ᠠᠭᠤᠯᠠ ᠲᠠᠬᠢᠬᠤ
ᠨᠡᠶᠢᠲᠡᠯᠡᠭᠰᠡᠨ ᠴᠠᠭ᠄
2022/12/9
      ᠤᠯᠠᠭᠠᠨᠬᠠᠳᠠ ᠤᠷᠤᠨ ᠤ ᠮᠤᠩᠭᠤᠯ ᠦᠨᠳᠤᠰᠤᠳᠠᠨ ᠠᠭᠤᠯᠠ ᠲᠠᠬᠢᠳᠠᠭ᠃ ᠡᠭᠦᠨ ᠳᠤ ᠭᠣᠣᠯᠳᠠᠭᠤ ᠤᠯᠠᠭᠠᠨᠬᠠᠳᠠ ᠬᠤᠳᠠ ᠶᠢᠨ ᠤᠯᠠᠭᠠᠨ ᠬᠠᠳᠠ᠂ ᠪᠠᠭᠠᠷᠢᠨ ᠤ ᠰᠠᠶᠢᠬᠠᠨ ᠬᠠᠨ ᠠᠭᠤᠯᠠ᠂ ᠪᠠᠶᠠᠨ ᠬᠠᠨ ᠠᠭᠤᠯᠠ᠂ ᠮᠠᠷᠴᠢᠨ ᠪᠣᠮᠪᠠᠷ᠎ᠠ ︵ᠯᠢᠨᠰᠢ ᠰᠢᠶᠠᠨ ᠤ ᠬᠤᠶᠢᠳᠠᠢ)᠂ ᠲᠠᠷᠬᠠᠨ ᠬᠠᠨ ᠠᠭᠤᠯᠠ᠂ ᠠᠷᠤ ᠬᠠᠶᠢᠷᠠᠬᠠᠨ ︵ᠤᠳᠤᠬᠢ ᠯᠢᠨᠰᠢ ᠪᠤᠯᠤᠨ ᠬᠡᠰᠢᠭᠳᠡᠨ ᠦ ᠵᠠᠭᠠᠭ ᠠᠴᠠ ᠬᠤᠶᠢᠰᠢᠬᠢ ᠶᠡᠭᠡ ᠠᠭᠤᠯᠠ︶᠂ ᠠᠷᠤ ᠬᠤᠷᠴᠢᠨ ᠬᠤᠰᠢᠭᠤᠨ ᠤ ᠭᠤᠭᠤᠰᠤᠲᠠᠢ ᠬᠠᠨ ᠠᠭᠤᠯᠠ᠂ ᠭᠦᠯᠢᠭᠡᠷ ᠬᠠᠨ ᠠᠭᠤᠯᠠ᠂ ᠬᠤᠯᠤᠳᠤ ᠬᠠᠨ ᠠᠭᠤᠯᠠ᠂ ᠬᠡᠰᠢᠭᠳᠡᠨ ᠬᠤᠰᠢᠭᠤᠨ ᠤ ᠬᠤᠩᠭᠤ ᠶᠢᠨ ᠳᠠᠪᠠᠭ᠎ᠠ᠂ ᠰᠠᠶᠢᠬᠠᠨ ᠳᠠᠪᠠᠭ᠎ᠠ᠂ ᠬᠠᠨ ᠠᠭᠤᠯᠠ ᠵᠡᠷᠭᠡ ᠠᠭᠤᠯᠠ ᠬᠠᠶᠢᠷᠠᠬᠠᠨ ᠨᠤᠭᠤᠳ ᠢ ᠲᠠᠬᠢᠳᠠᠭ᠃ ᠪᠠᠭᠠᠷᠢᠨ ᠵᠡᠬᠦᠨ ᠬᠤᠰᠢᠭᠤ ᠪᠠ ᠪᠠᠭᠠᠷᠢᠨ ᠪᠠᠷᠠᠭᠤᠨ ᠬᠤᠰᠢᠭᠤ ᠶᠢᠨ ᠬᠤᠶᠢᠳᠦ ᠵᠠᠬ᠎ᠠ ᠶᠢᠨ ᠵᠠᠭᠠᠭ ᠲᠤ ᠪᠠᠶᠢᠬᠤ ᠰᠠᠶᠢᠬᠠᠨ ᠬᠠᠨ ᠠᠭᠤᠯᠠ ᠶᠢᠨ ᠲᠠᠬᠢᠯᠭ᠎ᠠ ᠬᠠᠮᠤᠭ ᠨᠡᠷᠡᠳᠡᠢ ᠪᠠᠶᠢᠳᠠᠭ᠃ ᠰᠠᠶᠢᠬᠠᠨ ᠬᠠᠨ ᠠᠭᠤᠯᠠ ᠶᠢ ᠯᠢᠶᠤᠤ ᠤᠯᠤᠰ ᠤᠨ ᠦᠶ᠎ᠡ ᠳᠦ ᠬᠠᠷ᠎ᠠ ᠠᠭᠤᠯᠠ ᠭᠡᠵᠤ ᠨᠡᠷᠡᠯᠡᠵᠤ ᠪᠠᠶᠢᠵᠠᠢ᠃ ︽ᠯᠢᠶᠤᠤ ᠤᠯᠤᠰ ᠤᠨ ᠲᠡᠤᠭᠡ︾ ᠶᠢᠨ ᠭᠤᠴᠢᠨ ᠬᠤᠶᠠᠳᠤᠭᠠᠷ ᠪᠣᠳᠢ ᠳᠤ᠄ ᠬᠠᠷ᠎ᠠ ᠠᠭᠤᠯᠠ ᠨᠢ ᠴᠢᠩᠵᠸᠤ ᠠᠴᠠ ᠬᠤᠶᠢᠰᠢ ᠠᠷᠪᠠᠨ ᠭᠤᠷᠪᠠᠨ ᠭᠠᠵᠠᠷ ᠲᠤ ᠪᠠᠶᠢᠷᠢᠯᠠᠵᠤ᠂ ᠤᠷᠤᠢ ᠳ᠋ᠤᠨᠢ ᠨᠠᠭᠤᠷ ᠲᠠᠢ᠂ ᠨᠠᠭᠤᠷ ᠲᠤᠨᠢ ᠠᠯᠲᠠᠩᠬᠤ᠎ᠠ ᠴᠡᠴᠡᠭ ᠲᠡᠯᠭᠡᠷᠡᠳᠡᠭ ᠭᠡᠵᠤ ᠲᠡᠮᠳᠡᠭᠯᠡᠵᠡᠢ᠃︽ᠯᠢᠶᠤᠤ ᠤᠯᠤᠰ ᠤᠨ ᠲᠡᠤᠬᠡ ᠶᠢᠨ ᠲᠡᠮᠳᠡᠭᠯᠡᠯ︾ ᠳᠦ᠄ ᠬᠠᠷ᠎ᠠ ᠠᠭᠤᠯᠠ ᠨᠢ ᠲᠤᠳᠤᠷ ᠭᠠᠵᠠᠷ ᠤᠨ ᠲᠠᠶᠢᠱᠠᠨ ᠠᠭᠤᠯᠠ ᠮᠡᠲᠦ᠂ ᠰᠦᠭ ᠰᠦᠨᠡᠰᠤ ᠬᠤᠷᠠᠨ ᠴᠤᠭᠯᠠᠷᠠᠬᠤ ᠭᠠᠵᠠᠷ ᠪᠣᠯᠠᠢ᠂ ᠲᠦᠷᠪᠡᠨ ᠵᠦᠭ ᠦᠨ ᠬᠢᠳᠡᠨ ᠬᠦᠮᠦᠨ ᠦ ᠨᠦᠭᠴᠢᠭᠰᠡᠨ ᠰᠦᠨᠡᠰᠤ ᠲᠤᠰ ᠠᠭᠤᠯᠠᠨ᠎ᠠ ᠭᠡᠳᠦᠯᠤᠮᠤᠢ ᠭᠡᠵᠡᠢ᠃ ᠵᠢᠯ ᠪᠦᠷᠢ ᠯᠢᠶᠤᠤ ᠶᠢᠨ ᠬᠠᠷᠢᠶ᠎ᠠ ᠲᠠᠪᠤᠨ ᠨᠡᠶᠢᠰᠯᠡᠯ ᠨᠢ ᠪᠦᠷ ᠨᠤᠶᠠᠳ ᠲᠦᠰᠢᠮᠡᠯ ᠠᠷᠠᠳ ᠢᠷᠭᠡᠨ ᠲᠤᠮᠢᠯᠠᠨ ᠲᠤᠰ ᠠᠭᠤᠯᠠ ᠶᠢ ᠲᠠᠬᠢᠵᠤ ᠲᠠᠪᠢᠭᠯᠠᠳᠠᠭ᠃︽ᠴᠠᠭᠠᠰᠤᠨ ᠬᠦᠮᠦᠨ ᠮᠣᠷᠢ ᠲᠤᠰᠪᠦᠷᠢ ᠲᠦᠮᠡ ᠶᠢ ᠳᠠᠪᠠᠵᠤ︾ᠠᠭᠤᠯᠠ ᠲᠠᠬᠢᠬᠤ ᠦᠶ᠎ᠡ ᠳᠦ ᠰᠢᠲᠠᠭᠠᠳᠠᠭ ᠭᠡᠵᠤ ᠲᠡᠮᠳᠡᠭᠯᠡᠵᠡᠢ᠃ ᠲᠠᠬᠢᠯᠭ᠎ᠠ ᠶᠢᠨ ᠲᠤᠬᠠᠢ ︽ᠶᠠᠨ ᠪᠸᠢ ᠶᠢᠨ ᠰᠤᠯᠠ ᠲᠡᠮᠳᠡᠭᠯᠡᠯ︾ ᠳᠦ ᠵᠢᠯ ᠪᠦᠷᠢ ᠶᠢᠨ ᠡᠪᠦᠯ ᠦᠨ ᠲᠦᠢᠯ ᠪᠣᠯᠬᠣ ᠳᠤ᠂ ᠡᠯ᠎ᠡ ᠭᠠᠵᠠᠷ ᠤᠨ ᠬᠢᠨ ᠬᠡᠳᠦᠶᠢᠪᠡᠷ ᠠᠭᠤᠯᠠᠨ᠎ᠠ ᠬᠦᠷᠴᠦ ᠲᠠᠬᠢᠵᠤ ᠲᠠᠪᠢᠭᠯᠠᠳᠠᠭ ᠦᠭᠡᠢ ᠪᠣᠯᠪᠠᠴᠤ᠂ ᠲᠤᠬᠠᠢ ᠶᠢᠨ ᠭᠠᠵᠠᠷ  ᠲᠤ ᠪᠠᠨ ᠲᠠᠬᠢᠳᠠᠭ᠃ ᠲᠠᠬᠢᠯᠭ᠎ᠠ ᠳᠤ ᠴᠠᠭᠠᠨ ᠬᠤᠨᠢ ᠰᠠᠷᠠᠯ ᠮᠣᠷᠢ᠂ ᠴᠠᠭᠠᠨ ᠭᠠᠯᠠᠭᠤ ᠠᠯᠠᠵᠤ᠂ ᠬᠤᠨᠢᠨ ᠴᠢᠰᠤ ᠮᠤᠷᠢᠨ ᠴᠢᠰᠤ ᠭᠠᠯᠠᠭᠤᠨ ᠴᠢᠰᠤ ᠪᠠ ᠠᠷᠢᠭᠢ ᠪᠠᠷ ᠬᠠᠷ᠎ᠠ ᠠᠭᠤᠯᠠᠨ᠎ᠠ ᠰᠠᠴᠤᠯᠢ ᠡᠷᠭᠦᠳᠡᠭ ᠭᠡᠵᠤ ᠲᠡᠮᠳᠡᠭᠯᠡᠵᠡᠢ᠃ ᠰᠠᠶᠢᠬᠠᠨ ᠬᠠᠨ ᠠᠭᠤᠯᠠ ᠶᠢᠨ ᠲᠠᠬᠢᠯᠭ᠎ᠠ ᠨᠢ ᠡᠬᠢᠨ  ᠳᠤ ᠪᠠᠨ ᠵᠢᠯ ᠪᠦᠷᠢ ᠲᠥᠷᠪᠡ ᠤᠳᠠᠭ᠎ᠠ ᠶᠠᠪᠤᠭᠳᠠᠳᠠᠭ᠄ ᠪᠢᠯᠢᠭ ᠦᠨ ᠤᠯᠠᠷᠢᠯ ᠤᠨ ᠲᠦᠷᠪᠡᠨ ᠰᠠᠷ᠎ᠠ ᠳᠦ ᠠᠭᠤᠢ ᠶᠢᠨ ᠰᠦᠮ᠎ᠡ ᠶᠢᠨ ᠰᠢᠷᠡᠭᠡᠲᠦ ᠭᠡᠭᠡᠨ ᠦ ᠨᠠᠶᠢᠷ᠂ ᠲᠠᠪᠣᠨ ᠰᠠᠷ᠎ᠠ ᠳᠤ ᠬᠤᠰᠢᠭᠤᠨ ᠭᠦᠩ ᠦᠨ ᠨᠠᠶᠢᠷ᠂ ᠲᠤᠯᠤᠭᠠᠨ ᠰᠠᠷ᠎ᠠ ᠳᠤ ᠪᠠᠭᠠᠷᠢᠨ ᠸᠠᠩ ᠤᠨ ᠲᠠᠬᠢᠯᠭ᠎ᠠ᠂ ᠨᠠᠢᠮᠠᠨ ᠰᠠᠷ᠎ᠠ ᠳᠤ ᠡᠮᠤᠨ᠎ᠠ ᠭᠦᠩ ᠦᠨ ᠨᠠᠶᠢᠷ ᠬᠢᠵᠤ ᠲᠠᠬᠢᠳᠠᠭ᠃ ᠴᠢᠩ ᠤᠯᠤᠰ ᠤᠨ ᠦᠶ᠎ᠡ ᠪᠣᠯᠬᠣ ᠳᠤ ᠵᠢᠯ ᠪᠦᠷᠢ ᠨᠢᠭᠡ ᠤᠳᠠᠭ᠎ᠠ ᠲᠠᠬᠢᠬᠤ ᠪᠣᠯᠵᠠᠢ᠃ ᠲᠠᠷᠤᠢ ᠠᠷᠭ᠎ᠠ ᠶᠢᠨ ᠤᠯᠠᠷᠢᠯ ᠤᠨ ᠲᠠᠪᠣᠨ ᠰᠠᠷ᠎ᠠ ᠶᠢᠨ ᠠᠷᠪᠠᠨ ᠭᠤᠷᠪᠠᠨ ᠤ ᠡᠳᠤᠷ ᠲᠠᠬᠢᠳᠠᠭ᠃ ᠤᠳᠠᠭ᠎ᠠ ᠪᠦᠷᠢ ᠶᠢᠨ ᠲᠠᠬᠢᠯᠭ᠎ᠠ ᠳᠤ ᠸᠠᠩ ᠨᠤᠶᠠᠨ ᠨᠢ ᠭᠦᠩ ᠨᠤᠶᠠᠨ᠂ ᠲᠤᠰᠠᠯᠠᠭᠴᠢ ᠪᠠ ᠲᠠᠶᠢᠵᠢ ᠨᠠᠷ ᠢᠶᠠᠨ  ᠳᠠᠭᠠᠭᠤᠯᠤᠨ᠂ ᠡᠮᠦᠨ᠎ᠠ ᠪᠠᠯ ᠤᠨ ᠴᠤᠩᠵᠢᠨ ᠰᠦᠮ᠎ᠡ ᠳᠦ ᠵᠠᠯᠠᠷᠠᠨ ᠪᠠᠭᠤᠵᠤ᠂ ᠠᠷᠤ ᠬᠤᠷᠴᠢᠨ ᠬᠤᠰᠢᠭᠤ᠂ ᠤᠩᠨᠢᠭᠤᠳ ᠬᠤᠰᠢᠭᠤ᠂ ᠦᠵᠦᠮᠦᠴᠢᠨ ᠬᠤᠰᠢᠭᠤ ᠵᠡᠷᠭᠡ ᠭᠠᠵᠠᠷ ᠠᠴᠠ ᠯᠠᠮᠠ ᠬᠤᠸᠠᠷᠠᠭ ᠵᠢᠴᠢ ᠮᠠᠭᠰᠢᠯᠳᠤᠭᠰᠠᠨ ᠪᠦᠬᠡᠴᠢᠳ ᠡᠨᠳᠡ ᠡᠭᠦᠯᠡ ᠮᠡᠲᠦ ᠬᠤᠷᠡᠨ ᠬᠦᠭᠵᠢᠶᠡᠨᠲᠦ ᠨᠠᠶᠢᠷ ᠪᠣᠯᠳᠠᠭ᠃ ᠡᠨᠡ ᠬᠦ ᠨᠠᠶᠢᠷ  ᠲᠤ ᠨᠠᠢᠮᠠᠨ ᠪᠦᠬᠦᠯᠢ ᠬᠤᠨᠢᠨ ᠤ ᠲᠠᠬᠢᠯᠭ᠎ᠠ ᠶᠢ ᠰᠢᠷᠡᠭᠡᠨ ᠳᠦ ᠲᠠᠯᠪᠢᠵᠤ ᠬᠤᠷᠠᠨ ᠴᠤᠭᠯᠠᠭᠰᠠᠨ ᠤᠯᠠᠨ ᠬᠦᠮᠦᠰ ᠭᠤᠷᠪᠠᠨ ᠭᠤᠷᠪᠠ ᠶᠢᠰᠤᠨᠲᠠ ᠰᠦᠭᠦᠳᠦᠨ ᠮᠦᠷᠭᠦᠵᠤ᠂ ᠬᠠᠳᠠᠭ ᠡᠷᠭᠦᠨ ᠲᠠᠬᠢᠯᠭ᠎ᠠ ᠶᠢᠨ ᠲᠠᠭᠤᠤ ᠲᠠᠭᠤᠯᠠᠵᠤ᠂ ︽ᠠᠭᠤᠯᠠᠨ ᠰᠠᠬᠢᠭᠤᠯᠰᠤᠨ ᠢᠪᠡᠭᠡᠵᠤ ᠬᠤᠷ᠎ᠠ ᠤᠰᠤ ᠲᠡᠩᠴᠡᠭᠦᠯᠦᠨ ᠲᠠᠪᠣᠨ ᠬᠤᠰᠢᠭᠤ ᠮᠠᠯ ᠥᠨᠢᠷ ᠦᠰᠴᠤ ᠭᠠᠢ ᠭᠠᠮᠰᠢᠭ ᠦᠭᠡᠢ ᠡᠪᠡᠳᠴᠢᠨ ᠲᠠᠬᠤᠯ ᠦᠭᠡᠢ ᠬᠡᠶᠢᠮᠦᠷᠢ ᠰᠦᠯᠳᠡ ᠲᠠᠢ ᠶᠠᠪᠤᠭᠤᠯᠬᠤ︾ ᠶᠢ ᠵᠠᠯᠪᠠᠷᠢᠨ ᠳᠠᠭᠠᠳᠬᠠᠳᠠᠭ᠃ ᠲᠠᠷᠠᠭ᠎ᠠ ᠨᠢ ᠲᠠᠬᠢᠯᠭ᠎ᠠ ᠶᠢᠨ ᠰᠠᠩ  ᠤᠩᠰᠢᠳᠠᠭ᠃ ᠲᠠᠬᠢᠯᠭ᠎ᠠ ᠲᠠᠭᠤᠰᠤᠮᠠᠭᠴᠠ ᠲᠠᠬᠢᠯᠭ᠎ᠠ ᠶᠢᠨ ᠢᠳᠡᠭᠡᠨ ᠤᠮᠳᠠᠭᠠᠨ ᠢ ᠤᠯᠠᠨ ᠳᠤ ᠲᠦᠭᠡᠭᠡᠨ ᠥᠭᠭᠥ ᠶᠢᠨ ᠵᠡᠷᠭᠡ  ᠳᠦ ᠪᠦᠬᠡ ᠪᠠᠷᠢᠯᠳᠤᠬᠤ᠂ ᠰᠤᠷ ᠬᠠᠷᠪᠤᠬᠤ᠂ ᠮᠣᠷᠢ ᠤᠷᠤᠯᠳᠤᠬᠤ ᠵᠢᠴᠢ ᠲᠠᠭᠤᠤ ᠳᠠᠭᠤᠯᠠᠨ ᠪᠦᠵᠢᠭ ᠪᠦᠵᠢᠭᠯᠡᠬᠦ ᠤᠷᠠᠨ ᠰᠠᠶᠢᠬᠠᠨ ᠨᠠᠭᠠᠳᠤᠮ ᠲᠤᠭᠯᠠᠭᠠᠮ ᠵᠡᠷᠭᠡ ᠬᠦᠳᠡᠯᠭᠡᠭᠡᠨ ᠨᠢ ᠭᠤᠷᠪᠠᠨ ᠡᠳᠦᠷ ᠬᠦᠭᠵᠢᠶᠡᠨᠳᠡᠢ ᠶᠠᠪᠤᠭᠳᠠᠳᠠᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ