ᠠᠬᠠᠮᠠᠳ ᠢᠶᠠᠨ ᠬᠦᠨᠳᠦᠯᠡᠬᠦ᠄ ᠮᠤᠩᠭᠤᠯᠴᠤᠳ ᠡᠷᠲᠡ | ᠲᠡᠭᠡᠳᠦᠰ ᠦᠨ ᠦᠶ᠎ᠡ ᠡᠴᠡ ᠠᠬᠠᠮᠠᠳ ᠢᠶᠠᠨ ᠬᠦᠨᠳᠦᠯᠡᠬᠦ | ᠰᠠᠶᠢᠨ ᠰᠠᠶᠢᠬᠠᠨ ᠰᠤᠷᠲᠠᠯ ᠲᠠᠢ ᠪᠠᠶᠢᠳᠠᠭ᠃ ᠶᠠᠮᠠᠷᠴᠤ ᠬᠦᠮᠦᠨ | ᠭᠡᠳ ᠵᠠᠮ ᠲᠡᠭᠡᠷ᠎ᠠ ᠬᠡᠷᠪᠡ ᠠᠬᠠᠮᠠᠳ ᠨᠠᠰᠤᠳᠠᠨ ᠲᠠᠢ | ᠤᠴᠠᠷᠠᠪᠠᠯ᠂ ᠭᠠᠷ ᠲᠠᠯᠪᠢᠨ ᠵᠠᠮ ᠤᠨ ᠬᠠᠵᠠᠭᠤ ᠳᠤ ᠬᠦᠨᠳᠦᠳᠬᠡᠨ | ᠵᠤᠭᠰᠤᠵᠤ᠂ ᠠᠬᠠᠮᠠᠳ ᠤᠨ ᠵᠦᠪᠰᠢᠶᠡᠷᠡᠯ ᠢ ᠣᠯᠪᠠᠯ ᠰᠠᠶ᠋ᠢ | ᠶᠠᠪᠣᠵᠣ ᠪᠣᠯᠳᠠᠭ᠃ ᠡᠴᠢᠭᠡ ᠡᠬᠡ ᠨᠢ ᠪᠠᠶᠢᠭᠰᠠᠨ ᠴᠠᠭ ᠲᠤ | ᠲᠤᠤᠷ᠎ᠠ ᠦᠶ᠎ᠡ ᠶᠢᠨ ᠬᠢᠨ ᠠᠰ ᠡᠮᠦᠨ᠎ᠠ ᠠᠴᠠ ᠨᠢ ᠨᠢᠭᠤᠷᠯᠠᠨ | ᠰᠠᠭᠤᠵᠤ ᠪᠣᠯᠬᠣ ᠦᠭᠡᠢ᠂ ᠨᠢᠭᠡ ᠰᠢᠷᠡᠭᠡᠨ ᠲᠡᠭᠡᠷ᠎ᠠ ᠬᠤᠭᠤᠯᠠ | ᠢᠳᠡᠵᠤ ᠪᠣᠯᠬᠣ ᠦᠭᠡᠢ ᠪᠦᠭᠡᠳ ᠨᠡᠩ ᠴᠦ ᠠᠷᠢᠬᠢ ᠤᠤᠭᠤᠵᠤ ᠲᠠᠮᠠᠬᠢ | ᠲᠠᠲᠠᠵᠤ ᠪᠣᠯᠬᠤ ᠦᠭᠡᠢ᠃ ᠠᠬᠠᠮᠠᠳ ᠦᠶ᠎ᠡ ᠨᠢ ᠦᠭᠡ ᠶᠠᠷᠢᠵᠤ | ᠪᠠᠶᠢᠬᠤ ᠦᠶ᠎ᠡ ᠳᠦ ᠲᠤᠮᠳᠠ ᠠᠴᠠ ᠨᠢ ᠦᠭᠡ ᠶᠢ ᠨᠢ ᠲᠠᠰᠤᠯᠵᠤ | ᠠᠮᠠ ᠲᠦᠷᠦᠵᠤ ᠪᠣᠯᠬᠣ ᠦᠭᠡᠢ᠃ ᠦᠷ᠎ᠡ ᠬᠡᠦᠬᠡᠳ ᠨᠢ ᠭᠠᠳᠠᠭᠰᠢ | ᠶᠠᠪᠤᠭᠠᠳ ᠬᠠᠷᠢᠵᠤ ᠢᠷᠡᠮᠡᠭᠴᠡ ᠤᠷᠢᠳᠠᠪᠠᠷ | ᠠᠬᠠᠮᠠᠳ ᠤᠨ ᠢᠶᠠᠨ ᠳᠡᠷᠭᠡᠳᠡ ᠣᠴᠢᠵᠤ ᠠᠮᠤᠷ ᠮᠠᠨᠳᠤ ᠡᠷᠢᠬᠦ | ᠬᠡᠷᠡᠭᠳᠡᠢ᠃ ᠬᠤᠳᠠ ᠤᠷᠤᠭᠠᠳ ᠬᠠᠷᠢᠵᠤ ᠢᠷᠡᠭᠰᠡᠨ ᠪᠣᠶᠤ ᠬᠤᠯᠠ | ᠶᠠᠪᠤᠭᠠᠳ ᠨᠡᠯᠢᠶᠡᠳ ᠤᠳᠠᠭᠰᠠᠨ ᠪᠣᠯ ᠬᠠᠷᠢᠵᠤ | ᠢᠷᠡᠬᠦ ᠳᠤ ᠪᠠᠨ ᠡᠷᠬᠡᠪᠰᠢ ᠲᠠᠮᠠᠬᠢ ᠠᠷᠢᠬᠢ ᠪᠤᠣᠪᠤ ᠵᠡᠷᠭᠡ | ᠪᠡᠯᠡᠭ ᠰᠡᠯᠲᠡ ᠠᠪᠴᠢᠷᠠᠵᠤ᠂ ᠡᠴᠢᠭᠡ ᠡᠬᠡ ᠳᠤ ᠪᠠᠨ ᠨᠢᠭᠤᠷ | ᠵᠤᠯᠭᠠᠬᠤ ᠦᠶ᠎ᠡ ᠳᠦ ᠬᠤᠶᠠᠷ ᠭᠠᠷ ᠢᠶᠠᠷ ᠢᠶᠠᠨ ᠡᠷᠬᠦᠨ | ᠪᠠᠷᠢᠭᠰᠠᠨ ᠤ ᠲᠠᠷᠠᠭ᠎ᠠ᠂ ᠰᠠᠶ᠋ᠢ ᠭᠠᠳᠠᠭᠰᠢ ᠶᠠᠪᠤᠭᠰᠠᠨ | ᠪᠠᠶᠢᠳᠠᠯ ᠢᠶᠠᠨ ᠮᠡᠳᠡᠭᠦᠯᠦᠨ᠎ᠡ᠃ ᠡᠩ ᠦᠨ ᠴᠠᠭ ᠲᠤ ᠲᠤᠤᠷ᠎ᠠ | ᠦᠶ᠎ᠡ ︵ᠡᠷᠡᠭᠲᠡᠢ︶ ᠨᠢ ᠲᠡᠭᠡᠷ᠎ᠠ ᠦᠶ᠎ᠡ ᠳᠤ ᠪᠠᠨ ᠴᠠᠢ | ᠠᠶᠠᠭᠠᠯᠠᠬᠤ ᠳᠤ ᠪᠠᠨ ᠨᠢᠭᠡ ᠬᠥᠯ ᠢᠶᠡᠨ ᠰᠥᠬᠥᠷᠡᠰᠭᠢᠨ | ᠥᠭᠳᠡᠭ᠂ ᠬᠦᠤ ᠪᠡᠷᠢ ᠨᠢ ᠬᠠᠳᠠᠮ ᠡᠬᠡ ᠳᠤ ᠪᠠᠨ ᠴᠠᠢ | ᠠᠶᠠᠭᠠᠯᠠᠬᠤ ᠳᠦ ᠪᠡᠨ ᠬᠤᠶᠠᠷ ᠭᠥᠯ ᠢᠶᠡᠷ ᠰᠦᠭᠦᠷᠠᠨ | ᠬᠦᠨᠳᠤᠳᠬᠡᠵᠤ ᠪᠠᠶᠢᠬᠤ ᠪᠠᠨ ᠢᠯᠡᠳᠭᠡᠳᠡᠭ᠃ ᠠᠬᠠᠮᠠᠳ ᠪᠣᠯᠣᠨ | ᠦᠶ᠎ᠡ ᠰᠠᠴᠠᠭᠤ ᠴᠦ ᠨᠠᠰᠤ ᠠᠬᠢᠭᠰᠠᠨ ᠪᠤᠯ ᠡᠷᠡᠭᠲᠡᠢ ᠡᠮᠡᠭᠲᠡᠢ | ᠢᠯᠭᠠᠯ ᠦᠭᠡᠢ ᠴᠦᠮ ᠠᠷᠢᠬᠢ ᠪᠠᠷᠢᠨ ᠰᠦᠭᠦᠳᠬᠦ ᠬᠡᠷᠡᠭᠳᠡᠢ᠃ | ᠮᠤᠩᠭᠤᠯᠴᠤᠳ ᠪᠠᠷᠠᠭᠤᠨ ᠵᠦᠭ ᠢ ᠡᠷᠬᠢᠮᠯᠡᠨ ᠬᠦᠨᠳᠦᠳᠬᠡᠵᠣ᠂ | ᠮᠤᠩᠭᠤᠯ ᠭᠡᠷ ᠦᠨ ᠪᠠᠷᠠᠭᠤᠨ ᠬᠤᠶᠢᠲᠦ ᠪᠣᠯᠤᠩ ᠳᠤ ᠪᠣᠷᠬᠠᠨ | ᠲᠠᠬᠢᠵᠤ᠂ ᠬᠤᠶᠢᠳᠤ ᠲᠠᠯ᠎ᠠ ᠳ᠋ᠤᠨᠢ ᠠᠬᠠᠮᠠᠳ ᠦᠶ᠎ᠡ ᠶᠢᠨ ᠬᠢᠨ | ᠰᠠᠭᠤᠬᠤ ᠪᠤᠶᠤ ᠤᠨᠳᠠᠵᠤ ᠬᠡᠪᠲᠡᠳᠡᠭ᠃ ᠠᠬᠠᠮᠠᠳ ᠵᠣᠴᠢᠨ ᠢ | ᠬᠤᠶᠢᠮᠤᠷ ᠲᠦ ᠰᠠᠭᠤᠯᠭᠠᠳᠠᠭ᠃ ᠬᠡᠷᠪᠡ ᠰᠢᠷᠦᠢ ᠮᠤᠳᠤᠨ ᠤ | ᠪᠦᠳᠦᠴᠠ ᠲᠠᠢ ᠪᠠᠶᠢᠰᠢᠩ ᠭᠡᠷ ᠪᠣᠯ ᠠᠬᠠᠮᠠᠳ ᠨᠠᠰᠤᠲᠠᠨ ᠨᠢ ᠭᠤᠣᠯ | ᠭᠡᠷ ᠦᠨ ᠪᠠᠷᠠᠭᠤᠨ ᠲᠠᠰᠤᠯᠭ᠎ᠠ ᠳ᠋ᠤᠨᠢ ᠰᠠᠭᠤᠨ᠎ᠠ᠃ ᠬᠠᠳᠠᠮ | ᠡᠴᠢᠭᠡ ᠡᠬᠡ ᠨᠢ ᠤᠷᠤᠨ ᠲᠠᠭᠡᠷ᠎ᠠ ᠪᠠᠨ ᠭᠠᠷᠤᠭᠰᠠᠨ ᠤ ᠲᠠᠷᠠᠭ᠎ᠠ | ᠰᠠᠶ᠋ᠢ ᠪᠡᠷᠢ ᠬᠦᠮᠦᠨ ᠦᠪᠡᠷ ᠦᠨ ᠦᠷᠦᠭᠡ ᠳᠤ ᠪᠠᠨ ᠤᠷᠤᠵᠤ | ᠠᠮᠠᠷᠠᠵᠤ ᠪᠣᠯᠣᠨ᠎ᠠ᠃ ᠵᠠᠯᠠᠭᠤ ᠬᠦᠮᠦᠨ ᠭᠡᠷ ᠦᠨ ᠠᠬᠠᠮᠠᠳ | ᠨᠠᠰᠤᠲᠠᠶᠢᠴᠤᠳ ᠤᠨ ᠵᠢᠭᠠᠪᠤᠷᠢ ᠶᠤᠰᠤᠭᠠᠷ ᠶᠠᠪᠣᠳᠠᠯ | ᠤᠴᠢᠷ ᠢᠶᠠᠨ ᠬᠢᠨ᠎ᠡ᠃ ᠨᠠᠰᠤᠳᠠᠢ ᠬᠥᠮᠦᠨ ᠪᠡᠯᠡᠭ ᠥᠭᠪᠡᠯ ᠬᠤᠶᠠᠷ | ᠭᠠᠷ ᠢᠶᠠᠷ ᠲᠤᠰᠤᠨ ᠠᠪᠴᠤ ᠲᠠᠯᠠᠷᠬᠠᠬᠤ ᠬᠡᠷᠡᠭᠳᠡᠢ᠃ | | | ᠵᠣᠴᠢᠨ ᠵᠤᠴᠢᠯᠠᠬᠤ᠄ ᠮᠤᠩᠭᠤᠯᠴᠤᠳ ᠨᠤᠬᠠᠢ ᠲᠡᠵᠢᠭᠡᠬᠦ | ᠵᠠᠩᠰᠢᠯ ᠲᠠᠢ᠃ ᠨᠤᠬᠠᠢ ᠪᠣᠯ ᠮᠠᠯ ᠰᠦᠷᠦᠭ ᠢ ᠬᠠᠮᠠᠭᠠᠯᠠᠬᠤ | ᠦᠢᠯᠡᠳᠦᠯ ᠲᠠᠢ ᠪᠠᠷ ᠪᠠᠷᠠᠬᠤ ᠦᠭᠡᠢ᠂ ᠪᠠᠰᠠ ᠰᠤᠷᠠᠭ ᠴᠢᠮᠡᠭᠡ | ᠳᠠᠮᠵᠢᠭᠤᠯᠬᠤ ᠦᠢᠯᠡᠳᠦᠯ ᠲᠠᠢ᠃ ᠨᠤᠬᠠᠢ ᠬᠤᠴᠠᠮᠠᠭᠴᠠ | ᠬᠡᠤᠬᠡᠳ ᠤᠳ ᠤᠷᠢᠲᠠᠵᠤ ᠮᠤᠩᠭᠤᠯ ᠭᠡᠷ ᠡᠴᠡ ᠪᠠᠨ ᠭᠠᠷᠴᠣ᠂ | ᠵᠣᠴᠢᠨ ᠬᠡᠨ ᠪᠣᠯᠬᠣ ᠶᠢ ᠮᠠᠭᠠᠳᠯᠠᠭᠰᠠᠨ ᠤ ᠲᠠᠷᠠᠭ᠎ᠠ ᠰᠠᠶ᠋ᠢ | ᠦᠵᠡᠭᠰᠡᠨ ᠪᠠᠶᠢᠳᠠᠯ ᠢᠶᠠᠨ ᠭᠡᠷ ᠦᠨ ᠠᠬᠠᠮᠠᠳ ᠲᠤ ᠪᠠᠨ | ᠬᠠᠷᠢᠭᠤ ᠮᠡᠳᠡᠭᠦᠯᠳᠡᠭ᠃ ᠢᠷᠡᠭᠰᠡᠨ ᠭᠡᠶᠢᠴᠢᠨ ᠨᠢ ᠠᠬᠠᠮᠠᠳ | ᠦᠶ᠎ᠡ ᠶᠢᠨ ᠬᠢᠨ ᠪᠣᠯ ᠪᠦᠬᠦ ᠭᠡᠷ ᠢᠶᠡᠷ ᠢᠶᠡᠨ ᠭᠠᠷᠴᠤ | ᠤᠭᠳᠤᠳᠠᠭ᠃ ᠬᠡᠶᠢᠴᠢᠨ ᠢᠶᠠᠨ ᠤᠭᠳᠤᠬᠤ ᠳᠤ ᠬᠤᠪᠴᠠᠰᠤ | ᠬᠤᠨᠠᠷ ᠢᠶᠠᠨ ᠲᠡᠷᠢ ᠲᠡᠭᠰᠢ ᠡᠮᠤᠰᠴᠤ᠂ ᠮᠠᠯᠠᠭᠠᠢ ᠡᠮᠦᠰᠬᠦ | ᠪᠤᠶᠤ ᠠᠯᠴᠢᠭᠤᠷ ᠣᠷᠢᠶᠠᠬᠤ ᠬᠡᠷᠡᠭᠳᠡᠢ᠃ ᠡᠰᠡ ᠲᠡᠭᠡᠪᠡᠯ | ᠬᠡᠶᠢᠴᠢᠨ ᠢ ᠭᠦᠨᠳᠦᠳᠭᠡᠵᠤ ᠦᠭᠡᠢ ᠶᠠᠪᠤᠳᠠᠯ ᠪᠣᠯᠬᠤ ᠶᠤᠮ᠃ | ᠲᠤᠤᠷ᠎ᠠ ᠦᠶ᠎ᠡ ᠨᠢ ᠠᠬᠠᠮᠠᠳ ᠦᠶ᠎ᠡ ᠶᠢᠨ ᠬᠢᠨ ᠳᠤ ᠪᠠᠨ ᠠᠮᠤᠷ | ᠡᠷᠢᠬᠦ ᠬᠡᠷᠡᠭᠳᠡᠢ᠃ ᠠᠮᠤᠷ ᠡᠷᠢᠬᠦ ᠶᠤᠰᠤᠨ ᠳᠤ ᠡᠷᠡᠭᠲᠡᠢ ᠪᠣᠯ | ᠬᠤᠶᠠᠷ ᠭᠠᠷ ᠢᠶᠠᠨ ᠬᠦᠢᠰᠤ ᠶᠢᠨ ᠬᠠᠪᠢ ᠳᠤ ᠲᠠᠯᠪᠢᠵᠤ | ᠶᠣᠰᠣᠯᠠᠨᠠ ︵ᠵᠢᠱᠢᠶᠡᠯᠡᠪᠡᠯ ᠬᠡᠰᠢᠭᠳᠡᠨ ᠤᠷᠴᠢᠮ)᠂ | ᠡᠰᠡᠭᠦᠯ᠎ᠠ ᠡᠪᠦᠳᠦᠭ ᠨᠤᠭᠤᠷᠠᠨ ᠰᠦᠬᠦᠷᠠᠨᠠ᠃ ᠪᠠᠷᠠᠭᠤᠨ ᠬᠦᠯ | ᠨᠢ ᠡᠮᠦᠨ᠎ᠠ ᠪᠠᠨ ᠵᠡᠭᠦᠨ ᠬᠦᠯ ᠨᠢ ᠬᠤᠶᠢᠨ᠎ᠠ ᠪᠠᠷᠠᠭᠤᠨ | ᠡᠪᠦᠳᠦᠭ ᠢᠶᠡᠨ ᠨᠤᠭᠤᠯᠤᠨ ᠰᠦᠬᠦᠷᠡᠬᠦ ᠳᠦ ᠵᠡᠬᠦᠨ ᠬᠥᠯ ᠨᠢ | ᠳᠠᠭᠠᠨ ᠨᠤᠭᠤᠷᠠᠵᠤ᠂ ᠪᠡᠶ᠎ᠡ ᠪᠠᠨ ᠡᠮᠤᠨᠡᠰᠢ ᠪᠥᠬᠦᠶᠢᠨ᠂ | ᠪᠠᠷᠠᠭᠤᠨ ᠭᠠᠷ ᠢᠶᠠᠨ ᠲᠤᠷᠤᠭᠰᠢ ᠲᠠᠯᠪᠢᠨ᠎ᠠ᠂ ᠡᠨᠡ ᠨᠢ | ᠶᠤᠰᠤᠯᠠᠬᠤ ᠪᠠ ᠰᠦᠭᠦᠳᠭᠦ ᠶᠢᠨ ᠬᠤᠭᠤᠷᠤᠨᠳᠤᠬᠢ ᠶᠤᠰᠤ | ᠪᠤᠯᠤᠨ᠎ᠠ᠃ ᠡᠮᠡᠭᠲᠡᠶᠢᠴᠦᠳ ᠰᠦᠬᠦᠷᠡᠬᠦ ᠳᠤ ᠪᠠᠨ ᠬᠤᠶᠠᠷ | ᠭᠠᠷ ᠢᠶᠠᠨ ᠪᠠᠷᠠᠭᠤᠨ ᠡᠪᠦᠳᠦᠭ ᠲᠡᠭᠡᠷ᠎ᠠ ᠪᠠᠨ ᠲᠠᠯᠪᠢᠵᠤ | ᠰᠦᠭᠦᠷᠡᠬᠦ ᠶᠢᠨ ᠬᠠᠮᠳᠤ ᠠᠮᠤᠷ ᠮᠡᠨᠳᠦ ᠠᠰᠠᠭᠤᠳᠠᠭ᠃ ᠵᠣᠴᠢᠨ | ᠭᠡᠷ ᠲᠦ ᠣᠷᠤᠬᠤ ᠳᠦ ᠪᠡᠨ ᠡᠩᠬᠡᠷ ᠢᠶᠡᠨ ᠪᠦᠰᠡᠨ ᠳᠤ ᠪᠠᠨ | ᠬᠠᠪᠴᠢᠭᠤᠯᠤᠨ ᠤᠷᠤᠵᠤ ᠪᠣᠯᠬᠤ ᠦᠭᠡᠢ᠂ ᠬᠠᠨᠴᠦᠢ ᠪᠠᠨ ᠰᠢᠮᠠᠯᠠᠨ | ᠤᠷᠤᠵᠤ ᠪᠣᠯᠬᠣ ᠦᠭᠡᠢ᠂ ᠮᠣᠷᠢᠨ ᠲᠠᠰᠢᠭᠤᠷ ᠢᠶᠠᠨ ᠭᠠᠷ ᠲᠤ ᠪᠠᠨ | ᠪᠠᠷᠢᠵᠤ ᠭᠡᠷ ᠲᠦ ᠤᠷᠤᠵᠤ ᠪᠣᠯᠬᠣ ᠦᠭᠡᠢ᠃ ᠮᠤᠩᠭᠤᠯ ᠭᠡᠷ ᠲᠦ | ᠤᠷᠤᠭᠰᠠᠨ ᠤ ᠲᠠᠷᠠᠭ᠎ᠠ᠂ ᠠᠬᠠᠮᠠᠳ ᠨᠠᠰᠤᠳᠠᠨ ᠬᠤᠶᠢᠮᠦᠷ | ᠰᠠᠭᠠᠲᠠᠵᠤ᠂ ᠡᠷᠡᠭᠲᠡᠶᠢᠴᠦᠳ ᠨᠢ ᠪᠠᠷᠠᠭᠤᠨ ᠲᠠᠯ᠎ᠠ ᠪᠠᠷ᠂ | ᠡᠮᠡᠭᠲᠡᠶᠢᠴᠦᠳ ᠨᠢ ᠵᠡᠭᠦᠨ ᠲᠠᠯ᠎ᠠ ᠪᠠᠷ ᠰᠠᠭᠤᠯᠴᠠᠭᠰᠠᠨ ᠦ | ᠲᠠᠷᠠᠭ᠎ᠠ᠂ ᠵᠣᠴᠢᠨ ᠪᠣᠯᠣᠨ ᠬᠡᠷ ᠤᠨ ᠡᠵᠡᠨ ᠬᠠᠷᠢᠯᠴᠠᠨ ᠳ᠋ᠠᠢ | ᠲᠠᠮᠠᠬᠢ ᠰᠣᠯᠢᠯᠴᠠᠬᠤ ᠪᠣᠶᠤ ᠬᠦᠬᠦᠷ ᠰᠣᠯᠢᠯᠴᠠᠨ ᠠᠮᠤᠷ | ᠮᠡᠨᠳᠤ ᠪᠡᠨ ᠠᠰᠠᠭᠤᠯᠴᠠᠬᠤ ᠵᠠᠭᠤᠷ᠎ᠠ᠂ ᠭᠡᠷ ᠦᠨ ᠡᠵᠡᠨ ᠦ | ᠵᠦᠪᠰᠢᠶᠡᠷᠡᠯ ᠢᠶᠡᠷ ᠴᠠᠢ ᠠᠶᠠᠭᠠᠯᠠᠨ᠎ᠠ᠃ ᠴᠠᠢ | ᠠᠶᠠᠭᠠᠯᠠᠬᠤ ᠳᠦ ᠪᠡᠨ ᠬᠤᠶᠠᠷ ᠭᠠᠷ ᠢᠶᠠᠷ | ᠵᠣᠴᠢᠨ ᠳᠦ ᠪᠡᠨ ᠪᠠᠷᠢᠬᠤ ᠳᠤ ᠵᠣᠴᠢᠨ ᠴᠠᠢ ᠶᠢ ᠲᠤᠰᠴᠤ ᠠᠪᠤᠨ | ᠠᠬᠠᠮᠠᠳ ᠨᠠᠰᠤᠲᠠᠨ ᠪᠣᠶᠤ ᠤᠷᠢᠲᠠᠵᠤ ᠢᠷᠡᠭᠰᠡᠨ ᠵᠣᠴᠢᠨ ᠤ | ᠡᠮᠤᠨ᠎ᠠ ᠲᠠᠯᠪᠢᠨ᠎ᠠ᠃ ᠴᠠᠢ ᠤᠤᠭᠤᠭᠰᠠᠨ ᠤ ᠲᠠᠷᠠᠭ᠎ᠠ᠂ | ᠵᠣᠴᠢᠳ ᠲᠤ ᠠᠷᠢᠭᠢ ᠪᠠᠷᠢᠨ᠎ᠠ᠃ ᠵᠣᠴᠢᠨ ᠠᠷᠢᠭᠢ ᠶᠢ ᠲᠣᠰᠴᠤ | ᠠᠪᠤᠭᠠᠳ ᠬᠡᠳᠦᠨ ᠢᠷᠤᠭᠡᠯ ᠤᠨ ᠦᠭᠡ ᠬᠡᠯᠡᠵᠤ᠂ ᠪᠠᠷᠠᠭᠤᠨ | ᠭᠠᠷ ᠤᠨ ᠪᠠᠨ ᠢᠳᠡᠮ ᠬᠤᠷᠤᠭᠤ ᠪᠠᠷ ᠭᠤᠷᠪᠠᠨᠳᠠ ᠢᠳᠡᠮᠯᠠᠵᠤ᠂ | ᠲᠡᠭᠷᠢ ᠭᠠᠵᠠᠷ ᠲᠤ ᠰᠡᠷᠵᠢᠮᠯᠡᠬᠦ ᠶᠢᠨ ᠬᠠᠮᠳᠤ ᠮᠠᠩᠨᠠᠢ | ᠲᠡᠭᠡᠷ᠎ᠠ ᠪᠠᠨ ᠲᠦᠷᠬᠢᠵᠤ ᠡᠴᠢᠭᠡ ᠲᠡᠭᠷᠢ ᠡᠬᠡ ᠭᠠᠵᠠᠷ ᠢᠶᠠᠨ | ᠬᠦᠨᠳᠦᠳᠬᠡᠨ ᠭᠡᠷ ᠦᠨ ᠡᠵᠡᠨ ᠦ ᠲᠠᠶᠢᠯᠠᠯᠭ᠎ᠠ ᠳᠤ | ᠲᠠᠯᠠᠷᠬᠠᠵᠤ ᠪᠠᠶᠢᠭ᠎ᠠ ᠰᠡᠳᠬᠢᠯᠭᠡ ᠪᠡᠨ ᠢᠯᠡᠳᠬᠡᠳᠡᠭ᠃ | ᠢᠩᠬᠢᠭᠡᠳ ᠠᠪᠴᠢᠷᠠᠭᠰᠠᠨ ᠪᠡᠯᠡᠭ ᠢᠶᠡᠨ ᠠᠬᠠᠮᠠᠳ ᠨᠠᠰᠤᠲᠠᠨ | ᠳᠦ ᠪᠡᠨ ᠡᠷᠭᠦᠨ ᠪᠠᠷᠢᠵᠤ᠂ ᠬᠡᠤᠬᠡᠳ ᠲᠤ ᠰᠢᠬᠢᠷ ᠵᠢᠮᠢᠰ | ᠠᠳᠬᠤᠭᠤᠯᠳᠠᠭ᠃ ᠵᠣᠴᠢᠨ ᠨᠢ ᠠᠷᠢᠬᠢᠨ ᠳᠦ ᠳᠤᠷᠠᠲᠠᠢ ᠪᠣᠯ | ᠠᠬᠠᠮᠠᠳ ᠪᠣᠯᠣᠭᠰᠠᠳ ᠰᠢᠯᠲᠠᠭ ᠭᠡᠯᠡᠵᠤ ᠵᠠᠶᠢᠯᠠᠵᠤ ᠶᠠᠪᠤᠳᠠᠭ᠃ | ᠡᠨᠡ ᠦᠶ᠎ᠡ ᠳᠦ ᠦᠶ᠎ᠡ ᠶᠢᠨ ᠬᠦᠮᠦᠰ ᠠᠷᠢᠬᠢ ᠤᠤᠭᠤᠵᠤ | ᠨᠠᠶᠢᠷᠯᠠᠳᠠᠭ᠃ ᠭᠡᠪᠡᠴᠤ ᠪᠤᠳᠠᠭ᠎ᠠ ᠢᠳᠡᠬᠦ ᠦᠶ᠎ᠡ ᠳᠦ᠂ | ᠭᠡᠷ ᠦᠨ ᠠᠬᠠᠮᠠᠳ ᠰᠢᠷᠡᠭᠡᠨ ᠳᠤ ᠪᠠᠨ ᠪᠣᠴᠠᠵᠤ | ᠵᠣᠴᠢᠨ ᠢᠶᠠᠨ ᠲᠠᠶᠢᠯᠠᠳᠠᠭ᠃ ᠬᠠᠮᠤᠭ ᠤᠨ ᠬᠦᠨᠳᠤᠳᠤ ᠵᠣᠴᠢᠨ | ᠢᠷᠡᠪᠡᠯ ᠬᠤᠨᠢᠨ ᠰᠢᠬᠦᠰᠤ ᠪᠠᠷ ᠲᠠᠶᠢᠯᠠᠳᠠᠭ᠃ ᠤᠷᠢᠳᠠᠪᠠᠷ | ᠠᠬᠠᠮᠠᠳ ᠨᠠᠰᠤᠲᠠᠶᠢᠴᠣᠣᠯ ᠬᠢᠳᠤᠭ᠎ᠠ ᠬᠦᠳᠡᠯᠭᠡᠭᠰᠡᠨ ᠦ | ᠲᠠᠷᠠᠭ᠎ᠠ᠂ ᠰᠠᠶ᠋ᠢ ᠵᠣᠴᠢᠨ ᠪᠠ ᠭᠡᠷ ᠦᠨ ᠡᠵᠡᠨ ᠬᠠᠮᠳᠤ | ᠢᠳᠡᠨ᠎ᠡ᠃ ᠵᠣᠴᠢᠨ ᠶᠠᠪᠤᠬᠤ ᠳᠤ ᠵᠣᠴᠢᠨ ᠤ ᠪᠡᠯᠡᠭ ᠬᠢᠵᠤ | ᠠᠪᠴᠢᠷᠠᠭᠰᠠᠨ ᠰᠠᠪᠠᠨ ᠳ᠋ᠤᠨᠢ ᠴᠠᠭᠠᠨ ᠢᠳᠡᠭᠡᠨ ᠪᠤᠶᠤ ᠪᠣᠤᠪᠤ | ᠪᠣᠭᠤᠷᠰᠤᠭ ᠠᠷᠢᠬᠢ ᠵᠡᠷᠭᠡ ᠶᠢ ᠬᠢᠵᠤ ᠥᠭᠭᠦᠨ᠎ᠡ᠃ ᠵᠣᠴᠢᠨ | ᠮᠤᠷᠳᠠᠬᠤ ᠦᠶ᠎ᠡ ᠳᠦ ᠪᠦᠬᠦ ᠭᠡᠷ ᠦᠨ ᠬᠦᠭᠰᠢᠨ ᠵᠠᠯᠠᠭᠤ | ᠪᠦᠭᠦᠳᠡᠭᠡᠷ ᠦᠳᠡᠵᠤ ᠮᠤᠷᠳᠠᠭᠤᠯᠬᠤ ᠶᠢᠨ ᠬᠠᠮᠲᠤ᠂ ᠥᠯᠵᠡᠢ | ᠪᠡᠯᠭᠡ ᠲᠠᠢ ᠦᠭᠡ ᠬᠡᠯᠡᠵᠤ᠂ ᠵᠠᠮ ᠵᠠᠭᠤᠷ᠎ᠠ ᠪᠠᠨ ᠰᠠᠶᠢᠨ | ᠶᠠᠪᠤᠬᠤ ᠶᠢ ᠢᠷᠤᠭᠡᠨ ᠪᠡᠯᠭᠡᠳᠡᠳᠡᠭ᠃ | | | ᠨᠠᠰᠤᠨ ᠪᠠᠶᠠᠷ ᠢ ᠪᠡᠯᠭᠡᠯᠡᠬᠦ᠄ ᠪᠠᠭᠠᠷᠢᠨ ᠪᠠᠷᠠᠭᠤᠨ | ᠬᠤᠰᠢᠭᠤ ᠨᠢ ᠵᠢᠷᠠᠨ ᠨᠠᠰᠤᠨ ᠠᠴᠠ ᠡᠬᠢᠯᠡᠨ ᠳᠠᠯ᠎ᠠ ᠨᠠᠶᠠ ᠶᠡᠷᠡᠨ | ᠨᠠᠰᠤ ᠬᠡᠬᠦ ᠮᠡᠨᠳᠦᠴᠢᠯᠡᠨ ᠠᠷᠪᠠᠨ ᠵᠢᠯ ᠦᠩᠭᠡᠷᠡᠬᠦ ᠪᠦᠷᠢ | ᠨᠠᠰᠤᠨ ᠪᠠᠶᠠᠷ ᠬᠢᠳᠡᠭ ᠵᠠᠩᠰᠢᠯ ᠲᠠᠢ᠃ ᠭᠡᠪᠡᠴᠤ ᠬᠡᠷᠪᠡ ᠡᠴᠢᠭᠡ | ᠡᠬᠡ ᠨᠢ ᠪᠠᠶᠢᠪᠠᠯ ᠲᠤᠤᠷ᠎ᠠ ᠦᠶ᠎ᠡ ᠶᠢᠨ ᠬᠢᠨ ᠳᠠᠯ᠎ᠠ ᠨᠠᠶᠠ | ᠨᠠᠰᠤᠯᠠᠯ᠎ᠠ ᠴᠦ ᠭᠡᠰᠡᠨ ᠦᠪᠡᠷ ᠦᠨ ᠪᠡᠶ᠎ᠡ ᠳᠤ ᠪᠠᠨ | ᠨᠠᠰᠤᠨ ᠪᠠᠶᠠᠷ ᠪᠡᠯᠭᠡᠯᠡᠳᠡᠭ ᠦᠭᠡᠢ᠃ ᠮᠣᠩᠭᠤᠯᠴᠤᠳ ᠵᠢᠯ | ᠣᠷᠤᠬᠣ ᠪᠣᠯᠣᠨ ᠨᠠᠰᠤᠨ ᠪᠠᠶᠠᠷ ᠢ ᠪᠦᠷ ᠴᠠᠭᠠᠨ ᠰᠠᠷ᠎ᠠ ᠳᠤ | ᠬᠢᠳᠡᠭ᠃ ᠦᠷ᠎ᠡ ᠬᠡᠦᠬᠡᠳ ᠨᠢ ᠶᠡᠭᠡ ᠬᠤᠷᠢᠮ ᠨᠠᠶᠢᠷ | ᠪᠡᠯᠡᠳᠬᠡᠵᠤ᠂ ᠡᠳᠦᠷ ᠦᠨ ᠰᠠᠶᠢᠨ ᠢ ᠰᠤᠩᠭᠤᠵᠤ᠂ ᠠᠶᠢᠯ ᠠᠶᠢᠮᠠᠭ | ᠰᠠᠳᠤᠨ ᠲᠦᠷᠦᠯ ᠨᠠᠶᠢᠵᠢ ᠨᠦᠬᠦᠳ ᠢᠶᠠᠨ ᠵᠠᠯᠠᠵᠤ | ᠨᠠᠶᠢᠷᠯᠠᠳᠠᠭ᠃ ᠬᠠᠭᠤᠴᠢᠨ ᠤ ᠦᠶ᠎ᠡ ᠳᠦ ᠠᠷᠢᠬᠢ ᠲᠠᠷᠠᠰᠤ᠂ | ᠮᠤᠷᠢ ᠦᠭᠡᠷ ᠬᠤᠨᠢ ᠪᠣᠶᠣ ᠬᠤᠨᠢᠨ ᠤᠭᠤᠴᠠ᠂ ᠠᠷᠠᠰᠤᠨ ᠲᠡᠷᠯᠢᠭ᠂ | ᠬᠦᠪᠦᠩ ᠲᠡᠷᠯᠢᠭ ᠵᠡᠷᠭᠡ ᠬᠤᠪᠴᠠᠰᠤ ᠬᠤᠨᠠᠷ ᠪᠠ ᠭᠣᠳᠤᠯ᠂ | ᠲᠠᠮᠠᠬᠢᠨ ᠬᠠᠪᠲᠠᠭ᠎ᠠ᠂ ᠵᠤᠭᠤᠰ ᠮᠦᠩᠬᠦ ᠵᠡᠷᠭᠡ ᠪᠡᠷ ᠵᠢᠯ | ᠤᠷᠤᠭᠤᠯᠵᠤ ᠲᠠᠯ᠎ᠠ ᠪᠡᠯᠡᠭ ᠬᠦᠷᠭᠡᠳᠡᠭ᠃ ᠪᠡᠯᠡᠭ ᠦᠨ | ᠲᠦᠷᠦᠯ ᠢ ᠶᠡᠷᠤᠳᠡᠭᠡᠨ ︽ᠭᠤᠷᠪᠡ ︾ ᠶᠢᠨ ᠲᠣᠭ᠎ᠠ ᠪᠠᠷ | ᠥᠭᠳᠡᠭ᠃ ᠨᠠᠰᠤᠨ ᠪᠠᠶᠠᠷ ᠤᠨ ᠨᠠᠶᠢᠷ ᠬᠤᠷᠢᠮ ᠤᠨ ᠶᠤᠰᠤᠯᠠᠯ ᠨᠢ | ᠶᠠᠭᠤᠨ ᠤ ᠡᠮᠦᠨ᠎ᠠ ᠪᠣᠶᠠᠨᠲᠦ ᠨᠠᠰᠤᠳᠠᠨ ᠳᠦ ᠪᠡᠨ ᠠᠷᠢᠬᠢ | ᠬᠠᠳᠠᠭ ᠪᠠᠷᠢᠵᠤ᠂ ᠲᠠᠬᠢᠨ ᠪᠡᠯᠡᠭ ᠰᠡᠯᠲᠡ ᠬᠦᠷᠭᠡᠨ ᠰᠦᠭᠦᠳᠦᠨ | ᠮᠦᠷᠭᠦᠵᠤ ᠨᠠᠶᠢᠷ ᠤᠨ ᠰᠢᠷᠡᠭᠡ ᠪᠠᠨ ᠡᠬᠢᠯᠡᠭᠦᠯᠳᠡᠭ᠃ ᠭᠡᠷ ᠦᠨ | ᠡᠵᠡᠨ ᠡᠴᠡ ᠢᠷᠡᠭᠰᠡᠨ ᠵᠣᠴᠢᠳ ᠲᠤ ᠠᠷᠢᠬᠢ ᠪᠠᠷᠢᠵᠤ | ᠨᠠᠶᠢᠷᠯᠠᠯᠳᠤᠨ ᠲᠠᠶᠢᠯᠠᠭᠰᠠᠨ ᠬᠤᠶᠢᠨ᠎ᠠ ᠪᠣᠴᠠᠬᠤ ᠳ᠋ᠤᠨᠢ | ᠠᠯᠴᠢᠭᠤᠷ᠂ ᠲᠠᠮᠠᠬᠢᠨ ᠬᠠᠪᠲᠠᠭ᠎ᠠ ᠮᠡᠲᠤ ᠶᠢᠨ ᠬᠠᠷᠢᠭᠤ ᠲᠠᠯ᠎ᠠ | ᠪᠠᠷᠢᠵᠤ ᠵᠣᠴᠢᠨ ᠢᠶᠠᠨ ᠭᠠᠷ ᠬᠣᠭᠤᠰᠤᠨ ᠶᠠᠪᠣᠭᠣᠯᠳᠠᠭ ᠦᠭᠡᠢ᠃ | ᠬᠡᠤᠭᠡᠳ ᠪᠤᠯ ᠪᠤᠣᠪᠤ ᠪᠣᠭᠤᠷᠰᠤᠭ ᠪᠣᠶᠤ ᠪᠠᠭ᠎ᠠ ᠰᠠᠭ᠎ᠠ ᠵᠤᠭᠤᠰ | ᠵᠤᠭ᠎ᠠ ᠪᠠᠷᠢᠭᠤᠯᠤᠨ᠎ᠠ᠃ | | | |