᠠᠴᠤ ᠠᠷᠠᠳ ᠴᠦ | ᠭᠠᠯ ᠢᠶᠠᠷ ᠲᠡᠭᠳᠡᠭᠡᠬᠦ ᠦᠵᠡᠭᠳᠡᠯ ᠪᠣᠢ᠂ | ᠬᠥᠩᠭᠡᠵᠢᠬᠦ ᠳᠦ ᠪᠡᠨ ᠪᠡᠷᠬᠡᠳᠦᠵᠦ ᠨᠠᠰᠤ ᠪᠠᠷᠠᠭᠰᠠᠨ | ᠪᠦᠰᠡᠭᠦᠢ᠂ ᠬᠠᠯᠳᠠᠪᠤᠷᠢᠳᠤ ᠡᠪᠡᠳᠴᠢᠨ ᠢᠶᠡᠷ ᠦᠭᠦᠭᠰᠡᠳ᠂ | ᠡᠪᠡᠳᠴᠢᠨ ᠢᠶᠡᠷ ᠦᠭᠦᠭᠰᠡᠳ ᠢ ᠭᠠᠯ ᠢᠶᠠᠷ ᠳᠡᠭᠳᠡᠭᠡᠳᠡᠭ᠃ | ᠲᠡᠭᠡᠬᠦ ᠳᠤ ᠪᠠᠨ ᠪᠣᠰᠤᠳ ᠲᠤ ᠠᠶᠤᠯ ᠨᠢᠭᠦᠯ ᠨᠢ | ᠬᠠᠯᠳᠠᠪᠣᠷᠢᠯᠠᠬᠤ ᠠᠴᠠ ᠬᠢᠴᠢᠶᠠᠵᠤ᠂ ᠦᠭᠦᠭᠰᠡᠳ ᠢ ᠬᠦᠮᠦᠨ | ᠠᠷᠠᠳ ᠤᠨ ᠬᠦᠯ ᠡᠴᠡ ᠵᠠᠶᠢᠳᠠᠭᠤᠬᠠᠨ ᠭᠠᠵᠠᠷ ᠠᠪᠠᠴᠢᠵᠤ | ᠰᠢᠲᠠᠭᠠᠳᠠᠭ ᠪᠠ ᠶᠠᠰᠤᠨ ᠦᠨᠡᠰᠤ ᠶᠢ ᠨᠢ ᠬᠥᠳᠡᠭᠡ ᠬᠡᠬᠡᠷ᠎ᠠ | ᠣᠷᠬᠢᠳᠠᠭ᠃ ᠵᠠᠷᠢᠮ ᠨᠢ ᠪᠠᠰᠠ ᠮᠣᠳᠤᠨ ᠬᠠᠶᠢᠷᠴᠠᠭ ᠪᠣᠶᠤ ᠪᠥᠰ | ᠣᠭᠤᠲᠠᠨ ᠳᠤ ᠬᠢᠵᠤ ᠭᠤᠣᠯ ᠮᠦᠷᠡᠨ ᠳᠦ ᠤᠷᠤᠰᠬᠠᠳᠠᠭ᠃ | ᠭᠠᠵᠠᠷ ᠪᠣᠯᠠᠰᠢᠯᠠᠬᠤ᠄ ᠶᠤᠸᠠᠨ ᠤᠯᠤᠰ ᠪᠣᠶᠣ ᠴᠢᠩ ᠤᠯᠤᠰ ᠤᠨ | ᠡᠬᠢᠨ ᠳᠦ᠂ ᠢᠵᠠᠭᠤᠷᠲᠠᠨ ᠣᠩᠭᠣᠨ ᠪᠤᠯᠠᠰᠢᠨ ᠤ ᠤᠷᠤᠢ | ᠦᠯᠡᠳᠡᠭᠡᠳᠡᠭ ᠦᠭᠡᠢ᠂ ᠭᠠᠵᠠᠷ ᠲᠦ ᠪᠣᠯᠠᠰᠢᠯᠠᠭᠰᠠᠨ ᠤ | ᠳᠠᠷᠠᠭ᠎ᠠ ᠠᠳᠣᠭᠤ ᠪᠠᠷ ᠭᠢᠰᠬᠢᠬᠦᠯᠵᠤ ᠲᠡᠭᠰᠢᠭᠡᠨ | ᠪᠣᠯᠭᠠᠳᠠᠭ᠃ ᠬᠣᠵᠢᠮ ᠨᠢ ᠴᠢᠯᠠᠭᠤ ᠶᠢ ᠵᠡᠷᠭᠡᠯᠡᠨ | ᠪᠣᠮᠪᠣᠭᠤᠷ᠂ ᠶᠠᠭ ᠯᠠ ᠤᠪᠣᠭ᠎ᠠ ᠪᠣᠰᠬᠠᠭᠰᠠᠨ ᠮᠡᠳᠤ ᠪᠠᠷᠢᠵᠤ᠂ | ᠰᠡᠭᠦᠯᠡᠷ ᠲᠠᠬᠢᠯᠭ᠎ᠠ ᠲᠠᠯᠪᠢᠬᠤ ᠳᠦ ᠪᠡᠨ ᠪᠡᠯᠡᠳᠬᠡᠳᠡᠭ᠃ | ᠤᠩᠭᠤᠨ ᠪᠣᠯᠠᠰᠢ ᠶᠢᠨ ᠭᠠᠵᠠᠷ ᠢᠶᠠᠨ ᠠᠭᠤᠯᠠ ᠶᠢ ᠲᠦᠰᠢᠨ | ᠨᠠᠷᠠᠨ ᠵᠦᠭ ᠬᠠᠨᠳᠤᠭᠰᠠᠨ ᠡᠪᠡᠰᠤᠨ ᠮᠤᠳᠤ ᠢᠭᠴᠤ ᠰᠠᠬᠤᠯᠠᠭ᠂ | ᠦᠷᠭᠡᠨ ᠠᠭᠤᠳᠠᠮ ᠭᠠᠵᠠᠷ ᠢ ᠰᠤᠩᠭᠤᠨ ᠲᠠᠯᠪᠢᠵᠤ᠂ ᠦᠨᠦᠴᠢᠨ ᠮᠤᠳᠤ | ᠭᠠᠭᠴᠠ ᠣᠷᠬᠢᠯ᠂ ᠠᠰᠬ᠎ᠠ ᠬᠠᠳᠠ᠂ ᠬᠦᠨᠳᠡᠢ ᠭᠤᠤ ᠶᠢᠨ | ᠦᠢᠷᠠᠯᠴᠠᠭ᠎ᠠ ᠲᠠᠯᠪᠢᠬᠤ ᠶᠢ ᠴᠡᠭᠡᠷᠯᠡᠳᠡᠭ᠃ ᠭᠠᠵᠠᠷ | ᠪᠣᠯᠠᠰᠢᠯᠠᠬᠤ ᠳᠤ ᠨᠠᠰᠤ ᠪᠠᠷᠠᠭᠴᠢ ᠪᠠᠨ ᠠᠪᠰᠠᠯᠠᠬᠤ ᠪᠤᠶᠤ | ᠦᠯᠦ ᠠᠪᠰᠠᠯᠠᠬᠤ ᠬᠤᠶᠠᠷ ᠵᠦᠢᠯ ᠪᠠᠶᠢᠳᠠᠭ᠃ ᠡᠷᠲᠡ ᠦᠶ᠎ᠡ ᠶᠢᠨ | ᠰᠢᠷᠠᠮᠦ᠋ᠷᠡᠨ ᠭᠤᠣᠯ ᠤᠨ ᠬᠤᠶᠢᠲᠦ ᠬᠡᠰᠡᠭ ᠲᠦ ᠤᠯᠠᠩᠬᠢ ᠨᠢ | ᠠᠪᠰᠠᠯᠠᠬᠤ ᠦᠭᠡᠢ᠂ ᠴᠠᠭᠠᠨ ᠪᠥᠰ ᠢᠶᠡᠷ ᠪᠡᠶ᠎ᠡ ᠶᠢ ᠨᠢ | ᠤᠷᠢᠶᠠᠵᠤ᠂ ᠲᠤᠯᠤᠭᠠᠢ ᠶᠢ ᠨᠢ ᠣᠮᠠᠷ᠎ᠠ ᠵᠦᠭ᠂ ᠬᠥᠯ ᠢ ᠡᠮᠤᠨ᠎ᠠ | ᠵᠦᠭ ᠳᠡᠭᠡᠭᠰᠢ ᠬᠠᠨᠳᠤᠭᠤᠯᠤᠨ ᠲᠠᠯᠪᠢᠵᠤ᠂ ᠴᠢᠯᠠᠭᠤ | ᠲᠡᠷᠡᠯᠡᠭᠦᠯᠦᠨ ᠪᠤᠯᠠᠰᠢᠯᠠᠳᠠᠭ᠃ ᠡᠷᠡᠭᠳᠡᠢ ᠬᠦᠮᠦᠨ ᠦ | ᠬᠡᠭᠦᠷ ᠢ ᠪᠠᠷᠠᠭᠤᠨ ᠭᠠᠷ ᠢ ᠨᠢ ᠲᠤᠯᠤᠭᠠᠢ ᠲᠤᠤᠷ᠎ᠠ ᠨᠢ | ᠲᠡᠷᠡᠯᠡᠭᠦᠯᠦᠨ᠂ ᠲᠤᠮᠳᠠ ᠬᠤᠷᠤᠭᠤ ᠶᠢ ᠨᠢ ᠴᠢᠬᠢᠨ ᠳ᠋ᠤᠨᠢ | ᠬᠢᠳᠡᠭ᠂ ᠵᠡᠭᠦᠨ ᠭᠠᠷ ᠢ ᠨᠢ ᠬᠤᠶᠠᠷ ᠡᠪᠦᠳᠦᠭ ᠦᠨ ᠬᠣᠭᠤᠷᠤᠨᠳᠤ | ᠨᠢ ᠲᠠᠯᠪᠢᠵᠤ᠂ ᠬᠤᠶᠠᠷ ᠬᠥᠯ ᠢ ᠨᠢ ᠵᠢᠭᠠᠬᠠᠨ ᠮᠣᠷᠤᠶᠢᠯᠭᠠᠨᠠ᠃ | ᠡᠮᠡᠭᠲᠡᠢ ᠬᠦᠮᠦᠨ ᠦ ᠬᠡᠭᠦᠷ ᠢ ᠶᠠᠭ ᠡᠰᠡᠷᠭᠦ ᠪᠡᠷ | ᠲᠠᠯᠪᠢᠨ᠎ᠠ᠃ ᠴᠢᠩ ᠤᠯᠤᠰ ᠤᠨ ᠲᠤᠮᠳᠠᠴᠢ ᠰᠡᠭᠦᠯᠴᠢ ᠶᠢᠨ | ᠦᠶ᠎ᠡ ᠳᠦ᠂ ᠤᠯᠠᠭᠠᠨᠬᠠᠳᠠ ᠶᠢᠨ ᠡᠮᠦᠨ᠎ᠡ ᠬᠡᠰᠡᠭ ᠦᠨ ᠠᠤᠬᠠᠨ | ᠵᠡᠷᠭᠡ ᠬᠤᠰᠢᠭᠤ ᠨᠢ ᠤᠯᠠᠩᠬᠢ ᠨᠢ ᠬᠢᠳᠡᠳ ᠦᠨᠳᠦᠰᠦᠳᠡᠨ ᠦ ᠵᠠᠩ | ᠵᠠᠩᠰᠢᠯ ᠢ ᠲᠠᠭᠤᠷᠢᠶᠠᠵᠤ ᠠᠪᠰᠠᠯᠠᠨ ᠤᠷᠤᠰᠢᠭᠤᠯᠳᠠᠭ᠃ | ᠢᠯᠠᠩᠭᠤᠶ᠎ᠠ ᠢᠵᠠᠭᠤᠷᠳᠠᠨ ᠳᠤ ᠪᠦᠷ ᠲᠥᠪ ᠶᠡᠬᠡᠮᠰᠦᠭ ᠨᠠᠮ | ᠰᠡᠯᠡᠭᠦᠨ ᠲᠡᠭᠡᠳᠦᠰ ᠦᠨ ᠬᠢᠨᠢ ᠤᠩᠭᠤᠨ ᠤ ᠭᠠᠵᠠᠷ ᠊᠊᠊ | ︽ᠬᠠᠭᠤᠴᠢᠳ︾ ᠲᠠᠢ ᠪᠠᠶᠢᠳᠠᠭ᠃ ᠮᠣᠩᠭᠤᠯᠴᠤᠳ ᠲᠡᠭᠡᠳᠦᠰ ᠦᠨ | ᠤᠩᠭᠤᠨ ᠤ ᠭᠠᠵᠠᠷ ᠢᠶᠠᠨ ᠲᠤᠳᠤᠯᠠᠨ ᠲᠤᠭᠲᠠᠭᠠᠭᠰᠠᠨ | ᠬᠤᠶᠢᠨ᠎ᠠ ᠬᠠᠮᠠᠭᠠᠯᠠᠵᠤ᠂ ᠵᠠᠭᠤᠨ ᠠᠯᠬᠤᠮ ᠤᠨ ᠲᠤᠳᠤᠷ᠎ᠠ | ᠪᠣᠰᠤᠳ ᠦᠨᠳᠤᠰᠤᠳᠠᠨ ᠪᠣᠶᠤ ᠤᠨᠳᠤᠤ ᠣᠪᠣᠭ ᠤᠨ ᠬᠢᠨ ᠲᠡᠨᠳᠡ | ᠣᠴᠢᠵᠤ ᠪᠣᠯᠠᠰᠢᠯᠠᠵᠤ ᠪᠣᠯᠳᠠᠭ ᠦᠭᠡᠢ ᠪᠠᠶᠢᠵᠠᠢ᠃ | | |