ᠲᠠᠯᠣ ᠶᠢᠨ ᠦᠵᠡᠯᠭᠡ
ᠨᠡᠶᠢᠲᠡᠯᠡᠭᠰᠡᠨ ᠴᠠᠭ᠄
2022/12/9
      ᠳᠠᠯᠤ ᠶᠢᠨ ᠲᠥᠯᠭᠡ ᠦᠵᠡᠬᠦ ᠨᠢ ᠪᠠᠰᠠᠴᠤ ᠮᠤᠩᠭᠤᠯ ᠦᠨᠳᠦᠰᠦᠳᠡᠨ ᠦ  ᠰᠦᠰᠦᠭ ᠪᠢᠰᠢᠷᠠᠯ ᠤᠨ ᠨᠢᠭᠡ ᠵᠦᠢᠯ  ᠪᠣᠯᠣᠨ᠎ᠠ᠃ ᠪᠠᠭᠠᠷᠢᠨ ᠪᠣᠯᠣᠨ ᠬᠡᠰᠢᠭᠳᠡᠨ ᠬᠤᠰᠢᠭᠤᠨ ᠤ ᠠᠷᠠᠳ ᠤᠨ ᠲᠤᠮᠳᠠ ᠳᠠᠯᠤ ᠶᠢᠨ ᠲᠥᠯᠭᠡ᠂ ᠬᠢᠯᠭᠠᠰᠤᠨ ᠲᠥᠯᠭᠡ ᠦᠵᠡᠬᠦ ᠵᠠᠩᠰᠢᠯ ᠣᠳᠤ ᠪᠣᠯᠳᠠᠯ᠎ᠠ ᠤᠯᠠᠮᠵᠢᠯᠠᠭᠳᠠᠭᠰᠠᠭᠠᠷ ᠶᠤᠮ᠃ ᠲᠠᠯᠣ ᠶᠢᠨ ᠲᠥᠯᠭᠡ ᠳᠦ ᠬᠤᠶᠠᠷ ᠵᠦᠢᠯ ᠪᠠᠶᠢᠳᠠᠭ᠄ ᠨᠢᠭᠡ ᠨᠢ ᠴᠠᠭᠠᠨ ᠳᠠᠯᠤ ᠶᠢᠨ ᠲᠥᠯᠭᠡ ᠪᠣᠯᠤᠨ᠎ᠠ᠃ ᠰᠢᠳᠦ ᠬᠢᠮᠣᠰᠤ ᠬᠦᠷᠭᠡᠯ ᠦᠭᠡᠢ ᠪᠡᠷ ᠨᠠᠷᠢᠨ ᠨᠢᠮᠪᠠᠢ ᠱᠤᠯᠤᠭᠰᠠᠨ ᠬᠤᠨᠢᠨ ᠤ ᠳᠠᠯᠤ ᠶᠢᠨ ᠡᠯ᠎ᠠ ᠬᠡᠰᠡᠭ ᠢ ᠠᠵᠢᠭᠯᠠᠵᠤ ᠲᠥᠯᠭᠡ ᠦᠵᠡᠭᠦᠯᠦᠭᠴᠢ ᠶᠢᠨ ᠢᠷᠡᠭᠡᠳᠦᠢ ᠶᠢ ᠲᠦᠰᠦᠭᠡᠯᠡᠳᠡᠭ᠃ ᠳᠠᠯᠤ ᠶᠢᠨ ᠲᠣᠭᠣᠭ᠎ᠠ ︵ᠳᠠᠯᠤ ᠶᠢᠨ ᠪᠤᠭᠤᠯᠤᠭ ᠴᠢᠮᠤᠬᠡ ᠲᠠᠢ ᠵᠠᠯᠭᠠᠯᠳᠤᠵᠤ ᠪᠠᠶᠢᠭ᠎ᠠ ᠬᠡᠰᠡᠭ ᠦᠨ ᠬᠤᠨᠳᠠᠭ᠎ᠠ ᠰᠢᠭ᠋ ᠬᠣᠳᠤᠭᠤᠷ ᠢ ᠳᠣᠭᠤᠭ᠎ᠠ ᠭᠡᠳᠡᠭ ) ᠨᠢ ᠭᠦᠨ ᠪᠣᠯ ᠠᠵᠤ ᠠᠮᠢᠳᠦᠷᠠᠯ ᠨᠢ ᠡᠯᠪᠡᠭ ᠲᠡᠯᠪᠡᠭ ᠪᠠᠶᠠᠨ ᠪᠠᠶᠢᠳᠠᠭ᠂ ᠲᠣᠭᠣᠭ᠎ᠠ ᠨᠢ ᠲᠡᠭᠰᠢᠭᠡᠨ ᠪᠣᠯ ᠭᠡᠷ ᠦᠨ ᠡᠵᠡᠨ  ᠦ ᠪᠠᠶᠢᠳᠠᠯ ᠲᠡᠮᠡᠢ ᠰᠠᠶᠢᠨ ᠪᠢᠰᠢ᠂ ᠭᠡᠷ ᠦᠨ ᠠᠵᠤ ᠠᠮᠢᠳᠦᠷᠠᠯ ᠨᠢ ᠠᠨᠠᠢ ᠠᠷᠭᠠᠴᠠᠭᠠᠨ ᠦᠩᠭᠡᠷᠡᠭᠦᠯᠭᠦ ᠰᠢᠨᠵᠢ ᠲᠡᠮᠳᠡᠭ ᠢ ᠵᠢᠭᠠᠳᠠᠭ᠃ ᠣᠮᠣᠭ ᠰᠦᠷ︵ᠳᠠᠯᠤ ᠶᠢᠨ ᠲᠣᠭᠣᠭ᠎ᠠ ᠲᠡᠰᠢ ᠪᠣᠰᠣᠭᠰᠠᠨ ᠰᠡᠵᠢᠭᠦᠷᠳᠦ ᠬᠡᠰᠡᠭ︶ᠬᠤᠷᠴᠠ ᠬᠢᠷ᠎ᠠ ᠶᠢᠨ ᠬᠡᠯᠪᠡᠷᠢᠳᠡᠢ ᠲᠦᠷᠢᠨ ᠭᠠᠷᠤᠭᠰᠠᠨ ᠪᠠᠶᠢᠪᠠᠯ ᠤᠮᠤᠭ ᠰᠦᠷ ᠨᠢ ᠪᠠᠳᠠᠷᠠᠩᠭᠤᠢ ᠮᠠᠯ ᠰᠦᠷᠦᠭ ᠨᠢ ᠦᠨᠢᠷ ᠥᠰᠳᠡᠭ᠂ ᠬᠢᠷ᠎ᠠ ᠬᠠᠮᠠᠷ ᠨᠢ ᠬᠤᠷᠴᠠ ᠪᠤᠯᠪᠠᠴᠦ ᠵᠢᠵᠢᠭ ᠨᠢᠳᠦ︵ᠨᠦᠭᠡ︶ᠭᠠᠷᠤᠭᠰᠠᠨ ᠪᠣᠯ ᠮᠠᠯ ᠰᠦᠷᠦᠭ ᠨᠢ ᠡᠯ᠎ᠡ ᠵᠦᠢᠯ ᠦᠨ ᠭᠠᠢ ᠭᠠᠮᠰᠢᠭ ᠲᠠᠭᠠᠷᠢᠯᠳᠠ ᠳᠤ ᠤᠴᠠᠷᠠᠬᠤ  ᠶᠢ ᠬᠠᠷᠠᠭᠤᠯᠵᠤ᠂ ᠬᠢᠷ᠎ᠠ ᠬᠠᠮᠠᠷ ᠨᠢ ᠪᠣᠭᠤᠨᠢ ᠪᠤᠶᠤ ᠮᠢᠲᠠᠷᠠᠭᠰᠠᠨ ᠪᠠᠶᠢᠪᠠᠯ ᠭᠡᠷ ᠦᠨ ᠠᠮᠢᠳᠤᠷᠠᠯ ᠪᠠᠶᠢᠳᠠᠯ ᠳᠣᠷᠣᠶᠢᠲᠠᠬᠤ ᠶᠢᠨ ᠰᠢᠨᠵᠢ ᠪᠣᠯᠣᠨ᠎ᠠ᠃ ᠬᠤᠶᠠᠷ ᠨᠢ ᠰᠢᠲᠠᠭᠠᠭᠰᠠᠨ ᠳᠠᠯᠣ ᠶᠢᠨ ᠲᠥᠯᠭᠡ᠄ ᠤᠯᠠᠩᠬᠢ  ᠳᠦ ᠪᠡᠨ ᠶᠠᠭᠤᠮ᠎ᠠ ᠪᠠᠨ ᠭᠡᠭᠡᠭᠰᠡᠨ ᠪᠣᠶᠤ ᠡᠳ᠋ ᠪᠣᠳᠠᠰ ᠢᠶᠠᠨ ᠬᠤᠯᠠᠭᠠᠶᠢᠯᠠᠭᠳᠠᠪᠠᠯ ᠡᠷᠢᠵᠤ ᠣᠯᠬᠣ ᠡᠰᠡᠬᠦ ᠶᠢᠨ ᠲᠤᠬᠠᠢ ᠦᠵᠡᠭᠦᠯᠳᠡᠭ᠃ ᠬᠤᠨᠢ ᠶᠢᠨ ᠳᠠᠯᠤ ᠶᠢᠨ ᠶᠠᠰᠤ ᠶᠢ ᠴᠢᠨᠠᠵᠤ ᠪᠣᠯᠭᠤᠭᠠᠭᠰᠠᠨ ᠤ ᠳᠠᠷᠠᠭ᠎ᠠ ᠮᠢᠬ᠎ᠠ ᠶᠢ ᠨᠢ ᠱᠤᠯᠤᠵᠤ᠂ ᠳᠠᠯᠤ ᠶᠢᠨ ᠶᠠᠰᠤ ᠪᠠᠨ ᠨᠤᠷᠮᠠᠰᠢᠭᠰᠠᠨ ᠭᠠᠯ ᠳᠤ ᠰᠢᠲᠠᠭᠠᠵᠤ ᠬᠡᠲᠦᠷᠡᠲᠡᠯ᠎ᠠ ᠬᠡᠤᠷᠰᠢᠬᠦ ᠠᠴᠠ ᠡᠮᠦᠨ᠎ᠠ ᠭᠠᠷᠭᠠᠨ ᠠᠪᠤᠭᠠᠳ᠂ ᠲᠦᠯᠭᠡᠳᠡᠭᠴᠢ ᠰᠢᠲᠠᠭᠳᠠᠨ ᠭᠠᠷᠤᠭᠰᠠᠨ ᠴᠠᠪᠠ ᠢᠷᠠᠯᠵᠢ ᠵᠢᠷᠤᠭᠠᠰᠤ ᠶᠢᠨ ᠪᠠᠶᠢᠳᠠᠯ ᠢ ᠨᠢ ᠦᠵᠡᠨ ᠠᠯᠳᠠᠭᠰᠠᠨ ᠮᠠᠯ ᠪᠣᠶᠣ ᠶᠠᠭᠤᠮ᠎ᠠ ᠶᠢᠨ ᠴᠢᠭᠯᠡᠯ ᠬᠤᠯᠠ ᠦᠢᠷ᠎ᠠ  ᠪᠣᠯᠣᠨ ᠡᠷᠢᠵᠤ ᠣᠯᠬᠤ ᠡᠰᠡᠬᠦ ᠵᠡᠷᠭᠡ ᠶᠢ ᠮᠠᠭᠠᠳᠯᠠᠨ ᠲᠦᠯᠭᠡᠳᠡᠳᠡᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ