ᠤᠷᠤᠭ ᠲᠣᠭᠲᠠᠬᠤ᠄ ᠤᠷᠤᠭᠯᠠᠬᠤ ᠨᠠᠰᠤᠨ ᠳᠤ ᠬᠦᠷᠦᠭᠰᠡᠨ | ᠵᠠᠯᠠᠭᠤᠴᠤᠳ ᠢ ᠡᠴᠢᠭᠡ ᠡᠬᠡ ᠨᠢ ︽ᠡᠭᠦᠳᠠ ᠡᠷᠤᠭᠡ | ᠲᠡᠩᠴᠠᠬᠦ︾ ᠶᠢ ᠠᠩᠬᠠᠷᠤᠨ᠂ ᠵᠠᠭᠤᠴᠢ ᠵᠠᠯᠠᠵᠤ | ᠵᠠᠭᠤᠴᠢᠯᠠᠭᠤᠯᠤᠨ ᠬᠤᠷᠢᠮᠯᠠᠭᠤᠯᠳᠠᠭ᠃ ᠭᠡᠷ ᠦᠨ ᠠᠬᠠᠮᠠᠳ ᠨᠢ | ᠲᠦᠯᠭᠡ ᠦᠵᠡᠭᠦᠯᠦᠨ ᠬᠤᠶᠠᠷ ᠡᠲᠡᠭᠡᠳ ᠦᠨ ᠨᠠᠰᠤ ᠵᠢᠯ ᠨᠢ | ᠲᠠᠭᠠᠷᠠᠪᠠᠯ ᠵᠠᠭᠤᠴᠢ ᠪᠠᠷ ᠳᠠᠮᠵᠢᠨ ᠦᠭᠴᠦ ᠠᠪᠬᠤ ᠪᠡᠯᠡᠭ ᠦᠨ | ᠲᠣᠭ᠎ᠠ ᠪᠠᠨ ᠵᠦᠪᠳᠡᠯᠴᠠᠠ ᠲᠣᠭᠲᠠᠭᠠᠵᠤ᠂ ᠰᠠᠶᠢᠨ ᠡᠳᠦᠷ ᠢ | ᠰᠤᠩᠭᠤᠵᠤ ᠤᠷᠤᠭ ᠲᠤᠭᠲᠠᠬᠤ ᠶᠤᠰᠤᠯᠡᠯ ᠶᠠᠪᠤᠭᠤᠯᠳᠠᠭ᠃ ᠡᠭᠦᠨ ᠢ | ᠪᠠᠰᠠ︽ᠬᠤᠨᠳᠠᠭ᠎ᠠ ᠰᠣᠯᠢᠯᠴᠠᠬᠤ︾ ᠭᠡᠳᠡᠭ᠂ ᠶᠡᠷᠦᠳᠡ ᠶᠢᠨ | ᠪᠠᠶᠢᠳᠠᠯ ᠳᠤ ᠡᠷᠡᠭᠲᠡᠢ ᠶᠢᠨ ᠭᠡᠷ ᠲᠦ ᠶᠠᠪᠤᠭᠳᠠᠵᠤ᠂ | ᠬᠡᠤᠭᠡᠨ ᠤ ᠭᠡᠷ ᠦᠨ ᠡᠴᠢᠭᠡ ᠡᠬᠡ ᠪᠣᠶᠤ ᠠᠬ᠎ᠠ ᠨᠢ ᠬᠦᠤ ᠶᠢᠨ | ᠲᠠᠯ᠎ᠠ ᠶᠢᠨ ᠭᠡᠷ ᠲᠦ ᠢᠷᠡᠵᠤ᠂ ᠬᠦᠤ ᠶᠢᠨ ᠭᠡᠷ ᠦᠨ ᠬᠢᠨ ᠰᠠᠳᠤᠨ | ᠲᠦᠷᠦᠯ ᠨᠠᠶᠢᠵᠠ ᠨᠦᠭᠦᠳ ᠢᠶᠡᠨ ᠵᠠᠯᠠᠵᠤ ᠵᠤᠴᠢᠯᠠᠳᠠᠭ᠃ | ᠴᠢᠯᠦᠭᠡᠯᠡᠭᠳᠡᠭᠰᠡᠨ ᠦ ᠲᠠᠷᠠᠭ᠎ᠠ ᠬᠡᠤᠬᠡᠨ ᠨᠢ ᠭᠡᠷ ᠦᠨ | ᠬᠥᠮᠥᠰ ᠲᠠᠢ ᠪᠠᠨ ᠴᠤᠭ ᠬᠦᠤ ᠶᠢᠨ ᠭᠡᠷ ᠲᠦ ᠢᠷᠡᠵᠤ ᠤᠷᠤᠭ | ᠲᠤᠭᠲᠠᠬᠤ ᠶᠤᠰᠤᠯᠠᠯ ᠳᠤ ᠤᠷᠤᠯᠴᠠᠬᠤ ᠪᠣᠯᠣᠭᠰᠠᠨ ᠪᠦᠭᠡᠳ | ᠳᠠᠶᠢᠯᠠᠯᠭ᠎ᠠ ᠶᠢᠨ ᠰᠢᠷᠡᠭᠡᠨ ᠳᠡᠭᠡᠷ᠎ᠡ ᠬᠦᠤ ᠶᠢᠨ ᠡᠵᠢ | ᠪᠣᠯᠣᠨ ᠨᠠᠶᠢᠵᠠ ᠨᠦᠭᠦᠳ ᠲᠤᠨᠢ ᠠᠷᠢᠬᠢ ᠪᠠᠷᠢᠬᠤ ᠳᠤ ᠬᠠᠳᠠᠮ | ᠡᠬᠡ ᠪᠣᠯᠬᠤ ᠬᠦᠮᠦᠨ ᠨᠢ ᠬᠡᠤᠬᠡᠨ ᠳᠤ ᠦᠪᠡᠷ ᠦᠨ | ᠭᠠᠷ ᠢᠶᠠᠷ ᠢᠶᠠᠨ ᠰᠦᠢᠬᠡ ᠪᠠᠭᠤᠤ ᠵᠡᠭᠦᠯᠭᠡᠬᠦ ᠶᠢᠨ ᠬᠠᠮᠲᠤ | ᠦᠪᠴᠢ ᠪᠡᠶ᠎ᠡ ᠬᠤᠪᠴᠠᠰᠤ ᠬᠤᠨᠠᠷ ᠪᠣᠯᠣᠨ ᠪᠥᠰ ᠪᠠᠷᠠᠭ᠎ᠠ ᠥᠭᠳᠡᠭ | ᠪᠠ ᠨᠠᠶᠢᠵᠠ ᠨᠥᠬᠥᠳ ᠨᠢ ᠴᠤ ᠵᠤᠭᠤᠰ ᠤᠨ ᠪᠡᠯᠡᠭ ᠥᠭᠳᠡᠭ᠃ | ᠡᠭᠦᠨ ᠦ ᠲᠠᠷᠠᠭ᠎ᠠ᠂ ᠬᠤᠶᠠᠷ ᠲᠠᠯ᠎ᠠ ᠶᠢᠨ ᠭᠡᠷ ᠤᠨ ᠠᠬᠠᠮᠠᠳ | ᠠᠷᠢᠬᠢ ᠬᠡᠮᠨᠡᠵᠤ ᠬᠤᠨᠳᠠᠭ᠎ᠠ ᠰᠤᠯᠢᠯᠴᠠᠵᠤ ᠪᠦᠬᠦᠨ ᠢ | ᠤᠤᠭᠤᠨ ᠤᠷᠤᠭ ᠤᠨ ᠶᠠᠪᠣᠳᠠᠯ ᠲᠣᠭᠲᠠᠳᠠᠭ᠃ | ᠬᠤᠷᠢᠮᠯᠠᠬᠤ ᠠᠴᠠ ᠬᠤᠶᠠᠷ ᠰᠠᠷ᠎ᠠ ᠶᠢᠨ ᠡᠮᠦᠨ᠎ᠡ᠂ ᠬᠦᠤ ᠶᠢᠨ | ᠲᠠᠯ᠎ᠠ ᠶᠢᠨ ᠬᠢᠨ ᠰᠠᠭᠠᠯᠢ ᠶᠢᠨ ᠪᠡᠯᠡᠭ ︵ᠳᠠᠷᠤᠢ | ᠵᠠᠭᠤᠴᠢ ᠪᠠᠷ ᠳᠠᠮᠵᠢᠵᠤ ᠵᠥᠪᠳᠡᠯᠴᠡᠨ ᠲᠤᠭᠲᠠᠭᠰᠠᠨ | ᠰᠠᠭᠠᠯᠢ ᠶᠢᠨ ᠪᠡᠯᠡᠭ ᠦᠨ ᠲᠥᠷᠥᠯ ᠵᠦᠢᠯ ᠲᠣᠭ᠎ᠠ | ᠬᠡᠮᠵᠢᠶ᠎ᠡ ᠪᠠᠷ︶ᠬᠦᠷᠭᠡᠳᠡᠭ ᠪᠠ ᠪᠠᠰᠠ ᠬᠤᠷᠢᠮᠯᠠᠬᠤ ᠡᠳᠦᠷ | ᠬᠤᠭᠤᠴᠠᠭ᠎ᠠ᠂ ᠴᠠᠭ ᠮᠦᠴᠡ᠂ ᠴᠡᠭᠡᠷᠯᠡᠬᠦ ᠵᠦᠢᠯ ᠪᠣᠯᠣᠨ ᠰᠢᠨ᠎ᠡ | ᠪᠡᠷᠢ ᠶᠢᠨ ᠰᠠᠭᠤᠬᠤ ᠪᠣᠶᠠᠨ ᠦ ᠵᠦᠭ ᠵᠡᠷᠭᠡ ᠶᠢ ᠪᠢᠴᠢᠭᠰᠡᠨ | ᠪᠢᠴᠢᠭ ᠢ ᠬᠦᠷᠭᠡᠳᠡᠭ ᠪᠦᠭᠡᠳ ᠬᠤᠷᠢᠮᠯᠠᠬᠤ ᠠᠴᠠ ᠲᠦᠷᠪᠡ | ᠲᠠᠪᠤᠨ ᠡᠳᠦᠷ ᠦᠨ ᠡᠮᠦᠨ᠎ᠡ᠂ ᠬᠦᠤ ᠶᠢᠨ ᠲᠠᠯ᠎ᠠ ᠨᠢ ᠪᠠᠰᠠ | ᠬᠡᠤᠬᠡᠨ ᠤ ᠲᠠᠯ᠎ᠠ ᠳᠤ ᠮᠢᠬ᠎ᠠ ᠠᠷᠢᠬᠢ ᠭᠤᠯᠢᠷ ᠪᠣᠳᠠᠭ᠎ᠠ | ᠵᠡᠷᠭᠡ ᠲᠦᠷᠪᠡᠨ ᠵᠦᠢᠯ ᠦᠨ ᠪᠣᠳᠠᠰ ᠤᠨ ᠪᠡᠯᠡᠭ ᠢ ᠬᠦᠷᠭᠡᠨ | ᠥᠭᠳᠡᠭ ᠢ ᠲᠦᠷᠪᠡᠨ ᠬᠠᠮᠲᠤᠷᠠᠯ ᠤᠨ ᠪᠡᠯᠡᠭ ᠭᠡᠳᠡᠭ᠃ | ᠪᠡᠷᠢ ᠪᠠᠭᠤᠯᠭᠠᠬᠤ᠄ ᠶᠡᠷᠤᠳᠡᠭᠡᠨ ᠪᠢᠯᠢᠭ ᠦᠨ ᠤᠯᠠᠷᠢᠯ ᠤᠨ | ᠬᠣᠣᠰ ᠡᠳᠦᠷ ᠢ ᠰᠣᠩᠭᠣᠨ ᠪᠠᠷᠢ ᠪᠠᠨ ᠪᠠᠭᠤᠯᠭᠠᠳᠠᠭ᠃ | ᠬᠤᠷᠢᠮ ᠤᠨ ᠲᠦᠷᠦᠭᠦᠦ ᠡᠳᠦᠷ ᠨᠢ ᠬᠡᠤᠭᠡᠨ ᠤ ᠲᠠᠯ᠎ᠠ ᠶᠢᠨ ᠬᠢᠨ | ᠬᠤᠷᠢᠮ ᠤᠨ ᠨᠠᠶᠢᠷ ᠲᠠᠯᠪᠢᠳᠠᠭ᠃ ᠰᠢᠨ᠎ᠡ ᠪᠡᠷᠢ | ᠪᠠᠭᠤᠯᠭᠠᠬᠤ ᠳᠤ ᠣᠯᠠᠩᠬᠢ ᠳᠤ ᠪᠠᠨ ᠮᠣᠷᠢᠨ ᠲᠡᠷᠭᠡ︵ᠨᠤᠶᠠᠳ | ᠲᠦᠰᠢᠮᠡᠯ ᠪᠠᠶᠠᠨ ᠠᠶᠢᠯ ᠤᠨ ᠬᠢᠨ ᠰᠡᠤᠬᠡ︶ ᠬᠡᠷᠡᠭᠯᠡᠵᠦ᠂ | ᠣᠴᠢᠬᠤ ᠬᠥᠮᠥᠨ ᠦ ᠲᠣᠭ᠎ᠠ ᠨᠢ︽ᠦᠷᠦᠭᠡᠰᠦᠨ ᠢᠶᠡᠷ ᠬᠦᠷᠴᠦ | ᠬᠣᠣᠰ ᠢᠶᠠᠷ ᠪᠤᠴᠠᠬᠤ︾ ᠶᠢ ᠡᠷᠬᠢᠮᠯᠡᠳᠡᠭ᠃ ᠪᠡᠷᠢ | ᠪᠠᠭᠤᠯᠭᠠᠬᠤ ᠡᠩᠨᠡᠭᠡᠨ ᠳᠦ ᠲᠡᠷᠭᠡᠴᠢᠨ᠂ ᠬᠦᠷᠭᠡᠨ ᠲᠠᠭᠠᠭᠴᠢ | ᠵᠡᠷᠭᠡ ᠬᠥᠮᠥᠰ ᠳᠠᠭᠠᠯᠳᠤᠨ ᠶᠠᠪᠤᠬᠤ ᠠᠴᠠ ᠭᠠᠳᠠᠨ᠎ᠠ᠂ ᠪᠡᠷᠢ | ᠲᠤᠰᠬᠤ ᠪᠦᠰᠡᠭᠦᠢ ᠨᠢ ᠡᠷᠬᠡᠪᠰᠢ ᠬᠦᠤ ᠥᠬᠢᠨ ᠲᠠᠢ ᠪᠥᠭᠡᠳ ᠰᠠᠯᠵᠤ | ᠪᠣᠲᠠᠷᠠᠭᠰᠠᠨ ᠦᠭᠡᠢ ︽ᠪᠦᠳᠦᠨ ᠭᠡᠷ ᠪᠦᠯᠢ︾ᠠᠶᠢᠯ ᠤᠨ ᠪᠦᠰᠡᠭᠦᠢ | ᠪᠠᠶᠢᠬᠤ ᠬᠡᠷᠡᠭᠲᠡᠢ᠃ ᠪᠡᠷᠢ ᠲᠣᠰᠬᠤ ᠲᠡᠷᠭᠡ ᠬᠡᠤᠬᠡᠨ ᠤ | ᠭᠡᠷ ᠲᠦ ᠬᠦᠷᠬᠦ ᠳᠦ ᠭᠡᠷ ᠦᠨ ᠡᠵᠡᠨ ᠨᠢ ᠪᠡᠷᠢ | ᠪᠠᠭᠤᠯᠭᠠᠬᠤ ᠪᠠᠷ ᠢᠷᠡᠭᠰᠡᠨ ᠬᠦᠮᠦᠰ ᠢ ᠦᠷᠦᠭᠡᠨ ᠳᠦ ᠪᠡᠨ | ᠵᠠᠯᠠᠨ ᠵᠤᠴᠢᠯᠠᠨ ᠲᠠᠶᠢᠯᠠᠳᠠᠭ᠃ ᠳᠠᠷᠠᠭ᠎ᠠ ᠥᠷᠯᠥᠭᠡ ᠨᠢ ᠲᠡᠷᠭᠡ | ᠬᠥᠳᠡᠯᠬᠦ ᠦᠶ᠎ᠡ ᠳᠦ ᠰᠢᠨ᠎ᠡ ᠪᠡᠷᠢ ᠤᠯᠠᠭᠠᠨ ᠬᠤᠪᠴᠠᠰᠤ ᠤᠯᠠᠭᠠᠨ | ᠥᠮᠦᠳᠦ ᠡᠮᠤᠰᠴᠦ᠂ ᠱᠠᠬᠠᠢ ᠶᠢᠨ ᠭᠠᠳᠠᠭᠤᠷ ᠨᠢ ᠰᠢᠷ᠎ᠠ ᠳᠤᠭᠲᠤᠢ | ᠤᠭᠯᠠᠨᠠ᠃ ᠤᠷᠢᠶᠠᠮᠠᠯ ᠭᠡᠵᠢᠭᠡ ᠤᠶᠠᠨ᠎ᠠ᠃ ᠲᠥᠷᠬᠦᠮ ᠡᠴᠡ ᠨᠢ | ᠥᠭᠬᠦ ᠰᠠᠭᠠᠯᠢ ᠶᠢ ᠲᠡᠷᠭᠡᠨ ᠳᠦ ᠲᠡᠭᠡᠭᠡᠬᠦ ᠪᠦᠭᠡᠳ ᠪᠠᠰᠠ | ᠦᠷ᠎ᠡ ᠠᠴᠢᠷ ᠤᠨ ᠪᠠᠩᠰᠢ︵ᠲᠡᠭᠷᠢ ᠭᠠᠵᠠᠷ᠂ ᠬᠠᠳᠠᠮ ᠠᠪᠤ ᠬᠠᠳᠠᠮ | ᠡᠬᠡ ᠳᠤ ᠪᠠᠨ ᠲᠤᠰᠪᠤᠷᠢ ᠨᠢᠭᠡ ᠬᠣᠣᠰ᠂ ᠰᠢᠨ᠎ᠡ ᠪᠡᠷᠢ | ᠥᠪᠡᠷ ᠦᠨ ᠨᠠᠰᠤᠨ ᠤ ᠪᠠᠨ ᠨᠢᠭᠡ ᠲᠠᠬᠢᠨ︶ᠠᠪᠴᠤ ᠶᠠᠪᠣᠨ᠎ᠠ᠃ | ᠲᠤᠯᠤᠭᠠᠢ ᠪᠠᠨ ᠤᠯᠠᠭᠠᠨ ᠠᠯᠴᠢᠭᠤᠷ ᠢᠶᠠᠷ ᠪᠦᠲᠡᠭᠡᠵᠦ᠂ | ᠲᠥᠷᠬᠦᠮ ᠦᠨ ᠲᠠᠯ᠎ᠠ ᠶᠢᠨ ᠠᠬ᠎ᠠ ᠨᠢ ᠲᠡᠷᠭᠡᠨ ᠳᠤ ᠡᠭᠦᠷᠴᠦ | ᠭᠠᠷᠭᠠᠨ᠎ᠠ᠃ ᠰᠢᠨ᠎ᠡ ᠪᠡᠷᠢ ᠰᠡᠤᠬᠡᠨ ᠳᠤ ᠭᠠᠷᠬᠤ ᠦᠶ᠎ᠡ ᠳᠦ | ᠵᠠᠪᠠᠯ ᠤᠭᠢᠯᠠᠨ᠎ᠠ᠂ ᠨᠢᠯᠪᠤᠰᠤ︵ᠠᠯᠲᠠᠨ ᠪᠣᠷᠴᠠᠭ | ᠭᠡᠳᠡᠭ︶ᠬᠡᠳᠦᠢ ᠠᠷᠪᠢᠨ ᠤᠨᠠᠪᠠᠯ ᠲᠦᠷᠬᠦᠮ ᠦᠨ ᠬᠢᠨ ᠲᠡᠳᠤᠢ | ᠰᠠᠶᠢᠨ ᠪᠠᠳᠠᠷᠠᠨ ᠬᠦᠭᠵᠢᠳᠡᠭ ᠭᠡᠵᠦ ᠦᠵᠡᠳᠡᠭ᠃ ᠬᠤᠷᠢᠮ ᠤᠨ | ᠲᠡᠷᠭᠡ ᠬᠡᠷᠪᠡ ᠰᠦᠮ᠎ᠡ ᠶᠢᠨ ᠬᠠᠵᠠᠭᠤ ᠪᠠᠷ ᠦᠩᠭᠡᠷᠡᠬᠦ ᠳᠦ | ᠬᠦᠷᠪᠡᠯ ᠤᠯᠠᠭᠠᠨ ᠢᠰᠡᠭᠡᠢ ᠪᠡᠷ ᠪᠦᠲᠡᠭᠡᠳᠡᠭ᠂ ᠡᠭᠦᠨ ᠢ | ︽ᠰᠦᠮ᠎ᠡ ᠡᠴᠡ ᠬᠠᠯᠬᠠᠯᠠᠬᠤ︾ᠭᠡᠳᠡᠭ᠃ | ᠬᠤᠷᠢᠮ ᠤᠨ ᠶᠣᠰᠤᠯᠠᠯ᠄ ᠰᠢᠨ᠎ᠡ ᠪᠠᠷᠢ ᠶᠢᠨ ᠲᠡᠷᠭᠡ | ᠬᠠᠳᠠᠮ ᠤᠨ ᠢᠶᠠᠨ ᠡᠭᠦᠳᠡᠨ ᠳᠦ ᠬᠦᠷᠴᠦ ᠵᠤᠭᠰᠤᠬᠤ ᠦᠶ᠎ᠡ ᠳᠦ᠂ | ᠬᠠᠳᠠᠮ ᠡᠬᠡ ᠨᠢ ᠰᠢᠨ᠎ᠡ ᠪᠡᠷᠢ ᠳᠤ ᠪᠠᠨ ᠨᠢᠷᠤᠭᠤ ᠲᠠᠷᠤᠬᠤ | ᠵᠤᠭᠤᠰ ᠦᠭᠭᠦᠭᠰᠡᠨ ᠦ ᠳᠠᠷᠠᠭ᠎ᠠ᠂ ᠬᠤᠶᠠᠷ ᠡᠮᠡᠭᠲᠡᠢ ᠰᠢᠨ᠎ᠡ | ᠪᠡᠷᠢ ᠶᠢ ᠰᠤᠭᠤᠳᠠᠨ ᠲᠡᠷᠭᠡᠨ ᠡᠴᠡ ᠪᠠᠭᠤᠯᠭᠠᠵᠤ᠂ ᠤᠯᠠᠭᠠᠨ | ᠢᠰᠡᠭᠡᠢ ᠲᠡᠭᠡᠷ᠎ᠡ ᠠᠯᠬᠤᠭᠤᠯᠤᠨ ᠬᠥᠯ ᠳ᠋ᠤᠨᠢ ᠰᠢᠷᠣᠢ | ᠨᠠᠭᠠᠯᠳᠤᠭᠤᠯᠤᠯ ᠦᠭᠡᠢ ᠪᠡᠷ ᠰᠢᠭᠤᠳ ᠲᠡᠭᠷᠢ ᠭᠠᠵᠠᠷ ᠭᠡᠰᠡᠨ | ᠫᠠᠶᠢᠰᠠᠨ ᠤ ᠡᠮᠦᠨ᠎ᠡ ᠣᠴᠢᠨ᠎ᠡ᠃ ᠲᠡᠭᠷᠢ ᠭᠠᠵᠠᠷ ᠤᠨ | ᠫᠠᠶᠢᠰᠠᠨ ᠤ ᠡᠮᠦᠨ᠎ᠡ ᠨᠢᠭᠡᠨ ᠳ᠋ᠸᠤ ᠶᠢᠨ ᠳᠣᠲᠤᠷ᠎ᠠ ᠰᠢᠰᠢ ᠶᠢ | ᠳᠦᠭᠦᠷᠲᠡᠯ᠎ᠡ ᠬᠢᠵᠦ᠂ ᠤᠯᠠᠭᠠᠨ ᠴᠠᠭᠠᠰᠤ ᠪᠠᠷ ᠨᠠᠭᠠᠵᠤ᠂ | ᠲᠡᠭᠡᠷ᠎ᠡ ᠨᠢ ᠨᠢᠭᠡᠨ ᠵᠢᠩᠨᠡᠭᠦᠷ ᠦᠨ ᠡᠰᠢ ᠶᠢ ᠬᠠᠳᠬᠤᠭᠰᠠᠨ ᠪᠠ | ᠤᠯᠠᠭᠠᠨ ᠴᠠᠭᠠᠰᠤ ᠪᠠᠷ ᠴᠢᠮᠡᠭᠯᠡᠭᠰᠡᠨ ᠨᠣᠮᠤ ᠰᠤᠮᠤ | ᠪᠠᠶᠢᠳᠠᠭ᠃ ᠰᠢᠨ᠎ᠡ ᠬᠦᠷᠭᠡᠨ ᠰᠢᠨ᠎ᠡ ᠪᠡᠷᠢ ᠬᠦᠷᠴᠦ ᠢᠷᠡᠬᠦ ᠳᠦ | ᠬᠠᠳᠠᠮ ᠡᠬᠡ ᠨᠢ ᠤᠷᠢᠳᠠᠪᠠᠷ ᠬᠦᠵᠢ ᠠᠰᠠᠭᠠᠵᠤ ᠮᠦᠷᠭᠦᠭᠰᠡᠨ ᠦ | ᠳᠠᠷᠠᠭ᠎ᠠ ᠰᠠᠶ᠋ᠢ ᠬᠣᠶᠠᠷ ᠰᠢᠨ᠎ᠡ ᠬᠥᠮᠥᠨ ᠲᠡᠭᠷᠢ ᠭᠠᠵᠠᠷ ᠲᠤ | ᠮᠦᠷᠭᠦᠵᠦ᠂ ᠠᠪᠤ ᠡᠵᠢ ᠳᠤ ᠪᠠᠨ ᠮᠦᠷᠭᠦᠵᠦ᠂ ᠬᠤᠶᠠᠭᠤᠯᠠ ᠪᠠᠨ | ᠬᠠᠷᠢᠯᠴᠠᠨ ᠮᠦᠷᠭᠦᠨ᠎ᠡ᠃ ᠡᠨᠡ ᠬᠦ ᠶᠤᠰᠤᠯᠠᠯ ᠳᠠᠭᠤᠰᠤᠭᠰᠠᠨ ᠤ | ᠲᠠᠷᠠᠭ᠎ᠠ ᠰᠢᠨ᠎ᠡ ᠬᠦᠷᠭᠡᠨ ᠨᠣᠮᠤ ᠰᠤᠮᠤ ᠶᠢ ᠠᠪᠴᠤ ᠭᠤᠷᠪᠠᠨ | ᠰᠤᠮᠤ ᠬᠠᠷᠪᠤᠵᠤ᠂ ᠳ᠋ᠸᠤ ᠶᠢᠨ ᠳᠡᠭᠡᠷ᠎ᠡ ᠬᠠᠳᠬᠤᠵᠤ | ᠲᠠᠯᠪᠢᠭᠰᠠᠨ ᠵᠢᠩᠨᠡᠭᠦᠷ ᠦᠨ ᠡᠰᠢ ᠶᠢ ᠠᠪᠴᠤ᠂ ᠤᠯᠠᠭᠠᠨ | ᠲᠣᠷᠭ᠎ᠠ ᠪᠠᠷ ᠰᠢᠨ᠎ᠡ ᠪᠡᠷᠢ ᠪᠡᠨ ᠬᠦᠲᠦᠯᠵᠤ᠂ ᠤᠯᠠᠭᠠᠨ | ᠢᠰᠡᠭᠡᠢ ᠶᠢᠨ ᠳᠡᠭᠡᠭᠦᠷ ᠠᠯᠬᠤᠵᠤ ᠰᠢᠨ᠎ᠡ ᠭᠡᠷ ᠲᠤ ᠪᠠᠨ | ᠣᠷᠣᠨ᠎ᠠ᠃ ᠰᠢᠨ᠎ᠡ ᠭᠡᠷ ᠦᠨ ᠡᠭᠦᠳᠡᠨ ᠪᠣᠱᠤᠭ᠎ᠠ ᠲᠡᠭᠡᠷ᠎ᠡ | ᠨᠢᠭᠡᠨ ᠮᠣᠷᠢᠨ ᠡᠮᠡᠭᠡᠯ ᠲᠠᠯᠪᠢᠵᠤ᠂ ᠲᠡᠭᠡᠷ᠎ᠡ ᠨᠢ ᠬᠡᠯᠬᠢᠶᠡᠲᠦ | ᠭᠠᠤᠯᠢᠨ ᠵᠣᠭᠤᠰ ᠲᠠᠯᠪᠢᠨ᠎ᠠ᠃ ᠰᠢᠨ᠎ᠡ ᠬᠦᠷᠭᠡᠨ ᠡᠮᠡᠭᠡᠯ ᠦᠨ | ᠳᠡᠭᠡᠭᠦᠷ ᠠᠯᠬᠤᠨ ᠦᠩᠭᠡᠷᠡᠭᠡᠳ ᠪᠡᠶ᠎ᠡ ᠡᠷᠭᠢᠵᠤ | ᠵᠢᠩᠨᠡᠭᠦᠷ ᠦᠨ ᠡᠰᠢ ᠪᠡᠷ ᠰᠢᠨ᠎ᠡ ᠪᠡᠷᠢ ᠶᠢᠨ ᠲᠣᠯᠣᠭᠠᠢ ᠶᠢᠨ | ᠤᠯᠠᠭᠠᠨ ᠪᠦᠲᠦᠭᠡᠯᠭᠡ ᠶᠢ ᠠᠪᠴᠤ ᠭᠡᠷ ᠦᠨ ᠰᠠᠷᠠᠪᠴᠢᠨ | ᠳᠡᠭᠡᠷ᠎ᠡ ᠬᠠᠶᠠᠳᠠᠭ᠃ ᠢᠩᠭᠢᠭᠡᠳ ᠰᠢᠨ᠎ᠡ ᠬᠦᠷᠭᠡᠨ ᠰᠢᠨ᠎ᠡ ᠪᠡᠷᠢ | ᠰᠠᠶ᠋ᠢ ᠨᠢᠭᠤᠷᠳᠠᠨ ᠤᠴᠠᠷᠠᠳᠠᠭ᠃ ᠰᠢᠨ᠎ᠡ ᠪᠡᠷᠢ ᠭᠡᠷ ᠲᠦ | ᠤᠷᠤᠭᠰᠠᠨ ᠤ ᠳᠠᠷᠠᠭ᠎ᠠ ᠨᠠᠩᠭᠢ ᠪᠣᠣᠪᠣ︵ᠤᠯᠠᠭᠠᠨ ᠪᠥᠰ ᠢᠶᠡᠷ | ᠪᠠᠭᠯᠠᠭᠰᠠᠨ ᠰᠢᠯᠦᠬᠡᠢ ᠶᠢᠨ ᠭᠤᠯᠢᠷ ᠤᠨ ᠪᠤᠣᠪᠤ᠂ ᠭᠢᠰᠭᠢᠬᠦ | ᠪᠣᠤᠪᠤ ᠭᠡᠵᠤ ᠨᠡᠷᠡᠯᠡᠳᠡᠭ᠂ ᠥᠭᠡᠳᠡ ᠳᠠᠪᠰᠢᠬᠤ ᠭᠡᠰᠡᠨ ᠤᠳᠬ᠎ᠠ | ᠲᠠᠢ︶ᠳᠡᠭᠡᠷ᠎ᠡ ᠭᠢᠰᠭᠢᠨ ᠤᠷᠤᠨ ᠳᠡᠭᠡᠷ᠎ᠡ ᠭᠠᠷᠴᠤ᠂ ᠪᠣᠶᠠᠨᠲᠤ | ᠰᠠᠭᠤᠳᠠᠯ ᠳᠤ ᠰᠠᠭᠤᠨ᠎ᠠ᠃ ᠡᠨᠡ ᠦᠶ᠎ᠡ ᠳᠦ ᠦᠷ᠎ᠡ ᠠᠴᠢᠷ ᠤᠨ | ᠪᠠᠩᠰᠢ ᠶᠢ ᠴᠢᠨᠠᠵᠤ ᠪᠣᠯᠭᠤᠭᠠᠳ ᠰᠢᠨ᠎ᠡ ᠪᠡᠷᠢ ᠰᠢᠨ᠎ᠡ ᠬᠦᠷᠭᠡᠨ | ᠬᠠᠮᠳᠤ ᠪᠠᠷ ᠢᠳᠡᠨ᠎ᠡ᠃ ᠪᠣᠶᠠᠨᠲᠦ ᠰᠠᠭᠤᠳᠠᠯ ᠳᠤ ᠰᠠᠭᠤᠵᠤ | ᠪᠠᠷᠠᠪᠠᠯ᠂ ᠠᠪᠢᠰᠤᠨ ᠠᠵᠢᠨ ᠨᠢ ᠰᠢᠨ᠎ᠡ ᠪᠠᠷᠢ ᠶᠢᠨ ᠰᠢᠷ᠎ᠠ | ᠦᠰᠦ ᠶᠢ ᠨᠢ ᠠᠪᠴᠤ ᠭᠡᠵᠢᠭᠡ ᠶᠢ ᠨᠢ ᠵᠠᠰᠠᠵᠤ ᠪᠡᠷᠢ ᠬᠦᠮᠦᠨ ᠦ | ᠭᠡᠵᠢᠭᠡ ᠭᠦᠷᠦᠵᠦ᠂ ᠭᠡᠵᠢᠭᠡ ᠶᠢᠨ ᠬᠢᠨ ᠬᠤᠶᠠᠷ ᠲᠠᠯ᠎ᠠ ᠳ᠋ᠤᠨᠢ | ᠲᠤᠰ ᠪᠦᠷᠢ ᠬᠤᠶᠠᠷ ᠭᠠᠤᠯᠢᠨ ᠵᠤᠭᠤᠰ ᠲᠠᠢ ᠤᠯᠠᠭᠠᠨ | ᠤᠶᠠᠭᠠᠰᠤ ᠪᠠᠷ ᠤᠶᠠᠵᠦ ᠥᠭᠳᠡᠭ᠃ ᠦᠳᠡᠰᠢ ᠪᠣᠯᠬᠤ ᠳᠤ᠂ ᠦᠶ᠎ᠡ | ᠬᠤᠷᠠᠭ ᠤᠨ ᠬᠢᠨ ᠰᠢᠨ᠎ᠡ ᠭᠡᠷᠯᠡᠭᠰᠡᠨ ᠬᠤᠶᠠᠷ ᠢ ᠦᠢᠮᠡᠭᠦᠯᠦᠨ | ᠲᠦᠢᠳᠴᠦ ᠠᠷᠢᠬᠢ ᠤᠤᠭᠤᠵᠤ ᠳᠠᠭᠤᠤ ᠳᠠᠭᠤᠯᠠᠨ ᠬᠤᠷᠢᠮ ᠤᠨ | ᠡᠳᠦᠷ ᠦᠨ ᠪᠠᠶᠠᠷ ᠪᠠᠬᠠᠳᠤᠯᠳᠤ ᠠᠭᠤᠷ ᠠᠮᠢᠰᠬᠤᠯ ᠢ | ᠨᠡᠮᠡᠭᠳᠡᠭᠦᠯᠳᠡᠭ᠃ ᠲᠠᠷᠠᠭ᠎ᠠ ᠡᠳᠦᠷ ᠨᠢ ᠬᠡᠤᠬᠡᠨ ᠤ | ᠲᠠᠯ᠎ᠠ ᠶᠢᠨ ᠬᠢᠨ ᠬᠦᠷᠭᠡᠨ ᠦ ᠭᠡᠷ ᠲᠦ ᠵᠣᠴᠢᠨ ᠪᠣᠯᠣᠨ ᠢᠷᠡᠵᠦ᠂ | ᠠᠬᠠᠮᠠᠳ ᠨᠠᠰᠤᠲᠠᠨ ᠪᠣᠶᠤ ᠲᠥᠷᠥᠯ ᠰᠠᠳᠤᠨ ᠨᠢ ᠰᠢᠨ᠎ᠡ ᠪᠡᠷᠢ ᠳᠦ | ᠵᠣᠭᠣᠰ ᠥᠭᠳᠡᠭ ᠪᠠ ᠰᠢᠨ᠎ᠡ ᠪᠡᠷᠢ ᠶᠢᠨ ᠠᠪᠳᠠᠷ᠎ᠠ ᠶᠢ | ᠨᠡᠭᠡᠭᠡᠵᠦ ᠥᠭᠳᠡᠭ᠃ ᠬᠤᠷᠢᠮᠯᠠᠭᠰᠠᠨ ᠤ ᠭᠤᠷᠪᠠᠳᠤᠭᠠᠷ ᠡᠳᠦᠷ | ᠨᠢ ᠡᠷ᠎ᠡ ᠡᠮ᠎ᠡ ᠬᠤᠶᠠᠭᠤᠯᠠ ᠪᠠᠨ ᠲᠥᠷᠬᠦᠮᠴᠢᠯᠡᠳᠡᠭ᠃ | ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ | ᠤᠷᠤᠭ ᠲᠤᠭᠲᠠᠬᠤ᠂ ᠪᠡᠷᠢ ᠪᠠᠭᠤᠯᠭᠠᠬᠤ ᠪᠣᠯᠣᠨ ᠬᠤᠷᠢᠮ ᠤᠨ | ᠶᠣᠰᠣᠯᠠᠯ ᠤᠨ ᠠᠯᠬᠤᠮ ᠳᠠᠷᠠᠭ᠎ᠠ ᠨᠢ ᠦᠩᠭᠡᠷᠡᠭᠰᠡᠨ ᠲᠠᠢ ᠪᠠᠨ | ᠠᠳᠠᠯᠢᠬᠠᠨ ᠪᠣᠯᠪᠠᠴᠤ ᠠᠭᠤᠯᠭ᠎ᠠ ᠨᠢ ᠨᠢᠭᠡᠨᠲᠡ ᠬᠤᠪᠢᠷᠠᠭᠰᠠᠨ | ᠪᠠᠶᠢᠨ᠎ᠠ᠃ ᠤᠯᠠᠩᠬᠢ ᠨᠢ ᠰᠠᠶᠢᠨ ᠳᠤᠷ᠎ᠠ ᠶᠢᠨ ᠤᠷᠤᠭ ᠪᠠᠶᠢᠵᠤ᠂ | ᠤᠷᠤᠭ ᠲᠤᠭᠲᠠᠭᠰᠠᠨ ᠤ ᠲᠠᠷᠠᠭ᠎ᠠ ᠵᠤᠬᠢᠬᠤ ᠬᠤᠭᠤᠴᠠᠭ᠎ᠠ ᠶᠢ | ᠦᠩᠭᠡᠷᠡᠭᠡᠵᠦ᠂ ᠬᠤᠷᠢᠮᠯᠠᠬᠤ ᠪᠠᠷ ᠪᠡᠯᠡᠳᠬᠡᠳᠡᠭ᠃ ᠬᠤᠷᠢᠮ ᠤᠨ | ᠶᠤᠰᠤᠯᠠᠯ ᠨᠢ ᠮᠦᠨ ᠯᠡ ᠬᠦᠤ ᠶᠢᠨ ᠲᠠᠯ᠎ᠠ ᠳᠦ ᠶᠠᠪᠤᠭᠳᠠᠵᠤ᠂ | ᠶᠤᠰᠤᠯᠠᠯ ᠤᠨ ᠳᠠᠭᠠᠭᠠᠮᠠᠯ ᠤᠨ ᠡᠷᠬᠢᠯᠡᠭᠡ ᠳᠣᠣᠷ᠎ᠠ᠂ ᠬᠦᠤ | ᠬᠡᠤᠬᠡᠨ ᠤ ᠬᠤᠶᠠᠷ ᠲᠠᠯ᠎ᠠ ᠶᠢᠨ ᠭᠣᠣᠯ ᠬᠦᠮᠦᠨ︵ᠬᠤᠶᠠᠷ | ᠲᠠᠯ᠎ᠠ ᠶᠢᠨ ᠭᠡᠷ ᠦᠨ ᠠᠬᠠᠮᠠᠳ︶ᠵᠢᠴᠢ ᠤᠷᠤᠭ | ᠪᠠᠲᠤᠯᠠᠭᠴᠢ︵ᠠᠬᠠᠮᠠᠳ ᠬᠦᠮᠦᠨ ᠪᠣᠶᠤ ᠲᠤᠭᠤᠷᠢᠭ᠂ ᠲᠤᠰᠬᠤᠨ ᠤ | ᠺᠠᠳ᠋ᠷ︶ᠭᠡᠵᠤ ᠪᠠᠶᠢᠳᠠᠭ ᠪᠦᠭᠡᠳ ᠲᠡᠭᠷᠢ ᠭᠠᠵᠠᠷ ᠲᠤ | ᠶᠤᠰᠤᠯᠠᠬᠤ᠂ ᠠᠪᠤ ᠡᠵᠢ ᠳᠤ ᠪᠠᠨ ᠶᠣᠰᠤᠯᠠᠬᠤ᠂ ᠬᠤᠶᠠᠷ ᠬᠣᠣᠰ | ᠬᠠᠷᠢᠯᠴᠠᠨ ᠶᠣᠰᠤᠯᠠᠬᠤ ᠪᠣᠯᠵᠤ᠂ ᠲᠠᠬᠢᠨ ᠰᠢᠨ᠎ᠡ | ᠭᠡᠷ ᠲᠤ ᠪᠠᠨ ᠣᠷᠤᠳᠠᠭ᠃ ᠰᠢᠨ᠎ᠡ ᠬᠤᠶᠠᠷ ᠢ ᠱᠣᠭᠯᠠᠨ ᠲᠦᠢᠳᠬᠦ | ᠪᠣᠯᠣᠨ ᠬᠤᠨᠳᠠᠭ᠎ᠠ ᠬᠤᠯᠪᠤᠬᠤ ᠠᠷᠢᠬᠢ ᠤᠤᠭᠤᠬᠤ ᠦᠶ᠎ᠡ ᠳᠦ | ᠬᠤᠶᠠᠷ ᠲᠠᠯ᠎ᠠ ᠶᠢᠨ ᠭᠡᠷ ᠦᠨ ᠠᠬᠠᠮᠠᠳ ᠤᠷᠤᠯᠴᠠᠬᠤ ᠦᠭᠡᠢ᠃ | ᠪᠠᠰᠠ ᠰᠢᠨ᠎ᠡ ᠬᠦᠷᠭᠡᠨ ᠰᠢᠨ᠎ᠡ ᠪᠡᠷᠢ ᠶᠢᠨ ᠢᠨᠠᠭ ᠳᠤᠷᠠᠯᠠᠯ ᠤᠨ | ᠦᠩᠭᠡᠷᠡᠯᠲᠡ ᠶᠢ ᠲᠠᠨᠢᠯᠴᠠᠭᠤᠯᠬᠤ ᠵᠡᠷᠭᠡ ᠵᠤᠭ᠎ᠠ | ᠴᠠᠩᠬᠡᠯ ᠤᠨ ᠠᠭᠤᠯᠭ᠎ᠠ ᠨᠡᠮᠡᠭᠳᠡᠭᠰᠡᠨ ᠪᠠᠶᠢᠨ᠎ᠠ᠃ | | |